ᠬᠣᠨᠳᠣ ᠨᠠᠭᠤᠷ - ᠰᠢᠯᠦᠭ᠄ ᠫ᠂ ᠪᠠᠲᠤᠰᠠᠶ᠋ᠢᠬᠠᠨ᠂ ᠠᠶ᠎ᠠ᠄ ᠳ᠂ ᠴᠸᠡᠭᠷᠡᠪᠲᠡᠨ᠂ ᠳᠠᠭᠤᠴᠢᠨ᠄ ᠬᠠᠰᠬᠦᠦ Хунт нуур - шүлэг᠄ П. Батсайхан᠂ ая᠄ Д . Цэнравдан᠂ дуучин᠄ Хасхүү
ᠬᠣᠨᠳᠣ ᠨᠠᠭᠤᠷ
ᠰᠢᠯᠦᠭ᠄ ᠫ᠂ ᠪᠠᠲᠤᠰᠠᠢᠬᠠᠨ
ᠠᠶ᠎ᠠ᠄ ᠳ᠂ ᠴᠸᠡᠭᠷᠡᠪᠲᠡᠨ
ᠳᠠᠭᠤᠴᠢᠨ᠄ ᠬᠠᠰᠬᠦᠦ
ᠠᠶᠠᠨ ᠤ᠋ ᠰᠢᠪᠠᠭᠤᠳ ᠤ᠋ᠨ ᠮᠥᠩᠭᠥᠨ ᠲᠦᠷᠦᠭᠦᠦ
ᠠᠮᠤᠭᠤᠯᠠᠩ ᠬᠤᠨ ᠵᠤᠨ ᠲᠠᠢ ᠠᠢᠰᠤᠢ
ᠠᠪᠤ ᠶ᠋ᠢᠨ ᠮᠢᠨᠢ ᠰᠡᠳᠬᠢᠯ ᠰᠢᠭ ᠳᠥᠯᠭᠡᠨ ᠨᠠᠭᠤᠷ
ᠡᠵᠢ ᠶ᠋ᠢᠨ ᠮᠢᠨᠢ ᠰᠦ ᠰᠢᠭ ᠰᠦᠯᠡᠯᠳᠦᠨ ᠪᠠᠭᠤᠯ᠎ᠠ
ᠬᠣᠯᠠ ᠶ᠋ᠢᠨ ᠬᠣᠯᠠ ᠠ᠋ᠴᠠ ᠳᠠᠯᠠᠢ ᠡᠵᠢ ᠡᠴᠡ ᠪᠡᠨ
ᠬᠤᠨ ᠤ᠋ ᠳᠠᠯᠠᠯᠭ᠎ᠠ ᠲᠠᠢ ᠨᠠᠭᠤᠷ ᠮᠢᠨᠢ
ᠢᠲᠡᠭᠡᠯ ᠳᠤᠷᠠᠯᠠᠯ ᠤ᠋ᠨ ᠬᠣᠣᠰ ᠪᠡᠯᠭᠡᠳᠡᠯ
ᠢᠵᠢᠯᠢ ᠠᠮᠠᠷᠠᠭ ᠬᠤᠨ ᠰᠢᠪᠠᠭᠤ
ᠡᠩᠬᠦᠷᠡᠢ ᠵᠢᠭᠠᠬᠠᠨ ᠦᠷᠡᠰ ᠢ᠋ᠶ᠋ᠡᠨ ᠳᠠᠭᠠᠭᠤᠯᠤᠭᠠᠳ
ᠡᠯᠡᠰᠦᠨ ᠳᠤᠮᠳᠠᠬᠢ ᠨᠠᠭᠤᠷ ᠲᠠᠭᠠᠨ ᠵᠢᠷᠭᠠᠯ ᠲᠠᠢ
ᠬᠣᠯᠠ ᠶ᠋ᠢᠨ ᠬᠣᠯᠠ ᠠ᠋ᠴᠠ ᠳᠠᠯᠠᠢ ᠡᠵᠢ ᠡᠴᠡ ᠪᠡᠨ
ᠬᠤᠨ ᠤ᠋ ᠳᠠᠯᠠᠯᠭ᠎ᠠ ᠲᠠᠢ ᠨᠠᠭᠤᠷ ᠮᠢᠨᠢ
ᠨᠠᠮᠤᠷ ᠨᠠᠮᠤᠷ ᠤ᠋ᠨ ᠨᠠᠯᠠᠭᠠᠷ ᠡᠳᠦᠷ ᠦ᠋ᠳ ᠲᠦ᠍
ᠨᠠᠭᠠᠳᠴᠤ ᠴᠢᠭᠤᠯᠤᠭᠰᠠᠭᠠᠷ ᠬᠤᠨ ᠤ᠋ ᠰᠦᠷᠦᠭ
ᠨᠤᠲᠤᠭ ᠤ᠋ᠨ ᠮᠢᠨᠢ ᠵᠢᠭᠠᠬᠠᠨ ᠬᠤᠨ ᠲᠠᠢ ᠨᠠᠭᠤᠷ ᠢ᠋
ᠨᠢᠭᠤᠴᠠᠬᠠᠨ ᠰᠡᠳᠬᠢᠯ ᠳ᠋ᠡᠭᠡᠨ ᠲᠡᠭᠡᠭᠡᠭᠡᠳ ᠪᠤᠴᠠᠬᠤ ᠶᠤᠮ
ᠬᠣᠯᠠ ᠶ᠋ᠢᠨ ᠬᠣᠯᠠ ᠠ᠋ᠴᠠ ᠳᠠᠯᠠᠢ ᠡᠵᠢ ᠡᠴᠡ ᠪᠡᠨ
ᠬᠤᠨ ᠤ᠋ ᠳᠠᠯᠠᠯᠭ᠎ᠠ ᠲᠠᠢ ᠨᠠᠭᠤᠷ ᠮᠢᠨᠢ
ᠦᠰᠦᠭ ᠠᠮᠢᠯᠠᠭᠤᠯᠤᠭᠴᠢ᠄ ᠮᠥᠩᠭᠥᠨ
ᠦᠰᠦᠭ ᠬᠠᠲᠠᠭᠴᠢ᠄ ᠮᠥᠩᠭᠥᠨ
ᠬᠢᠨᠠᠭᠴᠢ᠄ ᠣᠳᠬᠠᠨᠰᠣ᠎ᠠ
