ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-13> Сүлдийн соёлын судлал – Минжуур<дээд-13>
ᠲᠤᠭ ᠤ᠋ᠨ ᠰᠤᠳᠤᠯᠤᠯ ᠤ᠋ᠨ ᠰᠢᠨ᠎ᠡ ᠨᠡᠷ᠎ᠡ ᠲᠣᠮᠢᠶ᠎ᠠ ᠶ᠋ᠢ ᠲᠠᠢᠯᠤᠨ ᠥᠭᠦᠯᠡᠬᠦ ᠨᠢ
ᠰᠢᠳᠢᠲᠦ ᠡᠳ᠋ ᠭᠡᠳᠡᠭ ᠤᠨ ᠤᠴᠢᠷ
《ᠮᠣᠩᠭᠣᠯ ᠤ᠋ᠨ ᠪᠥᠬᠡ ᠶ᠋ᠢᠨ ᠱᠠᠰᠢᠨ ᠨᠢ ᠪᠠᠯᠠᠷ ᠴᠠᠭ ᠦᠶ᠎ᠡ ᠶ᠋ᠢᠨ ᠳᠡᠭᠡᠳᠦ ᠵᠡᠷᠭᠡ ᠶ᠋ᠢᠨ ᠱᠠᠲᠤ - ᠡᠬᠡ ᠶ᠋ᠢᠨ ᠡᠷᠬᠡᠲᠦ ᠣᠪᠣᠭ ᠲᠥᠷᠥᠯ ᠤᠨ ᠪᠠᠢᠭᠤᠯᠤᠯ ᠤ᠋ᠨ ᠦᠶ᠎ᠡ ᠳ᠋ᠦ᠍ ᠡᠭᠦᠰᠦᠨ ᠪᠦᠷᠢᠯᠳᠦᠭᠡᠳ ᠵᠡᠷᠯᠢᠭ ᠴᠠᠭ ᠦᠶ᠎ᠡ ᠶ᠋ᠢ ᠰᠤᠨᠳᠠᠯᠠᠨ ᠥᠩᠭᠡᠷᠡᠭᠡᠵᠦ᠂ ᠠᠩᠭᠢ ᠪᠣᠢ ᠪᠣᠯᠤᠭᠰᠠᠨ ᠪᠣᠯᠪᠠᠰᠤᠨ ᠴᠠᠭ ᠦᠶ᠎ᠡ ᠳ᠋ᠦ᠍ ᠴᠦ᠍ ᠨᠡᠯᠢᠶᠡᠳ ᠤᠷᠲᠤ ᠬᠤᠭᠤᠴᠠᠭ᠎ᠠ ᠪᠠᠷ ᠣᠷᠣᠰᠢᠵᠤ ᠪᠠᠢᠪᠠ᠃ ᠲᠡᠦᠬᠡ ᠶ᠋ᠢᠨ ᠶᠠᠪᠤᠴᠠ ᠳ᠋ᠤ᠌ ᠲᠡᠷᠡ ᠨᠢ ᠮᠣᠩᠭᠣᠯᠴᠤᠳ ᠤ᠋ᠨ ᠦᠵᠡᠯ᠂ ᠲᠠᠨᠢᠪᠤᠷᠢ᠂ ᠰᠡᠳᠬᠢᠴᠡ ᠶ᠋ᠢᠨ ᠣᠨᠴᠠᠯᠢᠭ᠂ ᠤᠳᠬ᠎ᠠ ᠤᠷᠠᠯᠢᠭ ᠪᠠ ᠵᠠᠩ ᠵᠠᠩᠰᠢᠯ ᠳ᠋ᠤ᠌ ᠶᠡᠬᠡᠬᠡᠨ ᠨᠥᠯᠥᠭᠡ ᠶ᠋ᠢ ᠦᠵᠡᠭᠦᠯᠦᠭᠰᠡᠨ》① ᠡᠴᠡ ᠴᠠᠭᠠᠨ ᠲᠤᠭ ᠢ᠋ ᠰᠢᠲᠦᠬᠦ ᠰᠡᠳᠬᠢᠴᠡ ᠨᠢ ᠤᠯᠠᠮ ᠢ᠋ᠶ᠋ᠠᠷ ᠨᠡᠮᠡᠭᠳᠡᠭᠰᠡᠨ ᠢ᠋ᠶ᠋ᠡᠷ ᠦᠯᠦ ᠪᠠᠷᠠᠨ ᠪᠠᠰᠠ ᠬᠠᠷ᠎ᠠ ᠲᠤᠭ ᠪᠣᠯᠤᠨ ᠠᠯᠠᠭ ᠲᠤᠭ ᠢ᠋ ᠠᠷᠤ ᠠᠷᠤ ᠠ᠋ᠴᠠ ᠪᠠᠨ ᠪᠦᠲᠦᠭᠡᠨ ᠳᠠᠬᠢᠵᠠᠢ᠃
ᠣᠯᠠᠨ ᠠᠷᠪᠢᠨ ᠠᠷᠾᠧᠣᠯᠣᠭᠢ ᠶ᠋ᠢᠨ ᠣᠯᠳᠠᠪᠤᠷᠢ ᠨᠤᠭᠤᠳ ᠢ᠋ ᠦᠨᠳᠦᠰᠦᠯᠡᠪᠡᠯ ᠪᠠᠯᠠᠷ ᠡᠷᠲᠡᠨ ᠤ ᠮᠣᠩᠭᠣᠯᠴᠤᠳ 《ᠨᠠᠷᠠ᠂ ᠰᠠᠷ᠎ᠠ᠂ ᠭᠠᠯ ᠤ᠋ᠨ ᠳᠦᠷᠰᠦᠲᠦ ᠰᠢᠲᠦᠭᠡᠨ》 ᠢ ᠪᠦᠲᠦᠭᠡᠨ ᠰᠢᠲᠦᠵᠦ ᠪᠠᠢᠵᠠᠢ᠃ ᠡᠨᠡ ᠪᠣᠯ ᠴᠠᠭᠠᠨ ᠲᠤᠭ ᠤ᠋ᠨ ᠢᠵᠠᠭᠤᠷ ᠪᠡᠶ᠎ᠡ ᠶ᠋ᠢᠨ ᠡᠰᠡᠨᠢᠯᠲᠡ ᠪᠣᠯᠤᠨ᠎ᠠ᠃ ᠬᠣᠵᠢᠮ ᠨᠢ ᠮᠣᠩᠭᠣᠯ ᠪᠥᠬᠡ ᠮᠥᠷᠭᠥᠯ ᠤᠨ ᠱᠠᠰᠢᠨ ᠰᠤᠷᠲᠠᠬᠤᠨ (ᠳᠣᠣᠷ᠎ᠠ ᠪᠥᠬᠡ ᠶ᠋ᠢᠨ ᠱᠠᠰᠢᠨ ᠭᠡᠵᠦ ᠲᠣᠪᠴᠢᠯᠠᠨ᠎ᠠ) ᠡᠭᠦᠰᠦᠨ ᠪᠦᠷᠢᠯᠳᠦᠵᠦ᠂ 《ᠨᠠᠷᠠ᠂ ᠰᠠᠷ᠎ᠠ᠂ ᠭᠠᠯ ᠤ᠋ᠨ ᠳᠦᠷᠰᠦᠲᠦ ᠰᠢᠲᠦᠭᠡᠨ》 ᠢ᠋ ᠥᠪᠡᠷ ᠤᠨ ᠰᠢᠲᠦᠭᠳᠡᠬᠦᠨ ᠢ᠋ᠶ᠋ᠡᠨ ᠪᠣᠯᠭᠠᠨ ᠬᠥᠭᠵᠢᠭᠦᠯᠵᠡᠢ᠃ ᠭᠡᠪᠡᠴᠦ ᠡᠭᠦᠨ ᠤ ᠤᠴᠢᠷ ᠶᠣᠰᠣ ᠶ᠋ᠢ ᠥᠨᠥ ᠪᠣᠯᠲᠠᠯ᠎ᠠ ᠲᠣᠳᠣᠯᠠᠭᠠᠳᠤᠢ ᠨᠢᠭᠤᠴᠠ ᠪᠣᠯᠤᠨ ᠦᠯᠡᠳᠡᠭᠰᠡᠨ ᠶᠦᠮ᠃ ᠡᠢᠮᠦ ᠡᠴᠡ ᠲᠤᠭ ᠤ᠋ᠨ ᠰᠣᠶᠣᠯ ᠤ᠋ᠨ ᠰᠤᠳᠤᠯᠤᠯ ᠳ᠋ᠤ᠌ ᠲᠡᠭᠦᠨ ᠢ᠋ ᠪᠥᠬᠡ ᠶ᠋ᠢᠨ ᠱᠠᠰᠢᠨ ᠤ᠋ ᠣᠨᠴᠠᠯᠢᠭ ᠲᠠᠢ ᠰᠢᠳᠢᠲᠦ ᠡᠳ᠋ ᠭᠡᠵᠦ ᠨᠡᠷᠡᠯᠡᠭᠰᠡᠨ ᠶᠦᠮ᠃ ᠨᠡᠢᠲᠡ ᠶ᠋ᠢᠨ ᠣᠨ ᠲᠣᠭᠠᠯᠠᠯ ᠠ᠋ᠴᠠ ᠡᠮᠦᠨ᠎ᠡ 209 ᠣᠨ ᠳ᠋ᠤ᠌ ᠮᠣᠳᠣᠨ ᠴᠡᠨ ᠢᠦᠢ ᠮᠣᠩᠭᠣᠯ ᠬᠡᠯᠡᠲᠡᠨ ᠢᠰᠡᠭᠡᠢ ᠲᠤᠭᠤᠷᠭᠠᠲᠤ ᠾᠦᠩᠨᠦ ᠤᠯᠤᠰ ᠢ᠋ ᠪᠠᠢᠭᠤᠯᠬᠤ ᠳ᠋ᠤ᠌ ᠡᠨᠡ 《ᠨᠠᠷᠠ᠂ ᠰᠠᠷ᠎ᠠ᠂ ᠭᠠᠯ᠂ ᠪᠤᠭᠤ ᠭᠥᠷᠦᠭᠡᠰᠦᠨ ᠤ ᠳᠦᠷᠰᠦ ᠲᠡᠢ ᠲᠤᠭ ᠰᠦᠯᠳᠡ》 ᠪᠡᠷ ᠲᠥᠷᠥ ᠶ᠋ᠢᠨ ᠲᠤᠭ ᠪᠤᠶᠤ ᠰᠦᠯᠳᠡ ᠪᠣᠯᠭᠠᠵᠠᠢ᠃ ᠡᠭᠦᠨ ᠡᠴᠡ ᠬᠤᠪᠢᠯᠭᠠᠨ ᠡᠳ᠋ ᠲᠦ᠍ ᠮᠥᠨ ᠴᠢᠨᠠᠷ ᠤ᠋ᠨ ᠬᠤᠪᠢᠰᠤᠯᠲᠠ ᠭᠠᠷᠴᠤ ᠲᠥᠷᠥ ᠶ᠋ᠢᠨ ᠪᠡᠯᠭᠡ ᠲᠡᠮᠳᠡᠭ ᠪᠣᠯᠵᠠᠢ᠃ ᠭᠡᠪᠡᠴᠦ ᠲᠡᠭᠦᠨ ᠢ ᠰᠢᠲᠦᠬᠦ ᠨᠢ ᠶᠡᠷᠦ ᠡᠴᠡ ᠲᠠᠰᠤᠷᠠᠭ᠎ᠠ ᠦᠭᠡᠢ᠂ ᠬᠠᠷᠢᠨ ᠪᠥᠬᠡ ᠢᠳᠤᠭᠠᠨ ᠰᠦᠰᠦᠭ ᠪᠢᠰᠢᠷᠡᠯ ᠢ᠋ ᠰᠤᠷᠲᠠᠯᠴᠢᠯᠠᠨ ᠤᠬᠠᠭᠤᠯᠬᠤ ᠠ᠋ᠴᠠ ᠪᠣᠯᠵᠤ᠂ ᠣᠯᠠᠨ ᠠᠢᠮᠠᠭ ᠪᠦᠯᠦᠭ ᠤᠨ ᠳᠤᠮᠳᠠ ᠲᠤᠭ ᠤ᠋ᠨ ᠠᠷᠤ ᠳ᠋ᠤ᠌ ᠶᠠᠮᠠᠷ ᠨᠢᠭᠡᠨ ᠨᠢᠭᠤᠴᠠ ᠳᠠᠯᠳᠠ ᠶ᠋ᠢᠨ ᠬᠦᠴᠦᠨ ᠣᠷᠣᠰᠢᠵᠤ ᠪᠠᠢᠨ᠎ᠠ ᠭᠡᠰᠡᠨ ᠦᠵᠡᠯᠲᠡ ᠥᠷᠭᠡᠵᠢᠨ ᠳᠡᠯᠭᠡᠷᠡᠵᠦ᠂ ᠨᠡᠩ ᠢᠯᠠᠩᠭᠤᠶ᠎ᠠ ᠮᠣᠩᠭᠣᠯᠴᠤᠳ ᠤ᠋ᠨ ᠲᠤᠭ ᠢ ᠢᠳᠡᠭᠡᠨ ᠪᠢᠰᠢᠷᠡᠬᠦ ᠪᠣᠳᠣᠯ ᠨᠢ ᠶᠡᠬᠡ ᠪᠡᠷ ᠨᠡᠮᠡᠭᠳᠡᠵᠡᠢ᠃ ᠡᠢᠮᠦ ᠡᠴᠡ ᠾᠦᠩᠨᠦ ᠤᠯᠤᠰ ᠵᠠᠳᠠᠷᠠᠵᠤ᠂ ᠲᠥᠷᠥ ᠶ᠋ᠢᠨ ᠲᠤᠭ ᠨᠢ ᠪᠡᠯᠭᠡ ᠲᠡᠮᠳᠡᠭ ᠤᠨ ᠤᠳᠬ᠎ᠠ ᠪᠠᠨ ᠠᠯᠳᠠᠭᠰᠠᠨ ᠴᠤ᠌ ᠮᠥᠨ ᠯᠡ ᠮᠣᠩᠭᠣᠯᠴᠤᠳ ᠲᠤ᠌ ᠰᠢᠲᠦᠭᠳᠡᠭᠰᠡᠭᠡᠷ ᠣᠨ ᠤᠳᠠᠵᠠᠢ᠃ ᠶᠠᠭ ᠡᠢᠮᠦ ᠨᠢᠭᠡᠨ ᠰᠣᠶᠣᠯ ᠤ᠋ᠨ ᠨᠥᠯᠥᠭᠡ ᠡᠴᠡ ᠪᠣᠯᠵᠤ᠂ 《ᠠᠷᠪᠠᠳᠤᠭᠠᠷ ᠵᠠᠭᠤᠨ ᠤ᠋ ᠦᠶ᠎ᠡ ᠳ᠋ᠦ᠍ ᠠᠮᠢᠲᠠᠨ ᠤ᠋ ᠠᠷᠠᠰᠤ ᠪᠠᠷ ᠲᠡᠭᠷᠢ ᠶ᠋ᠢᠨ ᠪᠦᠷᠢᠯᠸ᠎ᠠ᠂ ᠳᠠᠷᠤᠢ ᠬᠠᠷ᠎ᠠ ᠲᠤᠭ ᠢ᠋ ᠪᠦᠲᠦᠭᠡᠭᠡᠳ》 ᠴᠠᠭᠠᠨ ᠲᠤᠭ ᠲᠠᠢ ᠠᠳᠠᠯᠢ ᠪᠠᠷ ᠳᠠᠬᠢᠨ ᠰᠢᠲᠦᠵᠡᠢ᠃《ᠮᠣᠩᠭᠣᠯᠴᠤᠳ ᠤ᠋ᠨ ᠬᠣᠢᠴᠢ ᠦᠷᠡᠰ ᠨᠢ ᠠᠷᠠᠰᠤᠨ ᠲᠤᠭ ᠤ᠋ᠨ ᠵᠠᠭᠪᠤᠷ ᠤ᠋ᠨ ᠣᠷᠣ ᠶ᠋ᠢ ᠨᠢ ᠶᠠᠭ ᠲᠠᠰᠤᠯᠤᠭᠰᠠᠨ ᠦᠭᠡᠢ ᠥᠨᠥ ᠪᠣᠯᠲᠠᠯ᠎ᠠ ᠵᠠᠷᠢᠮ ᠭᠠᠵᠠᠷ ᠬᠠᠳᠠᠭᠠᠯᠠᠨ ᠳᠠᠬᠢᠭ᠍ᠰᠠᠭᠠᠷ ᠢᠷᠡᠵᠡᠢ᠃ ᠡᠨᠡ ᠨᠢ ᠮᠣᠩᠭᠣᠯ ᠤᠯᠤᠰ ᠤ᠋ᠨ ᠳᠣᠷᠣᠨᠠᠲᠤ ᠠᠢᠮᠠᠭ ᠤ᠋ᠨ ᠪᠤᠯᠠᠭᠠᠨ ᠰᠤᠮᠤᠨ ᠤ᠋ ᠴᠢᠩᠭᠢᠰ ᠤᠨ ᠳᠣᠭ ᠤ᠋ᠨ ᠰᠦᠮ᠎ᠡ ᠳ᠋ᠦ᠍ ᠲᠠᠬᠢᠵᠤ ᠪᠠᠢᠭᠰᠠᠨ ᠬᠠᠷ᠎ᠠ ᠤᠨᠠᠭᠠᠨ ᠤ᠋ ᠠᠷᠠᠰᠤ ᠶ᠋ᠢ ᠳᠥᠷᠪᠡᠨ ᠲᠤᠭᠤᠷᠠᠢ ᠲᠠᠢ ᠨᠢ ᠠᠪᠴᠤ ᠥᠷᠥᠭᠡᠰᠦᠨ ᠲᠠᠯ᠎ᠠ ᠶ᠋ᠢ ᠨᠢ ᠡᠰᠢᠨ ᠳ᠋ᠦ᠍ ᠪᠡᠬᠢᠯᠡᠭᠡᠳ ᠳᠥᠷᠪᠡᠨ ᠲᠤᠭᠤᠷᠠᠢ ᠶ᠋ᠢ ᠨᠢ ᠳᠣᠷᠣᠭᠰᠢ ᠤᠨᠵᠢᠭᠤᠯᠤᠨ ᠳᠥᠷᠪᠡᠨ ᠬᠥᠯᠲᠦ ᠬᠠᠷ᠎ᠠ ᠰᠦᠯᠳᠡ ᠪᠣᠯᠭᠠᠵᠤ ᠪᠠᠢᠭᠰᠠᠨ ᠪᠠ ᠵᠤᠤ ᠣᠣᠳᠠ ᠠᠢᠮᠠᠭ ᠤ᠋ᠨ ᠠᠷᠤ ᠬᠣᠷᠴᠢᠨ ᠳ᠋ᠤ᠌ ᠲᠠᠪᠢᠭᠠᠳ ᠣᠨ ᠪᠣᠯᠲᠠᠯ᠎ᠠ ᠲᠠᠬᠢᠵᠤ ᠪᠠᠢᠭᠰᠠᠨ ᠳᠥᠷᠪᠡᠨ ᠰᠢᠭᠢᠷ᠎ᠡ ᠲᠡᠢ ᠬᠠᠷ᠎ᠠ ᠢᠮᠠᠭᠠᠨ ᠠᠷᠠᠰᠤᠨ ᠳᠥᠷᠪᠡᠨ ᠬᠥᠯᠲᠦ ᠬᠠᠷ᠎ᠠ ᠲᠤᠭ ᠨᠢ ᠡᠭᠦᠨ ᠤ ᠭᠡᠷᠡᠴᠢ ᠪᠣᠯᠵᠤ ᠪᠠᠢᠭ᠎ᠠ ᠶᠤᠮ》②᠃ ᠡᠭᠦᠨ ᠡᠴᠡ ᠬᠡᠳᠦᠢᠪᠡᠷ ᠬᠠᠷ᠎ᠠ ᠰᠦᠯᠳᠡ ᠤᠤᠯ ᠨᠢ ᠠᠮᠢᠲᠠᠨ ᠤ᠋ ᠠᠷᠠᠰᠤᠨ ᠲᠤᠭ ᠪᠠᠢᠵᠠᠢ ᠭᠡᠳᠡᠭ ᠢ᠋ ᠲᠣᠳᠣᠷᠬᠠᠢ ᠮᠡᠳᠡᠬᠦ ᠪᠣᠯᠪᠠᠴᠤ ᠴᠣᠬᠣᠮ ᠬᠡᠳᠦᠨ ᠵᠦᠢᠯ ᠤᠨ ᠠᠷᠠᠰᠤᠨ ᠲᠤᠭ ᠲᠠᠢ ᠪᠠᠢᠭᠰᠠᠨ᠂ ᠥᠭᠡᠷ᠎ᠡ ᠶᠠᠮᠠᠷ ᠶᠠᠮᠠᠷ ᠠᠢᠮᠠᠭ ᠪᠦᠯᠦᠭ ᠦ᠋ᠳ ᠲᠡᠭᠦᠨ ᠢ᠋ ᠲᠠᠬᠢᠵᠤ ᠪᠠᠢᠭᠰᠠᠨ ᠵᠡᠷᠭᠡ ᠶ᠋ᠢ ᠣᠳᠣ ᠪᠣᠯᠲᠠᠯ᠎ᠠ ᠲᠣᠳᠣᠯᠠᠭᠠᠳᠤᠢ ᠶᠤᠮ᠃ ᠡᠢᠮᠦ ᠡᠴᠡ ᠲᠤᠭ ᠤ᠋ᠨ ᠰᠣᠶᠣᠯ ᠤ᠋ᠨ ᠰᠤᠳᠤᠯᠤᠯ ᠳ᠋ᠤ᠌ ᠲᠡᠭᠦᠨ ᠢ᠋ ᠪᠥᠬᠡ ᠶ᠋ᠢᠨ ᠱᠠᠰᠢᠨ ᠤ᠋ ᠣᠨᠴᠠᠯᠢᠭ ᠲᠠᠢ ᠰᠢᠳᠢᠲᠦ ᠡᠳ᠋ ᠭᠡᠵᠦ ᠨᠡᠷᠡᠯᠡᠵᠡᠢ᠃ ᠡᠨᠡ ᠪᠣᠯ ᠳᠠᠷᠤᠢ 《ᠲᠡᠮᠦᠷ ᠭᠢᠯᠣᠪᠠᠷ ᠲᠠᠢ᠂ ᠬᠥᠬᠥᠯ ᠮᠠᠨᠵᠢᠯᠭ᠎ᠠ ᠲᠠᠢ᠂ ᠮᠤᠳᠤᠨ ᠰᠢᠯᠪᠢ ᠲᠠᠢ ᠬᠠᠷ᠎ᠠ ᠲᠤᠭ》 ᠤ᠋ᠨ ᠡᠮᠦᠨ᠎ᠡ ᠪᠡᠶ᠎ᠡ ᠨᠢ ᠪᠣᠯᠤᠨ᠎ᠠ᠃ ᠡᠭᠦᠨ ᠤ ᠳᠠᠷᠠᠭᠠᠪᠠᠷ ᠪᠠᠰᠠ 《ᠠᠷᠪᠠᠨ ᠨᠢᠭᠡᠳᠦᠭᠡᠷ ᠵᠠᠭᠤᠨ ᠤ᠋ ᠦᠶ᠎ᠡ ᠳ᠋ᠦ᠍ ᠪᠣᠷᠵᠢᠭᠢᠨ ᠮᠣᠩᠭᠣᠯᠴᠤᠳ ᠳᠣᠬᠢᠭᠤᠷ ᠳᠣᠯᠣᠭᠠᠨ ᠣᠳᠣᠨ ᠤ᠋ ᠪᠦᠷᠢᠯᠸ᠎ᠠ ᠪᠠᠷ ᠣᠪᠣᠭ ᠤᠭᠰᠠᠭ᠎ᠠ ᠳ᠋ᠠᠭᠠᠨ ᠪᠣᠷᠵᠢᠭᠢᠨ ᠲᠡᠮᠳᠡᠭᠲᠦ ᠠᠯᠠᠭ ᠰᠦᠯᠳᠡ ᠶ᠋ᠢ ᠡᠭᠦᠳᠦᠨ ᠪᠦᠲᠦᠭᠡᠵᠡᠢ》③᠃ ᠠᠯᠠᠭ ᠲᠤᠭ ᠢ᠋ ᠳᠣᠬᠢᠭᠤᠷ ᠳᠣᠯᠣᠭᠠᠨ ᠣᠳᠣᠨ ᠤ᠋ ᠪᠦᠷᠢᠯᠸ᠎ᠠ ᠪᠠᠷ ᠪᠦᠲᠦᠭᠡᠯ᠎ᠡ ᠭᠡᠳᠡᠭ ᠲᠤᠯᠠ ᠲᠤᠭ ᠤ᠋ᠨ ᠰᠣᠶᠣᠯ ᠤ᠋ᠨ ᠰᠤᠳᠤᠯᠤᠯ ᠳ᠋ᠤ᠌ ᠲᠡᠭᠦᠨ ᠢ᠋ ᠮᠥᠨ ᠪᠥᠬᠡ ᠶ᠋ᠢᠨ ᠱᠠᠰᠢᠨ ᠤ᠋ ᠣᠨᠴᠠᠯᠢᠭ ᠲᠡᠢ ᠰᠢᠳᠢᠲᠦ ᠡᠳ᠋ ᠭᠡᠵᠦ ᠨᠡᠷᠡᠯᠡᠵᠡᠢ᠃ ᠰᠢᠳᠢᠲᠦ ᠡᠳ᠋《ᠭᠤᠷᠪᠠ》 ᠶ᠋ᠢᠨ ᠲᠣᠭ᠎ᠠ ᠪᠠᠷ ᠡᠰᠡᠨᠢᠨ ᠪᠦᠷᠢᠯᠳᠦᠭᠰᠡᠨ ᠨᠢ ᠠᠶᠠᠨᠳᠠᠭᠠᠨ ᠤ᠋ ᠶᠠᠪᠤᠳᠠᠯ ᠶᠤᠮ ᠤᠤ? ᠡᠰᠡᠬᠦᠯ᠎ᠡ ᠶᠠᠮᠠᠷ ᠨᠢᠭᠡᠨ ᠰᠣᠶᠣᠯ ᠤ᠋ᠨ ᠰᠡᠳᠬᠢᠬᠦᠢ ᠡᠴᠡ ᠭᠤᠷᠪᠠ ᠶ᠋ᠢᠨ ᠲᠣᠭ᠎ᠠ ᠶ᠋ᠢ ᠪᠦᠷᠢᠯᠳᠦᠭᠦᠯᠵᠦ ᠦᠢᠯᠡᠳᠦᠭᠰᠡᠨ ᠶᠠᠭᠤᠮ᠎ᠠ ᠤᠤ ᠭᠡᠰᠡᠨ ᠠᠰᠠᠭᠤᠳᠠᠯ ᠢ᠋ ᠴᠢᠨᠠᠭᠰᠢᠳᠠ ᠰᠤᠳᠤᠯᠤᠭᠤᠰᠢᠲᠠᠢ ᠪᠠᠢᠨ᠎ᠠ᠃
ᠱᠠᠰᠢᠨ ᠰᠤᠷᠲᠠᠬᠤᠨ ᠤ᠋ ᠰᠣᠶᠣᠯ ᠭᠡᠳᠡᠭ ᠤᠨ ᠤᠴᠢᠷ
ᠠᠯᠢᠪᠠ ᠱᠠᠰᠢᠨ ᠰᠤᠷᠲᠠᠬᠤᠨ ᠪᠦᠬᠦᠨ ᠳ᠋ᠦ᠍ ᠳᠠᠪᠰᠢᠩᠭᠤᠢ ᠪᠠ ᠨᠠᠵᠠᠭᠠᠢ ᠲᠠᠯ᠎ᠠ ᠪᠠᠢᠳᠠᠭ᠃ ᠳᠠᠪᠰᠢᠩᠭᠤᠢ ᠲᠠᠯ᠎ᠠ ᠪᠣᠯ ᠳᠠᠷᠤᠢ ᠱᠠᠰᠢᠨ ᠰᠤᠷᠲᠠᠬᠤᠨ ᠤ᠋ ᠰᠣᠶᠣᠯ ᠪᠣᠯᠤᠨ᠎ᠠ᠃ ᠡᠨᠡ ᠪᠣᠯ ᠲᠤᠭ ᠤ᠋ᠨ ᠰᠣᠶᠣᠯ ᠤ᠋ᠨ ᠰᠤᠳᠤᠯᠤᠯ ᠤ᠋ᠨ ᠭᠦᠨᠵᠡᠭᠡᠢᠷᠡᠯ ᠳ᠋ᠦ᠍ ᠵᠠᠢᠯᠠᠰᠢ ᠦᠭᠡᠢ ᠲᠣᠬᠢᠶᠠᠯᠳᠤᠬᠤ ᠨᠢᠭᠡ ᠵᠦᠢᠯ ᠤᠨ ᠨᠠᠷᠢᠨ ᠪᠤᠳᠤᠯᠢᠶᠠᠨᠲᠠᠢ ᠰᠤᠳᠤᠯᠤᠭᠳᠠᠬᠤᠨ ᠮᠥᠨ᠃
ᠲᠤᠭ ᠤ᠋ᠨ ᠰᠦᠰᠦᠭᠲᠡᠨ ᠲᠤᠭ ᠲᠤ᠌ ᠰᠦᠰᠦᠭ ᠪᠢᠰᠢᠷᠡᠯ ᠲᠡᠢ ᠪᠠᠢᠳᠠᠭ ᠠ᠋ᠴᠠ ᠪᠣᠯᠵᠤ᠂ ᠳᠠᠢᠯᠭ᠎ᠠ ᠲᠠᠯᠪᠢᠨ ᠳᠠᠭᠠᠳᠬᠠᠬᠤ ᠶᠣᠰᠣᠯᠠᠯ᠂ ᠰᠠᠴᠤᠯᠢ ᠡᠷᠭᠦᠨ ᠳᠠᠭᠠᠳᠬᠠᠬᠤ ᠶᠣᠰᠣᠯᠠᠯ᠂ ᠮᠥᠷᠭᠥᠨ ᠳᠠᠭᠠᠳᠬᠠᠬᠤ ᠶᠣᠰᠣᠯᠠᠯ ᠵᠡᠷᠭᠡ ᠶ᠋ᠢ ᠦᠢᠯᠡᠳᠳᠡᠭ᠂ ᠨᠡᠩ ᠢᠯᠠᠩᠭᠤᠶ᠎ᠠ ᠰᠦᠯᠳᠡ ᠳ᠋ᠦ᠍ ᠳᠠᠢᠯᠭ᠎ᠠ ᠲᠠᠯᠪᠢᠨ ᠳᠠᠭᠠᠳᠬᠠᠬᠤ ᠶᠣᠰᠣᠯᠠᠯ ᠨᠢ ᠠᠭᠤᠯᠭ᠎ᠠ ᠪᠠᠷ ᠪᠠᠶᠠᠯᠢᠭ᠂ ᠲᠥᠷᠥᠯ ᠵᠦᠢᠯ ᠨᠢ ᠣᠯᠠᠨ᠂ ᠬᠤᠭᠤᠴᠠᠭᠠᠲᠤ ᠴᠢᠨᠠᠷ ᠢ᠋ᠶ᠋ᠠᠷ ᠴᠢᠩᠭ᠎ᠠ ᠪᠠᠢᠳᠠᠭ᠃ ᠡᠨᠡ ᠬᠦ᠌ ᠦᠢᠯᠡ ᠶᠣᠰᠣᠯᠠᠯ ᠢ᠋ ᠡᠷᠬᠢᠯᠡᠨ ᠭᠦᠢᠴᠡᠳᠬᠡᠬᠦ ᠴᠢᠬᠤᠯᠠᠴᠢᠯᠠᠯ ᠠ᠋ᠴᠠ ᠳᠠᠬᠢᠯᠭ᠎ᠠ ᠶ᠋ᠢᠨ ᠭᠠᠵᠠᠷ ᠤᠷᠤᠨ ᠲᠣᠭᠲᠠᠭᠠᠵᠤ᠂ ᠳᠠᠷᠬᠠᠳ ᠤ᠋ᠨ ᠵᠣᠬᠢᠶᠠᠨ ᠪᠠᠢᠭᠤᠯᠤᠯᠲᠠ (ᠡᠷᠲᠡ ᠳ᠋ᠡᠭᠡᠨ ᠪᠥᠬᠡ ᠪᠣᠯᠤᠨ ᠯᠠᠮᠠ) ᠭᠠᠷᠴᠠᠢ᠂ ᠮᠥᠨ ᠰᠦᠰᠦᠭ ᠪᠢᠰᠢᠷᠡᠯ ᠢ᠋ᠶ᠋ᠡᠨ ᠤᠬᠠᠭᠤᠯᠤᠨ ᠤᠯᠠᠮᠵᠢᠯᠠᠬᠤ ᠪᠢᠴᠢᠭ ᠰᠤᠳᠤᠷ ᠵᠣᠬᠢᠶᠠᠭᠳᠠᠵᠠᠢ᠃ ᠡᠭᠦᠨ ᠡᠴᠡ ᠭᠠᠳᠠᠨ᠎ᠠ ᠰᠡᠳᠬᠢᠯ ᠤᠨ ᠪᠠᠢᠳᠠᠯ᠂ ᠰᠡᠳᠬᠢᠯᠭᠡ ᠶ᠋ᠢᠨ ᠣᠢᠯᠠᠭᠠᠯᠲᠠ ᠪᠣᠯᠤᠨ ᠳᠣᠮᠣᠭ ᠶᠠᠷᠢᠶ᠎ᠠ ᠴᠤ᠌ ᠪᠣᠢ ᠪᠣᠯᠵᠠᠢ᠃ ᠡᠳᠡᠭᠡᠷ ᠰᠣᠶᠣᠯ ᠤ᠋ᠨ ᠠᠭᠤᠯᠤᠭᠳᠠᠬᠤᠨ ᠳ᠋ᠤ᠌ ᠪᠥᠬᠡ ᠮᠥᠷᠭᠥᠯ ᠤᠨ ᠱᠠᠰᠢᠨ ᠰᠤᠷᠲᠠᠬᠤᠨ᠂ ᠤᠯᠠᠭᠠᠨ ᠮᠠᠯᠠᠭᠠᠢᠲᠤ ᠯᠠᠮᠠ ᠶ᠋ᠢᠨ ᠪᠤᠷᠬᠠᠨ ᠱᠠᠰᠢᠨ ᠪᠣᠯᠤᠨ ᠰᠢᠷ᠎ᠠ ᠮᠠᠯᠠᠭᠠᠢᠲᠤ ᠯᠠᠮᠠ ᠶ᠋ᠢᠨ ᠪᠤᠷᠬᠠᠨ ᠱᠠᠰᠢᠨ ᠤ᠋ ᠢᠮ ᠲᠠᠮᠠᠭ᠎ᠠ ᠪᠠᠢᠬᠤ ᠮᠥᠷᠲᠡᠭᠡᠨ ᠪᠠᠰᠠ ᠭᠦᠨ ᠰᠠᠭᠤᠭᠳᠠᠵᠠᠢ᠃ ᠡᠢᠮᠦ ᠤᠴᠢᠷ ᠠ᠋ᠴᠠ ᠰᠦᠯᠳᠡ ᠶ᠋ᠢᠨ ᠰᠣᠶᠣᠯ ᠤ᠋ᠨ ᠰᠤᠳᠤᠯᠤᠯ ᠳ᠋ᠤ᠌ ᠲᠤᠭ ᠢ᠋ᠶ᠋ᠠᠷ ᠲᠡᠮᠳᠡᠭ ᠪᠣᠯᠭᠠᠵᠤ᠂ ᠲᠤᠭ ᠤ᠋ᠨ ᠱᠠᠰᠢᠨ ᠰᠤᠷᠲᠠᠬᠤᠨ ᠤ᠋ ᠰᠣᠶᠣᠯ ᠭᠡᠵᠦ ᠨᠡᠷᠡᠯᠡᠭᠰᠡᠨ ᠶᠦᠮ᠃
ᠣᠷᠳᠣᠰ ᠨᠤᠲᠤᠭ ᠪᠣᠯ ᠴᠢᠩᠭᠢᠰ ᠬᠠᠭᠠᠨ ᠤ᠋ ᠤᠷᠲᠤ ᠰᠢᠲᠦᠭᠡᠨ ᠪᠠ ᠲᠤᠭ ᠤ᠋ᠨ ᠳᠠᠢᠯᠭ᠎ᠠ ᠲᠠᠬᠢᠯᠭ᠎ᠠ ᠶ᠋ᠢᠨ ᠣᠷᠣᠨ ᠪᠣᠯᠤᠨ᠎ᠠ᠃ ᠡᠨᠳᠡ ᠮᠥᠷᠭᠥᠨ ᠳᠠᠭᠠᠳᠬᠠᠬᠤ ᠶᠣᠰᠣᠯᠠᠯ ᠤ᠋ᠨ ᠰᠣᠶᠣᠯ᠂ ᠰᠠᠴᠤᠯᠢ ᠡᠷᠭᠦᠨ ᠳᠠᠭᠠᠳᠬᠠᠬᠤ ᠶᠣᠰᠣᠯᠠᠯ ᠤ᠋ᠨ ᠰᠣᠶᠣᠯ᠂ ᠳᠠᠢᠯᠭ᠎ᠠ ᠲᠠᠯᠪᠢᠨ ᠳᠠᠭᠠᠳᠬᠠᠬᠤ ᠶᠣᠰᠣᠯᠠᠯ ᠤ᠋ᠨ ᠰᠣᠶᠣᠯ᠂ ᠳᠠᠷᠬᠠᠳ ᠤ᠋ᠨ ᠰᠣᠶᠣᠯ᠁ ᠵᠡᠷᠭᠡ ᠣᠯᠠᠨ ᠵᠦᠢᠯ ᠤᠨ ᠰᠣᠶᠣᠯ ᠨᠢ ᠬᠠᠮᠠᠭᠠᠯᠠᠭᠳᠠᠨ ᠤᠯᠠᠮᠵᠢᠯᠠᠭᠳᠠᠵᠤ᠂ ᠲᠤᠭ ᠤ᠋ᠨ ᠱᠠᠰᠢᠨ ᠰᠤᠷᠲᠠᠬᠤᠨ ᠤ᠋ ᠰᠣᠶᠣᠯ ᠤᠷᠢᠳ ᠡᠮᠦᠨ᠎ᠡ ᠭᠠᠷᠤᠭᠠᠳᠤᠢ ᠬᠥᠭᠵᠢᠯᠲᠡ ᠲᠡᠢ ᠪᠣᠯᠵᠠᠢ᠃
ᠰᠦᠯᠳᠡ ᠶ᠋ᠢᠨ ᠲᠤᠭ ᠨᠡᠷ᠎ᠡ ᠶ᠋ᠢ ᠨᠢ ᠰᠡᠷᠭᠦᠭᠡᠨ ᠳᠠᠭᠤᠳᠠᠭᠰᠠᠨ ᠤᠴᠢᠷ
ᠨᠣᠮ ᠪᠢᠴᠢᠭ ᠳᠡᠭᠡᠷ᠎ᠡ ᠲᠤᠭ ᠢ᠋ ᠰᠦᠯᠳᠡ᠂ ᠲᠤᠭ ᠰᠦᠯᠳᠡ ᠭᠡᠵᠦ ᠨᠡᠷᠡᠯᠡᠵᠦ᠂ ᠲᠤᠭ᠂ ᠰᠦᠯᠳᠡ᠂ ᠲᠣᠭ ᠰᠦᠯᠳᠡ ᠭᠤᠷᠪᠠ ᠶ᠋ᠢ ᠬᠤᠳᠬᠤᠯᠳᠤᠭᠤᠯᠤᠨ ᠬᠡᠷᠡᠭᠯᠡᠭᠰᠡᠨ ᠦᠵᠡᠭᠳᠡᠯ ᠣᠯᠠᠨ ᠪᠣᠢ᠃ ᠡᠭᠦᠨ ᠤ ᠲᠡᠦᠬᠡᠨ ᠪᠠᠢᠳᠠᠯ ᠢ᠋ ᠬᠠᠢᠵᠤ ᠦᠵᠡᠪᠡᠯ ᠴᠠᠭᠠᠨ ᠰᠦᠯᠳᠡ ᠶ᠋ᠢ ᠠᠷᠪᠠᠨ ᠭᠤᠷᠪᠠᠳᠤᠭᠠᠷ ᠵᠠᠭᠤᠨ ᠤ᠋ ᠦᠶ᠎ᠡ ᠳ᠋ᠦ᠍ ᠵᠣᠬᠢᠶᠠᠭᠳᠠᠭᠰᠠᠨ 《ᠮᠣᠩᠭᠣᠯ ᠤ᠋ᠨ ᠨᠢᠭᠤᠴᠠ ᠲᠣᠪᠴᠢᠶᠠᠨ》᠂ ᠠᠷᠪᠠᠨ ᠳᠣᠯᠣᠳᠤᠭᠠᠷ ᠵᠠᠭᠤᠨ ᠤ᠋ ᠦᠶ᠎ᠡ ᠳ᠋ᠦ᠍ ᠵᠣᠬᠢᠶᠠᠭᠳᠠᠭᠰᠠᠨ 《ᠠᠯᠲᠠᠨ ᠲᠣᠪᠴᠢ》᠂ 《ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ》᠂ 《ᠬᠠᠳ ᠤᠨ ᠦᠨᠳᠦᠰᠦᠨ ᠡᠷᠳᠡᠨᠢ ᠲᠣᠪᠴᠢ 》 ᠪᠣᠯᠤᠨ 《ᠠᠰᠠᠷᠠᠭᠴᠢ ᠨᠡᠷᠡᠲᠦ ᠶ᠋ᠢᠨ ᠲᠡᠦᠬᠡ 》᠂ ᠠᠷᠪᠠᠨ ᠨᠠᠢ᠍ᠮᠠᠳᠤᠭᠠᠷ ᠵᠠᠭᠤᠨ ᠤ᠋ ᠦᠶ᠎ᠡ ᠳ᠋ᠦ᠍ ᠵᠣᠬᠢᠶᠠᠭᠳᠠᠭᠰᠠᠨ 《ᠭᠠᠩᠭ᠎ᠠ ᠶ᠋ᠢᠨ ᠤᠷᠤᠰᠬᠠᠯ》 ᠪᠣᠯᠤᠨ 《ᠪᠣᠯᠣᠷ ᠡᠷᠢᠭᠡ》 ᠵᠡᠷᠭᠡ ᠲᠤᠯᠭᠤᠷ ᠪᠢᠴᠢᠭ ᠲᠦ᠍ ᠪᠦᠷ ᠴᠠᠭᠠᠨ ᠲᠤᠭ ᠭᠡᠰᠡᠨ ᠤᠤᠯ ᠨᠡᠷ᠎ᠡ ᠪᠡᠷ ᠨᠢ ᠲᠡᠮᠳᠡᠭᠯᠡᠭᠰᠡᠨ ᠪᠠᠢᠳᠠᠭ᠃ ᠬᠠᠷᠢᠨ ᠠᠷᠪᠠ ᠶᠢᠰᠦᠳᠦᠭᠡᠷ ᠵᠠᠭᠤᠨ ᠤ᠋ ᠦᠶ᠎ᠡ ᠳ᠋ᠦ᠍ ᠲᠤᠩᠭᠠᠨ ᠪᠢᠴᠢᠭᠰᠡᠨ 《ᠠᠯᠲᠠᠨ ᠪᠢᠴᠢᠭ》 ᠭᠡᠰᠡᠨ ᠨᠣᠮ ᠠ᠋ᠴᠠ ᠡᠬᠢᠯᠡᠨ ᠴᠠᠭᠠᠨ ᠰᠦᠯᠳᠡ ᠭᠡᠰᠡᠨ ᠬᠦᠨᠳᠦᠯᠡᠯ ᠨᠡᠷ᠎ᠡ ᠥᠭᠴᠦ᠂ ᠰᠡᠭᠦᠯ ᠤᠨ ᠨᠣᠮ ᠪᠢᠴᠢᠭ ᠳᠡᠭᠡᠷ᠎ᠡ ᠴᠠᠭᠠᠨ ᠲᠤᠭ ᠪᠣᠯᠤᠨ ᠴᠠᠭᠠᠨ ᠰᠦᠯᠳᠡ ᠭᠡᠰᠡᠨ ᠬᠣᠶᠠᠷ ᠨᠡᠷ᠎ᠡ ᠶ᠋ᠢ ᠬᠤᠳᠬᠤᠯᠳᠤᠭᠤᠯᠤᠨ ᠬᠡᠷᠡᠭᠯᠡᠬᠦ ᠪᠣᠯᠵᠠᠢ᠃ ᠡᠨᠡ ᠨᠢ ᠪᠠᠷᠤᠭ ᠬᠠᠷ᠎ᠠ ᠲᠤᠭ ᠭᠡᠰᠡᠨ ᠨᠡᠷ᠎ᠡ ᠶ᠋ᠢ ᠥᠭᠡᠷᠡᠴᠢᠯᠡᠨ ᠬᠠᠷ᠎ᠠ ᠰᠦᠯᠳᠡ ᠭᠡᠵᠦ ᠨᠡᠷᠡᠢᠳᠦᠭᠰᠡᠨ ᠤ ᠨᠥᠯᠥᠭᠡ ᠡᠴᠡ ᠪᠣᠯᠤᠭᠰᠠᠨ ᠪᠠᠢᠬ᠎ᠠ᠃ ᠬᠠᠷ᠎ᠠ ᠰᠦᠯᠳᠡ ᠶ᠋ᠢ 《ᠮᠣᠩᠭᠣᠯ ᠤ᠋ᠨ ᠨᠢᠭᠤᠴᠠ ᠲᠣᠪᠴᠢᠶᠠᠨ》 ᠪᠣᠯᠤᠨ 《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》 ᠳᠡᠭᠡᠷ᠎ᠡ ᠪᠦᠷ ᠬᠠᠷ᠎ᠠ ᠲᠤᠭ ᠢ᠋ᠶ᠋ᠠᠷ ᠨᠢ ᠨᠡᠷᠡᠢᠳᠦᠭᠰᠡᠨ ᠪᠣᠯᠪᠠᠴᠤ ᠬᠠᠷᠢᠨ ᠠᠷᠪᠠᠨ ᠳᠣᠯᠣᠳᠤᠭᠠᠷ ᠵᠠᠭᠤᠨ ᠤ᠋ ᠦᠶ᠎ᠡ ᠳ᠋ᠦ᠍ ᠵᠣᠬᠢᠶᠠᠭᠳᠠᠭᠰᠠᠨ 《ᠬᠠᠳ ᠤ᠋ᠨ ᠦᠨᠳᠦᠰᠦᠨ ᠡᠷᠳᠡᠨᠢ ᠲᠣᠪᠴᠢ》 ᠳ᠋ᠤ᠌ 《ᠳᠡᠯᠢᠭᠦᠨ ᠪᠣᠯᠳᠠᠭ ᠲᠤᠷ ᠶᠠᠪᠤᠭᠤᠯᠤᠨ ᠬᠠᠳᠬᠤᠭᠰᠠᠨ ᠳᠥᠷᠪᠡᠨ ᠬᠥᠯᠲᠦ ᠬᠠᠷ᠎ᠠ ᠰᠦᠯᠳᠡ ᠪᠡᠨ ᠪᠤᠰᠬᠠᠵᠤ᠂ ᠳᠥᠴᠢᠨ ᠲᠦᠮᠡᠨ ᠪᠢᠳᠡ ᠤᠯᠤᠰ ᠤ᠋ᠨ ᠡᠵᠡᠨ ᠪᠣᠯᠤᠬᠤᠨ》 ᠭᠡᠵᠦ ᠪᠢᠴᠢᠭᠳᠡᠪᠡ᠃ ᠡᠭᠦᠨ ᠡᠴᠡ ᠡᠬᠢᠯᠡᠨ ᠬᠣᠵᠢᠮ ᠤ᠋ᠨ ᠨᠣᠮ ᠪᠢᠴᠢᠭ ᠳᠡᠭᠡᠷ᠎ᠡ ᠪᠦᠷ ᠬᠠᠷ᠎ᠠ ᠰᠦᠯᠳᠡ ᠪᠣᠯᠤᠨ ᠬᠠᠷ᠎ᠠ ᠲᠤᠭ ᠬᠣᠶᠠᠷ ᠢ᠋ ᠬᠤᠳᠬᠤᠯᠳᠤᠭᠤᠯᠤᠨ ᠬᠡᠷᠡᠭᠯᠡᠬᠦ ᠪᠣᠯᠵᠠᠢ᠃ ᠠᠷᠪᠠᠨ ᠳᠣᠯᠣᠳᠤᠭᠠᠷ ᠵᠠᠭᠤᠨ ᠤ᠋ ᠦᠶ᠎ᠡ ᠳ᠋ᠦ᠍ ᠵᠣᠬᠢᠶᠠᠭᠳᠠᠭᠰᠠᠨ 《ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ》 ᠳ᠋ᠤ᠌ 《ᠬᠥᠬᠥᠯ ᠢ᠋ᠶ᠋ᠡᠷ ᠬᠦᠷᠢᠵᠦ ᠬᠢᠭᠰᠡᠨ ᠲᠤᠭ ᠰᠦᠯᠳᠡ ᠴᠢᠨᠦ》 ᠭᠡᠵᠦ ᠲᠡᠮᠳᠡᠭᠯᠡᠭᠰᠡᠨ ᠡᠴᠡ ᠦᠵᠡᠪᠡᠯ ᠴᠠᠭᠠᠨ ᠲᠤᠭ ᠪᠣᠯᠤᠨ ᠬᠠᠷ᠎ᠠ ᠲᠤᠭ ᠬᠣᠶᠠᠷ ᠢ᠋ ᠳᠥᠭᠥᠮᠴᠢᠯᠡᠨ 《ᠲᠤᠭ ᠰᠦᠯᠳᠡ》 ᠭᠡᠵᠦ ᠵᠡᠷᠭᠡᠴᠡᠭᠦᠯᠦᠨ ᠳᠠᠭᠤᠳᠠᠬᠤ ᠪᠣᠯᠵᠠᠢ᠃ ᠲᠤᠬᠠᠢ ᠶ᠋ᠢᠨ ᠦᠶ᠎ᠡ ᠳ᠋ᠦ᠍ ᠲᠤᠭ ᠨᠢ ᠴᠠᠭᠠᠨ ᠰᠦᠯᠳᠡ ᠶ᠋ᠢ ᠵᠢᠭᠠᠵᠤ᠂ ᠰᠦᠯᠳᠡ ᠨᠢ ᠬᠠᠷ᠎ᠠ ᠰᠦᠯᠳᠡ ᠶ᠋ᠢ ᠵᠢᠭᠠᠭᠰᠠᠨ ᠤᠳᠬ᠎ᠠ ᠶ᠋ᠢ ᠢᠯᠡᠳᠬᠡᠵᠡᠢ᠃ ᠭᠡᠪᠡᠴᠦ ᠰᠡᠭᠦᠯᠳᠡᠵᠦ ᠢᠷᠡᠭᠡᠳ ᠡᠢᠮᠦ ᠪᠢᠰᠢ ᠪᠣᠯᠪᠠ᠂ ᠲᠤᠭ (ᠰᠦᠯᠳᠡ) ᠨᠢ ᠴᠠᠭᠠᠨ᠂ ᠬᠠᠷ᠎ᠠ ᠪᠣᠯᠤᠨ ᠠᠯᠠᠭ ᠭᠤᠷᠪᠠᠨ ᠢᠯᠠᠭᠤᠬᠤ ᠲᠤᠭ (ᠰᠦᠯᠳᠡ) ᠶ᠋ᠢᠨ ᠶᠡᠷᠦᠩᠬᠡᠢ ᠨᠡᠷᠡᠢᠳᠦᠯ ᠪᠣᠯᠵᠠᠢ᠃ᠠᠯᠠᠭ ᠰᠦᠯᠳᠡ ᠶ᠋ᠢ 《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠠᠯᠠᠭ ᠲᠤᠭ ᠭᠡᠵᠦ ᠲᠡᠮᠳᠡᠭᠯᠡᠭᠰᠡᠨ ᠪᠠᠢᠳᠠᠭ᠃ ᠠᠷᠪᠠ ᠶᠢᠰᠦᠳᠦᠭᠡᠷ ᠵᠠᠭᠤᠨ ᠤ᠋ ᠦᠶ᠎ᠡ ᠳ᠋ᠦ᠍ ᠲᠤᠩᠭᠠᠨ ᠪᠢᠴᠢᠭᠳᠡᠭᠰᠡᠨ 《ᠠᠯᠲᠠᠨ ᠪᠢᠴᠢᠭ》 ᠳᠡᠭᠡᠷ᠎ᠡ ᠠᠯᠠᠭ ᠰᠦᠯᠳᠡ ᠭᠡᠵᠦ ᠪᠢᠴᠢᠭᠳᠡᠭᠰᠡᠨ ᠡᠴᠡ ᠡᠬᠢᠯᠡᠨ ᠬᠣᠢᠰᠢᠳᠠ ᠶ᠋ᠢᠨ ᠨᠣᠮ ᠪᠠ ᠵᠣᠬᠢᠶᠠᠯ ᠳᠡᠭᠡᠷ᠎ᠡ ᠠᠯᠠᠭ ᠲᠤᠭ ᠪᠣᠯᠤᠨ ᠠᠯᠠᠭ ᠰᠦᠯᠳᠡ ᠬᠣᠶᠠᠷ ᠢ᠋ ᠬᠤᠳᠬᠤᠯᠳᠤᠭᠤᠯᠤᠨ ᠬᠡᠷᠡᠭᠯᠡᠬᠦ ᠪᠣᠯᠵᠠᠢ᠃ ᠡᠭᠦᠨ ᠤ ᠦᠷ᠎ᠡ ᠳ᠋ᠦᠩ ᠳ᠋ᠦ᠍ ᠬᠥᠮᠦᠰ ᠲᠤᠭ ᠪᠤᠶᠤ ᠰᠦᠯᠳᠡ ᠶ᠋ᠢ ᠣᠢᠯᠠᠭᠠᠬᠤ ᠳ᠋ᠤ᠌ ᠬᠦᠴᠢᠷᠲᠡᠢ ᠪᠣᠯᠵᠠᠢ᠃《ᠮᠣᠩᠭᠣᠯ ᠲᠠᠬᠢᠯᠭ᠎ᠠ》 ᠳ᠋ᠤ᠌ 《ᠶᠡᠬᠡ ᠵᠣᠣ ᠶ᠋ᠢᠨ ᠴᠢᠭᠤᠯᠭᠠᠨ ᠤ᠋ ᠲᠡᠷᠢᠭᠦᠨ ᠲᠦᠭᠡᠮᠡᠯ ᠡᠯᠪᠡᠭᠲᠦ ᠶ᠋ᠢᠨ ᠨᠠᠢ᠍ᠮᠠᠳᠤᠭᠠᠷ ᠣᠨ(1859 ᠣᠨ) ᠤ᠋ ᠳᠤᠮᠳᠠ ᠰᠠᠷ᠎ᠠ ᠳ᠋ᠤ᠌ ᠶᠡᠬᠡ ᠵᠤᠷᠭᠠᠨ ᠠ᠋ᠴᠠ ᠮᠣᠩᠭᠣᠯᠴᠤᠳ ᠤ᠋ᠨ ᠰᠦᠯᠳᠡ ᠶ᠋ᠢᠨ ᠲᠤᠬᠠᠢ ᠯᠠᠪᠯᠠᠨ ᠲᠤᠰᠢᠶᠠᠭᠰᠠᠨ ᠢ᠋ ᠵᠢᠷᠤᠮᠯᠠᠨ ᠡᠷᠭᠦᠨ ᠮᠡᠳᠡᠭᠦᠯᠦᠭᠰᠡᠨ ᠪᠢᠴᠢᠭ ᠲᠡᠭᠡᠨ 〈ᠰᠦᠯᠳᠡ ᠬᠡᠮᠡᠭᠴᠢ ᠴᠢᠩᠭᠢᠰ ᠬᠠᠭᠠᠨ ᠪᠦᠬᠦᠢ ᠶ᠋ᠢᠨ ᠲᠤᠭ ᠠᠮᠤᠢ〉》④ ᠭᠡᠵᠦ ᠲᠠᠢᠯᠪᠤᠷᠢᠯᠠᠭᠰᠠᠨ ᠠ᠋ᠴᠠ ᠦᠵᠡᠪᠡᠯ ᠬᠥᠮᠦᠰ ᠲᠤᠭ ᠪᠤᠶᠤ ᠰᠦᠯᠳᠡ ᠶ᠋ᠢ ᠣᠢᠯᠠᠭᠠᠬᠤ ᠳ᠋ᠤ᠌ ᠬᠦᠴᠢᠷᠲᠡᠢ ᠪᠠᠢᠭᠰᠠᠨ ᠢ᠋ ᠮᠡᠳᠡᠵᠦ ᠪᠣᠯᠤᠨ᠎ᠠ᠃ ᠡᠭᠦᠨ ᠡᠴᠡ ᠬᠣᠢᠰᠢ ᠲᠤᠭ ᠭᠡᠰᠡᠨ ᠨᠡᠷ᠎ᠡ ᠪᠠᠯᠠᠷᠠᠵᠤ ᠰᠦᠯᠳᠡ ᠭᠡᠵᠦ ᠳᠠᠭᠤᠳᠠᠬᠤ ᠨᠢ ᠤᠯᠠᠮ ᠢ᠋ᠶ᠋ᠠᠷ ᠥᠷᠭᠡᠨ ᠪᠣᠯᠵᠤ᠂ ᠳᠤᠮᠳᠠᠳᠤ ᠤᠯᠤᠰ ᠤ᠋ᠨ ᠮᠣᠩᠭᠣᠯ ᠦᠨᠳᠦᠰᠦᠲᠡᠨ ᠲᠤᠭ ᠢ᠋ ᠪᠦᠷ ᠰᠦᠯᠳᠡ ᠭᠡᠵᠦ ᠨᠡᠷᠡᠯᠡᠳᠡᠭ ᠪᠣᠯᠵᠠᠢ᠃ ᠪᠢ ᠲᠤᠭ ᠤ᠋ᠨ ᠰᠣᠶᠣᠯ ᠢ ᠰᠤᠳᠤᠯᠤᠭᠠᠳ ᠨᠢᠭᠡᠨᠲᠡ ᠠᠷᠪᠠᠨ ᠵᠢᠯ ᠪᠣᠯᠤᠯ᠎ᠠ᠃ ᠠᠩᠬᠠᠨ ᠤ᠋ ᠦᠶ᠎ᠡ ᠳ᠋ᠦ᠍ 《ᠡᠷᠲᠡ ᠴᠠᠭ ᠲᠤ᠌ ᠲᠤᠭ᠂ ᠰᠦᠯᠳᠡ ᠪᠠᠷᠤᠭ ᠨᠢᠭᠡ ᠤᠳᠬ᠎ᠠ ᠲᠠᠢ》 ᠭᠡᠵᠦ ᠣᠢᠯᠠᠭᠠᠭᠠᠳ ᠲᠤᠭ ᠢ᠋ ᠪᠦᠷ ᠰᠦᠯᠳᠡ ᠭᠡᠵᠦ ᠨᠡᠷᠡᠢᠳᠦᠨ ᠪᠢᠴᠢᠳᠡᠭ ᠪᠠᠢᠭᠰᠠᠨ᠃ ᠨᠢᠭᠡ ᠤᠩᠰᠢᠭᠴᠢ ᠨᠠᠳᠠ ᠠ᠋ᠴᠠ 《ᠰᠦᠯᠳᠡ ᠭᠡᠳᠡᠭ ᠴᠢᠨᠢ <ᠮᠣᠩᠭᠣᠯ ᠤ᠋ᠨ ᠨᠢᠭᠤᠴᠠ ᠲᠣᠪᠴᠢᠶᠠᠨ> ᠳᠡᠭᠡᠷ᠎ᠡ ᠲᠡᠮᠳᠡᠭᠯᠡᠭᠰᠡᠨ ᠲᠤᠭ ᠮᠥᠨ ᠤᠤ? 》 ᠭᠡᠵᠦ ᠠᠰᠠᠭᠤᠯ᠎ᠠ᠃ ᠪᠢ 《ᠮᠥᠨ》 ᠭᠡᠵᠡᠢ᠃ ᠡᠭᠦᠨ ᠡᠴᠡ ᠰᠡᠷᠡᠯᠲᠡ ᠣᠯᠵᠤ ᠵᠣᠬᠢᠶᠠᠯ ᠳᠡᠭᠡᠷ᠎ᠡ ᠪᠡᠨ ᠰᠦᠯᠳᠡ ᠭᠡᠵᠦ ᠪᠢᠴᠢᠭᠡᠳ ᠳᠣᠣᠷ᠎ᠠ ᠨᠢ ᠬᠠᠭᠠᠯᠲᠠ ᠨᠡᠮᠡᠵᠦ ᠲᠤᠭ ᠭᠡᠵᠦ ᠲᠣᠳᠣᠷᠬᠠᠢᠯᠠᠳᠠᠭ ᠪᠣᠯᠵᠠᠢ᠃ ᠪᠤᠰᠤᠳ ᠬᠥᠮᠦᠰ ᠴᠦ᠍ ᠮᠥᠨ ᠢᠩᠭᠢᠵᠦ ᠲᠣᠳᠣᠷᠬᠠᠢᠯᠠᠳᠠᠭ ᠪᠠᠢᠵᠠᠢ᠃ ᠭᠡᠪᠡᠴᠦ ᠴᠠᠭᠠᠨ ᠰᠦᠯᠳᠡ᠂ ᠬᠠᠷ᠎ᠠ ᠰᠦᠯᠳᠡ᠂ ᠠᠯᠠᠭ ᠰᠦᠯᠳᠡ ᠭᠡᠵᠦ ᠪᠢᠴᠢᠭᠡᠳ ᠳᠣᠣᠷ᠎ᠠ ᠨᠢ ᠬᠠᠭᠠᠯᠲᠠ ᠨᠡᠮᠡᠵᠦ ᠲᠡᠭᠦᠨ ᠢ᠋ ᠲᠤᠭ ᠭᠡᠵᠦ ᠲᠣᠳᠣᠷᠬᠠᠢᠯᠠᠵᠤ ᠴᠢᠳᠠᠬᠤ ᠦᠭᠡᠢ ᠪᠠᠢᠳᠠᠭ᠃ ᠬᠢᠲᠠᠳ ᠬᠡᠯᠡ ᠪᠡᠷ ᠪᠢᠴᠢᠬᠦ ᠳ᠋ᠦ᠍ ᠨᠡᠩ ᠴᠦ᠍ ᠬᠦᠴᠢᠷᠲᠡᠢ ᠪᠠᠢᠳᠠᠭ᠃ ᠡᠢᠮᠦ ᠡᠴᠡ 2012 ᠣᠨ ᠳ᠋ᠤ᠌ ᠲᠤᠭᠤᠷᠪᠢᠨ ᠪᠢᠴᠢᠭᠰᠡᠨ 《 元代尊崇焘铬的考释》 ᠭᠡᠰᠡᠨ ᠥᠭᠦᠯᠡᠯ ᠡᠴᠡ ᠡᠬᠢᠯᠡᠨ ᠲᠤᠭ ᠭᠡᠵᠦ ᠪᠢᠴᠢᠬᠦ ᠪᠣᠯᠪᠠ᠃ ᠡᠢᠮᠦᠷᠬᠦᠦ ᠲᠤᠭ ᠭᠡᠰᠡᠨ ᠨᠢᠭᠡ ᠯᠡ ᠨᠡᠷ᠎ᠡ ᠦᠭᠡ ᠶ᠋ᠢ ᠪᠠᠰᠠ ᠰᠦᠯᠳᠡ᠂ ᠲᠤᠭ ᠰᠦᠯᠳᠡ ᠭᠡᠰᠡᠨ ᠨᠡᠷ᠎ᠡ ᠦᠭᠡ ᠪᠡᠷ ᠢᠯᠡᠳᠬᠡᠵᠦ᠂ ᠲᠡᠷᠡᠴᠢᠯᠡᠨ ᠲᠤᠭ᠂ ᠰᠦᠯᠳᠡ᠂ ᠲᠤᠭ ᠰᠦᠯᠳᠡ ᠭᠡᠰᠡᠨ ᠭᠤᠷᠪᠠᠨ ᠨᠡᠷ᠎ᠡ ᠦᠭᠡ ᠶ᠋ᠢ ᠬᠤᠳᠬᠤᠯᠳᠤᠭᠤᠯᠤᠨ ᠬᠡᠷᠡᠭᠯᠡᠬᠦ ᠶᠠᠪᠤᠳᠠᠯ ᠨᠢ ᠤᠩᠰᠢᠭᠴᠢᠳ᠂ ᠢᠯᠠᠩᠭᠤᠶ᠎ᠠ ᠬᠠᠷᠢ ᠦᠨᠳᠦᠰᠦᠲᠡᠨ ᠤ ᠤᠩᠰᠢᠭᠴᠢᠳ ᠲᠤ᠌ ᠰᠦᠯᠳᠡ ᠶ᠋ᠢᠨ ᠰᠣᠶᠣᠯ ᠢ ᠲᠣᠳᠣᠷᠬᠠᠢ ᠣᠢᠯᠠᠭᠠᠭᠤᠯᠵᠤ ᠴᠢᠳᠠᠬᠤ ᠦᠭᠡᠢ᠂ ᠴᠢᠨᠠᠭᠰᠢᠯᠠᠪᠠᠯ ᠪᠤᠷᠤᠭᠤ ᠣᠢᠯᠠᠭᠠᠭᠤᠯᠬᠤ ᠳ᠋ᠤ᠌ ᠬᠦᠷᠴᠦ ᠪᠠᠢᠨ᠎ᠠ᠃ ᠲᠤᠭ ᠨᠢ ᠤᠯᠤᠰ ᠤ᠋ᠨ ᠰᠢᠯᠢᠳᠡᠭ ᠰᠣᠶᠣᠯ ᠢ᠋ ᠤᠯᠠᠮᠵᠢᠯᠠᠨ ᠪᠠᠳᠠᠷᠠᠭᠤᠯᠬᠤ ᠲᠥᠷᠥ ᠶ᠋ᠢᠨ ᠪᠣᠳᠣᠯᠭ᠎ᠠ ᠶ᠋ᠢᠨ ᠳᠣᠣᠷ᠎ᠠ᠂ ᠰᠣᠶᠣᠯ ᠤ᠋ᠨ ᠡᠯ᠎ᠡ ᠬᠦᠷᠢᠶᠡᠨ ᠳ᠋ᠦ᠍ ᠶᠠᠭ ᠭᠦᠨᠵᠡᠭᠡᠢ ᠰᠤᠳᠤᠯᠤᠭᠳᠠᠵᠤ ᠪᠠᠢᠨ᠎ᠠ᠃ ᠳᠠᠬᠢᠭᠠᠳ ᠬᠡᠯᠡᠪᠡᠯ ᠰᠦᠯᠳᠡ ᠶ᠋ᠢ ᠤᠬᠤᠴᠢᠯᠠᠨ ᠣᠢᠯᠠᠭᠠᠨ᠎ᠠ ᠭᠡᠪᠡᠯ ᠬᠠᠰᠢ ᠯᠠ ᠲᠤᠭ ᠢ᠋ ᠶᠠᠷᠢᠬᠤ ᠬᠡᠷᠡᠭᠲᠡᠢ ᠪᠣᠯᠤᠨ᠎ᠠ᠃ ᠡᠢᠮᠦ ᠤᠴᠢᠷ ᠠ᠋ᠴᠠ ᠰᠦᠯᠳᠡ ᠶ᠋ᠢ ᠬᠠᠰᠢ ᠯᠠ ᠤᠤᠯ ᠤ᠋ᠨ ᠲᠤᠭ ᠭᠡᠰᠡᠨ ᠨᠡᠷ᠎ᠡ ᠪᠡᠷ ᠲᠣᠭᠲᠠᠪᠤᠷᠢᠵᠢᠭᠤᠯᠤᠨ ᠨᠡᠷᠡᠯᠡᠪᠡᠯ ᠵᠣᠬᠢᠰᠲᠠᠢ ᠪᠠᠢᠨ᠎ᠠ᠃ ᠡᠷᠬᠡ ᠰᠦᠷ ᠲᠡᠢ ᠡᠷᠳᠡᠮᠲᠡᠨ ᠬᠠᠯᠠᠭᠤᠨ ᠴᠢᠷᠮᠠᠢᠯᠭ᠎ᠠ ᠪᠠᠨ ᠡᠷᠭᠦᠬᠦ ᠶ᠋ᠢ ᠴᠢᠨᠢ ᠴᠢᠩ ᠰᠡᠳᠬᠢᠯ ᠡᠴᠡ ᠪᠡᠨ ᠬᠦᠰᠡᠵᠦ ᠪᠠᠢᠨ᠎ᠠ᠃ ᠡᠨᠳᠡ ᠨᠢᠭᠡ ᠳᠤᠷᠠᠳᠤᠭᠤᠰᠢᠲᠠᠢ ᠨᠢ ᠭᠡᠪᠡᠯ ᠲᠤᠭ ᠤ᠋ᠨ ᠰᠣᠶᠣᠯ ᠰᠤᠳᠤᠯᠭᠠᠨ ᠤ᠋ ᠳᠤᠮᠳᠠ ᠴᠠᠭᠠᠨ ᠲᠤᠭ ᠢ᠋ 《ᠶᠠ ᠳ᠋ᠣᠣ》᠂ 《ᠪᠠᠢ ᠮᠣᠤ ᠳ᠋ᠣᠣ》 ᠭᠡᠵᠦ ᠨᠡᠷᠡᠢᠳᠴᠦ᠂ ᠬᠠᠷ᠎ᠠ ᠲᠤᠭ ᠢ᠋ 《ᠽᠣᠤ ᠳ᠋ᠣᠣ》 ᠭᠡᠵᠦ ᠨᠡᠷᠡᠢᠳᠴᠦ᠂ ᠠᠯᠠᠭ ᠲᠤᠭ ᠢ᠋ 《ᠲᠢᠶᠧ ᠹᠠᠨ ᠭᠠᠨ》᠂ 《ᠲᠦᠩ ᠹᠠᠨ ᠭᠠᠨ》᠂ 《 ᠲᠤ ᠶ᠋ᠢᠨ ᠲᠦᠩ ᠹᠠᠨ ᠭᠠᠨ》᠂ 《ᠵᠠᠶᠠᠭ᠎ᠠ ᠰᠦᠯᠳᠡ》 ᠭᠡᠬᠦ ᠮᠡᠲᠦ ᠪᠡᠷ ᠨᠡᠷᠡᠢᠳᠴᠦ ᠥᠩᠭᠡᠷᠡᠭᠰᠡᠨ ᠤᠴᠢᠷ ᠢ᠋ ᠢᠯᠡᠷᠡᠭᠦᠯᠵᠡᠢ᠃ ᠭᠡᠪᠡᠴᠦ ᠡᠳᠡᠭᠡᠷ ᠨᠡᠷᠡᠢᠳᠦᠯ ᠨᠢ ᠬᠠᠷᠢᠨ ᠣᠳᠣ ᠬᠡᠷᠡᠭᠯᠡᠭᠳᠡᠬᠦ ᠦᠭᠡᠢ ᠪᠣᠯᠵᠠᠢ᠃
ᠰᠤᠳᠤᠯᠭᠠᠨ ᠤ᠋ ᠦᠷ᠎ᠡ ᠪᠦᠲᠦᠭᠡᠯ ᠢ᠋ ᠡᠷᠬᠢᠮᠯᠡᠬᠦ ᠶ᠋ᠢᠨ ᠤᠴᠢᠷ
ᠤᠯᠤᠰ ᠤ᠋ᠨ ᠭᠠᠳᠠᠭᠠᠳᠤ ᠳᠣᠲᠣᠭᠠᠳᠤ ᠶ᠋ᠢᠨ ᠣᠯᠠᠨ ᠡᠷᠳᠡᠮᠲᠡᠨ ᠲᠤᠭ ᠤ᠋ᠨ ᠰᠣᠶᠣᠯ ᠢ᠋ ᠦᠨᠳᠦᠰᠦ ᠪᠠᠷᠢᠮᠲᠠ ᠲᠠᠢ ᠰᠢᠨᠵᠢᠯᠡᠬᠦ ᠤᠬᠠᠭᠠᠨᠴᠢ ᠪᠠᠷ ᠰᠤᠳᠤᠯᠤᠭᠠᠳ ᠶᠡᠬᠡ ᠣᠯᠠᠨ ᠡᠷᠳᠡᠮ ᠰᠢᠨᠵᠢᠯᠡᠭᠡᠨ ᠤ ᠦᠷ᠎ᠡ ᠳ᠋ᠦᠩ ᠭᠠᠷᠭᠠᠭᠰᠠᠨ ᠶᠤᠮ᠃ ᠣᠨᠴᠠᠭᠠᠢᠯᠠᠨ ᠳᠤᠷᠠᠳᠪᠠᠯ ᠮᠣᠩᠭᠣᠯ ᠨᠤᠲᠤᠭ ᠲᠤ᠌ 2000 ᠵᠢᠯ ᠤᠨ ᠲᠡᠷᠲᠡᠭᠡ ᠠᠩᠬᠠᠨ ᠤ᠋ ᠲᠥᠷᠥ ᠤᠯᠤᠰ ᠢ᠋ᠶ᠋ᠠᠨ ᠪᠠᠢᠭᠤᠯᠤᠭᠰᠠᠨ ᠾᠦᠩᠨᠦᠴᠦᠳ ᠨᠠᠷᠠ᠂ ᠰᠠᠷ᠎ᠠ᠂ ᠭᠠᠯ᠂ ᠪᠤᠭᠤ ᠭᠥᠷᠦᠭᠡᠰᠦᠨ ᠤ ᠳᠦᠷᠰᠦ ᠲᠡᠢ ᠲᠤᠭ ᠰᠦᠯᠳᠡ ᠲᠠᠬᠢᠵᠤ ᠪᠠᠢᠵᠠᠢ᠃ ᠡᠨᠡ ᠪᠣᠯ ᠮᠣᠩᠭᠣᠯᠴᠤᠳ ᠤ᠋ᠨ ᠬᠠᠮᠤᠭ ᠤ᠋ᠨ ᠡᠷᠲᠡᠨ ᠤ ᠲᠥᠷᠥ ᠶ᠋ᠢᠨ ᠰᠦᠯᠳᠡ ᠶᠦᠮ᠃ ᠮᠣᠩᠭᠣᠯᠴᠤᠳ ᠠᠷᠪᠠᠨ ᠭᠤᠷᠪᠠᠳᠤᠭᠠᠷ ᠵᠠᠭᠤᠨ ᠤ᠋ ᠦᠶ᠎ᠡ ᠳ᠋ᠦ᠍ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠪᠡᠨ ᠪᠠᠢᠭᠤᠯᠬᠤ ᠳ᠋ᠠᠭᠠᠨ ᠵᠠᠯᠭᠠᠮᠵᠢᠯᠠᠨ ᠬᠡᠷᠡᠭᠯᠡᠵᠡᠢ᠃ ᠲᠥᠪ ᠳᠤᠮᠳᠠ ᠨᠢ ᠡᠵᠡᠨ ᠴᠠᠭᠠᠨ ᠲᠤᠭ ᠢ ᠵᠠᠯᠠᠵᠤ ᠪᠤᠰᠬᠠᠨ ᠲᠡᠭᠦᠨ ᠤ ᠳᠥᠷᠪᠡᠨ ᠵᠦᠭ ᠳᠥᠷᠪᠡᠨ ᠥᠨᠴᠥᠭ ᠲᠦ᠍ ᠨᠢ ᠨᠠᠢ᠍ᠮᠠᠨ ᠡᠯᠴᠢ ᠴᠠᠭᠠᠨ ᠲᠤᠭ ᠢ᠋ ᠲᠣᠭᠣᠷᠢᠭᠤᠯᠤᠨ ᠪᠤᠰᠬᠠᠭᠰᠠᠨ ᠠ᠋ᠴᠠ ᠡᠵᠡᠨ ᠴᠠᠭᠠᠨ ᠲᠣᠭ᠎ᠠ ᠲᠠᠢ ᠪᠠᠨ ᠨᠡᠢᠯᠡᠭᠡᠳ᠂ ᠶᠢᠰᠦᠨ ᠰᠢᠯᠪᠢ ᠲᠡᠢ ᠪᠣᠯᠤᠭᠰᠠᠨ ᠲᠤᠯᠠ ᠶᠢᠰᠦᠨ ᠬᠥᠯᠲᠦ ᠴᠠᠭᠠᠨ ᠲᠤᠭ ᠭᠡᠮᠡᠨ ᠨᠡᠷᠡᠯᠡᠵᠡᠢ᠃ ᠲᠥᠪ ᠳᠤᠮᠳᠠ ᠨᠢ ᠡᠵᠡᠨ ᠬᠠᠷ᠎ᠠ ᠲᠤᠭ ᠢ ᠵᠠᠯᠠᠵᠤ ᠪᠤᠰᠬᠠᠨ᠂ ᠳᠥᠷᠪᠡᠨ ᠵᠦᠭ ᠲᠦ᠍ ᠨᠢ ᠳᠥᠷᠪᠡᠨ ᠡᠯᠴᠢ ᠬᠠᠷ᠎ᠠ ᠲᠤᠭ ᠢ᠋ ᠲᠣᠭᠣᠷᠢᠭᠤᠯᠤᠨ ᠪᠤᠰᠬᠠᠭᠰᠠᠨ ᠠ᠋ᠴᠠ ᠡᠵᠡᠨ ᠬᠠᠷ᠎ᠠ ᠲᠤᠭ ᠲᠠᠢ ᠪᠠᠨ ᠨᠡᠢᠯᠡᠭᠡᠳ ᠲᠠᠪᠤᠨ ᠰᠢᠯᠪᠢ ᠲᠠᠢ ᠪᠣᠯᠤᠭᠰᠠᠨ ᠲᠤᠯᠠ ᠲᠠᠪᠤᠨ ᠬᠥᠯᠲᠦ ᠬᠠᠷ᠎ᠠ ᠲᠤᠭ᠂ ᠳᠠᠷᠤᠢ ᠵᠠᠩᠰᠢᠯ ᠢ᠋ᠶ᠋ᠠᠷ ᠳᠥᠷᠪᠡᠨ ᠬᠥᠯᠲᠦ ᠬᠠᠷ᠎ᠠ ᠲᠤᠭ ᠭᠡᠮᠡᠨ ᠨᠡᠷᠡᠯᠡᠵᠡᠢ᠃ ᠲᠥᠪ ᠳᠤᠮᠳᠠ ᠨᠢ ᠡᠵᠡᠨ ᠠᠯᠠᠭ ᠲᠤᠭ ᠢ᠋ ᠵᠠᠯᠠᠵᠤ ᠪᠤᠰᠬᠠᠨ ᠳᠥᠷᠪᠡᠨ ᠵᠦᠭ ᠲᠦ᠍ ᠨᠢ ᠳᠥᠷᠪᠡᠨ ᠡᠯᠴᠢ ᠠᠯᠠᠭ ᠲᠤᠭ ᠢ᠋ ᠲᠣᠭᠣᠷᠢᠭᠤᠯᠤᠨ ᠪᠤᠰᠬᠠᠭᠰᠠᠨ ᠠ᠋ᠴᠠ ᠡᠵᠡᠨ ᠠᠯᠠᠭ ᠲᠤᠭ ᠲᠠᠢ ᠪᠠᠨ ᠨᠡᠢᠯᠡᠭᠡᠳ ᠲᠠᠪᠤᠨ ᠰᠢᠯᠪᠢ ᠲᠡᠢ ᠪᠣᠯᠤᠭᠰᠠᠨ ᠲᠤᠯᠠ ᠲᠠᠪᠤᠨ ᠬᠥᠯᠲᠦ ᠠᠯᠠᠭ ᠲᠤᠭ᠂ ᠳᠠᠷᠤᠢ ᠵᠠᠩᠰᠢᠯ ᠢ᠋ᠶ᠋ᠠᠷ ᠳᠥᠷᠪᠡᠨ ᠬᠥᠯᠲᠦ ᠠᠯᠠᠭ ᠲᠤᠭ ᠭᠡᠮᠡᠨ ᠨᠡᠷᠡᠯᠡᠵᠡᠢ᠃ ᠲᠤᠭ ᠪᠣᠯ ᠰᠢᠲᠦᠭᠡᠨ ᠪᠣᠯᠬᠤ ᠮᠥᠷᠲᠡᠭᠡᠨ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠤᠨ᠎ᠠ᠁ ᠵᠠᠷᠢᠮ ᠡᠷᠳᠡᠮ ᠰᠢᠨᠵᠢᠯᠡᠭᠡᠨ ᠤ ᠦᠷ᠎ᠡ ᠪᠦᠲᠦᠭᠡᠯ ᠨᠢ ᠪᠦᠷ ᠨᠡᠢᠭᠡᠮ ᠤᠨ ᠡᠯ᠎ᠠ ᠡᠲᠡᠭᠡᠳ ᠲᠦ᠍ ᠵᠥᠪᠰᠢᠶᠡᠷᠡᠭᠳᠡᠭᠰᠡᠨ ᠶᠦᠮ᠃ ᠡᠨᠡ ᠲᠤᠬᠠᠢ ᠴᠢᠨᠠᠭᠰᠢ ᠮᠠᠷᠭᠤᠨ ᠶᠠᠷᠢᠮᠠᠷ ᠵᠦᠢᠯ ᠦᠭᠡᠢ᠂ ᠶᠠᠷᠢᠪᠠᠴᠤ ᠦᠨ᠎ᠡ ᠥᠷᠲᠡᠭ ᠦᠭᠡᠢ᠂ ᠴᠢᠨᠠᠭᠰᠢᠯᠠᠪᠠᠯ ᠶᠠᠮᠠᠷ ᠨᠢᠭᠡ ᠤᠯᠤᠰ ᠲᠥᠷᠥᠴᠢᠨ ᠤ ᠰᠠᠨᠠᠭᠠᠨ ᠳ᠋ᠤ᠌ ᠡᠰᠡ ᠲᠠᠭᠠᠷᠠᠪᠠᠯ ᠡᠨᠡ ᠬᠦ᠌ ᠰᠤᠳᠤᠯᠭᠠᠨ ᠤ᠋ ᠨᠠᠨᠳᠢᠨ ᠦᠷ᠎ᠡ ᠳ᠋ᠦᠩ ᠨᠢ ᠦᠭᠡᠢᠰᠬᠡᠭᠳᠡᠵᠦ ᠴᠦ᠍ ᠮᠡᠳᠡᠨ᠎ᠡ᠃ ᠡᠳᠡᠭᠡᠷ ᠰᠤᠳᠤᠯᠭᠠᠨ ᠤ᠋ ᠦᠷ᠎ᠡ ᠪᠦᠲᠦᠭᠡᠯ ᠪᠣᠯ ᠬᠡᠯᠡᠯᠭᠡᠨ ᠦᠭᠡᠢ ᠮᠢᠨᠦᠬᠢ ᠪᠢᠰᠢ᠂ ᠪᠢ ᠵᠥᠪᠬᠡᠨ ᠲᠤᠭ ᠤ᠋ᠨ ᠰᠣᠶᠣᠯ ᠤ᠋ᠨ ᠰᠤᠳᠤᠯᠭᠠᠨ ᠤ᠋ ᠳᠤᠮᠳᠠ ᠡᠷᠳᠡᠮᠲᠡᠨ ᠮᠡᠷᠭᠡᠳ ᠤᠨ ᠡᠷᠳᠡᠮ ᠰᠢᠨᠵᠢᠯᠡᠭᠡᠨ ᠤ ᠦᠷ᠎ᠡ ᠳ᠋ᠦᠩ᠂ ᠨᠡᠩ ᠢᠯᠠᠩᠭᠤᠶ᠎ᠠ ᠮᠣᠩᠭᠣᠯ ᠡᠷᠳᠡᠮᠲᠡᠨ ᠮᠡᠷᠭᠡᠳ ᠤᠨ ᠡᠷᠳᠡᠮ ᠰᠢᠨᠵᠢᠯᠡᠭᠡᠨ ᠤ ᠦᠷ᠎ᠡ ᠳ᠋ᠦᠩ ᠢ᠋ ᠡᠷᠬᠢᠮᠯᠡᠨ ᠬᠦᠨᠳᠦᠳᠬᠡᠵᠦ᠂ ᠲᠡᠭᠦᠨ ᠢ᠋ ᠬᠥᠭᠵᠢᠭᠦᠯᠦᠨ ᠰᠤᠳᠤᠯᠬᠤ ᠶ᠋ᠢ ᠵᠣᠷᠢᠭᠰᠠᠭᠠᠷ ᠢᠷᠡᠭᠰᠡᠨ ᠪᠢᠯᠡ᠃ ᠤᠴᠢᠷ ᠨᠢ ᠲᠡᠳᠡ ᠪᠣᠯ ᠮᠣᠩᠭᠣᠯ ᠰᠣᠶᠣᠯ ᠢ᠋ᠶ᠋ᠠᠨ ᠣᠢᠯᠠᠭᠠᠵᠤ ᠮᠣᠩᠭᠣᠯ ᠰᠣᠶᠣᠯ ᠳ᠋ᠠᠭᠠᠨ ᠬᠠᠢᠷᠠᠲᠠᠢ ᠪᠠᠢᠳᠠᠭ᠃
ᠰᠤᠳᠤᠯᠭᠠᠨ ᠤ᠋ ᠮᠠᠲ᠋ᠧᠷᠢᠶᠠᠯ ᠪᠣᠯᠤᠨ《ᠮᠣᠩᠭᠣᠯ ᠤ᠋ᠨ ᠨᠢᠭᠤᠴᠠ ᠲᠣᠪᠴᠢᠶᠠᠨ》 ᠤ᠋ ᠲᠡᠮᠳᠡᠭᠯᠡᠯ ᠢ᠋ ᠦᠨᠳᠦᠰᠦᠯᠡᠪᠡᠯ ᠠᠷᠪᠠᠨ ᠨᠢᠭᠡᠳᠦᠭᠡᠷ ᠵᠠᠭᠤᠨ ᠤ᠋ ᠰᠡᠭᠦᠯᠴᠢ᠂ ᠠᠷᠪᠠᠨ ᠬᠣᠶᠠᠳᠤᠭᠠᠷ ᠵᠠᠭᠤᠨ ᠤ᠋ ᠡᠬᠢᠨ ᠤ ᠦᠶ᠎ᠡ ᠳ᠋ᠦ᠍ ᠪᠣᠷᠵᠢᠭᠢᠨ ᠣᠪᠣᠭ ᠤ᠋ᠨ ᠲᠤᠮᠪᠢᠨᠠᠢ ᠰᠡᠴᠡᠨ ᠡᠪ ᠨᠢᠭᠡᠳᠦᠯ ᠢ᠋ᠶ᠋ᠡᠨ ᠳᠠᠭᠠᠳᠬᠠᠳᠠᠭ ᠬᠠᠮᠲᠤ ᠶ᠋ᠢᠨ ᠰᠢᠲᠦᠭᠡᠨ - ᠠᠯᠠᠭ ᠲᠤᠭ (ᠰᠦᠯᠳᠡ) ᠶ᠋ᠢ ᠪᠦᠲᠦᠭᠡᠨ ᠲᠠᠬᠢᠭ᠍ᠰᠠᠨ ᠠ᠋ᠴᠠ ᠪᠣᠷᠵᠢᠭᠢᠨ ᠣᠪᠣᠭ ᠤᠭᠰᠠᠭᠠᠨ ᠤ᠋ ᠡᠪ ᠪᠦᠯᠬᠦᠮᠳᠡᠯ ᠨᠢ ᠤᠷᠢᠳ ᠡᠮᠦᠨ᠎ᠡ ᠭᠠᠷᠤᠭ᠎ᠠ ᠦᠭᠡᠢ ᠴᠢᠩᠭᠠᠷᠠᠪᠠ᠃ ᠡᠢᠮᠦ ᠡᠴᠡ ᠪᠣᠷᠵᠢᠭᠢᠨ ᠣᠪᠣᠭ ᠤ᠋ᠨ ᠬᠠᠪᠤᠯ ᠬᠠᠨ ᠨᠢ ᠠᠯᠲᠠᠨ ᠤᠯᠤᠰ ᠤ᠋ᠨ ᠬᠠᠷᠭᠢᠰ ᠨᠣᠶᠠᠷᠬᠠᠯ ᠢ᠋ ᠡᠰᠡᠷᠭᠦᠴᠡᠵᠦ ᠮᠣᠩᠭᠣᠯ ᠠᠢᠮᠠᠭ ᠢ᠋ ᠪᠡᠶ᠎ᠡ ᠪᠡᠨ ᠳᠠᠭᠠᠭᠠᠵᠤ ᠲᠤᠰᠠᠭᠠᠷ ᠪᠣᠯᠭᠠᠵᠠᠢ᠃ ᠡᠭᠦᠨ ᠡᠴᠡ ᠬᠠᠮᠤᠭ ᠮᠣᠩᠭᠣᠯ ᠠᠯᠠᠭ ᠲᠤᠭ ᠲᠤ᠌ ᠰᠡᠳᠬᠢᠴᠡ ᠶ᠋ᠢᠨ ᠣᠢᠯᠠᠭᠠᠯᠲᠠ ᠲᠠᠢ ᠪᠣᠯᠵᠠᠢ᠃ ᠠᠯᠠᠭ ᠲᠤᠭ ᠨᠢ ᠲᠤᠮᠪᠢᠨᠠᠢ ᠰᠡᠴᠡᠨ ᠡᠴᠡ ᠬᠠᠪᠤᠯ ᠬᠠᠨ ᠳ᠋ᠤ᠌ ᠤᠯᠠᠮᠵᠢᠯᠠᠭᠳᠠᠵᠤ᠂ ᠬᠠᠪᠤᠯ ᠬᠠᠨ ᠨᠢ ᠲᠠᠢᠴᠢᠭᠤᠳ ᠣᠪᠣᠭ ᠤ᠋ᠨ ᠠᠮᠪᠠᠭᠠᠢ ᠳ᠋ᠤ᠌ ᠬᠠᠨ ᠰᠠᠭᠤᠷᠢᠨ ᠢ᠋ᠶ᠋ᠠᠨ ᠥᠭᠭᠦᠭᠰᠡᠨ ᠪᠣᠯᠪᠠᠴᠤ ᠬᠠᠷᠢᠨ ᠠᠯᠠᠭ ᠲᠤᠭ ᠢ᠋ᠶ᠋ᠠᠨ ᠬᠣᠶᠠᠳᠤᠭᠠᠷ ᠬᠥᠪᠡᠭᠦᠨ ᠪᠠᠷᠳᠠᠨ ᠪᠠᠭᠠᠲᠤᠷ ᠲᠠᠭᠠᠨ ᠤᠯᠠᠮᠵᠢᠯᠠᠨ ᠥᠭᠴᠡᠢ᠃ ᠪᠡᠷᠲᠡᠨ ᠪᠠᠭᠠᠲᠤᠷ ᠨᠢ ᠭᠤᠷᠪᠠᠳᠤᠭᠠᠷ ᠬᠥᠪᠡᠭᠦᠨ ᠶᠢᠰᠦᠭᠡᠢ ᠪᠠᠭᠠᠲᠤᠷ ᠲᠠᠭᠠᠨ ᠤᠯᠠᠮᠵᠢᠯᠠᠨ ᠥᠭᠴᠡᠢ᠃ ᠪᠣᠷᠵᠢᠭᠢᠨ ᠣᠪᠣᠭᠲᠠᠨ ᠠᠯᠠᠭ ᠲᠤᠭ ᠢ᠋ ᠡᠨᠡ ᠮᠡᠲᠦ ᠪᠡᠷ ᠥᠪᠯᠡᠨ ᠵᠠᠯᠭᠠᠮᠵᠢᠯᠠᠵᠤ᠂ ᠬᠠᠮᠤᠭ ᠮᠣᠩᠭᠣᠯ ᠢ᠋ᠶ᠋ᠠᠷ ᠢ᠋ᠶ᠋ᠠᠨ ᠰᠢᠲᠦᠭᠰᠡᠭᠡᠷ ᠪᠠᠢᠪᠠ᠃ ᠭᠡᠲᠡᠯ᠎ᠡ ᠶᠢᠰᠦᠭᠡᠢ ᠪᠠᠭᠠᠲᠤᠷ ᠨᠠᠰᠤ ᠪᠠᠷᠠᠵᠤ᠂ ᠲᠠᠢᠴᠢᠭᠤᠳ ᠤ᠋ᠨ ᠲᠠᠷᠭᠤᠲᠠᠢ ᠬᠢᠷᠢᠯᠳᠤᠭ ᠬᠠᠭᠠᠴᠠᠯ ᠡᠭᠦᠰᠬᠡᠭᠰᠡᠨ ᠡᠴᠡ ᠠᠯᠠᠭ ᠲᠤᠭ ᠤ᠋ᠨ ᠰᠢᠲᠦᠯᠭᠡ ᠨᠢ ᠲᠠᠰᠤᠷᠠᠮᠠᠷ ᠪᠣᠯᠵᠠᠢ᠃
ᠮᠣᠩᠭᠣᠯᠴᠤᠳ ᠤ᠋ᠨ ᠮᠠᠨᠳᠤᠬᠤ ᠪᠠᠭᠤᠷᠠᠬᠤ ᠡᠢᠮᠦ ᠨᠢᠭᠡ ᠵᠠᠩᠭᠢᠯᠠᠭ᠎ᠠ ᠶ᠋ᠢᠨ ᠴᠠᠭ ᠦᠶ᠎ᠡ ᠳ᠋ᠦ᠍ ᠲᠡᠮᠦᠵᠢᠨ ᠭᠡᠷ ᠪᠦᠯᠢ ᠶ᠋ᠢᠨ ᠠᠮᠢᠳᠤᠷᠠᠯ ᠤ᠋ᠨ ᠬᠦᠴᠢᠷ ᠵᠣᠪᠠᠯᠠᠩ ᠪᠣᠯᠤᠨ ᠲᠠᠢᠴᠢᠭᠤᠳ ᠤ᠋ᠨ ᠬᠠᠯᠠ ᠲᠠᠮᠤᠯᠠᠯ ᠤ᠋ᠨ ᠳᠤᠮᠳᠠ ᠬᠠᠲᠠᠭᠤᠵᠢᠨ ᠪᠣᠢᠵᠢᠵᠤ᠂ ᠲᠠᠢᠴᠢᠭᠤᠳ ᠤ᠋ᠨ ᠲᠠᠷᠭᠤᠲᠠᠢ ᠬᠢᠷᠢᠯᠳᠤᠭ ᠲᠦ᠍ ᠬᠠᠷᠢᠭᠤ ᠴᠣᠬᠢᠯᠲᠠ ᠥᠭᠴᠦ᠂ ᠲᠠᠷᠬᠠᠵᠤ ᠪᠤᠲᠠᠷᠠᠭᠰᠠᠨ ᠤᠯᠤᠰ ᠢᠷᠭᠡᠳ ᠢ᠋ᠶ᠋ᠡᠨ ᠨᠢᠭᠡᠳᠬᠡᠵᠦ᠂ 1189 ᠣᠨ ᠳ᠋ᠤ᠌ ᠮᠣᠩᠭᠣᠯ ᠠᠢᠮᠠᠭ ᠤ᠋ᠨ ᠬᠠᠨ ᠢ᠋ᠶ᠋ᠠᠷ ᠡᠷᠭᠦᠮᠵᠢᠯᠡᠭᠳᠡᠵᠡᠢ᠃ ᠲᠡᠮᠦᠵᠢᠨ ᠬᠠᠨ ᠪᠣᠯᠤᠭᠰᠠᠨ ᠠ᠋ᠴᠠ ᠬᠣᠢᠰᠢ ᠠᠯᠠᠭ ᠲᠤᠭ ᠢ᠋ᠶ᠋ᠠᠨ ᠵᠠᠯᠭᠠᠮᠵᠢᠯᠠᠨ ᠰᠢᠲᠦᠵᠡᠢ᠂ ᠡᠭᠦᠨ ᠢ᠋ 《ᠸᠠᠩ ᠬᠠᠨ ᠵᠠᠮᠤᠬ᠎ᠠ ᠠ᠋ᠴᠠ᠄ < ᠲᠡᠮᠦᠵᠢᠨ ᠬᠥᠪᠡᠭᠦᠨ ᠳ᠋ᠦ᠍ ᠪᠠᠢᠯᠳᠤᠵᠤ ᠴᠢᠳᠠᠮᠠᠷ ᠬᠥᠮᠦᠰ ᠬᠡᠨ ᠪᠣᠢ> ᠭᠡᠵᠦ ᠠᠰᠠᠭᠤᠭᠰᠠᠨ ᠳ᠋ᠤ᠌ ᠵᠠᠮᠤᠬ᠎ᠠ ᠥᠭᠦᠯᠡᠷᠦᠨ᠄ < ᠲᠡᠨᠳᠡ ᠣᠷᠤᠭᠤᠳ ᠮᠠᠩᠭᠤᠳ ᠨᠠᠷ ᠪᠣᠢ᠂ ᠲᠡᠳᠡ ᠬᠠᠷᠠᠬᠠᠨ ᠪᠠᠢᠯᠳᠤᠭᠠᠨ ᠳ᠋ᠤ᠌ ᠴᠢᠳᠠᠮᠠᠭᠠᠢ ᠪᠠᠢᠳᠠᠭ᠃ ᠲᠡᠳᠡ ᠲᠣᠭᠣᠷᠢᠨ ᠪᠠᠢᠯᠳᠤᠬᠤ ᠳ᠋ᠤ᠌ \ ᠲᠣᠣᠷ ᠵᠢᠭᠰᠠᠭᠠᠯ ᠵᠣᠬᠢᠶᠠᠵᠤ᠂ ᠡᠷᠭᠢᠨ ᠪᠠᠢᠯᠳᠤᠬᠤ ᠳ᠋ᠤ᠌\ ᠡᠩᠨᠡᠨ ᠳᠠᠭᠠᠷᠢᠵᠤ ᠶᠠᠪᠤᠳᠠᠭ\ ᠥᠴᠦᠬᠡᠨ ᠪᠠᠭ᠎ᠠ ᠨᠠᠰᠤᠨ ᠠ᠋ᠴᠠ\ ᠦᠯᠲᠦ ᠵᠢᠳᠠ ᠳ᠋ᠤ᠌ ᠳᠠᠳᠤᠭᠰᠠᠨ \ ᠠᠯᠠᠭ ᠲᠤᠭ ᠲᠤ᠌ ᠬᠠᠷ᠎ᠠ ᠲᠤᠭ ᠲᠤ᠌ ᠲᠡᠳᠡᠨ ᠡᠴᠡ ᠠᠮᠢ ᠬᠢᠴᠢᠶᠡᠲᠦᠭᠡᠢ>》⑤ ᠭᠡᠰᠡᠨ ᠲᠡᠮᠳᠡᠭᠯᠡᠯ ᠡᠴᠡ ᠮᠡᠳᠡᠵᠦ ᠪᠣᠯᠤᠨ᠎ᠠ᠃ ᠲᠡᠭᠡᠪᠡᠯ ᠶᠠᠭᠤᠨ ᠳ᠋ᠤ᠌ ᠣᠷᠤᠭᠤᠳ ᠮᠠᠩᠭᠤᠳ ᠨᠠᠷ ᠢ᠋ ᠡᠨᠡ ᠠᠯᠠᠭ ᠲᠤᠭ ᠪᠣᠯᠤᠨ ᠬᠠᠷ᠎ᠠ ᠲᠤᠭ ᠲᠠᠢ ᠬᠣᠯᠪᠣᠵᠤ ᠬᠡᠯᠡᠭᠰᠡᠨ ᠪᠣᠢ ᠭᠡᠰᠡᠨ ᠠᠰᠠᠭᠤᠳᠠᠯ ᠢ᠋ ᠲᠠᠢᠯᠪᠤᠷᠢᠯᠠᠬᠤ ᠴᠢᠬᠤᠯᠠᠲᠠᠢ ᠪᠠᠢᠨ᠎ᠠ᠃ ᠲᠡᠮᠦᠵᠢᠨ ᠬᠠᠨ ᠰᠠᠭᠤᠭᠰᠠᠨ ᠠ᠋ᠴᠠ ᠬᠣᠢᠰᠢ᠂ ᠴᠠᠭᠠᠨ ᠲᠤᠭ ᠪᠣᠯᠤᠨ ᠬᠠᠷ᠎ᠠ ᠲᠤᠭ ᠢ᠋ ᠰᠢᠨᠡᠳᠬᠡᠨ ᠵᠠᠰᠠᠭᠰᠠᠨ ᠮᠥᠷᠲᠡᠭᠡᠨ ᠭᠤᠷᠪᠠᠨ ᠡᠵᠡᠨ ᠲᠤᠭ ᠲᠤ᠌ ᠡᠯᠴᠢ ᠲᠤᠭ ᠢ᠋ ᠵᠣᠬᠢᠶᠠᠵᠤ᠂ ᠪᠦᠬᠦᠨ ᠢ᠋ ᠬᠡᠪᠲᠡᠭᠦᠯ ᠢ᠋ᠶ᠋ᠡᠷ ᠬᠠᠮᠢᠶᠠᠷᠤᠭᠤᠯᠵᠠᠢ᠃ ᠴᠢᠩᠭᠢᠰ ᠬᠠᠭᠠᠨ 《ᠤᠷᠢᠳᠤ(ᠪᠢ ᠵᠥᠪᠬᠡᠨ) ᠨᠠᠶᠠᠨ ᠬᠡᠪᠲᠡᠭᠦᠯ ᠳᠠᠯᠠᠨ ᠲᠣᠷᠬᠠᠭ ᠲᠠᠢ ᠪᠠᠢᠪᠠ》⑥ ᠭᠡᠵᠦ ᠬᠡᠯᠡᠭᠰᠡᠨ ᠪᠠᠢᠳᠠᠭ᠃ ᠡᠨᠡ ᠪᠣᠯ ᠲᠡᠮᠦᠵᠢᠨ ᠶᠡᠬᠡ ᠮᠣᠩᠭᠣᠯ ᠤ᠋ᠨ ᠬᠠᠭᠠᠨᠲᠤ ᠤᠯᠤᠰ ᠤ᠋ᠨ ᠬᠠᠭᠠᠨ ᠪᠣᠯᠬᠤ ᠠ᠋ᠴᠠ ᠡᠮᠦᠨ᠎ᠡ ᠮᠣᠩᠭᠣᠯ ᠠᠢᠮᠠᠭ ᠤ᠋ᠨ ᠬᠠᠨ ᠰᠠᠭᠤᠭᠰᠠᠨ ᠠ᠋ᠴᠠ ᠬᠣᠢᠰᠢ ᠶ᠋ᠢᠨ ᠬᠤᠭᠤᠴᠠᠭᠠᠨ ᠳ᠋ᠠᠬᠢ ᠲᠡᠭᠦᠨ ᠤ ᠳᠠᠭᠠᠭᠤᠯᠵᠤ ᠶᠠᠪᠤᠳᠠᠭ ᠬᠡᠪᠲᠡᠭᠦᠯ ᠤᠨ ᠳᠣᠭ᠎ᠠ ᠪᠣᠯᠤᠨ᠎ᠠ᠃ ᠡᠨᠡ ᠨᠠᠶᠠᠨ ᠬᠡᠪᠲᠡᠭᠦᠯ ᠭᠡᠳᠡᠭ ᠨᠢ ᠨᠢᠭᠡ ᠬᠡᠪᠲᠡᠭᠦᠯ ᠵᠠᠩᠵᠤᠨ᠂ ᠳᠠᠯ᠎ᠠ ᠶᠢᠰᠦᠨ ᠴᠡᠷᠢᠭ ᠲᠡᠢ ᠭᠡᠰᠡᠨ ᠶᠠᠪᠤᠳᠠᠯ ᠪᠢᠰᠢ ᠶᠦᠮ᠃ ᠬᠠᠷᠢᠨ ᠪᠦᠷ ᠡᠯ᠎ᠡ ᠣᠪᠣᠭ ᠠᠢᠮᠠᠭ ᠠ᠋ᠴᠠ ᠰᠢᠯᠢᠵᠦ ᠠᠪᠤᠭᠰᠠᠨ ᠡᠷᠳᠡᠮ ᠴᠢᠳᠠᠯ ᠲᠠᠢ᠂ ᠪᠡᠶ᠎ᠡ ᠪᠢᠯᠳᠠᠷ ᠰᠠᠢᠲᠠᠢ᠂ ᠦᠨᠡᠨᠴᠢ ᠰᠡᠳᠬᠢᠯ ᠲᠡᠢ᠂ ᠲᠡᠮᠦᠵᠢᠨ ᠬᠠᠨ ᠢ᠋ ᠬᠠᠮᠠᠭᠠᠯᠠᠨ ᠲᠡᠢᠨ ᠪᠠᠢᠯᠳᠤᠭᠠᠨ ᠳ᠋ᠤ᠌ ᠮᠣᠷᠳᠠᠳᠠᠭ ᠰᠢᠳᠠᠷ ᠴᠡᠷᠢᠭ ᠪᠣᠯᠤᠨ᠎ᠠ᠃ ᠡᠨᠳᠡ ᠵᠠᠮᠤᠬ᠎ᠠ ᠶ᠋ᠢᠨ ᠬᠡᠯᠡᠭᠰᠡᠨ ᠣᠷᠤᠭᠤᠳ ᠮᠠᠩᠭᠤᠳ ᠨᠠᠷ ᠭᠡᠰᠡᠨ ᠪᠣᠯ ᠵᠥᠪᠬᠡᠨ ᠬᠡᠪᠲᠡᠭᠦᠯ ᠤᠨ ᠳᠣᠲᠣᠷᠠᠬᠢ ᠬᠣᠶᠠᠷ ᠤᠪᠣᠭ ᠤ᠋ᠨ ᠨᠡᠷ᠎ᠡ ᠶ᠋ᠢ ᠪᠣᠳᠠᠲᠠᠢ ᠳᠤᠷᠠᠳᠴᠤ ᠬᠡᠯᠡᠭᠰᠡᠨ ᠲᠡᠳᠦᠢ᠃ ᠡᠢᠮᠦ ᠡᠴᠡ ᠡᠨᠡ ᠲᠡᠮᠳᠡᠭᠯᠡᠯ ᠦ᠋ᠨ《ᠠᠯᠠᠭ ᠪᠣᠯᠤᠨ ᠬᠠᠷ᠎ᠠ ᠲᠤᠭ》 ᠢ᠋ ᠣᠷᠤᠭᠤᠳ ᠮᠠᠩᠭᠤᠳ ᠤ᠋ᠨ 《ᠠᠯᠠᠭ ᠪᠣᠯᠤᠨ ᠬᠠᠷ᠎ᠠ ᠲᠤᠭ》 ᠢ᠋ᠶ᠋ᠠᠷ ᠣᠢᠯᠠᠭᠠᠵᠤ ᠪᠣᠯᠬᠤ ᠦᠭᠡᠢ᠃ ᠬᠠᠷᠢᠨ ᠣᠷᠤᠭᠤᠳ ᠮᠠᠩᠭᠤᠳ ᠨᠠᠷ ᠲᠤᠬᠠᠢ ᠶᠢᠨ ᠦᠶ᠎ᠡ ᠳ᠋ᠦ᠍ ᠲᠡᠮᠦᠵᠢᠨ ᠬᠠᠨ ᠤ᠋ ᠠᠯᠠᠭ ᠲᠤᠭ ᠪᠣᠯᠤᠨ ᠬᠠᠷ᠎ᠠ ᠲᠤᠭ ᠢ᠋ ᠬᠠᠮᠢᠶᠠᠷᠴᠤ ᠪᠠᠢᠵᠠᠢ ᠭᠡᠵᠦ ᠣᠢᠯᠠᠭᠠᠪᠠᠯ ᠵᠣᠬᠢᠨ᠎ᠠ᠃
ᠶᠡᠬᠡ ᠮᠣᠩᠭᠣᠯ ᠤ᠋ᠨ ᠬᠠᠭᠠᠨᠲᠤ ᠤᠯᠤᠰ ᠢ᠋ ᠪᠠᠢᠭᠤᠯᠤᠭᠰᠠᠨ ᠠ᠋ᠴᠠ ᠬᠣᠢᠰᠢ᠂ ᠴᠢᠩᠭᠢᠰ ᠬᠠᠭᠠᠨ᠄《ᠲᠤᠭ ᠬᠡᠩᠭᠡᠷᠭᠡ ᠪᠦᠷᠢᠶ᠎ᠡ ᠵᠢᠳᠠ ᠶ᠋ᠢ ᠬᠡᠪᠲᠡᠭᠦᠯ ᠬᠠᠮᠢᠶᠠᠷᠲᠤᠭᠠᠢ》⑦ ᠭᠡᠵᠦ ᠲᠣᠳᠣᠷᠬᠠᠢ ᠵᠠᠷᠯᠢᠭ ᠪᠠᠭᠤᠯᠭᠠᠵᠠᠢ᠃ ᠶᠤᠸᠠᠨ ᠤᠯᠤᠰ ᠤ᠋ᠨ ᠦᠶ᠎ᠡ ᠬᠦᠷᠬᠦ ᠳ᠋ᠦ᠍ ᠬᠤᠪᠢᠯᠠᠢ ᠰᠡᠴᠡᠨ ᠬᠠᠭᠠᠨ ᠴᠠᠭᠠᠨ ᠲᠤᠭ ᠪᠣᠯᠤᠨ ᠬᠠᠷ᠎ᠠ ᠲᠤᠭ ᠢ᠋ ᠪᠡᠯᠭᠡᠳᠡᠯ ᠤᠨ ᠡᠳ᠋ ᠢ᠋ᠶ᠋ᠡᠷ ᠳᠡᠭᠡᠳᠦᠯᠡᠨ ᠰᠢᠲᠦᠵᠦ᠂ ᠠᠯᠠᠭ ᠲᠤᠭ ᠢ᠋ ᠳᠡᠭᠡᠳᠦ ᠨᠡᠢᠰᠯᠡᠯ ᠤᠨ ᠬᠠᠲᠠᠨᠲᠠᠶ ᠠᠭᠤᠯᠠ᠂ ᠳᠤᠮᠳᠠ ᠨᠡᠢᠰᠯᠡᠯ ᠤᠨ ᠮᠠᠨᠢᠲᠤ ᠶ᠋ᠢᠨ ᠳᠠᠪᠠᠭ᠎ᠠ ᠪᠣᠯᠤᠨ ᠶᠡᠬᠡ ᠨᠡᠢᠰᠯᠡᠯ ᠤᠨ ᠲᠦᠮᠡᠨ ᠨᠠᠰᠤᠲᠤ ᠠᠭᠤᠯᠠᠨ ᠳᠡᠭᠡᠷ᠎ᠡ ᠪᠤᠰᠬᠠᠵᠤ᠂ ᠣᠨᠴᠠᠭᠠᠢᠯᠠᠨ ᠳᠡᠭᠡᠳᠦ ᠨᠡᠢᠰᠯᠡᠯ ᠤᠨ ᠬᠠᠳᠠᠨᠲᠠᠶ ᠠᠭᠤᠯᠠ ᠳᠡᠭᠡᠷ᠎ᠡ ᠪᠣᠰᠬᠠᠭᠰᠠᠨ ᠠᠯᠠᠭ ᠲᠤᠭ ᠢ᠋ ᠵᠢᠯ ᠪᠦᠷᠢ ᠶ᠋ᠢᠨ ᠨᠠᠢ᠍ᠮᠠᠨ ᠰᠠᠷ᠎ᠠ ᠶ᠋ᠢᠨ ᠬᠣᠷᠢᠨ ᠳᠥᠷᠪᠡᠨ ᠳ᠋ᠦ᠍ ᠳᠠᠬᠢᠳᠠᠭ ᠪᠠᠢᠵᠠᠢ᠃《ᠶᠤᠸᠠᠨ ᠤᠯᠤᠰ ᠤ᠋ᠨ ᠲᠡᠦᠬᠡ 》 ᠶ᠋ᠢᠨ ᠲᠡᠮᠳᠡᠭᠯᠡᠯ ᠡᠴᠡ ᠦᠵᠡᠪᠡᠯ ᠬᠠᠭᠠᠨ ᠡᠵᠡᠨ ᠨᠢᠭᠡ ᠤᠳᠠᠭ᠎ᠠ ᠶ᠋ᠢᠨ ᠠᠯᠠᠭ ᠲᠤᠭ ᠤ᠋ᠨ ᠲᠠᠬᠢᠯᠭ᠎ᠠ ᠦᠢᠯᠡᠳᠬᠦ ᠳ᠋ᠦ᠍ 《ᠠᠯᠲᠠ ᠵᠠᠭᠤᠨ ᠯᠠᠩ᠂ ᠮᠥᠩᠭᠥ ᠮᠢᠩᠭᠠᠨ ᠯᠠᠩ᠂ ᠵᠣᠭᠣᠰ᠂ ᠲᠣᠷᠭ᠎ᠠ ᠲᠤᠰ ᠪᠦᠷᠢ ᠵᠠᠭᠤᠨ ᠬᠡᠰᠡᠭ᠂ ᠪᠠᠷᠠᠭ᠎ᠠ ᠬᠣᠶᠠᠷ ᠮᠢᠩᠭᠠᠨ ᠲᠣᠯᠣᠭᠠᠢ᠂ ᠴᠠᠭᠠᠰᠤᠨ ᠵᠣᠭᠣᠰ ᠲᠦᠮᠡᠨ ᠬᠡᠰᠡᠭ》 ᠢ᠋ ᠥᠭᠭᠦᠭᠰᠡᠨ ᠪᠠᠢᠳᠠᠭ᠃
ᠳᠡᠭᠡᠷᠡᠬᠢ ᠵᠠᠳᠠᠯᠤᠯᠲᠠ ᠶ᠋ᠢ ᠬᠤᠷᠢᠶᠠᠩᠭᠤᠢᠯᠠᠨ ᠦᠵᠡᠪᠡᠯ ᠠᠯᠠᠭ ᠲᠤᠭ ᠤ᠋ᠨ ᠰᠢᠲᠦᠯᠭᠡ ᠨᠢ ᠶᠢᠰᠦᠭᠡᠢ ᠪᠠᠭᠠᠲᠤᠷ ᠢ᠋ ᠨᠠᠰᠤ ᠪᠠᠷᠠᠭᠰᠠᠨ ᠠ᠋ᠴᠠ ᠬᠣᠢᠰᠢ᠂ ᠲᠠᠢᠴᠢᠭᠤᠳ ᠤ᠋ᠨ ᠲᠠᠷᠭᠤᠲᠠᠢ ᠬᠢᠷᠢᠯᠳᠤᠭ ᠤ᠋ᠨ ᠭᠠᠷᠭᠠᠭᠰᠠᠨ ᠬᠠᠭᠠᠴᠠᠯ ᠤ᠋ᠨ ᠬᠣᠣᠷ ᠠ᠋ᠴᠠ ᠪᠣᠯᠵᠤ᠂ ᠪᠠᠷᠤᠭ ᠲᠠᠰᠤᠷᠠᠮᠠᠷ ᠪᠣᠯᠤᠭᠰᠠᠨ ᠦᠶ᠎ᠡ ᠳ᠋ᠦ᠍ ᠲᠡᠮᠦᠵᠢᠨ ᠲᠠᠷᠬᠠᠵᠤ ᠪᠤᠲᠠᠷᠠᠭᠰᠠᠨ ᠤᠯᠤᠰ ᠢᠷᠭᠡᠳ ᠢ᠋ᠶ᠋ᠡᠨ ᠨᠢᠭᠡᠳᠬᠡᠨ ᠬᠠᠨ ᠰᠠᠭᠤᠷᠢᠨ ᠳ᠋ᠤ᠌ ᠰᠠᠭᠤᠵᠤ ᠠᠯᠠᠭ ᠲᠤᠭ ᠢ᠋ᠶ᠋ᠠᠨ ᠵᠠᠯᠭᠠᠮᠵᠢᠯᠠᠨ ᠬᠥᠭᠵᠢᠭᠦᠯᠦᠭᠡᠳ ᠲᠡᠭᠦᠨ ᠢ᠋ ᠬᠣᠢᠴᠢ ᠦᠶ᠎ᠡ ᠳ᠋ᠡᠭᠡᠨ ᠤᠯᠠᠮᠵᠢᠯᠠᠨ ᠥᠭᠴᠡᠢ᠃ ᠡᠢᠮᠦ ᠤᠴᠢᠷ ᠠ᠋ᠴᠠ 《ᠶᠤᠸᠠᠨ ᠤᠯᠤᠰ ᠤᠨ ᠲᠡᠦᠬᠡ》 ᠳ᠋ᠦ᠍ ᠠᠯᠠᠭ ᠲᠤᠭ ᠢ᠋ ᠪᠠᠰᠠ《ᠴᠢᠩᠭᠢᠰ ᠬᠠᠭᠠᠨ ᠤ᠋ ᠵᠠᠶᠠᠭ᠎ᠠ ᠰᠦᠯᠳᠡ》 ᠭᠡᠳᠡᠭ᠃ ᠡᠳᠦᠭᠡ ᠦᠶ᠎ᠡ ᠪᠣᠯᠬᠤ ᠳ᠋ᠤ᠌ ᠠᠯᠠᠭ ᠲᠤᠭ ᠨᠢ ᠡᠪ ᠨᠢᠭᠡᠳᠦᠯ ᠤᠨ ᠪᠡᠯᠭᠡᠳᠡᠯ ᠤᠨ ᠡᠳ᠋ ᠪᠣᠯᠤᠨ ᠲᠣᠭᠲᠠᠨᠢᠵᠠᠢ᠃
ᠲᠤᠭ ᠤ᠋ᠨ ᠦᠢᠯᠡᠳᠬᠦ ᠰᠣᠶᠣᠯ ᠭᠡᠳᠡᠭ ᠤᠨ ᠤᠴᠢᠷ
ᠥᠭᠦᠯᠡᠯ ᠳ᠋ᠦ᠍ ᠳᠤᠷᠠᠳᠤᠭᠰᠠᠨ ᠬᠢᠮᠡᠯ ᠲᠤᠭ (ᠬᠢᠮᠡᠯ ᠰᠦᠯᠳᠡ)᠂ ᠵᠢᠷᠤᠮᠠᠯ ᠲᠤᠭ (ᠵᠢᠷᠤᠮᠠᠯ ᠰᠦᠯᠳᠡ) ᠪᠣᠯᠤᠨ ᠱᠤᠭᠤᠮᠠᠯ ᠲᠤᠭ(ᠱᠤᠭᠤᠮᠠᠯ ᠰᠦᠯᠳᠡ) ᠭᠡᠳᠡᠭ ᠨᠢ ᠰᠢᠨ᠎ᠡ ᠶᠠᠭᠤᠮ᠎ᠠ ᠪᠢᠰᠢ᠂ ᠬᠠᠷᠢᠨ ᠨᠡᠢᠭᠡᠮ ᠳᠡᠭᠡᠷ᠎ᠡ ᠶᠠᠭ ᠬᠡᠷᠡᠭᠯᠡᠭᠳᠡᠵᠦ ᠪᠠᠢᠭ᠎ᠠ ᠲᠤᠭ ᠢ᠋ ᠰᠤᠳᠤᠯᠭᠠᠨ ᠤ᠋ ᠬᠡᠷᠡᠭᠴᠡᠭᠡ ᠡᠴᠡ ᠪᠣᠯᠵᠤ ᠲᠥᠷᠥᠯ ᠬᠤᠪᠢᠶᠠᠨ ᠨᠡᠷᠡᠢᠳᠦᠭᠰᠡᠨ ᠲᠡᠳᠦᠢ ᠶᠦᠮ᠃ ᠭᠢᠯᠤᠪᠠᠷ᠂ ᠴᠠᠷ᠎ᠠ᠂ ᠮᠠᠨᠵᠢᠯᠭ᠎ᠠ ᠪᠣᠯᠤᠨ ᠰᠢᠯᠪᠢ ᠵᠡᠷᠭᠡ ᠪᠦᠲᠦᠴᠡ ᠡᠳ᠋ ᠢ᠋ ᠤᠭᠰᠠᠷᠠᠭᠤᠯᠤᠨ ᠪᠦᠲᠦᠭᠡᠭᠰᠡᠨ ᠲᠤᠭ ᠢ᠋ ᠬᠢᠮᠡᠯ ᠲᠤᠭ ᠭᠡᠪᠡ᠃ ᠵᠢᠷᠤᠬᠤ ᠤᠷ᠎ᠠ ᠮᠡᠷᠭᠡᠵᠢᠯ ᠢ᠋ ᠬᠡᠷᠡᠭᠯᠡᠨ᠂ ᠬᠢᠮᠡᠯ ᠲᠤᠭ ᠤ᠋ᠨ ᠳᠦᠷᠢ ᠪᠡᠷ ᠵᠢᠷᠤᠵᠤ ᠪᠦᠲᠦᠭᠡᠭᠰᠡᠨ ᠲᠤᠭ ᠤ᠋ᠨ ᠵᠢᠷᠤᠮᠠᠯ ᠳᠦᠷᠢ ᠶ᠋ᠢ ᠵᠢᠷᠤᠮᠠᠯ ᠲᠤᠭ ᠭᠡᠪᠡ᠃ ᠱᠤᠭᠤᠬᠤ ᠤᠷ᠎ᠠ ᠮᠡᠷᠭᠡᠵᠢᠯ ᠢ᠋ ᠬᠡᠷᠡᠭᠯᠡᠨ᠂ ᠬᠢᠮᠡᠯ ᠲᠤᠭ ᠤ᠋ᠨ ᠳᠦᠷᠢ ᠪᠡᠷ ᠦᠢᠯᠡᠳᠴᠦ ᠪᠦᠲᠦᠭᠡᠭᠰᠡᠨ ᠲᠤᠭ ᠤ᠋ᠨ ᠱᠤᠭᠤᠮᠠᠯ ᠳᠦᠷᠢ ᠶ᠋ᠢ ᠱᠤᠭᠤᠮᠠᠯ ᠲᠤᠭ ᠭᠡᠪᠡ᠃ ᠡᠭᠦᠨ ᠡᠴᠡ ᠴᠢᠨᠠᠭᠰᠢ ᠰᠡᠢᠯᠦᠮᠡᠯ ᠲᠤᠭ᠂ ᠴᠢᠳᠬᠤᠮᠠᠯ ᠲᠤᠭ ᠤ᠋ᠳ ᠪᠣᠢ᠃ ᠡᠳᠡᠭᠡᠷ ᠲᠤᠭ ᠤ᠋ᠳ ᠤ᠋ᠨ ᠪᠣᠢ ᠪᠣᠯᠤᠭᠰᠠᠨ ᠨᠢ ᠬᠢᠮᠡᠯ ᠲᠤᠭ ᠤ᠋ᠨ ᠦᠢᠯᠡᠳᠬᠦ ᠰᠣᠶᠣᠯ ᠤ᠋ᠨ ᠬᠥᠭᠵᠢᠯᠲᠡ ᠶ᠋ᠢ ᠬᠠᠷᠠᠭᠤᠯᠵᠤ ᠪᠠᠢᠨ᠎ᠠ᠃ ᠬᠢᠯᠣᠪᠠᠷ ᠪᠠ ᠴᠠᠷ᠎ᠠ ᠶ᠋ᠢ ᠦᠢᠯᠡᠳᠬᠦ᠂ ᠬᠥᠬᠥᠯ ᠢ᠋ ᠬᠥᠮᠦᠵᠢᠭᠦᠯᠬᠦ ᠪᠠ ᠬᠠᠢᠴᠢᠯᠠᠵᠤ ᠰᠢᠯᠪᠢ ᠮᠣᠳᠣ ᠶ᠋ᠢ ᠣᠭᠲᠣᠯᠬᠤ ᠪᠠ ᠪᠣᠯᠪᠠᠰᠤᠷᠠᠭᠤᠯᠬᠤ ᠵᠢᠴᠢ ᠡᠳᠡᠭᠡᠷ ᠪᠦᠲᠦᠴᠡ ᠡᠳ᠋ ᠢ᠋ ᠨᠡᠢᠯᠡᠭᠦᠯᠦᠨ ᠬᠢᠮᠡᠯ ᠲᠤᠭ ᠪᠣᠯᠭᠠᠨ ᠪᠦᠲᠦᠭᠡᠬᠦ᠂ ᠤᠷ᠎ᠠ ᠤᠬᠠᠭᠠᠨ ᠢ᠋ ᠤᠯᠠᠮᠵᠢᠯᠠᠯᠲᠤ ᠦᠢᠯᠡᠳᠬᠦ ᠰᠣᠶᠣᠯ ᠭᠡᠪᠡ᠃ ᠲᠡᠦᠬᠡᠨ ᠳᠡᠭᠡᠷᠡᠬᠢ ᠬᠢᠮᠡᠯ ᠲᠤᠭ ᠨᠢ ᠬᠡᠳᠦᠢᠪᠡᠷ ᠣᠯᠠᠨ ᠶᠠᠩᠵᠤ ᠮᠠᠶᠢᠭ ᠲᠠᠢ ᠪᠠᠢᠭᠰᠠᠨ ᠪᠣᠯᠪᠠᠴᠤ ᠲᠡᠭᠦᠨ ᠢ᠋ ᠪᠦᠷ ᠯᠡ ᠤᠯᠠᠮᠵᠢᠯᠠᠯᠲᠤ ᠦᠢᠯᠡᠳᠬᠦ᠂ ᠰᠣᠶᠣᠯ ᠤ᠋ᠨ ᠦᠨᠳᠦᠰᠦᠨ ᠠᠭᠤᠯᠭ᠎ᠠ ᠳ᠋ᠤ᠌ ᠲᠤᠯᠭᠠᠭᠤᠷᠯᠠᠨ ᠦᠢᠯᠡᠳᠦᠭᠰᠡᠨ ᠪᠠᠢᠳᠠᠭ᠃ ᠡᠨᠡ ᠲᠤᠬᠠᠢ ᠴᠠᠭᠠᠨ᠂ ᠬᠠᠷ᠎ᠠ᠂ ᠠᠯᠠᠭ ᠭᠤᠷᠪᠠᠨ ᠲᠤᠭ ᠢ᠋ ᠲᠤᠰ ᠲᠤᠰ ᠢ᠋ᠶ᠋ᠠᠷ ᠨᠢ ᠲᠠᠢᠯᠪᠤᠷᠢᠯᠠᠶ᠎ᠠ᠃
ᠾᠦᠩᠨᠦ ᠶ᠋ᠢᠨ ᠲᠥᠷᠥ ᠶ᠋ᠢᠨ ᠲᠤᠭ᠂ ᠶᠡᠬᠡ ᠮᠣᠩᠭᠣᠯ ᠤᠯᠤᠰ ᠤ᠋ᠨ ᠦᠶ᠎ᠡ ᠶ᠋ᠢᠨ ᠴᠠᠭᠠᠨ ᠲᠤᠭ᠂ ᠶᠤᠸᠠᠨ ᠤᠯᠤᠰ ᠤ᠋ᠨ ᠦᠶ᠎ᠡ ᠶ᠋ᠢᠨ ᠴᠠᠭᠠᠨ ᠲᠤᠭ᠂ ᠴᠢᠩ ᠤᠯᠤᠰ ᠤ᠋ᠨ ᠦᠶ᠎ᠡ ᠶ᠋ᠢᠨ ᠴᠠᠭᠠᠨ ᠲᠤᠭ (ᠰᠦᠮ᠎ᠡ ᠬᠡᠢᠳ ᠲᠦ᠍ ᠲᠠᠬᠢᠭᠳᠠᠵᠤ ᠪᠠᠢᠭᠰᠠᠨ ᠴᠠᠭᠠᠨ ᠲᠤᠭ) ᠵᠡᠷᠭᠡ ᠲᠡᠦᠬᠡ ᠶ᠋ᠢᠨ ᠴᠢᠬᠤᠯᠠ ᠱᠠᠲᠤ ᠦᠶ᠎ᠡ ᠶ᠋ᠢᠨ ᠡᠵᠡᠨ ᠴᠠᠭᠠᠨ ᠲᠤᠭ ᠢ᠋ ᠠᠵᠢᠭᠯᠠᠨ ᠰᠢᠨᠵᠢᠯᠡᠪᠡᠯ ᠲᠡᠷᠡ ᠨᠢ ᠪᠦᠷ ᠬᠠᠷᠢᠯᠴᠠᠨ ᠠᠳᠠᠯᠢ ᠦᠭᠡᠢ ᠰᠢᠭ ᠪᠠᠢᠳᠠᠭ᠃ ᠭᠡᠪᠡᠴᠦ ᠲᠡᠭᠦᠨ ᠦ᠌ ᠨᠠᠷᠠ᠂ ᠭᠠᠯ᠂ ᠨᠤᠮᠤ ᠰᠤᠮᠤᠨ ᠤ᠋ ᠳᠦᠷᠰᠦ ᠶ᠋ᠢ ᠢᠯᠡᠳᠬᠡᠭᠰᠡᠨ ᠰᠡᠷᠡᠭᠡ ᠬᠢᠯᠤᠪᠠᠷ᠂ ᠲᠣᠭᠣᠷᠢᠭ ᠴᠠᠷ᠎ᠠ᠂ ᠴᠠᠭᠠᠨ ᠬᠥᠬᠥᠯ ᠮᠠᠨᠵᠢᠯᠭ᠎ᠠ ᠪᠣᠯᠤᠨ ᠮᠤᠳᠤᠨ ᠰᠢᠯᠪᠢ ᠨᠢ ᠬᠠᠷᠢᠨ ᠪᠦᠷ ᠠᠳᠠᠯᠢᠬᠠᠨ ᠪᠠᠢᠳᠠᠭ᠃ ᠡᠭᠦᠨ ᠡᠴᠡ ᠦᠵᠡᠪᠡᠯ ᠲᠡᠮᠦᠵᠢᠨ ᠮᠣᠩᠭᠣᠯ ᠤᠯᠤᠰ (ᠠᠢᠮᠠᠭ) ᠤ᠋ᠨ ᠬᠠᠨ ᠰᠠᠭᠤᠭᠰᠠᠨ ᠠ᠋ᠴᠠ ᠬᠣᠢᠰᠢ᠂ ᠾᠦᠩᠨᠦ ᠶ᠋ᠢᠨ ᠲᠥᠷᠥ ᠶ᠋ᠢᠨ ᠲᠤᠭ ᠲᠤ᠌ ᠵᠠᠰᠠᠯᠲᠠ ᠬᠢᠬᠦ ᠳ᠋ᠦ᠍ ᠠᠪᠤᠭᠰᠠᠨ ᠦᠢᠯᠡᠳᠬᠦ ᠰᠣᠶᠣᠯ ᠤ᠋ᠨ ᠦᠨᠳᠦᠰᠦᠨ ᠠᠭᠤᠯᠭ᠎ᠠ ᠨᠢ ᠤᠯᠠᠮᠵᠢᠯᠠᠭᠳᠠᠨ ᠵᠠᠯᠭᠠᠮᠵᠢᠯᠠᠭᠳᠠᠵᠤ ᠪᠠᠢᠭᠰᠠᠨ ᠨᠢ ᠲᠣᠳᠣᠷᠬᠠᠢ ᠪᠠᠢᠨ᠎ᠠ᠃ ᠠᠳᠠᠯᠢ ᠦᠭᠡᠢ ᠭᠠᠵᠠᠷ ᠨᠢ ᠭᠡᠪᠡᠯ ᠵᠥᠪᠬᠡᠨ ᠴᠠᠭᠠᠨ ᠲᠤᠭ ᠢ᠋ ᠦᠢᠯᠡᠳᠬᠦ ᠳ᠋ᠦ᠍ ᠬᠡᠷᠡᠭᠯᠡᠭᠰᠡᠨ ᠡᠳ᠋ ᠪᠣᠯᠤᠨ ᠴᠠᠭᠠᠨ ᠲᠤᠭ ᠢ᠋ ᠦᠢᠯᠡᠳᠬᠦ ᠠᠷᠭ᠎ᠠ ᠮᠡᠷᠭᠡᠵᠢᠯ ᠲᠡᠳᠦᠢ ᠪᠣᠯᠤᠨ᠎ᠠ᠃ ᠡᠢᠮᠦ ᠡᠴᠡ ᠡᠵᠡᠨ ᠴᠠᠭᠠᠨ ᠲᠤᠭ ᠢ᠋ ᠦᠢᠯᠡᠳᠬᠦ ᠳ᠋ᠦ᠍ ᠵᠠᠪᠠᠯ ᠨᠠᠷᠠ᠂ ᠭᠠᠯ᠂ ᠨᠤᠮᠤ ᠰᠤᠮᠤᠨ ᠤ᠋ ᠳᠦᠷᠰᠦ ᠶ᠋ᠢ ᠢᠯᠡᠳᠬᠡᠭᠰᠡᠨ ᠭᠢᠯᠣᠪᠠᠷ᠂ ᠲᠣᠭᠣᠷᠢᠭ ᠴᠠᠷ᠎ᠠ᠂ ᠴᠠᠭᠠᠨ ᠬᠥᠬᠥᠯ ᠮᠠᠨᠵᠢᠯᠭ᠎ᠠ ᠪᠣᠯᠤᠨ ᠮᠤᠳᠤᠨ ᠰᠢᠯᠪᠢ ᠶ᠋ᠢ ᠪᠦᠷᠢᠯᠳᠦᠭᠦᠯᠦᠭᠰᠡᠨ ᠦᠢᠯᠡᠳᠬᠦ ᠰᠣᠶᠣᠯ ᠤ᠋ᠨ ᠦᠨᠳᠦᠰᠦᠨ ᠠᠭᠤᠯᠭ᠎ᠠ ᠳ᠋ᠤ᠌ ᠲᠤᠯᠭᠠᠭᠤᠷᠯᠠᠬᠤ ᠬᠡᠷᠡᠭᠲᠡᠢ᠃
ᠲᠡᠮᠦᠵᠢᠨ ᠮᠣᠩᠭᠣᠯ ᠤᠯᠤᠰ (ᠠᠢᠮᠠᠭ) ᠤ᠋ᠨ ᠬᠠᠨ ᠰᠠᠭᠤᠭᠰᠠᠨ ᠠ᠋ᠴᠠ ᠬᠣᠢᠰᠢ᠂ ᠠᠮᠢᠲᠠᠨ ᠤ᠋ ᠠᠷᠠᠰᠤ ᠪᠠᠷ ᠦᠢᠯᠡᠳᠦᠭᠰᠡᠨ ᠬᠠᠷ᠎ᠠ ᠲᠤᠭ ᠢ᠋ ᠲᠡᠮᠦᠷ ᠭᠢᠯᠣᠪᠠᠷ ᠲᠠᠢ᠂ ᠬᠥᠬᠥᠯ ᠮᠠᠨᠵᠢᠯᠭ᠎ᠠ ᠲᠠᠢ᠂ ᠮᠤᠳᠤᠨ ᠰᠢᠯᠪᠢ ᠲᠠᠢ ᠪᠣᠯᠭᠠᠵᠠᠢ᠃ ᠶᠡᠬᠡ ᠶᠤᠸᠠᠨ ᠤᠯᠤᠰ ᠤ᠋ᠨ ᠦᠶ᠎ᠡ ᠳ᠋ᠦ᠍ ᠬᠡᠳᠦᠢᠪᠡᠷ ᠬᠠᠷ᠎ᠠ ᠲᠤᠭ ᠤ᠋ᠨ ᠵᠢᠳᠠ ᠬᠡᠯᠪᠡᠷᠢ ᠲᠡᠢ ᠭᠢᠯᠣᠪᠠᠷ ᠢ᠋ ᠥᠭᠡᠷᠡᠴᠢᠯᠡᠨ ᠰᠡᠷᠡᠭᠡ ᠬᠡᠯᠪᠡᠷᠢ ᠲᠡᠢ ᠭᠢᠯᠣᠪᠠᠷ ᠪᠣᠯᠭᠠᠭᠰᠠᠨ ᠪᠣᠯᠪᠠᠴᠤ ᠤᠮᠠᠷᠠᠲᠤ ᠶᠤᠸᠠᠨ ᠤᠯᠤᠰ ᠪᠠ ᠴᠢᠩ ᠤᠯᠤᠰ ᠤ᠋ᠨ ᠦᠶ᠎ᠡ ᠶ᠋ᠢᠨ ᠡᠵᠡᠨ ᠬᠠᠷ᠎ᠠ ᠲᠤᠭ ᠨᠢ ᠮᠥᠨ ᠯᠡ ᠵᠢᠳᠠ ᠶᠢᠨ ᠬᠡᠯᠪᠡᠷᠢ ᠲᠡᠢ ᠭᠢᠯᠣᠪᠠᠷ ᠪᠠᠢᠵᠠᠢ᠃ ᠵᠢᠱ᠌ᠢᠶᠡᠯᠡᠵᠦ ᠬᠡᠯᠡᠪᠡᠯ ᠡᠷᠢᠨᠴᠢᠨ ᠵᠢᠨᠦᠩ ᠤᠨ ᠤᠯᠠᠭᠠᠨ ᠮᠥᠷᠡᠨ ᠤ ᠲᠣᠬᠤᠢ ᠳ᠋ᠤ᠌ ᠰᠠᠭᠠᠲᠠᠭᠤᠯᠤᠨ ᠲᠠᠯᠪᠢᠵᠤ᠂ ᠲᠠᠬᠢᠯ ᠲᠠᠪᠢᠭ ᠡᠷᠭᠦᠵᠦ ᠳᠤᠷᠠᠰᠬᠠᠯ ᠪᠣᠯᠭᠠᠨ ᠬᠠᠳᠠᠭᠠᠯᠠᠭᠰᠠᠨ ᠬᠠᠷ᠎ᠠ ᠲᠤᠭ (ᠡᠨᠡ ᠪᠣᠯ ᠪᠣᠳᠢ ᠠᠯᠠᠭ ᠬᠠᠭᠠᠨ ᠤ᠋ ᠪᠠᠷᠠᠭᠤᠨ ᠭᠤᠷᠪᠠᠨ ᠲᠦᠮᠡᠨ ᠳ᠋ᠦ᠍ ᠦᠯᠡᠳᠡᠭᠡᠵᠦ ᠥᠭᠭᠦᠭᠰᠡᠨ ᠬᠠᠷ᠎ᠠ ᠲᠤᠭ ᠪᠣᠯᠤᠨ᠎ᠠ)᠂ ᠮᠣᠩᠭᠣᠯ ᠤᠯᠤᠰ ᠤ᠋ᠨ ᠦᠨᠳᠦᠰᠦᠲᠡᠨ ᠤ ᠲᠡᠦᠬᠡ ᠶ᠋ᠢᠨ ᠮᠦᠽᠧᠢ ᠳ᠋ᠦ᠍ ᠪᠠᠢᠭ᠎ᠠ ᠬᠠᠷ᠎ᠠ ᠲᠤᠭ ᠵᠡᠷᠭᠡ ᠪᠣᠯᠤᠨ᠎ᠠ᠃ ᠲᠡᠦᠬᠡ ᠶ᠋ᠢᠨ ᠴᠢᠬᠤᠯᠠ ᠱᠠᠲᠤ ᠦᠶ᠎ᠡ ᠶ᠋ᠢᠨ ᠡᠵᠡᠨ ᠬᠠᠷ᠎ᠠ ᠲᠤᠭ ᠢ᠋ ᠠᠵᠢᠭᠯᠠᠨ ᠰᠢᠨᠵᠢᠯᠡᠪᠡᠯ ᠡᠳᠡᠭᠡᠷ ᠡᠵᠡᠨ ᠬᠠᠷ᠎ᠠ ᠲᠤᠭ ᠨᠢ ᠬᠣᠭᠣᠷᠣᠨᠳᠣ ᠪᠠᠨ ᠪᠦᠷ ᠠᠳᠠᠯᠢ ᠦᠭᠡᠢ ᠰᠢᠭ ᠪᠠᠢᠳᠠᠭ᠃ ᠭᠡᠪᠡᠴᠦ ᠲᠡᠭᠦᠨ ᠤ ᠵᠢᠳᠠ ᠬᠡᠯᠪᠡᠷᠢ ᠲᠡᠢ ᠭᠢᠯᠦᠪᠠᠷ᠂ ᠲᠣᠭᠣᠷᠢᠭ ᠴᠠᠷ᠎ᠠ᠂ ᠬᠠᠷ᠎ᠠ ᠬᠥᠬᠥᠯ ᠮᠠᠨᠵᠢᠯᠭ᠎ᠠ ᠪᠣᠯᠤᠨ ᠮᠤᠳᠤᠨ ᠰᠢᠯᠪᠢ ᠨᠢ ᠬᠠᠷᠢᠨ ᠪᠦᠷ ᠠᠳᠠᠯᠢᠬᠠᠨ ᠪᠠᠢᠳᠠᠭ᠃ ᠡᠭᠦᠨ ᠡᠴᠡ ᠦᠵᠡᠬᠦ ᠳ᠋ᠦ᠍ ᠲᠡᠮᠦᠵᠢᠨ ᠮᠣᠩᠭᠣᠯ ᠤᠯᠤᠰ ᠤ᠋ᠨ ᠬᠠᠨ ᠰᠠᠭᠤᠵᠤ᠂ ᠠᠮᠢᠲᠠᠨ ᠤ᠋ ᠠᠷᠠᠰᠤᠨ ᠲᠤᠭ ᠲᠤ᠌ ᠵᠠᠰᠠᠯᠲᠠ ᠬᠢᠬᠦ ᠳ᠋ᠦ᠍ ᠠᠪᠤᠭᠰᠠᠨ ᠦᠢᠯᠡᠳᠬᠦ ᠰᠣᠶᠣᠯ ᠤ᠋ᠨ ᠦᠨᠳᠦᠰᠦᠨ ᠠᠭᠤᠯᠭ᠎ᠠ ᠨᠢ ᠤᠯᠠᠮᠵᠢᠯᠠᠭᠳᠠᠨ ᠵᠠᠯᠭᠠᠮᠵᠢᠯᠠᠭᠳᠠᠵᠤ ᠪᠠᠢᠭᠰᠠᠨ ᠨᠢ ᠲᠣᠳᠣᠷᠬᠠᠢ ᠪᠠᠢᠨ᠎ᠠ᠃ ᠠᠳᠠᠯᠢ ᠦᠭᠡᠢ ᠭᠠᠵᠠᠷ ᠨᠢ ᠭᠡᠪᠡᠯ ᠵᠥᠪᠬᠡᠨ ᠬᠠᠷ᠎ᠠ ᠲᠤᠭ ᠢ᠋ ᠦᠢᠯᠡᠳᠬᠦ ᠳ᠋ᠦ᠍ ᠬᠡᠷᠡᠭᠯᠡᠭᠰᠡᠨ ᠡᠳ᠋ ᠪᠣᠯᠤᠨ ᠬᠠᠷ᠎ᠠ ᠲᠤᠭ ᠢ᠋ ᠦᠢᠯᠡᠳᠬᠦ ᠠᠷᠭ᠎ᠠ ᠮᠡᠷᠭᠡᠵᠢᠯ ᠲᠡᠳᠦᠢ ᠪᠣᠯᠤᠨ᠎ᠠ᠃ ᠡᠢᠮᠦ ᠡᠴᠡ ᠡᠵᠡᠨ ᠬᠠᠷ᠎ᠠ ᠲᠤᠭ ᠢ᠋ ᠦᠢᠯᠡᠳᠬᠦ ᠳ᠋ᠦ᠍ ᠵᠠᠪᠠᠯ ᠵᠢᠳᠠ ᠶ᠋ᠢᠨ ᠬᠡᠯᠪᠡᠷᠢ ᠶ᠋ᠢ ᠢᠯᠡᠳᠬᠡᠭᠰᠡᠨ ᠬᠢᠯᠣᠪᠠᠷ᠂ ᠲᠣᠭᠣᠷᠢᠭ ᠴᠠᠷ᠎ᠠ᠂ ᠬᠠᠷ᠎ᠠ ᠬᠥᠬᠥᠯ ᠮᠠᠨᠵᠢᠯᠭ᠎ᠠ ᠪᠣᠯᠤᠨ ᠮᠤᠳᠤᠨ ᠰᠢᠯᠪᠢ ᠶ᠋ᠢ ᠪᠦᠷᠢᠯᠳᠦᠭᠦᠯᠦᠭᠰᠡᠨ ᠦᠢᠯᠡᠳᠬᠦ ᠰᠣᠶᠣᠯ ᠤ᠋ᠨ ᠦᠨᠳᠦᠰᠦᠨ ᠠᠭᠤᠯᠭ᠎ᠠ ᠳ᠋ᠤᠨᠢ ᠲᠤᠯᠭᠠᠭᠤᠷᠯᠠᠬᠤ ᠬᠡᠷᠡᠭᠲᠡᠢ᠃
ᠶᠤᠸᠠᠨ ᠤ᠋ ᠳᠡᠭᠡᠳᠦ ᠨᠡᠢᠰᠯᠡᠯ ᠤᠨ ᠬᠠᠳᠠᠨᠲᠠᠶ ᠠᠭᠤᠯᠠᠨ ᠳᠡᠭᠡᠷ᠎ᠡ ᠪᠤᠰᠬᠠᠵᠤ ᠪᠠᠢᠭᠰᠠᠨ ᠠᠯᠠᠭ ᠲᠤᠭ᠂ ᠶᠤᠸᠠᠨ ᠤ᠋ ᠶᠡᠬᠡ ᠨᠡᠢᠰᠯᠡᠯ ᠤᠨ ᠲᠦᠮᠡᠨᠨᠠᠰᠤᠲᠤ ᠠᠭᠤᠯᠠᠨ ᠳᠡᠭᠡᠷ᠎ᠡ ᠪᠣᠰᠬᠠᠵᠤ ᠪᠠᠢᠭᠰᠠᠨ ᠵᠡᠰ ᠭᠢᠯᠣᠪᠠᠷ ᠲᠠᠢ ᠠᠯᠠᠭ ᠲᠤᠭ᠂ ᠦᠦᠰᠢᠨ ᠬᠤᠰᠢᠭᠤᠨ ᠤ᠋ ᠨᠠᠷᠢᠨ ᠭᠤᠣᠯ ᠰᠤᠮᠤᠨ ᠤ᠋ ᠤᠤᠯ ᠤ᠋ᠨ ᠴᠠᠬᠠᠷ ᠬᠠᠷᠢᠶᠠᠨ ᠳ᠋ᠠᠬᠢ ᠠᠢᠯ ᠤ᠋ᠳ ᠤ᠋ᠨ ᠲᠠᠬᠢᠵᠤ ᠪᠠᠢᠭᠰᠠᠨ ᠠᠯᠠᠭ ᠲᠤᠭ᠂ ᠣᠲᠣᠭ ᠬᠤᠰᠢᠭᠤᠨ ᠤ᠋ ᠴᠠᠭᠠᠨ ᠲᠣᠯᠣᠭᠠᠢ ᠨᠢᠭᠡᠳᠦᠯ ᠤᠨ ᠨᠠᠩᠰᠤ ᠶᠡᠬᠡ ᠪᠠᠷᠢᠭᠠᠳᠠ ᠶ᠋ᠢᠨ ᠭᠠᠵᠠᠷ ᠲᠤ᠌ ᠲᠠᠬᠢᠵᠤ ᠪᠠᠢᠭᠰᠠᠨ ᠠᠯᠠᠭ ᠲᠤᠭ ᠵᠡᠷᠭᠡ ᠲᠡᠦᠬᠡᠨ ᠳᠡᠭᠡᠷᠡᠬᠢ ᠡᠵᠡᠨ ᠠᠯᠠᠭ ᠲᠤᠭ ᠢ ᠠᠵᠢᠭᠯᠠᠨ ᠰᠢᠨᠵᠢᠯᠡᠪᠡᠯ ᠲᠡᠷᠡ ᠨᠢ ᠪᠦᠷ ᠬᠠᠷᠢᠯᠴᠠᠨ ᠠᠳᠠᠯᠢ ᠦᠭᠡᠢ ᠰᠢᠭ ᠪᠠᠢᠳᠠᠭ᠃ ᠭᠡᠪᠡᠴᠦ ᠲᠡᠭᠦᠨ ᠤ ᠳᠣᠬᠢᠭᠤᠷ ᠳᠣᠯᠣᠭᠠᠨ ᠣᠳᠣᠨ ᠤ᠋ ᠳᠦᠷᠰᠦ ᠶ᠋ᠢ ᠰᠢᠭᠢᠳᠬᠡᠭᠰᠡᠨ ᠵᠢᠳᠠ ᠶ᠋ᠢᠨ ᠬᠡᠯᠪᠡᠷᠢ ᠲᠡᠢ ᠭᠢᠯᠣᠪᠠᠷ᠂ ᠲᠣᠭᠣᠷᠢᠭ ᠴᠠᠷ᠎ᠠ᠂ ᠬᠠᠷ᠎ᠠ ᠴᠠᠭᠠᠨ ᠠᠯᠠᠭᠯᠠᠭᠰᠠᠨ ᠬᠥᠬᠥᠯ ᠮᠠᠨᠵᠢᠯᠭ᠎ᠠ ᠪᠣᠯᠤᠨ ᠮᠤᠳᠤᠨ ᠰᠢᠯᠪᠢ ᠨᠢ ᠪᠦᠷ ᠠᠳᠠᠯᠢᠬᠠᠨ ᠪᠠᠢᠳᠠᠭ᠃ ᠡᠭᠦᠨ ᠡᠴᠡ ᠦᠵᠡᠪᠡᠯ ᠲᠡᠮᠦᠵᠢᠨ ᠠᠯᠠᠭ ᠲᠤᠭ ᠢ᠋ᠶ᠋ᠠᠨ ᠵᠠᠯᠭᠠᠮᠵᠢᠯᠠᠨ ᠠᠪᠴᠤ ᠲᠡᠭᠦᠨ ᠢ᠋ ᠵᠠᠰᠠᠬᠤ ᠳ᠋ᠤ᠌ ᠠᠪᠤᠭᠰᠠᠨ ᠦᠢᠯᠡᠳᠬᠦ ᠰᠣᠶᠣᠯ ᠤ᠋ᠨ ᠦᠨᠳᠦᠰᠦᠨ ᠠᠭᠤᠯᠭ᠎ᠠ ᠨᠢ ᠤᠯᠠᠮᠵᠢᠯᠠᠭᠳᠠᠨ ᠵᠠᠯᠭᠠᠮᠵᠢᠯᠠᠭᠳᠠᠵᠤ ᠪᠠᠢᠭᠰᠠᠨ ᠨᠢ ᠲᠣᠳᠣᠷᠬᠠᠢ ᠪᠠᠢᠨ᠎ᠠ᠃ ᠠᠳᠠᠯᠢ ᠦᠭᠡᠢ ᠭᠠᠵᠠᠷ ᠨᠢ ᠭᠡᠪᠡᠯ ᠮᠥᠨ ᠯᠡ ᠠᠯᠠᠭ ᠲᠤᠭ ᠢ᠋ ᠦᠢᠯᠡᠳᠬᠦ ᠳ᠋ᠦ᠍ ᠬᠡᠷᠡᠭᠯᠡᠭᠰᠡᠨ ᠡᠳ᠋ ᠪᠣᠯᠤᠨ ᠠᠯᠠᠭ ᠲᠤᠭ ᠢ᠋ ᠦᠢᠯᠡᠳᠬᠦ ᠤᠷ᠎ᠠ ᠮᠡᠷᠭᠡᠵᠢᠯ ᠲᠡᠳᠦᠢ ᠪᠣᠯᠤᠨ᠎ᠠ᠃ ᠡᠢᠮᠦ ᠡᠴᠡ ᠡᠵᠡᠨ ᠠᠯᠠᠭ ᠲᠤᠭ ᠢ᠋ ᠦᠢᠯᠡᠳᠬᠦ ᠳ᠋ᠦ᠍ ᠵᠠᠪᠠᠯ ᠳᠣᠬᠢᠭᠤᠷ ᠳᠣᠯᠣᠭᠠᠨ ᠣᠳᠣᠨ ᠤ᠋ ᠳᠦᠷᠰᠦ ᠶ᠋ᠢ ᠰᠢᠭᠢᠳᠬᠡᠭᠰᠡᠨ ᠵᠢᠳᠠᠨ ᠤ᠋ ᠬᠡᠯᠪᠡᠷᠢ ᠶ᠋ᠢ ᠢᠯᠡᠳᠬᠡᠭᠰᠡᠨ ᠬᠢᠯᠤᠪᠠᠷ᠂ ᠲᠣᠭᠣᠷᠢᠭ ᠮᠥᠩᠭᠥᠨ ᠴᠠᠷ᠎ᠠ᠂ ᠬᠠᠷ᠎ᠠ ᠴᠠᠭᠠᠨ ᠢ᠋ᠶ᠋ᠠᠷ ᠠᠯᠠᠭᠯᠠᠭᠰᠠᠨ ᠬᠥᠬᠥᠯ ᠮᠠᠨᠵᠢᠯᠭ᠎ᠠ ᠪᠣᠯᠤᠨ ᠬᠤᠰᠤ ᠮᠤᠳᠤᠨ ᠰᠢᠯᠪᠢ ᠶ᠋ᠢ ᠪᠦᠷᠢᠯᠳᠦᠭᠦᠯᠦᠭᠰᠡᠨ ᠦᠢᠯᠡᠳᠬᠦ ᠰᠣᠶᠣᠯ ᠤ᠋ᠨ ᠦᠨᠳᠦᠰᠦᠨ ᠠᠭᠤᠯᠭ᠎ᠠ ᠳ᠋ᠤ᠌ ᠲᠤᠯᠭᠠᠭᠤᠷᠯᠠᠬᠤ ᠬᠡᠷᠡᠭᠲᠡᠢ᠃
ᠲᠡᠦᠬᠡᠨ ᠳᠡᠭᠡᠷ᠎ᠡ ᠪᠠ ᠡᠳᠦᠭᠡ ᠦᠶ᠎ᠡ ᠭᠡᠰᠡᠨ ᠦᠭᠡᠢ᠂ ᠲᠤᠭ ᠤ᠋ᠨ ᠤᠯᠠᠮᠵᠢᠯᠠᠯᠲᠤ ᠦᠢᠯᠡᠳᠬᠦ ᠰᠣᠶᠣᠯ ᠤ᠋ᠨ ᠦᠨᠳᠦᠰᠦᠨ ᠠᠭᠤᠯᠭ᠎ᠠ ᠶ᠋ᠢ ᠪᠦᠷᠢᠯᠳᠦᠭᠦᠯᠦᠭᠰᠡᠨ ᠦᠭᠡᠢ ᠪᠤᠶᠤ ᠥᠭᠡᠷᠡᠴᠢᠯᠡᠨ ᠦᠢᠯᠡᠳᠦᠭᠰᠡᠨ ᠬᠢᠮᠡᠯ ᠲᠤᠭ ᠪᠣᠯ ᠪᠦᠬᠦ ᠮᠣᠩᠭᠣᠯᠴᠤᠳ ᠤ᠋ᠨ ᠬᠢᠮᠡᠯ ᠲᠤᠭ ᠲᠤ᠌ ᠲᠣᠭᠠᠴᠠᠭᠳᠠᠬᠤ ᠦᠭᠡᠢ ᠪᠠᠢᠬᠤ ᠶᠣᠰᠣᠲᠠᠢ᠃ ᠲᠤᠭ ᠤ᠋ᠨ ᠦᠢᠯᠡᠳᠬᠦ ᠰᠣᠶᠣᠯ ᠤ᠋ᠨ ᠲᠠᠯᠬᠢᠭᠳᠠᠵᠤ ᠪᠠᠢᠬᠤ ᠪᠠᠢᠳᠠᠯ ᠢ᠋ ᠠᠩᠬᠠᠷᠤᠨ᠂ ᠲᠤᠭ ᠤ᠋ᠨ ᠤᠯᠠᠮᠵᠢᠯᠠᠯᠲᠤ ᠦᠢᠯᠡᠳᠬᠦ ᠰᠣᠶᠣᠯ ᠢ᠋ ᠬᠠᠤᠯᠢ ᠴᠠᠭᠠᠵᠠ ᠶ᠋ᠢᠨ ᠪᠠᠲᠤᠯᠠᠭ᠎ᠠ ᠲᠠᠢ ᠪᠣᠯᠭᠠᠪᠠᠯ ᠵᠣᠬᠢᠨ᠎ᠠ᠃ ᠤᠴᠢᠷ ᠨᠢ ᠲᠤᠭ ᠪᠣᠯ ᠮᠣᠩᠭᠣᠯ ᠰᠣᠶᠣᠯ ᠤ᠋ᠨ ᠠᠴᠢᠶᠠᠯᠠᠭᠴᠢ ᠮᠥᠷᠲᠡᠭᠡᠨ ᠳᠡᠯᠭᠡᠷᠡᠭᠦᠯᠦᠭᠴᠢ ᠮᠥᠨ᠃ ᠤᠳᠤᠷᠢᠳᠤᠯᠭ᠎ᠠ ᠨᠠᠷ ᠠᠩᠬᠠᠷᠤᠯ ᠳ᠋ᠠᠭᠠᠨ ᠠᠪᠴᠤ ᠡᠷᠳᠡᠮᠲᠡᠨ ᠨᠠᠷ ᠨᠠᠷᠢᠨ ᠰᠤᠳᠤᠯᠤᠨ ᠶᠠᠷᠢᠯᠴᠠᠬᠤ ᠶ᠋ᠢ ᠬᠦᠰᠡᠵᠦ ᠪᠠᠢᠨ᠎ᠠ᠃ ᠲᠤᠭ ᠤ᠋ᠨ ᠦᠢᠯᠡᠳᠬᠦ ᠡᠳ᠋ ᠢ᠋ ᠰᠣᠩᠭᠤᠨ ᠬᠡᠷᠡᠭᠯᠡᠬᠦ ᠪᠠ ᠲᠡᠭᠦᠨ ᠢ᠋ ᠦᠢᠯᠡᠳᠬᠦ ᠮᠡᠷᠭᠡᠵᠢᠯ ᠪᠣᠯ ᠬᠡᠯᠡᠯᠭᠡᠨ ᠦᠭᠡᠢ ᠲᠤᠭ ᠢ᠋ ᠦᠢᠯᠡᠳᠬᠦ ᠰᠣᠶᠣᠯ ᠮᠥᠨ᠃ ᠡᠨᠡ ᠨᠢ ᠲᠠᠩᠰᠤᠭ ᠪᠠᠶᠠᠯᠢᠭ ᠢ᠋ ᠬᠠᠷᠠᠭᠤᠯᠤᠭᠰᠠᠨ ᠰᠦᠷ ᠵᠢᠪᠬᠤᠯᠠᠩ ᠲᠠᠢ ᠲᠤᠭ ᠢ᠋ ᠦᠢᠯᠡᠳᠦᠨ ᠪᠦᠲᠦᠭᠡᠬᠦ ᠳ᠋ᠦ᠍ ᠴᠢᠬᠤᠯᠠ ᠦᠢᠯᠡᠳᠦᠯ ᠲᠡᠢ᠂ ᠭᠡᠪᠡᠴᠦ ᠡᠨᠡ ᠨᠢ ᠨᠡᠢᠭᠡᠮ ᠤᠨ ᠬᠥᠭᠵᠢᠯᠲᠡ ᠪᠡᠷ ᠣᠴᠢᠵᠤ ᠲᠣᠭᠲᠠᠭᠠᠭᠳᠠᠳᠠᠭ ᠶᠤᠮ᠃ ᠣᠶᠤᠨᠳᠠᠯᠠᠢ ᠶ᠋ᠢᠨ ᠬᠡᠯᠡᠭᠰᠡᠨ 《ᠪᠤᠷᠬᠠᠨ ᠢ᠋ ᠠᠯᠲᠠ ᠪᠠᠷ ᠬᠢᠪᠡᠴᠦ ᠪᠣᠯᠤᠨ᠎ᠠ᠂ ᠪᠠᠰᠠ ᠰᠢᠪᠠᠷ ᠢ᠋ᠶ᠋ᠠᠷ ᠬᠢᠪᠡᠴᠦ ᠪᠣᠯᠤᠨ᠎ᠠ 》 ᠭᠡᠰᠡᠨ ᠦᠭᠡ ᠶᠠᠭ ᠡᠨᠡ ᠶᠣᠰᠣ ᠶ᠋ᠢ ᠬᠠᠷᠠᠭᠤᠯᠵᠤ ᠪᠠᠢᠨ᠎ᠠ᠃ ᠡᠷᠳᠡᠮᠲᠡᠨ ᠴᠣᠢᠷᠠᠪᠵᠠᠶ᠂ ᠰᠠᠷᠠᠩᠨᠠᠳᠮᠢᠳ ᠨᠠᠷ ᠶᠤᠸᠠᠨ ᠤᠯᠤᠰ ᠤ᠋ᠨ ᠦᠶ᠎ᠡ ᠳ᠋ᠦ᠍ ᠠᠯᠠᠭ ᠲᠤᠭ ᠤ᠋ᠨ ᠬᠢᠯᠣᠪᠠᠷ ᠢ᠋ ᠵᠡᠰ ᠢ᠋ᠶ᠋ᠡᠷ ᠬᠢᠵᠦ ᠠᠯᠲᠠ ᠪᠠᠷ ᠰᠢᠷᠲᠡᠭᠰᠡᠨ ᠪᠠᠢᠳᠠᠭ ᠭᠡᠵᠦ ᠮᠠᠭᠠᠳᠯᠠᠭᠰᠠᠨ ᠪᠢᠯᠡ᠃ ᠡᠨᠳᠡ ᠦᠢᠯᠡᠳᠬᠦ ᠰᠣᠶᠣᠯ ᠤ᠋ᠨ ᠲᠤᠬᠠᠢ ᠲᠤᠩ ᠳᠥᠭᠥᠮ ᠶᠠᠷᠢᠯ᠎ᠠ᠃ ᠳᠠᠷᠠᠭ᠎ᠠ ᠤᠳᠠᠭ᠎ᠠ ᠵᠢᠷᠤᠭ ᠬᠠᠪᠰᠤᠷᠭᠠᠨ ᠨᠠᠷᠢᠨ ᠲᠠᠢᠯᠪᠤᠷᠢᠯᠠᠬᠤ ᠪᠠᠷ ᠲᠥᠯᠥᠪᠯᠡᠵᠦ ᠪᠠᠢᠨ᠎ᠠ᠃
ᠵᠡᠭᠦᠯᠲᠡ
① ᠬᠡ·ᠪᠤᠶᠠᠨᠪᠠᠲᠤ: 《ᠮᠣᠩᠭᠣᠯ ᠤ᠋ᠨ ᠪᠥᠬᠡ ᠶ᠋ᠢᠨ ᠱᠠᠰᠢᠨ ᠤ᠋ ᠤᠴᠢᠷ》᠂ ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠤᠨ ᠬᠣᠷᠢᠶ᠎ᠠ᠂ 1985 ᠣᠨ᠂ 5 ᠳ᠋ᠤᠭᠠᠷ ᠨᠢᠭᠤᠷ ᠲᠤ᠌᠃
②④ ᠰᠠᠢᠨᠵᠢᠷᠭᠠᠯ: 《ᠮᠣᠩᠭᠣᠯ ᠲᠠᠬᠢᠯᠭ᠎ᠠ》᠂ ᠦᠨᠳᠦᠰᠦᠲᠡᠨ ᠤ ᠬᠡᠪᠯᠡᠯ ᠤᠨ ᠬᠣᠷᠢᠶ᠎ᠠ᠂ 2001 ᠣᠨ᠂ 253᠂ 314 ᠳ᠋ᠦ᠍ᠭᠡᠷ ᠨᠢᠭᠤᠷ ᠲᠤ᠌᠃
③《ᠰᠢᠨᠵᠢᠯᠡᠬᠦ ᠤᠬᠠᠭᠠᠨ ᠠᠮᠢᠳᠤᠷᠠᠯ》 ᠰᠡᠳᠬᠦᠯ ᠤᠨ ᠨᠢᠭᠡᠳᠦᠭᠡᠷ ᠬᠤᠭᠤᠴᠠᠭ᠎ᠠ᠂ 39 ᠳ᠋ᠦ᠍ᠭᠡᠷ ᠨᠢᠭᠤᠷ ᠲᠤ᠌᠃
⑤⑥⑦ ᠮᠠᠨᠰᠠᠩ: 《ᠮᠣᠩᠭᠣᠯ ᠤ᠋ᠨ ᠨᠢᠭᠤᠴᠠ ᠲᠣᠪᠴᠢᠶᠠᠨ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠤᠨ ᠬᠣᠷᠢᠶ᠎ᠠ᠂ 1985 ᠣᠨ᠂ 169᠂ 283᠂ 302 ᠳ᠋ᠤᠭᠠᠷ ᠨᠢᠭᠤᠷ ᠲᠤ᠌᠃
2013 ᠣᠨ ᠤ᠋2 ᠰᠠᠷ᠎ᠠ
【ᠵᠣᠬᠢᠶᠠᠯ ᠤ᠋ᠨ ᠲᠠᠨᠢᠯᠴᠠᠭᠤᠯᠭ᠎ᠠ】 ᠲᠤᠰ ᠵᠣᠬᠢᠶᠠᠯ ᠪᠣᠯ ᠨᠣᠮ ᠤ᠋ᠨ ᠳᠣᠲᠣᠷᠠᠬᠢ ᠵᠠᠷᠢᠮ ᠨᠡᠷ᠎ᠡ ᠲᠣᠮᠢᠶ᠎ᠠ ᠳ᠋ᠤ᠌ ᠲᠠᠢᠯᠪᠤᠷᠢ ᠬᠢᠬᠦ ᠰᠠᠨᠠᠭᠠᠨ ᠠ᠋ᠴᠠ ᠲᠤᠭᠤᠷᠪᠢᠨ ᠪᠢᠴᠢᠭᠰᠡᠨ ᠶᠦᠮ᠃ ᠡᠭᠦᠨ ᠢ᠋ 《ᠰᠢᠯᠢ ᠶ᠋ᠢᠨ ᠭᠣᠣᠯ ᠤ᠋ᠨ ᠡᠳᠦᠷ ᠤᠨ ᠰᠣᠨᠢᠨ 》 ᠤ᠋ 《ᠰᠢᠨ᠎ᠡ ᠮᠠᠯᠴᠢᠳ ᠤ᠋ᠨ ᠰᠣᠨᠢᠨ》 2013 ᠣᠨ ᠤ᠋ 5 ᠰᠠᠷ᠎ᠠ ᠠ᠋ᠴᠠ 12 ᠰᠠᠷ᠎ᠠ ᠶ᠋ᠢᠨ 28 ᠤ᠋ ᠡᠳᠦᠷ ᠬᠦᠷᠲᠡᠯ᠎ᠡ ᠬᠤᠭᠤᠴᠠᠭ᠎ᠠ ᠪᠦᠯᠦᠭ ᠬᠤᠪᠢᠶᠠᠨ ᠵᠠᠯᠭᠠᠭ᠎ᠠ ᠪᠠᠷ ᠨᠡᠢᠲᠡᠯᠡᠪᠡ᠃ ᠡᠢᠮᠦ ᠡᠴᠡ ᠡᠨᠡ ᠵᠣᠬᠢᠶᠠᠯ ᠢ᠋ ᠲᠤᠰ ᠨᠣᠮ ᠳ᠋ᠤ᠌ ᠨᠡᠮᠡᠵᠦ ᠣᠷᠣᠭᠤᠯᠪᠠ᠃
ᠵᠣᠬᠢᠶᠠᠭᠴᠢ

