ᠪᠤᠷᠬᠠᠨ ᠡᠵᠢ - ᠪ· ᠪᠠᠲᠤᠡᠨᠡᠷᠢᠯ Burkhan eej-B.Bat-enerelБурхан ээж-Б.Бат-энэрэл ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠡᠵᠢ - ᠪ· ᠪᠠᠲᠤᠡᠨᠡᠷᠢᠯ Burkhan eej-B.Bat-enerelБурхан ээж-Б.Бат-энэрэл

ᠪᠤᠷᠬᠠᠨ ᠡᠵᠢ - ᠪ· ᠪᠠᠲᠤᠡᠨᠡᠷᠢᠯ Burkhan eej-B.Bat-enerelБурхан ээж-Б.Бат-энэрэл

2026-02-27

304

ᠪᠤᠷᠬᠠᠨ ᠡᠵᠢ


         ᠦᠭᠡ᠄ ᠭ· ᠮᠢᠩᠭᠠᠨᠪᠠᠶᠠᠷ 
          ᠠᠶ᠎ᠠ᠄ ᠵ· ᠪᠣᠯᠣᠳᠪᠠᠭᠠᠲᠤᠷ 
          ᠳᠠᠭᠤᠴᠢᠨ᠄ ᠤ᠋· ᠪᠠᠲᠤᠡᠨᠡᠷᠢᠯ 

ᠰᠡᠳᠬᠢᠯ ᠦ᠋ᠨ ᠬᠣᠷᠮᠣᠢ ᠳ᠋ᠤ᠌ ᠦᠷᠭᠦᠯᠵᠢ ᠲᠣᠳᠣᠬᠠᠨ 
ᠰᠠᠢᠬᠠᠨ ᠡᠵᠢ ᠶ᠋ᠢᠨ ᠮᠢᠨᠢ ᠨᠠᠮᠪᠠᠯᠢᠭᠬᠠᠨ ᠲᠥᠷᠬᠦ 
ᠵᠢᠯ ᠵᠢᠯ ᠤᠯᠠᠷᠢᠨ ᠥᠩᠭᠡᠷᠡᠬᠦ ᠪᠦᠷᠢ ᠳ᠋ᠦ᠍ 
ᠵᠢᠭᠠᠬᠠᠨ ᠡᠵᠢ ᠪᠡᠨ ᠪᠢ ᠤᠯᠠᠮ ᠶᠡᠬᠡ ᠪᠡᠷ ᠰᠠᠨᠠᠬᠤ ᠶᠤᠮ 
ᠬᠡᠴᠢᠨᠡᠨ ᠴᠦ᠍ ᠰᠥᠨᠢ ᠨᠣᠢᠷ ᠦᠭᠡᠢ ᠬᠣᠨᠣᠭ᠎ᠠ ᠪᠣᠯ 
ᠬᠡᠳᠦᠨ ᠴᠦ᠍ ᠤᠳᠠᠭ᠎ᠠ ᠪᠦᠪᠡᠢ ᠠᠶᠠᠯᠤᠭ᠎ᠠ ᠪᠣᠯ 
ᠦᠷᠡᠰ ᠢ᠋ᠶ᠋ᠡᠨ ᠭᠡᠭᠰᠡᠭᠡᠷ ᠥᠪᠡᠷ ᠢ᠋ ᠪᠡᠨ ᠤᠮᠠᠷᠲᠠᠵᠤ 
ᠦᠷᠴᠢᠯᠡᠭᠡ ᠨᠡᠮᠡᠭᠰᠡᠨ ᠡᠵᠢ᠂ ᠡᠵᠢ ᠮᠢᠨᠢ ᠳᠡ 

ᠨᠤᠲᠤᠭᠯᠠᠵᠤ ᠶᠠᠪᠤᠭᠰᠠᠨ ᠭᠠᠵᠠᠷ ᠰᠢᠷᠣᠢ ᠲᠠᠨᠢ
ᠨᠠᠭᠤᠷᠯᠠᠨ ᠮᠡᠯᠲᠡᠯᠵᠡᠬᠦ ᠭᠣᠣᠯ ᠮᠥᠷᠡᠨ ᠲᠠᠨᠢ
ᠬᠠᠩᠬᠠᠢᠨ ᠲᠦᠩᠬᠦᠢᠬᠦ ᠠᠭᠤᠯᠠᠰ ᠬᠠᠢᠷᠬᠠᠨ ᠲᠠᠨᠢ
ᠬᠠᠢᠷᠠᠲᠠᠢ ᠡᠵᠢ ᠶ᠋ᠢ ᠮᠢᠨᠢ ᠨᠡᠬᠡᠬᠦ ᠰᠢᠭ ᠪᠣᠯᠬᠤ ᠶᠤᠮ
ᠬᠡᠴᠢᠨᠡᠨ ᠴᠦ᠍ ᠰᠥᠨᠢ ᠨᠣᠢᠷ ᠦᠭᠡᠢ ᠬᠣᠨᠣᠭ᠎ᠠ ᠪᠣᠯ
ᠬᠡᠳᠦᠨ ᠴᠦ᠍ ᠤᠳᠠᠭ᠎ᠠ ᠪᠦᠪᠡᠢ ᠠᠶᠠᠯᠤᠭ᠎ᠠ ᠪᠣᠯ
ᠦᠷᠡᠰ ᠢ᠋ᠶ᠋ᠡᠨ ᠭᠡᠭᠰᠡᠭᠡᠷ ᠥᠪᠡᠷ ᠢ᠋ ᠪᠡᠨ ᠤᠮᠠᠷᠲᠠᠵᠤ
ᠦᠷᠴᠢᠯᠡᠭᠡ ᠨᠡᠮᠡᠭᠰᠡᠨ ᠡᠵᠢ᠂ ᠡᠵᠢ ᠮᠢᠨᠢ

ᠬᠠᠪᠤᠷ ᠤ᠋ᠨ ᠰᠠᠯᠬᠢ ᠬᠠᠴᠠᠷ ᠵᠢᠩᠳᠡᠬᠦ ᠳ᠋ᠦ᠍
ᠬᠠᠢᠷ᠎ᠠ ᠡᠨᠡᠷᠢᠯ ᠢ᠋ ᠲᠠᠨᠢ ᠤᠯᠠᠮ ᠦᠭᠡᠢᠯᠡᠬᠦ ᠶᠦᠮ
ᠲᠥᠷᠥᠭᠦᠯᠦᠭᠰᠡᠨ ᠬᠡᠳᠦᠨ ᠪᠦᠯᠲᠡᠭᠡᠷ ᠦᠷᠡᠰ ᠴᠢᠨᠢ
ᠲᠦᠮᠡᠨ ᠦ᠌ ᠪᠡᠨ ᠳᠤᠮᠳᠠ ᠪᠣᠯᠵᠤ ᠯᠠ ᠶᠠᠪᠤᠨ᠎ᠠ ᠳᠠ ᠡᠵᠢ ᠠ᠋
ᠬᠡᠴᠢᠨᠡᠨ ᠴᠦ᠍ ᠰᠥᠨᠢ ᠨᠣᠢᠷ ᠦᠭᠡᠢ ᠬᠣᠨᠣᠭ᠎ᠠ ᠪᠣᠯ
ᠬᠡᠳᠦᠨ ᠴᠦ᠍ ᠤᠳᠠᠭ᠎ᠠ ᠪᠦᠪᠡᠢ ᠠᠶᠠᠯᠤᠭ᠎ᠠ ᠪᠣᠯ
ᠦᠷᠡᠰ ᠢ᠋ᠶ᠋ᠡᠨ ᠭᠡᠭᠰᠡᠭᠡᠷ ᠥᠪᠡᠷ ᠢ᠋ ᠪᠡᠨ ᠤᠮᠠᠷᠲᠠᠵᠤ
ᠦᠷᠴᠢᠯᠡᠭᠡ ᠨᠡᠮᠡᠭᠰᠡᠨ ᠡᠵᠢ᠂ ᠡᠵᠢ ᠮᠢᠨᠢ
ᠪᠤᠷᠬᠠᠨ ᠡᠵᠢ ᠮᠢᠨᠢ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠰᠡᠴᠡᠨᠪᠠᠲᠤ
  ᠬᠢᠨᠠᠭᠴᠢ ᠪᠠᠭᠰᠢ᠄ ᠴᠢ᠊· ᠤᠷᠠᠨ᠂ ᠨᠠᠷᠠᠨᠮᠠᠨᠳᠠ᠂ ᠣᠳᠬᠠᠨᠰᠣ᠎ᠠ