ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠲᠠᠪᠤ> Хүлэг баатар буурч - Б. Өлзийсүрэн <Тэргүүн бүлэг-5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠲᠠᠪᠤ> Хүлэг баатар буурч - Б. Өлзийсүрэн <Тэргүүн бүлэг-5>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠲᠠᠪᠤ> Хүлэг баатар буурч - Б. Өлзийсүрэн <Тэргүүн бүлэг-5>

ᠠᠩᠭᠢᠯᠠᠯ:ᠲᠤᠭᠤᠵᠢ ᠷᠣᠮᠠᠨ
2026-02-25

86

ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ

ᠲᠠᠪᠤ ᠂ ᠡᠷᠢᠵᠦ ᠭᠠᠷᠪᠠᠯ ᠣᠯᠤᠨ᠎ᠠ ᠡᠬᠢᠯᠡᠵᠦ ᠣᠷᠣᠯᠳᠣᠪᠠᠯ ᠪᠦᠲᠦᠨ᠎ᠡ

 
       ᠥᠷᠯᠥᠭᠡ ᠦᠦᠷ ᠢ᠋ᠶ᠋ᠡᠷ ᠤᠨᠤᠭ᠎ᠠ ᠮᠣᠷᠢᠳ ᠢ᠋ᠶ᠋ᠠᠨ ᠪᠠᠷᠢᠵᠤ ᠤᠶᠠᠪᠠ᠃ ᠨᠠᠭᠠᠳᠤᠮ ᠤ᠋ᠨ ᠰᠡᠭᠦᠯᠴᠢ ᠡᠳᠦᠷ᠃ ᠨᠠᠷᠠ ᠨᠡᠯᠢᠶᠡᠳ ᠳᠡᠭᠡᠭᠰᠢ ᠬᠥᠭᠡᠷᠦᠭᠡᠳ ᠢᠷᠡᠬᠦᠯᠡᠷ ᠭᠡᠭᠦᠦ ᠪᠡᠨ ᠰᠠᠭᠠᠵᠤ ᠰᠠᠭᠠᠮ᠎ᠠ ᠪᠠᠨ ᠰᠡᠯᠪᠢᠯ᠎ᠡ᠃ ᠨᠠᠬᠤ ᠠᠪᠤ ᠬᠣᠶᠠᠷ ᠬᠡᠦᠬᠡᠳ ᠢ᠋ᠶ᠋ᠡᠨ ᠮᠣᠷᠢᠳ ᠢ᠋ ᠨᠢ ᠤᠨᠤᠭᠤᠯᠤᠭᠠᠳ ᠨᠠᠭᠠᠳᠤᠮ ᠥᠭᠡᠳᠡ ᠳᠠᠭᠠᠭᠤᠯᠤᠨ ᠶᠠᠪᠤᠵᠤ᠂ ᠪᠣᠭᠣᠷᠴᠢ ᠥᠷᠯᠥᠭᠡ ᠡᠷᠲᠡ ᠲᠠᠯᠪᠢᠵᠤ ᠥᠷᠭᠡᠰᠦ ᠬᠠᠵᠠᠭᠤᠯᠤᠭᠰᠠᠨ ᠬᠣᠶᠠᠷ ᠲᠡᠮᠡᠭᠡ ᠪᠡᠨ ᠠᠪᠴᠢᠷᠠᠵᠤ ᠭᠠᠳᠠᠨ᠎ᠠ ᠪᠠᠨ ᠤᠶᠠᠭᠠᠳ ᠵᠡᠭᠦᠨ ᠵᠦᠭ ᠬᠠᠷᠠᠪᠠᠯ ᠨᠣᠭᠣᠭᠠᠨ ᠤ᠋ ᠬᠥᠭᠡᠩᠭᠢ ᠴᠡᠩᠬᠡᠷᠲᠦᠬᠦ ᠤᠨᠢᠶᠠᠷ ᠳᠤᠮᠳᠠ ᠲᠡᠭᠦᠨ ᠦ᠌ ᠬᠠᠢᠷ᠎ᠠ ᠰᠡᠳᠬᠢᠯ ᠦ᠋ᠨ ᠰᠢᠨᠡᠬᠡᠨ ᠴᠡᠴᠡᠭ ᠳᠡᠯᠪᠡᠭᠡᠯᠡᠭᠰᠡᠨ ᠢ᠋ ᠮᠠᠲᠠᠷᠠᠨᠠᠮ᠃ 
            ᠠᠭᠯᠠᠭ ᠬᠡᠭᠡᠷ᠎ᠡ ᠨᠤᠲᠤᠭ ᠤ᠋ᠨ  
            ᠠᠩᠭᠢᠷ ᠰᠢᠪᠠᠭᠤᠬᠠᠢ ᠴᠢ   
            ᠠᠮᠠᠷᠠᠭ ᠬᠠᠢᠷᠠᠲᠤ ᠶ᠋ᠢᠨ ᠤᠶᠠᠭ᠎ᠠ ᠤᠤ ? 
            ᠬᠣᠨᠣᠭ ᠤ᠋ᠨ ᠴᠥᠭᠡᠨ ᠲᠣᠬᠢᠶᠠᠯ ᠳ᠋ᠤ᠌  
            ᠬᠣᠶᠠᠷ ᠪᠡᠶ᠎ᠡ ᠪᠡᠷ ᠢᠵᠢᠯᠳᠡᠯ᠎ᠡ   
            ᠤᠰᠤᠨ ᠤ᠋ ᠭᠦᠨ᠎ᠡ ᠰᠡᠯᠢᠬᠦ   
            ᠤᠷᠠᠨ ᠵᠢᠷᠠᠭᠠᠬᠠᠢ ᠠᠳᠠᠯᠢ 
            ᠬᠤᠳᠳᠤᠭ ᠤ᠋ᠨ ᠲᠤᠩᠭᠠᠯᠠᠭ ᠣᠰᠤᠨ᠎ᠠ 
            ᠬᠣᠣᠰ ᠳᠦᠷᠰᠦ ᠪᠡᠷ ᠨᠠᠭᠠᠳᠤᠯ᠎ᠠ  
            ᠬᠥᠬᠡ ᠣᠭᠲᠠᠷᠭᠤᠢ ᠳ᠋ᠤ᠌ ᠬᠠᠯᠢᠬᠤ  
            ᠬᠤᠨ ᠤ᠋ ᠴᠡᠨ ᠠᠳᠠᠯᠢ 
            ᠦᠳᠡᠰᠢ ᠶ᠋ᠢᠨ ᠪᠦᠷᠦᠢ ᠰᠡᠷᠢᠭᠦᠨ ᠢ᠋ᠶ᠋ᠡᠷ  
            ᠡᠭᠦᠯᠡᠨ ᠪᠣᠷᠣᠭᠠᠨ ᠢ᠋ᠶ᠋ᠠᠷ ᠨᠠᠭᠠᠳᠤᠯ᠎ᠠ᠃   
       ᠪᠤᠭᠤᠷᠴᠢ ᠢᠩᠭᠢᠵᠦ ᠪᠣᠳᠣᠯ᠎ᠠ᠃ ᠲᠡᠭᠡᠭᠡᠳ ᠪᠠᠭ᠎ᠠ ᠦᠳᠡ ᠶ᠋ᠢᠨ ᠦᠶ᠎ᠡ ᠶ᠋ᠢᠨ ᠬᠢᠷᠢ ᠳ᠋ᠦ᠍ ᠭᠡᠭᠦᠦ ᠪᠡᠨ ᠰᠠᠭᠠᠭᠠᠳ ᠨᠠᠭᠠᠳᠤᠮ ᠤ᠋ᠨ ᠭᠠᠵᠠᠷ ᠤᠷᠤᠭᠤ ᠮᠠᠨᠠᠷᠠᠭᠠᠯ᠎ᠠ᠃ ᠰᠡᠭᠦᠯᠴᠢ ᠶ᠋ᠢᠨ ᠦᠵᠦᠭᠦᠷ ᠲᠦᠷᠦᠭᠦᠦ ᠪᠥᠬᠡ ᠨᠣᠴᠣᠯᠳᠤᠵᠤ ᠪᠠᠢᠪᠠ᠃ ᠵᠦᠷᠬᠢᠨ ᠦ᠌ ᠪᠦᠷᠢ ᠪᠥᠬᠡ᠂ ᠲᠦᠮᠡᠨ ᠲᠦᠪᠭᠦᠨ ᠦ᠌ ᠲᠦᠨᠲᠦᠭᠡᠷ ᠬᠦᠷᠡᠩ ᠬᠣᠶᠠᠷ ᠪᠤᠬ᠎ᠠ ᠠᠳᠠᠯᠢ ᠬᠥᠯᠬᠢᠯᠴᠡᠵᠦ᠂ ᠪᠤᠤᠷ᠎ᠠ ᠠᠳᠠᠯᠢ ᠱᠦᠷᠭᠦᠴᠡᠯᠳᠦᠨ ᠦᠵᠡᠭᠳᠡᠨ᠎ᠡ᠃ ᠡᠨᠡ ᠬᠣᠶᠠᠷ ᠮᠣᠷᠢᠳ ᠭᠠᠷᠬᠤ ᠦᠶ᠎ᠡ ᠳ᠋ᠦ᠍ ᠨᠣᠴᠣᠯᠳᠤᠵᠤ ᠡᠬᠢᠯᠡᠭᠰᠡᠨ ᠭᠡᠨᠡᠮ᠃ ᠴᠠᠭᠠᠰᠢ ᠨᠠᠭᠠᠳᠤᠮ ᠤ᠋ᠨ ᠦᠬᠡᠷ ᠭᠠᠵᠠᠷ ᠤᠷᠤᠭᠤ ᠳᠠᠪᠬᠢᠯ᠎ᠠ᠃ ᠲᠡᠷᠡ ᠨᠢ ᠨᠤᠮᠤ ᠰᠤᠮᠤᠨ ᠤ᠋ ᠬᠠᠷᠪᠤᠭᠠᠨ ᠪᠣᠯᠵᠤ ᠪᠠᠢᠭ᠎ᠠ ᠲᠠᠯᠠᠪᠤᠷ᠃ ᠥᠴᠥᠭᠡᠳᠦᠷ ᠪᠠᠢᠲᠤ ᠰᠤᠷ ᠤ᠋ᠨ ᠬᠠᠷᠪᠤᠭᠠᠨ ᠤ᠋ ᠦᠶ᠎ᠡ ᠳ᠋ᠦ᠍ ᠬᠡᠷᠦᠯᠳᠵᠢᠨ ᠲᠡᠢ ᠬᠠᠵᠠᠭᠤ ᠪᠠᠷ ᠨᠢ ᠶᠠᠪᠤᠵᠤ ᠲᠠᠪᠬᠢᠭᠠᠨ ᠳᠤᠮᠳᠠ ᠦᠵᠡᠭᠰᠡᠨ᠃ ᠥᠨᠥᠳᠥᠷ ᠵᠠᠢ ᠶ᠋ᠢᠨ ᠬᠠᠷᠪᠤᠭ᠎ᠠ ᠪᠣᠯᠵᠤ᠂ ᠬᠠᠷᠪᠤᠭᠠᠴᠢ ᠲᠡᠩᠬᠡᠭᠡ ᠮᠡᠳᠡᠨ ᠨᠤᠮᠤ ᠪᠠᠨ ᠡᠪᠰᠢᠶᠡᠯᠭᠡᠵᠦ᠂ ᠲᠩᠷᠢ ᠴᠢᠭᠯᠡᠭᠦᠯᠦᠨ ᠬᠠᠷᠪᠤᠵᠤ ᠬᠡᠨ ᠦ᠌ ᠰᠤᠮᠤ ᠬᠡᠳᠦᠨ ᠠᠯᠲᠠ ᠬᠣᠯᠠ ᠶᠠᠪᠤᠬᠤ ᠶ᠋ᠢ ᠦᠵᠡᠵᠦ ᠪᠠᠢᠭ᠎ᠠ ᠠᠵᠢ᠃ ᠬᠠᠮᠤᠭ ᠤ᠋ᠨ ᠬᠣᠯᠠ ᠨᠢ ᠭᠤᠷᠪᠠᠨ ᠵᠠᠭᠤᠨ ᠣᠷᠴᠢᠮ ᠠᠯᠲᠠ ᠠ᠋ᠴᠠ ᠳᠠᠪᠠᠬᠤ ᠦᠭᠡᠢ ᠪᠠᠢᠭ᠎ᠠ ᠪᠣᠯᠤᠯᠲᠠᠢ᠃ ᠥᠭᠡᠷ᠎ᠡ ᠳᠠᠰᠢ ᠰᠣᠨᠢᠷᠬᠠᠨ ᠳᠠᠪᠬᠢᠯ᠎ᠠ᠃ ᠰᠠᠷᠠᠨ ᠫᠠᠢ ᠬᠠᠷᠪᠤᠬᠤ ᠨᠠᠭᠠᠳᠤᠮ ᠪᠣᠯᠵᠤ ᠪᠠᠢᠭ᠎ᠠ ᠭᠠᠵᠠᠷ ᠣᠴᠢᠯ᠎ᠠ᠃ ᠢᠮᠠᠭᠠᠨ ᠤ᠋ ᠠᠷᠠᠰᠤ ᠲᠡᠯᠡᠵᠦ ᠲᠠᠲᠠᠭᠰᠠᠨ ᠪᠠᠢ ᠶ᠋ᠢ ᠮᠣᠷᠢᠨ ᠤ᠋ ᠲᠠᠪᠬᠢᠭᠠᠨ ᠳᠤᠮᠳᠠ ᠬᠠᠷᠪᠤᠵᠤ᠂ ᠳᠡᠭᠡᠷ᠎ᠡ ᠨᠢ ᠵᠢᠷᠤᠭᠰᠠᠨ ᠠᠩ ᠠᠷᠢᠶᠠᠲᠠᠨ ᠤ᠋ ᠳᠦᠷᠰᠦ ᠶ᠋ᠢ ᠬᠠᠮᠢᠭᠠᠭᠤᠷ ᠨᠢ ᠬᠡᠷᠬᠢᠨ ᠤᠨᠤᠭᠰᠠᠨ ᠢ᠋ ᠦᠨᠡᠯᠡᠵᠦ᠂ ᠪᠠᠢ ᠱᠠᠩ ᠢ᠋ ᠨᠢ ᠣᠯᠭᠣᠬᠤ ᠵᠡᠷᠭᠡ ᠤᠷᠤᠯᠳᠤᠭᠠᠨ ᠲᠡᠮᠡᠴᠡᠭᠡᠨ ᠪᠣᠯᠵᠤ ᠪᠠᠢᠨ᠎ᠠ᠃ ᠰᠡᠯᠡᠮ᠎ᠡ ᠪᠡᠷ ᠴᠠᠪᠴᠢᠬᠤ᠂ ᠮᠣᠷᠢᠨ ᠳᠡᠭᠡᠷ᠎ᠡ ᠡᠴᠡ ᠰᠢᠭᠦᠷᠬᠦ ᠣᠯᠠᠨ ᠶᠠᠩᠵᠤ ᠶ᠋ᠢᠨ ᠨᠠᠭᠠᠳᠤᠮ ᠳ᠋ᠤ᠌ ᠡᠯᠳᠡᠪ ᠭᠠᠵᠠᠷ ᠠ᠋ᠴᠠ ᠢᠷᠡᠭᠰᠡᠨ ᠬᠥᠮᠦᠰ ᠣᠷᠣᠯᠴᠠᠵᠤ ᠴᠤ᠌  ᠪᠣᠯᠬᠤ ᠶᠠᠩᠵᠤᠲᠠᠢ᠃    ᠠᠷᠤᠯᠠᠳ ᠤ᠋ᠨ ᠬᠢᠨ ᠳ᠋ᠦ᠍ ᠡᠢᠮᠦ ᠲᠡᠮᠡᠴᠡᠭᠡᠨ ᠪᠣᠯᠳᠠᠭ᠂ ᠵᠠᠷᠢᠮ ᠳ᠋ᠤᠨᠢ ᠪᠣᠭᠣᠷᠴᠢ ᠣᠷᠣᠯᠴᠠᠵᠤ ᠦᠵᠡᠭᠰᠡᠨ᠃ ᠵᠠᠩᠭᠢᠳᠤᠭᠰᠠᠨ ᠰᠣᠷᠣᠨ ᠪᠥᠮᠪᠥᠭᠡ ᠮᠣᠷᠢ ᠪᠠᠷ ᠬᠥᠭᠡᠭᠡᠵᠦ ᠴᠣᠬᠢᠬᠤ ᠲᠣᠭᠯᠠᠭᠠᠮ᠂ ᠴᠢᠯᠠᠭᠤ ᠰᠢᠭᠦᠷᠴᠦ ᠪᠠᠢ ᠶ᠋ᠢ ᠰᠢᠳᠡᠬᠦ ᠵᠡᠷᠭᠡ ᠳ᠋ᠦ᠍ ᠪᠣᠭᠣᠷᠴᠢ ᠨᠤᠲᠤᠭ ᠲᠠᠭᠠᠨ ᠣᠷᠣᠯᠴᠠᠵᠤ᠂ ᠰᠦᠷᠡᠬᠡᠢ ᠳ᠋ᠦ᠍ ᠲᠣᠭᠠᠴᠢᠭᠳᠠᠳᠠᠭ ᠪᠠᠢᠭᠰᠠᠨ ᠴᠤ᠌ ᠡᠨᠳᠡ ᠬᠠᠷᠢ ᠨᠤᠲᠤᠭ ᠤ᠋ᠨ ᠪᠢᠴᠢᠬᠠᠨ《ᠨᠢᠰᠤᠬᠠᠢ》 ᠵᠢᠭᠠᠯ ᠢ᠋ ᠬᠡᠨ ᠲᠣᠭᠣᠵᠤ ᠤᠷᠤᠯᠳᠤᠭᠠᠨ ᠲᠡᠮᠡᠴᠡᠭᠡᠨ ᠳ᠋ᠦ᠍ ᠣᠷᠣᠭᠤᠯᠬᠤ ᠪᠣᠢ? 《ᠣᠷᠣᠶ᠎ᠠ》 ᠭᠡᠵᠦ ᠴᠦ᠍ ᠪᠣᠳᠣᠭ᠎ᠠ ᠦᠭᠡᠢ᠃ ᠪᠣᠭᠣᠷᠴᠢ ᠶ᠋ᠢᠨ ᠬᠤᠪᠢ ᠳ᠋ᠤ᠌ ᠬᠡᠷᠦᠯᠳᠵᠢᠨ ᠲᠡᠢ ᠬᠠᠮᠲᠤ ᠮᠣᠷᠢᠨ ᠤ᠋ ᠡᠩ ᠭᠦᠶᠦᠬᠦ ᠪᠡᠷ ᠡᠰᠢ ᠲᠡᠰᠢ ᠳᠠᠪᠬᠢᠵᠤ ᠬᠡᠷᠦᠯᠦᠨ ᠦ᠌ ᠡᠷᠭᠢ ᠳᠡᠭᠡᠷ᠎ᠡ ᠣᠴᠢᠵᠤ ᠪᠡᠶ᠎ᠡ ᠪᠡᠨ ᠨᠠᠨᠵᠢᠩ ᠴᠢᠪᠠᠭ᠎ᠠ᠂ ᠪᠠᠯ ᠪᠤᠷᠠᠮ ᠵᠡᠷᠭᠡ ᠠᠮᠲᠠᠲᠠᠨ ᠢ᠋ᠶ᠋ᠠᠷ ᠳᠠᠢᠯᠠᠵᠤ ᠵᠤᠭᠠᠯᠠᠬᠤ ᠨᠢ ᠵᠢᠩᠬᠢᠨᠢ ᠨᠠᠭᠠᠳᠤᠮ ᠪᠠᠢᠯ᠎ᠠ᠃ 
       — ᠮᠣᠷᠢᠳ ᠢᠷᠡᠯ᠎ᠡ᠃ ᠮᠣᠷᠢᠳ ᠢᠷᠡᠯ᠎ᠡ ᠭᠡᠵᠡᠭᠡᠵᠦ ᠬᠥᠮᠦᠰ ᠱᠤᠤᠭᠢᠯᠳᠤᠨ ᠵᠠᠮ ᠲᠣᠰᠣᠨ ᠳᠠᠪᠬᠢᠯᠳᠤᠪᠠ᠃ ᠪᠣᠭᠤᠷᠴᠢ ᠴᠣ ᠮᠥᠨ ᠬᠣᠴᠣᠷᠤᠭᠰᠠᠨ ᠦᠭᠡᠢ᠂ ᠲᠦᠷᠦᠭᠦᠨ ᠦ᠌ ᠡᠩᠨᠡᠭᠡᠨ ᠳ᠋ᠦ᠍ᠨᠢ ᠱᠤᠤᠭᠢᠵᠤ ᠬᠦᠷᠦᠯ᠎ᠡ᠃ ᠰᠠᠢᠬᠠᠨ ᠬᠡᠭᠡᠷ ᠮᠣᠷᠢ ᠠᠷᠭ᠎ᠠ ᠦᠭᠡᠢ᠂ ᠮᠠᠩᠯᠠᠢ ᠳ᠋ᠤ᠌ ᠢᠷᠡᠵᠦ ᠶᠠᠪᠤᠨ᠎ᠠ᠃ ᠡᠬᠢᠨ ᠦ᠌ ᠮᠣᠷᠢᠳ ᠶᠡᠷᠦ ᠨᠢ ᠪᠦᠬᠡᠮᠳᠡᠬᠦᠦ᠃ 
     《ᠬᠠᠷᠴᠠᠭᠠᠢ ᠮᠢᠨᠢ᠂ ᠬᠠᠷᠴᠠᠭᠠᠢ ᠮᠢᠨᠢ᠂ ᠳᠠᠭᠠᠷᠢᠭᠠᠷᠠᠢ᠂ ᠳᠠᠭᠠᠷᠢᠭᠠᠷᠠᠢ!  ᠭᠢᠡᠭ ᠭᠣᠣ》
       ᠪᠣᠭᠣᠷᠴᠢ ᠴᠣᠴᠢᠨ ᠬᠠᠷᠠᠪᠠᠯ ᠥᠪᠡᠷᠦᠨ ᠬᠢᠨᠢ ᠬᠦᠷᠡᠩ᠃ ᠳᠥᠷᠪᠡ᠂ ᠲᠠᠪᠤ᠂ ᠵᠢᠷᠭᠤᠭ᠎ᠠ᠂ ᠳᠣᠯᠣᠭ᠎ᠠ᠁ ᠠᠯᠢ ᠨᠢ ᠪᠣᠢ? ᠥᠨᠳᠥᠷ ᠬᠦᠷᠡᠩ ᠮᠣᠷᠢᠲᠠᠢ᠂ ᠴᠡᠩᠬᠡᠷ ᠳᠡᠪᠡᠯ ᠲᠡᠢ ᠬᠥᠮᠦᠨ ᠲᠦᠷᠦᠭᠦᠦ ᠮᠣᠷᠢᠨ ᠤ᠋ ᠬᠠᠵᠠᠭᠤ ᠪᠠᠷᠢᠨ ᠳᠠᠪᠬᠢᠵᠤ ᠶᠠᠪᠤᠭᠰᠠᠨ ᠢ᠋ᠶ᠋ᠠᠨ《ᠭᠤᠤᠭ》 ᠬᠠᠰᠬᠢᠷᠤᠨ ᠲᠡᠭᠡᠭᠡᠨ ᠳᠣᠲᠣᠷ᠎ᠠ ᠣᠷᠣᠲᠠᠯ᠎ᠠ᠂ ᠲᠡᠭᠦᠨ ᠦ᠌ ᠰᠢᠯᠢᠨ ᠬᠦᠵᠦᠭᠦᠦ ᠣᠷᠴᠢᠮ ᠤᠷᠤᠭᠤ ᠨᠢ ᠰᠡᠯᠡᠮ᠎ᠡ ᠪᠠᠭᠤᠵᠤ ᠳᠠᠯᠤ ᠮᠥᠷᠥ ᠪᠡᠨ ᠳᠠᠭᠠᠭ ᠴᠢᠰᠤ ᠤᠷᠤᠰᠴᠤ᠂ ᠮᠣᠷᠢᠳ ᠤ᠋ᠨ ᠬᠠᠵᠠᠭᠤ ᠪᠠᠷ ᠳᠠᠭᠠᠯᠳᠤᠨ ᠳᠠᠪᠬᠢᠬᠰᠠᠳ ᠡᠮᠬᠢ ᠵᠠᠮᠪᠠᠷᠠᠭ᠎ᠠ ᠪᠠᠨ ᠠᠯᠲᠠᠨ ᠳᠠᠭᠤ ᠱᠤᠤᠭᠢᠶᠠᠨ᠂ ᠭᠠᠰᠠᠯᠠᠩ ᠭᠠᠩᠭᠢᠨᠠᠭ᠎ᠠ ᠡᠭᠦᠰᠦᠨ᠂ ᠰᠡᠯᠡᠮ᠎ᠡ ᠬᠠᠩᠭᠢᠨᠠᠯᠳᠤᠵᠤ ᠵᠢᠳᠠ ᠰᠡᠷᠡᠯᠵᠡᠬᠦ ᠨᠢ ᠠᠶᠤᠮᠰᠢᠭᠲᠠᠢ᠃  
       ᠪᠣᠭᠤᠷᠴᠢ ᠠᠰᠠᠷ ᠳᠠᠰᠢ ᠣᠴᠢᠲᠠᠯ᠎ᠠ ᠠᠪᠤ ᠨᠢ ᠬᠣᠶᠠᠷ ᠮᠣᠷᠢᠳ ᠢ᠋ᠶ᠋ᠠᠨ ᠣᠯᠤᠭᠠᠳ ᠶᠡᠬᠡᠯ᠎ᠡ ᠪᠠᠶᠠᠷ ᠲᠠᠢ ᠠᠵᠢ᠃ ᠬᠤᠸᠠ ᠬᠣᠩᠭᠣᠷ ᠨᠢ ᠲᠠᠪᠤ ᠶ᠋ᠢᠨ᠂ ᠨᠥᠭᠦᠭᠡ ᠤᠷᠤᠭ ᠱᠣᠩᠬᠣᠷ ᠨᠢ ᠶᠢᠰᠦ ᠶ᠋ᠢᠨ ᠫᠠᠢᠰᠠ ᠲᠠᠢ᠂ ᠰᠠᠢᠨ ᠳᠠᠪᠬᠢᠵᠠᠢ᠃ ᠶᠠᠭᠤᠲᠠᠢ ᠴᠤ᠌ ᠠᠷᠪᠠ ᠳᠣᠲᠣᠷ᠎ᠠ ᠰᠢᠷᠭᠤᠵᠤ᠂ ᠬᠣᠢᠰᠢ ᠬᠣᠢᠰᠢᠬᠢ ᠶ᠋ᠢᠨ ᠬᠢᠨᠢ ᠶᠠᠭᠤ ᠪᠣᠯᠤᠭᠰᠠᠨ ᠢ᠋ ᠪᠦᠦ ᠮᠡᠳᠡ᠃ ᠲᠦᠷᠦᠭᠦᠦ ᠮᠣᠷᠢ ᠶ᠋ᠢ ᠵᠦᠷᠬᠢᠨ ᠦ᠌ ᠬᠢ᠂ ᠡᠵᠡᠨ ᠨᠢ ᠲᠡᠨᠳᠡ ᠠᠮᠢᠨ ᠳᠦᠢᠵᠡ ᠦᠯᠡᠳᠡᠭᠰᠡᠨ ᠭᠡᠬᠦ᠃ ᠲᠥᠷᠥᠭᠦᠯᠦᠭᠰᠡᠨ ᠪᠥᠬᠡ ᠵᠦᠷᠭᠢᠨ ᠦ᠌ ᠬᠢ᠂ ᠡᠭᠦᠨ ᠡᠴᠡ ᠴᠦ᠍ ᠪᠣᠯᠤᠭᠰᠠᠨ ᠶᠤᠮ ᠤᠤ? ᠶᠠᠭᠤᠨ ᠠ᠋ᠴᠠ ᠪᠣᠯᠤᠭᠰᠠᠨ ᠶᠤᠮ ᠪᠣᠢ? ᠠᠰᠠᠷ ᠳᠣᠲᠣᠷ᠎ᠠ ᠶᠡᠬᠡᠰ ᠳᠡᠭᠡᠳᠦᠰ ᠦ᠋ᠨ ᠳᠤᠮᠳᠠ ᠪᠠᠰᠠ ᠬᠡᠷᠡᠭᠦᠯ᠃ 
       ᠡᠴᠢᠭᠡ ᠬᠦᠦ ᠬᠣᠶᠠᠷ ᠮᠣᠷᠢᠳ ᠤ᠋ᠨ ᠢ᠋ᠶ᠋ᠠᠨ ᠬᠥᠯᠥᠰᠥ ᠶ᠋ᠢ ᠬᠤᠰᠤᠭᠠᠳ ᠭᠢᠰᠬᠢᠭᠦᠯᠬᠦ ᠵᠠᠭᠤᠷ᠎ᠠ ᠨᠠᠬᠤ᠄  
       — ᠲᠠᠨᠠᠷ ᠡᠨᠳᠡ ᠪᠡᠨ ᠮᠣᠷᠢᠳ ᠢ᠋ᠶ᠋ᠠᠨ ᠭᠢᠰᠬᠢᠭᠦᠯᠵᠦ ᠪᠠᠢ᠂ ᠪᠢ ᠮᠣᠷᠢᠨ ᠤ᠋ ᠪᠠᠨ ᠪᠠᠢ(ᠱᠠᠩ) ᠱᠠᠩᠨᠠᠯ ᠢ᠋ ᠠᠪᠬᠤ ᠶ᠋ᠢ ᠪᠣᠳᠣᠶ᠎ᠠ᠃ ᠴᠣᠯᠠ ᠮᠣᠯᠡ ᠳᠠᠭᠤᠳᠠᠬᠤ ᠴᠤ᠌ ᠥᠩᠭᠡᠷᠡᠪᠡ ᠪᠣᠯᠤᠯᠲᠠᠢ ᠭᠡᠵᠦ ᠬᠣᠶᠠᠷ ᠫᠠᠢᠰᠠ ᠪᠠᠨ ᠠᠪᠤᠭᠠᠳ ᠠᠰᠠᠷ ᠤ᠋ᠨ ᠵᠡᠭᠦᠨ ᠵᠢᠭᠦᠷ ᠤᠷᠤᠭᠤ ᠶᠠᠪᠤᠯ᠎ᠠ᠃ ᠠᠵᠠ ᠪᠣᠯᠵᠤ ᠤᠳᠠᠵᠤ ᠲᠦᠳᠡᠯ ᠦᠭᠡᠢ ᠡᠴᠢᠭᠡ ᠨᠢ ᠬᠥᠯᠥᠰᠥ ᠪᠡᠨ ᠮᠠᠨᠠᠷᠠᠭᠤᠯᠤᠨ ᠬᠠᠨᠴᠤᠢ ᠪᠠᠷ ᠢ᠋ᠶ᠋ᠠᠨ ᠱᠤᠳᠤᠷᠴᠤ ᠠᠷᠴᠢᠭᠰᠠᠭᠠᠷ ᠬᠣᠷᠮᠣᠢ ᠳᠦᠭᠦᠷᠡᠩ ᠶᠠᠭᠤᠮ᠎ᠠ ᠲᠠᠢ ᠢᠷᠡᠯ᠎ᠡ᠃ ᠲᠠᠪᠤ ᠳ᠋ᠤ᠌ ᠣᠷᠣᠭᠰᠠᠨ ᠳ᠋ᠤᠨᠢ ᠬᠤᠢ ᠲᠣᠷᠭ᠎ᠠ᠂ ᠪᠣᠭᠣᠳᠠᠯ ᠲᠠᠢ ᠶᠠᠭᠤᠮ᠎ᠠ᠂ ᠨᠥᠭᠥᠭᠡᠳᠡᠬᠢ ᠳ᠋ᠦ᠍ᠨᠢ ᠵᠤᠵᠠᠭᠠᠨ ᠨᠥᠮᠥᠷᠭᠡ ᠳᠠᠪᠤᠤ᠂ ᠪᠠᠰᠠ ᠪᠣᠭᠣᠳᠠᠯ ᠲᠠᠢ ᠶᠠᠭᠤᠮ᠎ᠠ ᠥᠭᠴᠡᠢ᠃ ᠡᠴᠢᠭᠡ ᠲᠤᠩ ᠪᠠᠶᠠᠷ ᠲᠠᠢ᠂ ᠮᠣᠷᠢᠨ ᠤ᠋ ᠪᠠᠨ ᠲᠣᠯᠣᠭᠠᠢ ᠶ᠋ᠢ ᠬᠠᠨᠴᠤᠢ ᠪᠠᠷ ᠢ᠋ᠶ᠋ᠠᠨ ᠠᠷᠴᠢᠵᠤ ᠪᠣᠭᠣᠳᠠᠯ ᠲᠠᠢ ᠶᠠᠭᠤᠮ᠎ᠠ ᠶ᠋ᠢ ᠵᠠᠳᠠᠯᠪᠠᠯ ᠠᠮᠲᠠᠲᠤ ᠪᠣᠣᠪᠣ ᠰᠢᠬᠢᠷ ᠠᠵᠢ᠃ ᠲᠡᠭᠦᠨ ᠡᠴᠡ ᠨᠢᠭᠡ ᠠᠳᠬᠤ ᠶ᠋ᠢ ᠠᠪᠴᠤ ᠲᠣᠭᠣᠨᠣ ᠠᠭᠤᠯᠠᠨ ᠳ᠋ᠤ᠌ ᠡᠷᠭᠦᠵᠦ᠂ ᠥᠪᠡᠷ ᠢ᠋ᠶ᠋ᠡᠨ ᠠᠮᠰᠠᠭᠠᠳ ᠭᠤᠷᠪᠠᠨ ᠬᠥᠪᠡᠭᠦᠳ ᠲᠦ᠍ ᠠᠳᠬᠤ ᠠᠳᠬᠤ ᠪᠠᠷ ᠬᠡᠰᠢᠭ ᠬᠦᠷᠲᠡᠭᠡᠭᠡᠳ᠄ 
       — ᠵᠠ ᠬᠡᠦᠬᠡᠳ ᠦ᠋ᠳ ᠮᠢᠨᠢ᠂ ᠡᠨᠡ ᠣᠯᠠᠨ ᠤᠯᠠᠩᠭᠠᠰᠴᠤ ᠭᠠᠯᠵᠠᠭᠤᠷᠠᠭᠰᠠᠨ ᠬᠥᠮᠦᠰ ᠦ᠋ᠨ ᠰᠡᠷᠡᠭᠡ ᠵᠢᠳᠠᠨ ᠤ᠋ ᠦᠵᠦᠭᠦᠷ ᠲᠦ᠍ ᠣᠨᠣᠭᠳᠠᠴᠢᠬᠠᠬᠤ ᠦᠭᠡᠢᠬᠡᠨ ᠵᠠᠢᠯᠠᠶ᠎ᠠ ᠭᠡᠳ ᠶᠠᠪᠤᠵᠠᠭᠠᠪᠠ᠃ 
       ᠪᠤᠭᠤᠷᠴᠢ ᠲᠦᠷᠦᠭᠦᠯᠡᠵᠦ ᠳᠠᠪᠬᠢᠨ ᠭᠡᠷ ᠲᠡᠭᠡᠨ ᠢᠷᠡᠪᠡᠯ ᠵᠦᠷᠭᠢᠨ ᠦ᠌ ᠬᠣᠶᠠᠷ ᠬᠥᠮᠦᠨ ᠢᠷᠡᠭᠡᠳ ᠬᠦᠯᠢᠶᠡᠵᠦ ᠪᠠᠢᠪᠠ᠃ ᠲᠡᠷᠡ ᠪᠡᠷ ᠲᠡᠳᠡᠨ ᠲᠡᠢ ᠮᠡᠨᠳᠦᠯᠡᠭᠡᠳ ᠭᠡᠭᠦᠦ ᠪᠡᠨ ᠰᠠᠭᠠᠬᠤ ᠠᠵᠢᠯ ᠳ᠋ᠠᠭᠠᠨ ᠣᠷᠣᠲᠠᠯ᠎ᠠ ᠲᠡᠳᠡ ᠵᠠᠯᠠᠨ ᠳᠡᠭᠡᠷ᠎ᠡ ᠨᠢ ᠢᠷᠡᠵᠦ ᠤᠨᠠᠭ᠎ᠠ ᠲᠠᠲᠠᠵᠤ ᠥᠭᠴᠦ ᠲᠤᠰᠠᠯᠠᠪᠠ᠃ ᠲᠡᠳᠡᠨ ᠲᠡᠢ ᠪᠤᠭᠤᠷᠴᠢ ᠶᠠᠭᠤ ᠶᠠᠷᠢᠬᠤ ᠪᠣᠢ᠂ ᠲᠡᠳᠡ ᠴᠦ᠍ ᠲᠡᠭᠦᠨ ᠢ᠋ ᠶᠠᠭᠠᠬᠢᠵᠤ ᠲᠣᠭᠣᠵᠤ ᠶᠠᠷᠢᠬᠤ ᠪᠣᠢ᠃ ᠬᠠᠷᠢᠨ ᠲᠡᠳᠡ ᠬᠣᠭᠣᠷᠣᠨᠳᠣ ᠪᠠᠨ ᠶᠠᠷᠢᠯᠴᠠᠬᠤ ᠨᠢ᠄ 
       — ᠶᠠᠭᠠᠬᠢᠭᠠᠳ ᠮᠠᠨ ᠤ᠋ ᠰᠡᠴᠡ ᠪᠡᠬᠢ ᠲᠡᠷᠢᠭᠦᠨ ᠡᠨᠡ ᠲᠦᠮᠡᠨ ᠲᠦᠪᠬᠦᠨ ᠦ᠌ ᠠᠴᠢᠭ ᠱ᠌ᠢᠷᠦᠨ ᠲᠡᠢ ᠰᠡᠯᠡᠮ᠎ᠡ ᠳᠠᠯᠠᠢᠬᠤ ᠳ᠋ᠤ᠌ ᠬᠦᠷᠪᠡ?      
       — ᠰᠡᠴᠡ ᠪᠡᠬᠢ ᠲᠡᠷᠢᠭᠦᠨ ᠪᠦᠷᠢ ᠪᠥᠬᠡ ᠳ᠋ᠦ᠍ ᠠᠯᠲᠠᠨ ᠪᠦᠰᠡ ᠪᠡᠨ ᠲᠠᠢᠯᠵᠤ ᠥᠭᠬᠦ ᠦᠭᠡᠢ ᠳ᠋ᠦ᠍ᠨᠢ ᠠᠴᠢᠭ ᠱ᠌ᠢᠷᠦᠨ ᠥᠪᠡᠷᠦᠨ ᠳᠥᠨᠳᠥᠭᠡᠷ ᠲᠡᠭᠡᠨ ᠪᠠᠰᠠ ᠠᠯᠲᠠᠨ ᠪᠦᠰᠡ ᠪᠡᠨ ᠲᠠᠢᠯᠵᠤ ᠥᠭᠭᠦᠭᠰᠡᠨ ᠶᠦᠮ ᠯᠡ ᠳᠡ᠃ ᠲᠡᠭᠡᠬᠦ ᠳ᠋ᠦ᠍ᠨᠢ᠄ 
       — ᠴᠢ ᠶᠠᠭᠠᠬᠢᠭᠠᠳ ᠲᠥᠷᠥᠭᠦᠯᠦᠭᠰᠡᠨ ᠮᠠᠨ ᠤ᠋ ᠪᠥᠬᠡ ᠳ᠋ᠦ᠍ ᠥᠭᠳᠡᠭ ᠦᠭᠡᠢ ᠶᠦᠮ ᠪᠣᠢ? ᠤᠨᠠᠭᠰᠠᠨ ᠪᠥᠬᠡ ᠶ᠋ᠢ ᠱᠠᠩᠨᠠᠬᠤ ᠨᠢ ᠪᠤᠤ ᠬᠡᠯᠡ᠂ ᠣᠷᠢᠶᠠᠯᠭᠠᠬᠤ ᠶᠣᠰᠣᠲᠠᠢ ᠭᠡᠬᠦ ᠳ᠋ᠦ᠍ᠨᠢ᠄ 
       — ᠵᠥᠪ ᠰᠢᠦ ᠳᠡ ᠭᠡᠵᠦ ᠬᠣᠶᠠᠷ ᠤ᠋ᠨ ᠨᠢᠭᠡ ᠨᠢ ᠥᠪᠡᠷᠦᠨ ᠲᠡᠷᠢᠭᠦᠨ ᠢ᠋ᠶ᠋ᠡᠨ ᠰᠠᠢᠰᠢᠶᠠᠵᠤ᠄ 
       — ᠲᠡᠭᠡᠬᠦ ᠪᠡᠷ ᠶᠠᠭᠤ ᠪᠣᠯᠤᠭᠰᠠᠨ ᠶᠤᠮ ᠪᠣᠢ? ᠭᠡᠪᠡ᠃ 
       — ᠶᠠᠭ ᠡᠨᠡ ᠦᠶ᠎ᠡ ᠪᠡᠷ ᠲᠦᠮᠡᠨ ᠲᠦᠪᠬᠦᠨ ᠦ᠌ ᠨᠢᠭᠡ ᠴᠡᠷᠢᠭ ᠢᠷᠡᠵᠦ ᠨᠣᠶᠠᠳ ᠲᠠᠭᠠᠨ ᠮᠠᠨ ᠤ᠋ ᠲᠦᠷᠦᠭᠦᠦ ᠮᠣᠷᠢᠨ ᠤ᠋ ᠡᠵᠡᠨ ᠦ᠌ ᠲᠢᠭ ᠳᠣᠲᠣᠷ᠎ᠠ ᠳᠠᠭᠠᠷᠢᠵᠤ ᠣᠷᠣᠭᠰᠠᠨ᠃ ᠲᠡᠭᠦᠨ ᠢ᠋ ᠡᠨᠳᠡᠬᠢ ᠶ᠋ᠢᠨ ᠬᠢᠨ ᠴᠠᠪᠴᠢᠭᠰᠠᠨ ᠠ᠋ᠴᠠ ᠬᠡᠷᠡᠭᠦᠯ ᠵᠣᠳᠣᠭᠠᠨ ᠭᠠᠷᠴᠤ ᠴᠢᠰᠤ ᠨᠥᠵᠢ ᠪᠡᠨ ᠭᠣᠭᠣᠵᠢᠭᠤᠯᠵᠤ ᠪᠠᠢᠨ᠎ᠠ ᠭᠡᠵᠦ ᠮᠡᠳᠡᠭᠦᠯᠦᠭᠰᠡᠨ ᠡᠴᠡ ᠠᠴᠢᠭ ᠱ᠌ᠢᠷᠦᠨ᠄ 
       — ᠶᠠᠭᠠᠬᠢᠨ᠎ᠠ ᠭᠡᠨ᠎ᠡ? ᠡᠨᠡ ᠵᠦᠷᠭᠢᠨ ᠦ᠌ ᠬᠢᠨ ᠢ᠋ ᠬᠠᠰᠢᠷᠠᠭᠠᠭᠠᠳ ᠥᠭᠭᠦᠶ᠎ᠡ ᠭᠡᠵᠦ ᠰᠡᠯᠡᠮ᠎ᠡ ᠰᠤᠭᠤᠯᠬᠤ ᠳ᠋ᠤ᠌ ᠰᠡᠴᠡ ᠪᠡᠬᠢ ᠨᠣᠶᠠᠨ ᠴᠤ᠌ ᠪᠠᠰᠠ ᠰᠡᠯᠡᠮ᠎ᠡ ᠪᠡᠨ ᠰᠤᠭᠤᠯᠵᠤ ᠬᠡᠷᠡᠭᠦᠯ ᠡᠬᠢᠯᠡᠮᠡᠭᠴᠡ ᠬᠣᠶᠠᠷ ᠲᠠᠯ᠎ᠠ ᠶ᠋ᠢᠨ ᠬᠠᠲᠤᠳ᠂ ᠬᠠᠮᠠᠭᠠᠯᠠᠭᠴᠢᠳ ᠨᠢ《ᠲᠡᠭᠡᠵᠦ ᠪᠣᠯᠬᠤ ᠦᠭᠡᠢ᠂ ᠢᠩᠭᠢᠵᠦ ᠪᠣᠯᠬᠤ ᠦᠭᠡᠢ》 ᠭᠡᠵᠦ ᠨᠣᠶᠠᠳ ᠢ᠋ᠶ᠋ᠠᠨ ᠠᠷᠭᠠᠳᠠᠨ ᠵᠢᠭᠤᠷᠠᠯᠳᠤᠵᠤ᠂ ᠪᠣᠷᠵᠢᠭᠢᠨ ᠤ᠋ ᠠᠯᠲᠠᠨ ᠨᠣᠶᠠᠨ ᠳᠤᠮᠳᠠ ᠨᠢ ᠣᠷᠣᠵᠤ ᠲᠡᠳᠡᠨ ᠢ᠋ ᠡᠪᠯᠡᠭᠦᠯᠬᠦ ᠶᠠᠩᠵᠤᠲᠠᠢ ᠶᠠᠭᠤᠮ᠎ᠠ ᠪᠣᠯᠤᠭᠠᠳ ᠪᠠᠢᠭᠰᠠᠨ᠂ ᠣᠳᠣ ᠶᠠᠭᠤ ᠪᠣᠯᠤᠭᠰᠠᠨ ᠪᠣᠢ᠂ ᠪᠤᠤ ᠮᠡᠳᠡ ᠭᠡᠯᠴᠡᠨ᠎ᠡ᠃ 
       ᠨᠠᠬᠤ ᠠᠪᠤ ᠬᠡᠦᠬᠡᠳ ᠢ᠋ᠶ᠋ᠡᠨ ᠳᠠᠭᠠᠭᠤᠯᠤᠨ ᠢᠷᠡᠬᠦ᠂ ᠵᠦᠷᠭᠢᠨ ᠦ᠌ ᠨᠢᠭᠡ ᠵᠠᠷᠤᠴᠠ ᠬᠣᠶᠠᠷ ᠲᠡᠮᠡᠭᠡ ᠬᠥᠲᠥᠯᠦᠭᠡᠳ ᠢᠷᠡᠬᠦ ᠲᠠᠭᠠᠷᠠᠯ᠎ᠠ᠃ ᠠᠷᠤ ᠠ᠋ᠴᠠ ᠨᠢ ᠵᠢᠳᠠ ᠰᠡᠷᠡᠭᠡ ᠪᠠᠷᠢᠭᠰᠠᠨ ᠬᠣᠶᠠᠷ ᠡᠲᠡᠭᠡᠳ ᠢᠷᠡᠬᠦ ᠨᠢ ᠪᠠᠰᠠ ᠦᠵᠡᠭᠳᠡᠬᠦ ᠦᠭᠡᠢ ᠨᠢ ᠵᠢᠪᠡᠭᠦᠨ ᠠᠵᠢ᠃ 
       ᠨᠠᠬᠤ ᠲᠡᠳᠡᠨ ᠲᠡᠢ ᠡᠶᠡᠯᠳᠡᠭ ᠳᠣᠲᠣᠨᠣ ᠮᠡᠨᠳᠦᠯᠡᠵᠦ᠂ ᠨᠠᠭᠠᠳᠤᠮ ᠨᠠᠢᠷ ᠤ᠋ᠨ ᠪᠡᠯᠭᠡ ᠲᠡᠢ ᠰᠠᠢᠬᠠᠨ ᠦᠭᠡ ᠪᠡᠷ ᠤᠭᠲᠤᠵᠤ ᠲᠡᠳᠡ ᠴᠦ᠍ ᠮᠥᠨ ᠠᠳᠠᠯᠢ ᠰᠠᠢᠨ ᠰᠠᠢᠬᠠᠨ ᠶᠠᠷᠢᠶ᠎ᠠ ᠬᠥᠭᠡᠷᠦᠭᠡ ᠪᠣᠯᠵᠤ᠂ ᠭᠡᠷ ᠲᠦ᠍ ᠣᠷᠣᠵᠤ ᠠᠢᠷᠠᠭ ᠰᠠᠷᠬᠤᠳ ᠠᠶᠠᠭᠠᠯᠠᠵᠤ ᠠᠮᠲᠠᠲᠤ ᠢᠳᠡᠭᠡ ᠪᠡᠷ ᠲᠡᠳᠡᠨ ᠢ᠋ ᠳᠠᠢᠯᠠᠭᠠᠳ᠄ 
       — ᠪᠢᠳᠡ ᠬᠣᠯᠠ ᠶ᠋ᠢᠨ ᠬᠥᠮᠦᠰ᠂ ᠥᠭᠬᠦ ᠠᠪᠬᠤ ᠪᠠᠨ ᠥᠭᠴᠦ ᠠᠪᠤᠯᠴᠠᠭᠠᠳ ᠬᠥᠳᠡᠯᠦᠶ᠎ᠡ ᠭᠡᠵᠦ ᠨᠠᠬᠤ ᠠᠪᠤ ᠰᠢᠳᠮᠡᠭ ᠬᠡᠯᠡᠵᠦ ᠵᠢᠰᠦᠯᠡᠵᠦ ᠬᠡᠯᠡᠯᠴᠡᠭᠰᠡᠨ ᠪᠦᠬᠦᠨ ᠢ᠋ᠶ᠋ᠡᠨ ᠥᠭᠭᠦᠭᠡᠳ᠂ ᠲᠡᠳᠡ ᠭᠡᠷ ᠠᠴᠢᠵᠤ᠂ ᠠᠳᠤᠭᠤ ᠮᠠᠯ ᠢ᠋ᠶ᠋ᠠᠨ ᠪᠠᠷᠢᠵᠤ ᠠᠪᠤᠭᠠᠳ ᠨᠠᠬᠤ ᠦᠯᠡᠳᠡᠭᠰᠡᠨ ᠥᠮᠪᠦ ᠴᠦᠮᠪᠦ ᠶᠠᠭᠤᠮ᠎ᠠ ᠪᠠᠨ ᠬᠣᠶᠠᠷ ᠲᠡᠮᠡᠭᠡᠨ ᠳ᠋ᠡᠭᠡᠨ ᠬᠤᠪᠢᠶᠠᠵᠤ ᠠᠴᠢᠭᠠᠳ ᠪᠡᠶ᠎ᠡ ᠪᠡᠶ᠎ᠡ ᠳ᠋ᠡᠭᠡᠨ ᠵᠣᠴᠢᠯᠠᠬᠤ᠂ ᠳᠠᠬᠢᠨ ᠠᠭᠤᠯᠵᠠᠬᠤ ᠢᠷᠦᠭᠡᠯ ᠲᠠᠯᠪᠢᠯᠴᠠᠵᠤ ᠬᠣᠶᠠᠷ ᠲᠠᠰᠢ ᠬᠥᠳᠡᠯᠪᠡ᠃ ᠨᠠᠷᠠ ᠠᠭᠤᠯᠠ ᠶ᠋ᠢᠨ ᠲᠣᠯᠣᠭᠠᠢ ᠳ᠋ᠤ᠌ ᠪᠠᠭᠤᠵᠤ ᠵᠢᠷᠭᠠᠵᠤ ᠠᠪᠠᠢ᠃    
       — ᠵᠠ ᠬᠡᠦᠬᠡᠳ᠂ ᠲᠡᠷᠲᠡᠭᠡ ᠥᠨᠳᠥᠷ ᠬᠠᠢᠷᠬᠠᠨ ᠠᠭᠤᠯᠠ ᠠ᠋ᠴᠠ ᠤᠷᠳᠤᠭᠤᠷ ᠬᠠᠷᠠᠭᠳᠠᠬᠤ ᠣᠨᠢ ᠴᠢᠭᠯᠡᠭᠡᠳ ᠶᠠᠪᠤᠭᠠᠳ ᠪᠠᠢᠲᠠᠯ᠎ᠠ ᠬᠠᠷᠢᠴᠢᠬᠠᠨ᠎ᠠ ᠳᠠ ᠭᠡᠵᠦ ᠨᠠᠬᠤ ᠠᠪᠤ ᠶ᠋ᠢ ᠬᠥᠬᠢᠭᠦᠨ ᠥᠭᠦᠯᠡᠬᠦ ᠳ᠋ᠦ᠍ ᠨᠢ ᠪᠣᠭᠤᠷᠴᠢ᠄ 
       — ᠢᠩᠭᠢᠭᠡᠳ ᠰᠢᠯᠤᠭᠤᠨ ᠶᠠᠪᠤᠭᠠᠳ ᠢᠷᠡᠵᠦ ᠪᠣᠯᠬᠤ ᠪᠠᠢᠲᠠᠯ᠎ᠠ ᠶᠠᠭᠤ ᠪᠠᠨ ᠡᠷᠢᠵᠦ ᠲᠡᠷᠡ ᠲᠣᠨᠲᠣᠭᠣᠷ ᠬᠡᠷᠦᠯᠦᠨ ᠭᠠᠷᠴᠤ ᠭᠤᠷᠪᠠᠨ ᠲᠠᠷᠭᠤᠨ ᠢ᠋ᠶ᠋ᠠᠷ ᠶᠠᠪᠤᠭᠰᠠᠨ ᠶᠤᠮ ᠪᠣᠢ? ᠭᠡᠵᠦ ᠠᠰᠠᠭᠤᠪᠠ᠃
       — ᠬᠤᠷᠳᠤᠨ ᠠᠳᠤᠭᠤ  ᠴᠤ᠌ ᠪᠠᠢᠵᠤ ᠶᠠᠭᠤ ᠮᠠᠭᠠᠳ᠂ ᠬᠥᠮᠦᠨ ᠠᠮᠢᠲᠠᠨ ᠲᠠᠢ ᠴᠤ᠌ ᠠᠭᠤᠯᠵᠠᠶ᠎ᠠ᠂ ᠲᠡᠭᠡᠭᠡᠳ ᠬᠡᠷᠦᠯᠦᠨ ᠦ᠌ ᠤᠷᠲᠤ ᠪᠡᠶ᠎ᠡ ᠶ᠋ᠢᠨ ᠭᠣᠪᠢᠷᠬᠠᠭ ᠭᠠᠵᠠᠷ ᠤ᠋ᠨ ᠨᠠᠷᠢᠨ ᠤᠷᠭᠤᠮᠠᠯ ᠨᠣᠭᠣᠭᠠᠨ ᠠ᠋ᠴᠠ ᠮᠣᠷᠢᠳ ᠳᠠᠭᠠᠨ ᠬᠠᠵᠠᠭᠤᠯᠤᠶ᠎ᠠ᠂ ᠬᠦᠴᠦ ᠴᠢᠳᠠᠯ ᠨᠡᠮᠡᠭᠳᠡᠵᠦ ᠮᠠᠭᠠᠳ ᠦᠭᠡᠢ ᠭᠡᠵᠦ ᠪᠣᠳᠣᠭᠰᠠᠨ᠃ 
       — ᠡᠷᠢᠭᠰᠡᠨ ᠰᠤᠷᠠᠭᠰᠠᠨ ᠢ᠋ᠶ᠋ᠠᠨ ᠣᠯᠪᠠᠤ? 
       — ᠣᠯᠤᠯ᠎ᠠ᠃ ᠡᠨᠡ ᠵᠢᠭᠠᠬᠠᠨ ᠬᠤᠷᠳᠤᠨ ᠪᠣᠷᠣ ᠠᠵᠢᠷᠭ᠎ᠠ ᠶ᠋ᠢ ᠣᠯᠤᠯ᠎ᠠ᠃ ᠪᠢ ᠨᠢᠭᠡ ᠡᠢᠮᠦ ᠠᠵᠢᠷᠭ᠎ᠠ ᠲᠠᠢ ᠪᠣᠯᠤᠶ᠎ᠠ ᠭᠡᠵᠦ ᠠᠯᠢ ᠡᠷᠲᠡ ᠡᠴᠡ ᠪᠣᠳᠣᠭᠰᠠᠨ ᠶᠤᠮ᠃ 
       — ᠲᠠ ᠡᠭᠦᠨ ᠦ᠌ ᠬᠤᠷᠳᠤᠨ ᠭᠡᠳᠡᠭ ᠢ᠋ ᠶᠠᠭᠠᠬᠢᠵᠤ ᠮᠡᠳᠡᠵᠦ ᠪᠠᠢᠭ᠎ᠠ ᠶᠤᠮ ᠪᠣᠢ? 
       — ᠬᠤᠷᠳᠤᠨ ᠠ᠋᠂ ᠬᠤᠷᠳᠤᠨ! ᠴᠢ ᠬᠠᠷᠠᠭ᠎ᠠ ᠪᠢᠵᠡ ᠳᠡ᠂ ᠬᠣᠯᠢᠮᠠᠭ ᠤᠷᠤᠯᠳᠤᠭᠠᠨ ᠳ᠋ᠤ᠌ ᠶᠠᠭᠠᠬᠢᠵᠤ ᠲᠦᠷᠦᠭᠦᠯᠡᠵᠦ ᠢᠷᠡᠭᠰᠡᠨ ᠢ᠋᠃ 
       — ᠬᠠᠷᠠᠭᠰᠠᠨ᠂ ᠬᠠᠷᠠᠭᠰᠠᠨ᠃ ᠨᠡᠭᠡᠷᠡᠨ ᠴᠦ᠍ ᠬᠤᠷᠳᠤᠨ ᠪᠠᠢᠬ᠎ᠠ ᠳᠠ᠃  
       — ᠬᠤᠷᠳᠤᠨ ᠳᠠ᠃ ᠬᠤᠷᠳᠤᠨ ᠠᠳᠤᠭᠤᠨ ᠤ᠋ ᠰᠢᠨᠵᠢ᠄《ᠠᠮᠠᠨ ᠬᠦᠵᠦᠭᠦᠦ ᠵᠠᠨᠲᠠᠭᠠᠷ᠂ ᠣᠪᠣᠭ᠎ᠠ᠂ ᠰᠡᠷᠪᠡᠭᠡ᠂ ᠮᠤᠨᠳᠠᠭ᠎ᠠ ᠭᠤᠷᠪᠠ ᠨᠢ ᠬᠣᠯᠪᠣᠭᠠᠲᠠᠢ᠃ ᠴᠡᠭᠡᠵᠢ ᠥᠨᠳᠥᠷ᠂ ᠬᠠᠮᠠᠷ ᠠᠭᠤᠵᠢᠮ᠂ ᠰᠠᠯᠲᠠᠭ᠎ᠠ ᠥᠷᠭᠡᠨ᠂ ᠰᠠᠭᠯᠠᠭ᠎ᠠ ᠥᠳᠬᠡᠨ᠂ ᠪᠡᠷᠪᠡᠬᠡᠢ ᠨᠠᠷᠢᠬᠠᠨ᠂ ᠲᠤᠭᠤᠷᠠᠢ ᠴᠣᠮᠪᠣᠩ》 ᠭᠡᠳ ᠣᠯᠠᠨ ᠵᠦᠢᠯ ᠪᠣᠢ᠃ ᠲᠡᠷᠡ ᠪᠦᠭᠦᠳᠡ ᠡᠨᠡ ᠪᠣᠷᠣ ᠠᠵᠢᠷᠭᠠᠨ ᠳ᠋ᠤ᠌ ᠯᠠ ᠪᠣᠢ᠃ 
       — ᠮᠠᠨ ᠤ᠋ ᠰᠠᠷᠠᠯ ᠪᠠᠢᠳᠠᠰᠤᠨ ᠠ᠋ᠴᠠ᠂ ᠲᠡᠷᠡ ᠣᠯᠠᠨ ᠵᠦᠢᠯ ᠪᠦᠷᠢᠯᠳᠦᠭᠰᠡᠨ ᠤᠨᠠᠭ᠎ᠠ ᠭᠠᠷᠬᠤ ᠪᠠᠢᠬ᠎ᠠ᠃ 
       — ᠴᠢ ᠶᠠᠭᠠᠬᠢᠵᠤ ᠮᠡᠳᠡᠭᠰᠡᠨ ᠪᠣᠢ? 
       — ᠮᠡᠳᠡᠵᠦ ᠶᠠᠳᠠᠭᠠᠳ ᠶᠠᠭᠤ ᠪᠠᠢᠬᠤ ᠪᠣᠢ ᠳᠠ᠃ ᠲᠡᠮᠦᠷᠴᠢ ᠭᠤᠸᠠᠢ ᠶ᠋ᠢᠨ ᠬᠣᠩᠭᠣᠷ ᠠᠵᠢᠷᠭᠠᠨ ᠳ᠋ᠤ᠌ ᠭᠢᠰᠬᠢᠭᠦᠯᠦᠭᠰᠡᠨ᠃ ᠨᠠᠬᠤ ᠠᠪᠤ ᠳᠠᠭᠤ ᠠᠯᠳᠠᠵᠤ ᠭᠤᠶ᠎ᠠ ᠪᠠᠨ ᠠᠯᠠᠭᠠᠳᠠᠨ᠄ 
       — ᠲᠡᠭᠡᠪᠡᠯ ᠴᠦ᠍ ᠪᠦᠷ ᠡᠷᠢᠯ ᠢ᠋ᠶ᠋ᠡᠨ ᠣᠯᠵᠤ᠂ ᠣᠯᠵᠠ ᠪᠠᠨ ᠡᠪᠦᠷᠯᠡᠵᠦ ᠯᠡ ᠳᠡ ᠭᠡᠵᠦ ᠤᠴᠢᠷ ᠦᠭᠡᠢ ᠶᠡᠬᠡ ᠪᠠᠶᠠᠷᠯᠠᠪᠠ᠃ ᠪᠤᠭᠤᠷᠴᠢ᠄ 
       — ᠲᠡᠭᠡᠪᠡᠯ ᠪᠢ᠁ ᠭᠡᠳ ᠲᠠᠷᠭᠤᠨ ᠤ᠋ ᠠᠭᠤᠯᠠᠰ ᠤᠷᠤᠭᠤ ᠬᠠᠷᠠᠪᠠᠰᠤ ᠣᠷᠣᠢ ᠳ᠋ᠤᠨᠢ ᠨᠠᠷᠠᠨ ᠤ᠋ ᠰᠢᠷᠭᠠᠯ ᠲᠤᠶᠠᠭ᠎ᠠ ᠲᠤᠰᠤᠭᠰᠠᠨ ᠬᠡᠪ ᠢ᠋ᠶ᠋ᠡᠷ ᠰᠢᠵᠢᠷᠲᠦᠬᠦ ᠳ᠋ᠦ᠍ᠨᠢ᠄ 
       — ᠡᠷᠢᠭᠡᠳ ᠣᠯᠬᠤ ᠦᠭᠡᠢ ᠡᠷᠳᠡᠨᠢ᠂ ᠰᠤᠷᠠᠭᠠᠳ ᠣᠯᠬᠤ ᠦᠭᠡᠢ ᠰᠤᠪᠤᠳ ᠡᠷᠳᠡᠨᠢ ᠡᠪᠦᠷᠯᠡᠵᠦ ᠯᠡ ᠳᠡ ᠭᠡᠮᠡᠨ ᠠᠮᠠᠨ ᠳᠣᠲᠣᠷ᠎ᠠ ᠪᠠᠨ ᠬᠡᠯᠡᠵᠦ ᠬᠠᠨᠴᠤᠢ ᠳᠣᠲᠣᠷ᠎ᠠ ᠪᠠᠨ ᠬᠠᠯᠬᠠᠯᠠᠪᠠ᠃