ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠵᠢᠷᠭᠤᠭ᠎ᠠ〕 Цаг төрийн үймээн – Д ᠂ Намдаг - Цаг төрийн үймээн ᠂ гуравдугаар бүлэг -16 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠵᠢᠷᠭᠤᠭ᠎ᠠ〕 Цаг төрийн үймээн – Д ᠂ Намдаг - Цаг төрийн үймээн ᠂ гуравдугаар бүлэг -16

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠵᠢᠷᠭᠤᠭ᠎ᠠ〕 Цаг төрийн үймээн – Д ᠂ Намдаг - Цаг төрийн үймээн ᠂ гуравдугаар бүлэг -16

ᠠᠩᠭᠢᠯᠠᠯ:ᠲᠤᠭᠤᠵᠢ ᠷᠣᠮᠠᠨ
2026-02-24

83

ᠬᠤᠪᠢ ᠶᠢᠨ ᠵᠠᠮ


                               ( ᠳ᠋ᠠᠨᠽᠠᠨ ᠤ᠋ ᠶᠠᠪᠤᠳᠠᠯ)    
       ᠥᠷᠭᠡᠨ ᠲᠠᠯ᠎ᠠ ᠠ᠋ᠴᠠ ᠡᠷᠢᠶᠡᠨ ᠲᠠᠷᠯᠠᠨ ᠴᠠᠰᠤ ᠬᠠᠪᠤᠷ ᠤ᠋ᠨ ᠳᠤᠮᠳᠠ ᠰᠠᠷ᠎ᠠ ᠶ᠋ᠢᠨ ᠪᠦᠯᠪᠡᠭᠡᠷ ᠨᠡᠷᠡᠨ᠎ᠡ ᠣᠷᠣ ᠮᠥᠷ ᠦᠭᠡᠢ ᠪᠣᠯᠤᠨ ᠬᠠᠢᠯᠵᠤ ᠳᠠᠭᠤᠰᠤᠮᠠᠭᠴᠠ ᠦᠶ᠎ᠡ ᠦᠶ᠎ᠡ ᠬᠦᠴᠦᠲᠡᠢ ᠰᠢᠭᠤᠷᠭ᠎ᠠ ᠪᠣᠰᠴᠤ᠂ ᠬᠥᠷᠥᠰᠥ ᠮᠠᠭᠤᠲᠤ ᠭᠣᠪᠢ ᠶ᠋ᠢᠨ ᠡᠯᠡᠰᠦᠷᠬᠡᠭ ᠰᠢᠷᠣᠢ ᠨᠢ ᠲᠩᠷᠢ ᠲᠤᠯᠤᠨ ᠳᠡᠭᠳᠡᠵᠦ ᠬᠥᠮᠦᠨ ᠠᠮᠢᠲᠠᠨ᠂ ᠠᠳᠤᠭᠤᠰᠤ ᠮᠠᠯ ᠪᠦᠬᠦᠨ ᠢ᠋ ᠬᠠᠢᠷ᠎ᠠ ᠨᠠᠢᠷ ᠦᠭᠡᠢ ᠪᠠᠯᠪᠠᠨ ᠭᠤᠢᠪᠢᠭᠤᠯᠬᠤ ᠪᠣᠯᠵᠠᠢ᠃ ᠶᠠᠭ ᠡᠨᠡ ᠦᠶ᠎ᠡ ᠪᠡᠷ ᠪᠢᠯᠡ᠃ ᠵᠠᠮ ᠤ᠋ᠨ ᠡᠭᠦᠳᠡ ᠡᠴᠡ ᠴᠠᠭ ᠢᠮᠠᠭᠲᠠ ᠶᠠᠭᠠᠷᠠᠨ ᠳᠣᠪᠲᠣᠯᠵᠤ ᠨᠢᠭᠡ ᠶᠠᠭ ᠦᠭᠡᠢ ᠰᠢᠷᠦᠭᠦᠨ ᠡᠯᠴᠢ ᠭᠠᠷᠤᠯ᠎ᠠ᠃ ᠡᠨᠡ ᠪᠣᠯ ᠳ᠋ᠠᠨᠽᠠᠨ᠃ ᠣᠳᠣᠬᠠᠨ ᠳ᠋ᠠᠭᠠᠨ ᠠᠮᠢ ᠪᠡᠶ᠎ᠡ ᠪᠡᠨ ᠬᠠᠮᠠᠭᠠᠯᠠᠬᠤ ᠳ᠋ᠤ᠌ ᠪᠢᠰᠢ᠂ ᠠᠯᠤᠰ ᠲᠠᠭᠠᠨ ᠠᠮᠢᠨ ᠬᠤᠪᠢ ᠶ᠋ᠢ ᠪᠣᠯᠬᠤ ᠡᠰᠡᠬᠦ ᠶ᠋ᠢ ᠴᠦ᠍ ᠪᠤᠤ ᠮᠡᠳᠡ᠃ ᠭᠠᠮᠢᠩ ᠲᠠᠢ ᠪᠠᠢᠯᠳᠤᠬᠤ ᠪᠠᠷ ᠲᠤᠭᠠᠷ ᠪᠠᠭᠠᠲᠤᠷ ᠤ᠋ᠨ ᠴᠡᠷᠢᠭ ᠲᠦ᠍ ᠠᠩᠬ᠎ᠠ ᠣᠷᠣᠬᠤ ᠳ᠋ᠠᠭᠠᠨ ᠬᠦᠯᠢᠶᠡᠵᠦ ᠠᠪᠤᠭᠰᠠᠨ ᠠ᠋ᠴᠠ ᠬᠣᠢᠰᠢ ᠢᠲᠡᠭᠡᠯᠲᠦ ᠬᠠᠨᠢ ᠨᠥᠬᠥᠷ ᠢ᠋ᠶ᠋ᠡᠨ ᠪᠣᠯᠭᠠᠭᠰᠠᠨ ᠬᠤᠷᠳᠤᠨ ᠫᠤᠤ ᠪᠠᠨ ᠬᠠᠵᠠᠭᠤ ᠶ᠋ᠢᠨ ᠢ᠋ᠶ᠋ᠡᠨ ᠤᠯᠠᠭᠠᠴᠢ ᠳ᠋ᠤ᠌ ᠡᠭᠦᠷᠦᠭᠦᠯᠦᠭᠡᠳ ᠥᠪᠡᠷ ᠢ᠋ᠶ᠋ᠡᠨ ᠳ᠋ᠠᠢᠵᠨ ᠪᠦᠬᠦᠢ ᠬᠡᠳᠦᠨ ᠵᠠᠭᠤᠨ ᠰᠤᠮᠤ ᠪᠠᠷ ᠴᠡᠭᠡᠵᠢ ᠣᠷᠢᠶᠠᠨ ᠪᠠᠭᠯᠠᠵᠠᠢ᠃ ᠥᠷᠲᠡᠭᠡᠨ ᠦ᠌ ᠬᠢᠨ ᠬᠤᠷᠳᠤᠨ ᠫᠤᠤ᠂ ᠬᠤᠷᠴᠠ ᠰᠤᠮᠤᠨ ᠠ᠋ᠴᠠ ᠨᠢ ᠡᠮᠢᠶᠡᠨ ᠰᠦᠷᠳᠡᠬᠦ ᠳ᠋ᠡᠭᠡᠨ ᠴᠦ᠍ ᠶᠦᠮ ᠤᠤ? ᠡᠰᠡᠪᠡᠯ ᠥᠪᠡᠷᠲᠡᠭᠡᠨ ᠤᠯᠠᠭ᠎ᠠ ᠪᠠᠷ ᠶᠠᠪᠤᠭᠴᠢ ᠪᠦᠬᠦᠨ ᠢ᠋ ᠡᠪ ᠲᠠᠯ᠎ᠠ ᠵᠠᠰᠠᠨ ᠥᠩᠭᠡᠷᠡᠭᠦᠯᠵᠦ ᠰᠤᠷᠤᠭᠰᠠᠨ ᠢ᠋ᠶ᠋ᠠᠷ ᠢ᠋ᠶ᠋ᠠᠨ ᠲᠡᠷᠡ ᠶᠦᠮ ᠤᠤ ᠪᠤᠤ ᠮᠡᠳᠡ᠄   
       — ᠡᠯᠴᠢ ᠭᠤᠸᠠᠢ ᠳᠡᠭᠡᠭᠰᠢ ᠪᠡᠨ ᠮᠣᠷᠢᠯᠠ! ᠳᠡᠭᠡᠭᠰᠢ ᠪᠡᠨ ᠮᠣᠷᠢᠯᠠ! ᠭᠡᠵᠦ ᠬᠦᠨᠳᠦᠳᠬᠡᠬᠦ ᠪᠥᠭᠡᠳ ᠬᠡᠷᠪᠡ ᠬᠣᠨᠣᠬᠤ ᠳ᠋ᠤ᠌ ᠬᠦᠷᠪᠡᠯ ᠬᠣᠨᠢᠨ ᠤ᠋ ᠪᠦᠬᠦᠯᠢ ᠪᠦᠲᠦᠨ ᠬᠥᠯ ᠮᠢᠬ᠎ᠠ ᠪᠠᠷ ᠬᠣᠭᠣᠯᠠ ᠬᠢᠵᠦ ᠵᠣᠴᠢᠯᠠᠨ᠎ᠠ᠃ ᠬᠠᠷᠢᠭᠤ ᠳ᠋ᠤᠨᠢ ᠳ᠋ᠠᠨᠽᠠᠨ ᠮᠥᠨ ᠴᠦ᠍ ᠶᠠᠭ ᠦᠭᠡᠢ ᠠ᠋᠃ ᠡᠷ᠎ᠡ ᠴᠡᠷᠢᠭ ᠦ᠋ᠨ ᠲᠤᠯᠤᠯᠳᠤᠭᠠᠨ ᠳ᠋ᠤ᠌ ᠣᠷᠣᠭᠰᠠᠨ ᠠ᠋ᠴᠠ ᠴᠤ᠌ ᠶᠤᠮ ᠤᠤ᠂ ᠡᠰᠡᠪᠡᠯ ᠲᠥᠷᠥ ᠶ᠋ᠢᠨ ᠬᠡᠷᠡᠭ ᠲᠦ᠍ ᠣᠷᠣᠯᠴᠠᠭᠰᠠᠨ ᠪᠦᠬᠦᠨ ᠢ᠋ᠶ᠋ᠡᠷ ᠢ᠋ᠶ᠋ᠡᠨ ᠡᠢᠮᠦ ᠪᠠᠢᠬᠤ ᠶᠣᠰᠣᠲᠠᠢ ᠭᠡᠵᠦ ᠪᠣᠳᠣᠭᠰᠠᠨ ᠳ᠋ᠠᠭᠠᠨ ᠴᠤ᠌ ᠶᠤᠮ ᠤᠤ᠂ ᠡᠰᠡᠪᠡᠯ ᠢᠵᠢᠯᠢ ᠳᠠᠰᠤᠯ ᠪᠣᠯᠤᠭᠰᠠᠨ ᠰᠢᠨ᠎ᠡ ᠨᠥᠬᠥᠳ ᠦ᠋ᠨ ᠬᠢᠨᠢ ᠠᠪᠤᠷᠢ ᠵᠠᠩ ᠬᠠᠯᠳᠠᠭᠰᠠᠨ ᠤ᠋ ᠬᠢ ᠴᠦ᠍ ᠪᠠᠢᠵᠤ ᠮᠠᠭᠠᠳ᠂ ᠠᠢᠯ ᠳ᠋ᠤ᠌ ᠣᠷᠣᠩᠭᠤᠲᠠ ᠪᠠᠨ ᠲᠡᠰᠢᠶ᠎ᠡ ᠲᠤᠯᠤᠨ ᠬᠥᠨᠳᠡᠯᠡᠳᠡᠬᠦᠦ ᠰᠠᠭᠤᠨ᠂ ᠡᠨᠡ ᠲᠡᠷᠡ ᠶ᠋ᠢ ᠰᠢᠷᠦᠭᠦᠨ ᠢ᠋ᠶ᠋ᠡᠷ ᠬᠠᠷᠠᠨ᠂ ᠴᠡᠷᠢᠭ ᠦ᠋ᠨ ᠴᠢᠬᠤᠯᠠ ᠶᠠᠭᠠᠷᠠᠯᠲᠠᠢ ᠬᠡᠷᠡᠭ ᠢ᠋ᠶ᠋ᠡᠷ ᠶᠠᠪᠤᠵᠤ ᠪᠠᠢᠨ᠎ᠠ᠂ ᠤᠨᠤᠭ᠎ᠠ ᠮᠣᠷᠢᠳ ᠢ᠋ ᠱᠠᠯᠠᠪᠯᠠᠵᠤ ᠦᠵᠡ! ᠭᠡᠵᠦ ᠵᠠᠩᠳᠤᠷᠤᠩᠭᠤᠢ ᠥᠭᠦᠯᠡᠨ᠎ᠡ᠃ 
       ᠡᠪᠦᠷ ᠲᠤᠨᠢ ᠬᠣᠶᠠᠷ ᠵᠦᠢᠯ ᠦ᠋ᠨ ᠰᠦᠷᠡᠬᠡᠢ ᠪᠢᠴᠢᠭ ᠶᠠᠪᠤᠭ᠎ᠠ ᠠᠵᠢ᠃ ᠲᠡᠭᠦᠨ ᠦ᠌ ᠨᠢᠭᠡᠨ ᠳ᠋ᠦ᠍ ᠡᠮᠦᠨ᠎ᠡ ᠬᠢᠵᠠᠭᠠᠷ ᠢ᠋ ᠰᠡᠷᠭᠡᠢᠯᠡᠨ ᠬᠠᠮᠠᠭᠠᠯᠠᠬᠤ ᠵᠠᠮ ᠤ᠋ᠨ ᠡᠭᠦᠳᠡ ᠶ᠋ᠢᠨ ᠴᠡᠷᠢᠭ ᠦ᠋ᠨ ᠬᠣᠷᠢᠶᠠᠨ ᠤ᠋ ᠪᠢᠴᠢᠭ᠂《ᠡᠭᠦᠨ ᠢ᠋ ᠦᠵᠡᠭᠦᠯᠦᠭᠴᠢ ᠳ᠋ᠠᠨᠽᠠᠨ ᠪᠣᠯ ᠲᠤᠰ ᠬᠣᠷᠢᠶᠠᠨ ᠤ᠋ ᠪᠠᠢᠯᠳᠤᠭᠴᠢ ᠴᠡᠷᠢᠭ ᠪᠥᠭᠡᠳ ᠴᠢᠬᠤᠯᠠ ᠬᠡᠷᠡᠭ ᠦ᠋ᠨ ᠤᠴᠢᠷ ᠪᠣᠭᠳᠠ ᠶ᠋ᠢᠨ ᠬᠦᠷᠢᠶᠡᠨ᠎ᠡ ᠣᠷᠣᠬᠤ ᠪᠠᠷ ᠶᠠᠪᠤᠵᠤ ᠪᠣᠢ ᠲᠤᠯᠠ ᠵᠠᠮ ᠤ᠋ᠨ ᠥᠷᠲᠡᠭᠡ ᠪᠠ ᠵᠢᠷ ᠦ᠋ᠨ ᠠᠢᠯ᠂ ᠠᠯᠢᠨ ᠠ᠋ᠴᠠ ᠪᠣᠯᠪᠠᠴᠤ ᠤᠨᠤᠬᠤ ᠮᠣᠷᠢ᠂ ᠬᠣᠭᠣᠯᠠ ᠬᠦᠨᠡᠰᠦ ᠶ᠋ᠢ ᠪᠦᠷᠢᠨ ᠳᠠᠢᠴᠢᠯᠠᠬᠤ ᠡᠷᠬᠡ ᠲᠡᠢ ᠪᠥᠭᠡᠳ ᠡᠭᠦᠨ ᠦ᠌ ᠲᠤᠯᠠ ᠪᠢᠴᠢᠭ ᠰᠢᠢᠳᠬᠡᠨ ᠣᠯᠭᠣᠪᠠ᠃    ᠵᠠᠮ ᠤ᠋ᠨ ᠡᠭᠦᠳᠡ ᠶ᠋ᠢᠨ ᠴᠡᠷᠢᠭ ᠦ᠋ᠨ ᠵᠠᠩᠵᠤᠨ ᠵᠣᠷᠢᠭᠲᠤ ᠪᠠᠭᠠᠲᠤᠷ ᠲᠤᠭᠠᠷ》 ᠭᠡᠰᠡᠨ ᠠᠵᠢ᠃  
       ᠬᠣᠶᠠᠳᠠᠬᠢ ᠪᠢᠴᠢᠭ ᠨᠢ᠄《 ᠵᠠᠮ ᠤ᠋ᠨ ᠡᠭᠦᠳᠡᠨ᠎ᠡ ᠰᠠᠭᠤᠭ᠎ᠠ ᠴᠡᠷᠢᠭ ᠡᠷ᠎ᠡ ᠶ᠋ᠢ ᠵᠠᠬᠢᠷᠤᠭᠴᠢ ᠵᠣᠷᠢᠭᠲᠤ ᠪᠠᠭᠠᠲᠤᠷ ᠲᠤᠭᠠᠷ ᠤ᠋ᠨ ᠪᠢᠴᠢᠭ》   《ᠲᠤᠰ ᠤᠯᠤᠰ ᠤ᠋ᠨ ᠪᠦᠬᠦ ᠴᠡᠷᠢᠭ ᠡᠷ᠎ᠡ ᠶ᠋ᠢᠨ ᠬᠡᠷᠡᠭ ᠢ᠋ ᠵᠠᠬᠢᠷᠤᠨ ᠰᠢᠢᠳᠬᠡᠬᠦ ᠵᠠᠩᠵᠤᠨ ᠰᠠᠢᠳ ᠬᠢᠭᠡᠳ ᠲᠦᠰᠢᠮᠡᠯ ᠨᠠᠷ ᠲᠠᠨ᠎ᠠ ᠠᠢᠯᠠᠳᠬᠠᠨ ᠮᠡᠳᠡᠭᠦᠯᠬᠦ ᠶ᠋ᠢᠨ ᠤᠴᠢᠷ᠂ ᠲᠦᠰᠢᠶᠡᠲᠦ ᠬᠠᠨ ᠠᠢᠮᠠᠭ ᠤ᠋ᠨ ᠪᠠᠭᠠᠲᠤᠷ ᠸᠠᠩ ᠤ᠋ᠨ ᠬᠤᠰᠢᠭᠤᠨ ᠤ᠋ ᠳᠣᠣᠷᠠᠲᠤ ᠠᠷᠠᠳ ᠳ᠋ᠠᠨᠽᠠᠨ᠂ ᠣᠯᠠᠨ᠎ᠠ ᠡᠷᠭᠦᠭᠳᠡᠭᠰᠡᠨ ᠦ᠌ ᠶᠢᠰᠦᠳᠦᠭᠡᠷ ᠣᠨ ᠳ᠋ᠤ᠌ ᠵᠠᠩᠴᠢᠬᠦᠦ ᠬᠣᠲᠠᠨ᠎ᠠ ᠵᠢᠩ ᠲᠡᠭᠡᠭᠡᠵᠦ ᠣᠷᠣᠭᠠᠳ ᠲᠡᠨᠳᠡᠬᠢ ᠬᠠᠷᠭᠢᠰ ᠭᠠᠮᠢᠩ ᠤ᠋ᠳ ᠲᠤ᠌ ᠬᠠᠨᠢ ᠨᠥᠬᠥᠳ ᠣᠨᠣᠯᠭ᠎ᠠ ᠬᠥᠰᠬᠡ ᠶ᠋ᠢᠨ ᠬᠠᠮᠲᠤ ᠪᠠᠷᠢᠭᠳᠠᠨ ᠵᠢᠯ ᠭᠠᠷᠤᠢ ᠶ᠋ᠢᠨ ᠲᠤᠷᠰᠢ ᠭᠠᠰᠢᠭᠤᠨ ᠵᠣᠪᠠᠯᠠᠩ ᠢ᠋ ᠡᠳ᠋ᠯᠡᠭᠡᠳ ᠡᠴᠦᠰ ᠲᠦ᠋ᠨᠢ ᠠᠮᠢ ᠵᠤᠯᠪᠠᠨ ᠭᠠᠷᠴᠤ ᠨᠤᠲᠤᠭ ᠢ᠋ᠶ᠋ᠠᠨ ᠲᠡᠮᠡᠴᠡᠭᠰᠡᠨ ᠭᠡᠬᠦ ᠪᠥᠭᠡᠳ ᠡᠨᠡ ᠡᠷ᠎ᠡ ᠴᠣᠢᠷ᠎ᠠ ᠠᠭᠤᠯᠠ ᠶ᠋ᠢᠨ ᠪᠠᠢᠯᠳᠤᠭᠠᠨ ᠢ᠋ᠶ᠋ᠠᠷ ᠮᠠᠨ ᠤ᠋ ᠴᠡᠷᠢᠭ ᠲᠦ᠍ ᠪᠠᠷᠢᠭᠳᠠᠨ ᠢᠷᠡᠵᠦ ᠴᠡᠷᠢᠭ ᠲᠦ᠍ ᠣᠷᠣᠭᠰᠠᠨ ᠢ᠋ ᠨᠢ ᠰᠠᠢᠰᠢᠶᠠᠯᠲᠠᠢ᠃ ᠲᠡᠭᠡᠭᠡᠳ ᠶᠡᠬᠡ ᠵᠢᠳᠬᠦᠯ ᠭᠠᠷᠭᠠᠭᠰᠠᠨ ᠢ᠋ ᠳᠤᠷᠠᠳᠪᠠᠯ ᠨᠢᠭᠡ᠂ ᠴᠣᠢᠷ᠎ᠠ ᠠᠭᠤᠯᠠ ᠶ᠋ᠢ ᠪᠠᠢᠯᠳᠤᠨ ᠠᠪᠬᠤ ᠳ᠋ᠤ᠌ ᠠᠷᠪᠠᠨ ᠬᠡᠳᠦᠨ ᠭᠠᠮᠢᠩ ᠯᠤᠭ᠎ᠠ ᠭᠠᠭᠴᠠᠭᠠᠷ ᠲᠤᠯᠤᠯᠳᠤᠨ ᠢᠯᠠᠨ ᠲᠠᠢᠯᠵᠤ ᠪᠠᠭᠠᠲᠤᠷ ᠵᠢᠳᠬᠦᠯ ᠭᠠᠷᠭᠠᠵᠤ ᠪᠠᠢᠭᠰᠠᠨ ᠤᠳᠠᠭ᠎ᠠ ᠪᠣᠢ᠂ ᠮᠥᠨ ᠣᠷᠣᠭᠰᠢ ᠵᠢᠭᠤᠲᠠᠭᠰᠠᠨ ᠭᠠᠮᠢᠩ ᠤ᠋ᠨ ᠦᠯᠡᠳᠡᠭᠳᠡᠯ ᠢ᠋ ᠵᠠᠮ ᠲᠣᠰᠣᠨ ᠪᠣᠭᠣᠬᠤ  ᠬᠡᠷᠡᠭ ᠲᠦ᠍ ᠭᠠᠷᠮᠠᠭᠠᠢᠯᠠᠨ ᠵᠢᠳᠬᠦᠭᠰᠡᠨ ᠬᠣᠶᠠᠳᠠᠬᠢ ᠭᠠᠪᠢᠶ᠎ᠠ᠃ ᠭᠤᠷᠪᠠ ᠳ᠋ᠤ᠌ ᠬᠢᠲᠠᠳ ᠬᠡᠯᠡ ᠰᠠᠢᠨ ᠮᠡᠳᠡᠬᠦ ᠤᠴᠢᠷ ᠤᠳᠠᠭ᠎ᠠ ᠳᠠᠷᠠᠭᠠᠯᠠᠨ ᠪᠠᠷᠢᠭᠳᠠᠭᠰᠠᠨ ᠭᠠᠮᠢᠩ ᠤ᠋ᠳ ᠢ᠋ ᠪᠠᠢᠴᠠᠭᠠᠨ ᠯᠠᠪᠯᠠᠬᠤ ᠶᠠᠪᠤᠳᠠᠯ ᠳ᠋ᠤ᠌ ᠮᠠᠰᠢ ᠶᠡᠬᠡ ᠡᠭᠦᠷᠭᠡ ᠶ᠋ᠢ ᠭᠦᠢᠴᠡᠳᠬᠡᠵᠦ ᠶᠠᠪᠤᠯ᠎ᠠ᠃ ᠲᠡᠭᠡᠭᠡᠳ ᠡᠮᠦᠨ᠎ᠡ ᠵᠦᠭ ᠨᠢᠭᠡᠨᠲᠡ ᠨᠠᠮ ᠲᠠᠢᠪᠤᠩ ᠪᠣᠯᠤᠭᠰᠠᠨ ᠢ᠋ ᠬᠠᠷᠠᠭᠠᠯᠵᠠᠨ ᠨᠤᠲᠤᠭ ᠲᠠᠭᠠᠨ ᠬᠠᠷᠢᠰᠤᠭᠠᠢ ᠭᠡᠮᠡᠨ ᠴᠢᠯᠥᠭᠡ ᠮᠡᠳᠡᠭᠦᠯᠦᠭᠰᠡᠨ ᠢ᠋ ᠲᠤᠭᠠᠷ ᠮᠢᠨᠦ ᠪᠡᠶ᠎ᠡ ᠬᠦᠯᠢᠶᠡᠨ ᠠᠪᠴᠤ ᠶᠣᠰᠣᠭᠠᠷ ᠪᠣᠯᠭᠠᠭᠰᠠᠨ ᠪᠥᠭᠡᠳ ᠤᠭ ᠦᠢᠯᠡᠳᠦᠭᠰᠡᠨ ᠭᠠᠪᠢᠶ᠎ᠠ ᠶ᠋ᠢ ᠡᠨᠳᠡ ᠲᠡᠮᠳᠡᠭᠯᠡᠬᠦ ᠶ᠋ᠢᠨ ᠤᠴᠢᠷ ᠭᠡᠪᠡᠯ ᠤᠯᠠᠮ ᠢ᠋ᠶ᠋ᠠᠷ ᠶᠡᠬᠡ ᠡᠵᠡᠨ ᠬᠠᠭᠠᠨ ᠳ᠋ᠤ᠌ ᠤᠯᠠᠮᠵᠢᠯᠠᠨ ᠠᠢᠯᠠᠳᠬᠠᠵᠤ᠂ ᠭᠠᠪᠢᠶ᠎ᠠ ᠱᠠᠩᠨᠠᠯ ᠬᠥᠬᠢᠭᠦᠯᠦᠨ ᠬᠦᠷᠲᠡᠭᠡᠬᠦ ᠶ᠋ᠢ ᠡᠷᠢᠰᠦᠭᠡᠢ ᠭᠡᠰᠡᠨ ᠦ᠌ ᠲᠤᠯᠠ》 ᠭᠡᠵᠡᠢ᠃ 
       ᠦᠨᠡᠨ ᠢ᠋ ᠬᠡᠯᠡᠬᠦ ᠳ᠋ᠦ᠍ ᠳ᠋ᠠᠨᠽᠠᠨ ᠡᠪᠦᠷ ᠳᠠᠬᠢ ᠪᠢᠴᠢᠭ ᠦ᠋ᠨ ᠤᠴᠢᠷ ᠢ᠋ ᠦᠯᠦ ᠮᠡᠳᠡᠨ᠎ᠡ᠃ ᠨᠢᠭᠡ ᠨᠢ ᠤᠯᠠᠭ᠎ᠠ ᠶ᠋ᠢᠨ ᠵᠠᠷ᠂ ᠨᠥᠭᠦᠭᠡ ᠨᠢ ᠴᠡᠷᠢᠭ ᠦ᠋ᠨ ᠶᠠᠮᠤᠨ ᠳ᠋ᠤ᠌ ᠬᠦᠷᠭᠡᠬᠦ ᠴᠢᠬᠤᠯᠠ ᠪᠢᠴᠢᠭ ᠭᠡᠵᠦ ᠣᠢᠯᠠᠭᠠᠭᠰᠠᠨ ᠢ᠋ᠶ᠋ᠠᠷ ᠲᠥᠷᠥ ᠳ᠋ᠦ᠍ ᠴᠢᠬᠤᠯᠠ ᠠᠯᠪᠠ ᠶ᠋ᠢ ᠭᠦᠢᠴᠡᠳᠬᠡᠭᠴᠢ ᠲᠥᠷᠥ ᠶ᠋ᠢᠨ ᠬᠠᠷ᠎ᠠ ᠬᠥᠮᠦᠨ ᠭᠡᠵᠦ ᠥᠪᠡᠷ ᠢ᠋ ᠪᠡᠨ ᠥᠨᠳᠥᠷ ᠲᠦ᠍ ᠡᠷᠭᠦᠭᠰᠡᠨ ᠡᠴᠡ ᠭᠠᠳᠠᠨ᠎ᠠ ᠵᠠᠮ ᠤ᠋ᠨ ᠡᠭᠦᠳᠡ ᠡᠴᠡ ᠠᠩᠬ᠎ᠠ ᠮᠣᠷᠳᠠᠬᠤ ᠳ᠋ᠤᠨᠢ ᠲᠤᠭᠠᠷ ᠪᠠᠭᠠᠲᠤᠷ《ᠴᠡᠷᠢᠭ ᠡᠷ᠎ᠡ ᠶ᠋ᠢᠨ ᠢ᠋ᠶ᠋ᠡᠨ ᠨᠡᠷ᠎ᠡ ᠶ᠋ᠢ ᠰᠠᠢᠲᠤᠷ ᠬᠠᠳᠠᠭᠠᠯᠠᠵᠤ ᠶᠠᠪᠤᠭᠠᠷᠠᠢ!》 ᠭᠡᠰᠡᠨ ᠡᠴᠡ ᠵᠢᠷᠦᠬᠡ ᠨᠢ ᠣᠷᠭᠢᠯᠬᠤ ᠤᠰᠤᠨ ᠤ᠋ ᠠᠳᠠᠯᠢ ᠬᠥᠭᠡᠷᠴᠡᠢ᠃ ᠡᠮᠦᠰᠦᠭᠰᠡᠨ᠂ ᠤᠮᠪᠠᠭᠰᠠᠨ ᠰᠠᠢᠬᠠᠨ ᠡᠯᠳᠡᠭᠦᠷᠲᠠᠢ ᠴᠠᠭᠠᠨ ᠨᠡᠬᠡᠢ ᠳᠡᠪᠡᠯ ᠨᠢ ᠦᠰᠦ ᠬᠡᠳᠦᠢᠪᠡᠷ ᠨᠢᠮᠭᠡᠪᠲᠦᠷ ᠪᠣᠯᠪᠠᠴᠤ ᠦᠷᠭᠦᠯᠵᠢ ᠬᠠᠯᠠᠭᠤᠴᠠᠭᠤᠯᠤᠨ᠎ᠠ᠃ ᠳᠥᠷᠦᠭᠡᠨ ᠳ᠋ᠦ᠍ ᠵᠢᠭᠢᠬᠦ ᠭᠤᠲᠤᠯ ᠬᠡᠳᠦᠢᠪᠡᠷ ᠬᠠᠭᠤᠴᠢᠪᠲᠤᠷ ᠪᠣᠯᠪᠠᠴᠤ ᠱᠠᠭ᠎ᠠ ᠳᠡᠭᠡᠷ᠎ᠡ ᠪᠡᠨ ᠤᠭᠠᠯᠵᠠ ᠲᠠᠢ᠃ ᠳᠣᠲᠣᠷᠠᠬᠢ ᠣᠢᠮᠣᠰᠤ ᠨᠢᠭᠲᠠ ᠰᠠᠢᠬᠠᠨ ᠴᠠᠭᠠᠨ ᠢᠰᠡᠭᠡᠢ ᠪᠥᠭᠡᠳ ᠲᠦᠷᠡᠢ ᠳᠠᠪᠠᠭᠰᠠᠨ ᠬᠠᠷᠠᠭ᠎ᠠ ᠳ᠋ᠠᠭᠠᠨ ᠰᠠᠷᠢᠰᠤ᠂ ᠰᠠᠢᠷ ᠬᠣᠶᠠᠷ ᠢ᠋ ᠬᠣᠣᠰᠯᠠᠭᠤᠯᠤᠨ ᠮᠣᠰᠬᠢᠶᠠᠷᠳᠠᠭᠤᠯᠤᠨ ᠲᠠᠯᠪᠢᠭᠰᠠᠨ ᠲᠦᠮᠡᠨ ᠨᠠᠰᠤᠨ ᠬᠡ ᠲᠡᠢ᠃ ᠡᠭᠦᠨᠴᠢᠯᠡᠨ ᠡᠮᠦᠰᠦᠭᠰᠡᠨ ᠪᠦᠬᠦᠨ ᠴᠥᠮ ᠮᠣᠩᠭᠣᠯ᠃ ᠮᠣᠩᠭᠣᠯ ᠮᠣᠩᠭᠣᠯ ᠳ᠋ᠠᠭᠠᠨ ᠶᠣᠰᠣᠲᠠᠢ ᠴᠣᠭ ᠵᠣᠯᠢ ᠨᠢ ᠪᠠᠳᠠᠷᠠᠵᠤ᠂ ᠠᠵᠠ ᠬᠡᠢ ᠮᠣᠷᠢ ᠨᠢ ᠭᠣᠵᠣᠯᠵᠠᠵᠤ ᠶᠠᠪᠤᠭ᠎ᠠ ᠢᠳᠡᠷ ᠡᠷ᠎ᠡ ᠶ᠋ᠢᠨ ᠴᠣᠭ ᠪᠦᠷᠢᠳᠦᠭᠰᠡᠨ ᠦ᠌ ᠳᠡᠭᠡᠷ᠎ᠡ ᠲᠠᠰᠢᠶᠠᠨ ᠳ᠋ᠤ᠌ ᠠᠷᠪᠠ ᠦᠰᠦᠷᠳᠡᠭ ᠮᠣᠳᠣᠨ ᠬᠤᠢ ᠲᠠᠢ ᠮᠠᠣᠽᠸᠷ ᠬᠡᠮᠡᠬᠦ ᠫᠤᠤ ᠵᠡᠭᠦᠭᠰᠡᠨ ᠢ᠋ᠶ᠋ᠡᠷ ᠢ᠋ᠶ᠋ᠡᠨ ᠮᠣᠷᠢᠨ ᠳᠡᠭᠡᠷ᠎ᠡ ᠭᠠᠷᠤᠮᠠᠭᠴᠠ ᠬᠥᠨᠳᠡᠯᠡᠳᠡᠭᠦᠦ ᠰᠠᠭᠤᠨ ᠲᠡᠰᠢᠶ᠎ᠡ ᠲᠤᠯᠬᠤ ᠦᠭᠡᠢ ᠪᠠᠢᠵᠤ ᠪᠣᠯᠤᠮ᠎ᠠ ᠦᠭᠡᠢ ᠪᠣᠯᠭᠠᠭᠰᠠᠨ ᠪᠠᠢᠯ᠎ᠠ᠃ ᠪᠠᠰᠠ ᠬᠣᠨᠣᠭ ᠤ᠋ᠨ ᠭᠠᠵᠠᠷ ᠢᠳᠡᠬᠦ ᠬᠣᠭᠣᠯᠠ ᠳᠠᠩ ᠮᠢᠬ᠎ᠠ᠂ ᠭᠣᠪᠢ ᠶ᠋ᠢᠨ ᠰᠢᠷᠠᠩᠭᠤᠢᠪᠲᠤᠷ ᠥᠭᠡᠬᠦ ᠲᠡᠢ ᠪᠣᠯᠵᠤ ᠢᠷᠡᠭᠡᠳ ᠠᠮᠠᠨ ᠳ᠋ᠤ᠌ ᠣᠷᠣᠮᠠᠭᠴᠠ ᠳᠠᠭᠠᠨ᠎ᠠ ᠶ᠋ᠢᠨ ᠬᠤᠷᠴᠠ ᠠᠮᠲᠠ ᠠᠮᠲᠠᠭᠳᠠᠳᠠᠭ ᠲᠠᠷᠭᠤᠨ ᠢᠷᠡᠭᠡ ᠶ᠋ᠢᠨ ᠨᠢᠭᠡ ᠬᠥᠯ ᠪᠥᠭᠡᠳ ᠲᠡᠷᠡ ᠨᠢ ᠳᠣᠲᠣᠷ᠎ᠠ ᠠ᠋ᠴᠠ ᠦᠷᠭᠦᠯᠵᠢ ᠬᠠᠯᠠᠭᠤᠨ ᠣᠷᠭᠢᠭᠤᠯᠤᠨ ᠰᠠᠯᠬᠢ ᠰᠥᠷᠦᠨ ᠳᠠᠪᠬᠢᠵᠤ᠂ ᠬᠦᠢᠲᠡᠨ ᠠᠭᠠᠷ ᠠᠮᠢᠰᠬᠤᠯᠠᠬᠤ ᠶ᠋ᠢ ᠱᠠᠭᠠᠷᠳᠠᠨ᠎ᠠ᠃ ᠰᠡᠳᠬᠢᠯ ᠳ᠋ᠦ᠍ ᠭᠡᠪᠡᠯ ᠭᠤᠨᠢᠨ ᠭᠤᠲᠤᠷᠠᠬᠤ ᠶᠠᠭᠤ ᠴᠤ᠌ ᠠᠯᠠᠭ᠎ᠠ᠃ ᠣᠷᠣᠨ ᠨᠤᠲᠤᠭ ᠲᠤ ᠬᠠᠷᠢᠭᠰᠠᠨ ᠴᠤ᠌ ᠡᠴᠦᠰ ᠲᠦ᠍ ᠬᠠᠨᠢ ᠨᠥᠬᠥᠳ ᠡᠴᠡ ᠬᠠᠭᠠᠴᠠᠨ ᠰᠠᠯᠵᠤ ᠭᠠᠭᠴᠠ ᠪᠡᠶ᠎ᠡ ᠠᠮᠢ ᠭᠠᠷᠤᠭᠰᠠᠨ ᠢ᠋ᠶ᠋ᠠᠨ ᠨᠥᠭᠥᠭᠡᠳᠦᠭᠦᠯᠡ ᠶ᠋ᠢᠨ ᠠᠷᠤ ᠭᠡᠷ ᠲᠦ᠍ ᠪᠣᠯᠤᠭᠠᠳ ᠠᠢᠯ ᠠᠢᠮᠠᠭ ᠤ᠋ᠨ ᠬᠥᠮᠦᠰ ᠲᠦ᠍ ᠶᠠᠭᠠᠬᠢᠨ ᠬᠡᠯᠡᠨ᠎ᠡ ᠪᠢᠯᠡ ᠭᠡᠳᠡᠭ ᠬᠦᠨᠳᠦ ᠵᠣᠪᠠᠭᠤᠷᠢ ᠪᠠᠢᠭᠰᠠᠨ ᠪᠣᠯ ᠣᠳᠣ ᠬᠠᠯᠬ᠎ᠠ ᠨᠤᠲᠤᠭ ᠲᠤ ᠬᠠᠢᠷᠠᠲᠤ ᠨᠥᠬᠥᠳ ᠦ᠋ᠨ ᠢ᠋ᠶ᠋ᠡᠨ ᠬᠠᠷᠢᠭᠤ ᠥᠰᠢᠶ᠎ᠡ ᠶ᠋ᠢ ᠭᠠᠮᠢᠩ ᠤ᠋ᠳ ᠲᠠᠢ ᠪᠠᠢᠯᠳᠤᠵᠤ ᠠᠪᠤᠭᠰᠠᠨ ᠢ᠋ᠶ᠋ᠠᠨ ᠳᠡᠯᠭᠡᠷᠡᠩᠭᠦᠢ ᠶᠠᠷᠢᠬᠤ ᠳ᠋ᠤ᠌ ᠪᠤᠰᠤᠳ ᠤ᠋ᠨ ᠡᠮᠦᠨ᠎ᠡ ᠬᠥᠮᠦᠨ ᠦ᠌ ᠮᠠᠭᠤ ᠳ᠋ᠤ᠌ ᠣᠷᠣᠬᠤ ᠦᠭᠡᠢ᠂ ᠬᠠᠷᠢᠨ ᠴᠤ᠌ ᠰᠠᠢᠨ ᠳ᠋ᠤᠨᠢ ᠣᠷᠣᠬᠤ ᠰᠢᠦ ᠳᠡ ᠭᠡᠵᠦ ᠪᠣᠳᠣᠭᠳᠠᠬᠤ ᠳ᠋ᠤ᠌ ᠰᠡᠳᠬᠢᠯ ᠠᠷᠢᠭᠤᠳᠤᠨ᠎ᠠ᠃ 
       ᠡᠢᠨᠬᠦ ᠳ᠋ᠠᠨᠽᠠᠨ ᠠᠷᠪᠠᠨ ᠵᠢᠷᠭᠤᠭᠠᠨ ᠥᠷᠲᠡᠭᠡ ᠭᠠᠵᠠᠷ ᠢ᠋ ᠬᠣᠶᠠᠷ ᠡᠳᠦᠷ ᠳᠠᠪᠬᠢᠨ ᠪᠣᠭᠳᠠ ᠶ᠋ᠢᠨ ᠬᠦᠷᠢᠶᠡᠨ᠎ᠡ ᠢᠷᠡᠵᠦ᠂ ᠭᠠᠮᠢᠩ ᠤ᠋ᠨ ᠦᠶ᠎ᠡ ᠳ᠋ᠦ᠍ ᠰᠸᠯᠢᠩᠪᠦ᠋ ᠶ᠋ᠢᠨ ᠶᠠᠮᠤᠨ ᠭᠡᠵᠦ ᠪᠠᠢᠭᠠᠳ ᠪᠠᠷᠤᠨ ᠤᠩᠬᠧᠷᠡᠨ ᠦ᠌ ᠦᠶ᠎ᠡ ᠳ᠋ᠦ᠍ ᠲᠡᠭᠦᠨ ᠦ᠌ ᠴᠡᠷᠢᠭ ᠦ᠋ᠨ ᠶᠠᠮᠤᠨ ᠪᠣᠯᠤᠭᠰᠠᠨ ᠬᠠᠭᠤᠴᠢᠨ ᠠᠮᠪᠠᠰ ᠤ᠋ᠨ ᠶᠠᠮᠤᠨ ᠤ᠋ ᠶᠡᠬᠡ ᠬᠠᠰᠢᠶᠠᠨ ᠤ᠋ ᠡᠮᠦᠨ᠎ᠡ ᠵᠣᠭᠰᠣᠵᠠᠢ᠃ ᠤᠭ ᠬᠠᠰᠢᠶᠠᠨ ᠤ᠋ ᠶᠡᠬᠡ ᠬᠠᠭᠠᠯᠭᠠᠨ ᠳᠡᠭᠡᠷ᠎ᠡ ᠫᠤᠤ ᠪᠦᠬᠦᠢ ᠬᠣᠶᠠᠷ ᠮᠠᠨᠠᠭ᠎ᠠ ᠵᠣᠭᠰᠣᠵᠤ ᠪᠠᠢᠭ᠎ᠠ ᠨᠢ ᠳ᠋ᠠᠨᠽᠠᠨ ᠤ᠋ ᠰᠦᠷ ᠣᠮᠣᠭ ᠢ᠋ ᠳᠠᠷᠤᠵᠤ ᠡᠬᠢᠯᠡᠬᠦ ᠠᠵᠢ᠃ ᠵᠢᠷᠦᠬᠡ ᠲᠦᠭᠰᠢᠨ ᠲᠥᠪ ᠢ᠋ ᠪᠠᠷᠢᠨ ᠬᠠᠭᠠᠯᠭ᠎ᠠ ᠪᠠᠷ ᠣᠷᠣᠵᠤ ᠬᠡᠳᠦ ᠠᠯᠬᠤᠲᠠᠯ᠎ᠠ ᠪᠠᠷᠠᠭᠤᠨ ᠡᠲᠡᠭᠡᠳ ᠲᠦ᠍ ᠵᠠᠩᠵᠤᠨ ᠲᠤᠭ ᠬᠠᠳᠠᠭᠠᠰᠤᠲᠠᠢ᠂ ᠳᠥᠷᠪᠡᠨ ᠲᠠᠯ᠎ᠠ ᠳ᠋ᠤᠨᠢ ᠴᠡᠷᠢᠭ ᠵᠣᠭᠰᠣᠵᠠᠢ᠃ ᠴᠠᠭᠠᠰᠢ ᠶᠠᠪᠤᠨ ᠭᠣᠣᠯᠴᠢᠯᠠᠨ ᠳ᠋ᠦᠩᠵᠡᠨ ᠮᠣᠳᠣ ᠪᠠᠷ ᠰᠦᠷᠡᠬᠡᠢ ᠪᠡᠬᠢ ᠪᠠᠷᠢᠭᠰᠠᠨ ᠪᠠᠢᠰᠢᠩ ᠤ᠋ᠳ ᠤ᠋ᠨ ᠳᠤᠮᠳᠠᠭᠤᠷ ᠶᠠᠪᠤᠬᠤ ᠳ᠋ᠤ᠌ ᠪᠠᠷᠤᠭ ᠪᠠᠢᠰᠢᠩ ᠨᠢᠭᠡᠪᠦᠷᠢ ᠶ᠋ᠢᠨ ᠡᠭᠦᠳᠡᠨ ᠳᠡᠭᠡᠷ᠎ᠡ ᠮᠠᠨᠠᠭ᠎ᠠ ᠬᠠᠷᠠᠭᠳᠠᠨ᠎ᠠ᠃ ᠣᠷᠣᠵᠤ ᠭᠠᠷᠴᠤ ᠪᠠᠢᠭ᠎ᠠ ᠬᠥᠮᠦᠰ ᠨᠢ ᠮᠠᠯᠠᠭᠠᠢ ᠳ᠋ᠠᠭᠠᠨ ᠣᠲᠣᠭ ᠵᠢᠩᠰᠡ ᠲᠡᠢ ᠪᠥᠭᠡᠳ ᠵᠠᠷᠢᠮ ᠨᠢ ᠮᠥᠷᠦᠨ ᠳᠡᠭᠡᠷ᠎ᠡ ᠭᠤᠷᠪᠠᠨ ᠬᠤᠷᠤᠭᠤ ᠳᠠᠷᠤᠮ ᠥᠷᠭᠡᠨ ᠠᠯᠲᠠᠨ ᠪᠤᠶᠤ ᠮᠥᠩᠭᠥᠨ ᠰᠠ ᠲᠡᠮᠳᠡᠭ ᠬᠠᠲᠠᠭᠰᠠᠨ ᠨᠢ ᠳ᠋ᠠᠨᠽᠠᠨ ᠳ᠋ᠤ᠌ ᠦᠯᠦ ᠣᠢᠯᠠᠭᠠᠭᠳᠠᠬᠤ ᠠᠵᠢ᠃ ᠡᠨᠡ ᠪᠦᠬᠦᠨ ᠳ᠋ᠠᠨᠽᠠᠨ ᠤ᠋ ᠰᠦᠷ ᠢ᠋ ᠪᠦᠷᠢᠮᠦᠰᠦᠨ ᠳᠠᠷᠤᠵᠤ ᠭᠦᠢᠴᠡᠯ᠎ᠡ᠃ ᠠᠷᠭ᠎ᠠ ᠦᠭᠡᠢ ᠲᠤᠯᠭᠠᠷᠠᠭᠰᠠᠨ ᠤ᠋ ᠡᠷᠬᠡ ᠪᠡᠷ ᠠᠯᠢ ᠲᠠᠭᠠᠷᠠᠯᠳᠤᠭᠰᠠᠨ ᠠ᠋ᠴᠠ《ᠶᠡᠬᠡ ᠵᠠᠩᠵᠤᠨ ᠬᠠᠮᠢᠭ᠎ᠠ ᠵᠠᠯᠠᠷᠠᠵᠤ ᠪᠠᠢᠳᠠᠭ ᠪᠣᠯ?》 ᠭᠡᠵᠦ ᠠᠮᠠᠨ ᠠ᠋ᠴᠠ ᠪᠠᠨ ᠠᠷᠠᠢᠬᠠᠨ ᠭᠠᠷᠭᠠᠵᠤ ᠥᠭᠦᠯᠡᠨ᠎ᠡ᠃ ᠨᠢᠭᠡᠳᠦᠭᠡᠷ ᠬᠥᠮᠦᠨ ᠳ᠋ᠠᠨᠽᠠᠨ ᠤ᠋ ᠠᠰᠠᠭᠤᠭᠰᠠᠨ ᠢ᠋ ᠲᠤᠭᠤᠯᠤᠭᠰᠠᠨ ᠠᠲᠠᠯ᠎ᠠ ᠲᠣᠭᠣᠯᠤᠭ᠎ᠠ ᠦᠭᠡᠢ ᠮᠡᠲᠦ ᠳᠡᠭᠡᠭᠦᠷ ᠬᠠᠷᠠᠨ ᠥᠩᠭᠡᠷᠡᠪᠡ᠃ ᠬᠣᠶᠠᠳᠠᠬᠢ ᠬᠥᠮᠦᠨ《ᠱᠲ᠋ᠠᠪ ᠲᠠᠭᠠᠨ》 ᠭᠡᠬᠦ ᠶ᠋ᠢ ᠳ᠋ᠠᠨᠽᠠᠨ ᠭᠠᠢᠬᠠᠨ《ᠱᠲ᠋ᠠᠪ》 ᠭᠡᠵᠦ ᠶᠠᠭᠤ ᠪᠣᠢ? ᠪᠠᠬᠠᠨ ᠪᠣᠳᠣᠭᠰᠠᠨ ᠤ᠋ ᠪᠠᠨ ᠡᠴᠦᠰ ᠲᠦ᠍《ᠱᠡᠳᠡᠪ》 ᠭᠡᠰᠡᠨ ᠢ᠋ ᠪᠤᠷᠤᠭᠤ ᠲᠤᠭᠤᠯᠪᠠᠤ ᠭᠡᠰᠡᠨ ᠡᠴᠡ《ᠱᠠᠳᠠᠪ》 ᠭᠡᠵᠦ ᠵᠠᠩᠵᠤᠨ ᠪᠠᠢᠳᠠᠭ ᠪᠠᠢᠬ᠎ᠠ ᠭᠡᠵᠦ ᠪᠣᠳᠣᠬᠤ ᠳ᠋ᠤ᠌ ᠬᠦᠷᠴᠡᠢ᠃ ᠲᠡᠭᠡᠭᠡᠳ ᠭᠤᠷᠪᠠᠳᠠᠬᠢ ᠬᠥᠮᠦᠨ ᠡᠴᠡ ᠵᠠᠩᠵᠤᠨ ᠱᠠᠳᠠᠪ ᠭᠤᠸᠠᠢ ᠬᠠᠮᠢᠭ᠎ᠠ ᠵᠠᠯᠠᠷᠠᠵᠤ ᠪᠠᠢᠳᠠᠭ ᠪᠣᠯ? ᠭᠡᠬᠦ ᠳ᠋ᠦ᠍ ᠲᠡᠷᠡ ᠬᠥᠮᠦᠨ ᠥᠭᠡᠳᠡ ᠡᠴᠡ ᠨᠢ ᠨᠢᠭᠡ ᠬᠠᠷᠠᠵᠤ ᠠᠪᠤᠭᠠᠳ᠂《ᠲᠡᠢᠮᠦ ᠵᠠᠩᠵᠤᠨ ᠪᠠᠢᠳᠠᠭ ᠦᠭᠡᠢ》 ᠭᠡᠯ᠎ᠡ᠃ ᠳᠥᠷᠪᠡᠳᠡᠬᠢ ᠬᠥᠮᠦᠨ ᠮᠥᠷᠦᠨ ᠳᠡᠭᠡᠷ᠎ᠡ ᠪᠡᠨ ᠮᠥᠩᠭᠥᠨ ᠰᠠ ᠲᠡᠮᠳᠡᠭ ᠲᠡᠢ ᠬᠥᠮᠦᠨ ᠪᠠᠢᠭᠰᠠᠨ ᠪᠥᠭᠡᠳ ᠳ᠋ᠠᠨᠽᠠᠨ ᠤ᠋ ᠵᠠᠩᠵᠤᠨ ᠢ᠋ ᠨᠢ ᠰᠤᠷᠠᠭᠯᠠᠭᠰᠠᠨ ᠤ᠋ ᠬᠢᠨᠢ ᠬᠠᠷᠢᠭᠤ ᠳ᠋ᠤ᠌《ᠴᠢ ᠶᠠᠭᠤ ᠪᠣᠢ?》 ᠭᠡᠵᠦ ᠠᠰᠠᠭᠤᠭᠠᠳ᠂《ᠴᠡᠷᠢᠭ》 ᠭᠡᠰᠡᠨ ᠦ᠌ ᠬᠤᠪᠢ ᠳ᠋ᠤ᠌《ᠴᠢ ᠴᠡᠷᠢᠭ ᠰᠢᠦ ᠶᠦᠮ ᠪᠣᠯ ᠵᠠᠬᠢᠷᠤᠯ ᠤ᠋ᠨ ᠢ᠋ᠶ᠋ᠠᠨ ᠡᠮᠦᠨ᠎ᠡ ᠶᠣᠰᠣᠯᠠᠳᠠᠭ ᠦᠭᠡᠢ ᠶᠠᠭᠠᠬᠢᠭᠰᠠᠨ ᠲᠠᠩᠬᠠᠢ ᠡᠲᠡᠭᠡᠳ ᠪᠣᠢ?》 ᠭᠡᠵᠦ ᠦᠭᠡ ᠪᠡᠨ ᠡᠬᠢᠯᠡᠭᠡᠳ ᠴᠠᠭᠠᠰᠢ ᠨᠢ ᠵᠠᠩᠨᠠᠵᠤ ᠵᠠᠩᠳᠤᠷᠤᠭᠰᠠᠨ ᠨᠢ ᠵᠢᠭᠲᠡᠢᠬᠡᠨ᠃ ᠬᠠᠷᠢᠭᠤ ᠤᠴᠢᠷ ᠭᠠᠷᠭᠠᠬᠤ ᠵᠠᠪᠳᠤᠯ ᠦᠭᠡᠢ᠃ ᠲᠡᠭᠦᠨ ᠦ᠌ ᠦᠭᠡᠰ ᠦ᠋ᠨ ᠳᠣᠲᠣᠷ᠎ᠠ《ᠮᠠᠣᠽᠸᠷ ᠬᠠᠮᠢᠭ᠎ᠠ ᠠ᠋ᠴᠠ ᠬᠤᠯᠠᠭᠠᠢᠯᠠᠪᠠ᠃ ᠵᠡᠪᠰᠡᠭ ᠦ᠋ᠨ ᠭᠠᠵᠠᠷ ᠠᠪᠠᠴᠢᠨ ᠬᠤᠷᠢᠶᠠᠯᠭ᠎ᠠ! ᠡᠰᠡᠪᠡᠯ ᠬᠣᠩᠭᠣᠨ ᠤ᠋ ᠴᠢᠨᠢ ᠮᠢᠬ᠎ᠠ ᠵᠠᠭᠠᠲᠤᠨᠠᠭᠠᠳ ᠪᠠᠢᠨ᠎ᠠ ᠤᠤ?》 ᠭᠡᠳᠡᠭ ᠦᠭᠡ ᠪᠠᠰᠠ ᠣᠷᠣᠯᠴᠠᠨ ᠰᠣᠨᠣᠰᠳᠠᠪᠠ᠃ ᠲᠡᠷᠡ ᠭᠠᠢᠬᠠᠯ ᠠᠱ᠌ᠢᠭᠦᠢ ᠨᠢᠭᠡ ᠬᠣᠯᠠᠳᠠᠨ ᠣᠲᠣᠮᠠᠭᠴᠠ ᠳ᠋ᠠᠨᠽᠠᠨ ᠠᠲᠠᠴᠠ ᠰᠢᠭᠤᠳ ᠵᠠᠢᠯᠠᠨ ᠵᠢᠭᠤᠳᠠᠬᠤ ᠶ᠋ᠢᠨ ᠮᠥᠷᠦᠭᠡᠳᠦᠰᠦ ᠪᠣᠯᠤᠯ᠎ᠠ᠃ ᠭᠡᠲᠡᠯ᠎ᠡ ᠡᠪᠦᠷ ᠳᠠᠬᠢ ᠪᠢᠴᠢᠭ ᠰᠠᠨᠠᠭᠠᠨ ᠳ᠋ᠤ᠌ ᠣᠷᠣᠪᠠ᠃ ᠲᠡᠭᠦᠨ ᠢ᠋ᠶ᠋ᠡᠨ ᠳ᠋ᠠᠨᠽᠠᠨ ᠤᠯᠤᠰ ᠣᠷᠣᠨ ᠤ᠋ ᠴᠢᠬᠤᠯᠠ ᠬᠡᠷᠡᠭ ᠭᠡᠵᠦ ᠲᠠᠭᠠᠪᠤᠷᠢᠯᠠᠬᠤ ᠲᠤᠯᠠ ᠥᠪᠡᠷ ᠦ᠋ᠨ ᠡᠷᠬᠡ ᠦᠭᠡᠢ ᠭᠡᠳᠡᠷᠭᠦ ᠡᠷᠭᠢᠪᠡ᠃ ᠢᠩᠭᠢᠵᠦ ᠵᠢᠷᠦᠬᠡ ᠵᠣᠷᠢᠭ ᠣᠷᠣᠭᠰᠠᠨ ᠠ᠋ᠴᠠ ᠭᠠᠳᠠᠨ᠎ᠠ ᠲᠤᠭᠠᠷ ᠪᠠᠭᠠᠲᠤᠷ ᠤ᠋ᠨ ᠡᠷ᠎ᠡ ᠴᠡᠷᠢᠭ ᠦ᠋ᠨ ᠨᠡᠷ᠎ᠡ ᠰᠦᠷ ᠢ᠋ ᠰᠠᠢᠲᠤᠷ ᠬᠠᠳᠠᠭᠠᠯᠠᠵᠤ ᠶᠠᠪᠤᠭᠠᠷᠠᠢ! ᠭᠡᠰᠡᠨ ᠢ᠋ ᠴᠦ᠍ ᠰᠠᠨᠠᠬᠤ ᠠᠵᠢ᠃ ᠠᠬᠢᠮᠠᠭ ᠨᠠᠰᠤᠲᠠᠢ ᠶᠡᠬᠡᠮᠰᠦᠭ ᠴᠢᠷᠠᠢ ᠲᠠᠢ ᠬᠥᠬᠡ ᠴᠢᠰᠴᠡᠦ ᠳᠡᠪᠡᠯ ᠦ᠋ᠨ ᠬᠠᠯᠢᠭᠤᠨ ᠨᠢᠳᠤᠷᠭᠠᠲᠤ ᠬᠠᠨᠴᠤᠢ ᠪᠠᠨ ᠳᠣᠷᠣᠭᠰᠢ ᠬᠠᠶᠠᠨ ᠲᠠᠢᠪᠤᠩ ᠢ᠋ᠶ᠋ᠠᠷ ᠭᠢᠰᠬᠢᠯᠡᠨ ᠶᠠᠪᠤᠭ᠎ᠠ ᠬᠥᠮᠦᠨ ᠲᠡᠢ ᠳᠠᠭᠠᠷᠢᠯᠳᠤᠨ᠄《ᠵᠠᠩᠵᠤᠨ ᠬᠠᠮᠢᠭ᠎ᠠ ᠪᠣᠢ?》 ᠭᠡᠵᠦ ᠰᠢᠷᠦᠭᠦᠨ ᠢ᠋ᠶ᠋ᠡᠷ ᠠᠰᠠᠭᠤᠪᠠ᠃ ᠬᠠᠷᠢᠭᠤ ᠳ᠋ᠤᠨᠢ ᠲᠡᠷᠡ ᠬᠥᠮᠦᠨ ᠰᠣᠴᠢᠰᠬᠢᠨ ᠥᠳᠬᠡᠨ ᠬᠥᠮᠥᠰᠬᠡ ᠪᠡᠨ ᠳᠡᠭᠡᠭᠰᠢ ᠲᠡᠳᠡᠨ ᠠᠵᠢᠵᠤ᠄ 
       — ᠦᠭᠡᠢ ᠪᠠᠢᠵᠠ! ᠢᠩᠭᠢᠬᠦ ᠳ᠋ᠦ᠍ ᠴᠢ ᠴᠢᠨᠢ ᠬᠠᠮᠢᠭᠠᠬᠢ ᠶ᠋ᠢᠨ ᠬᠡᠨ ᠭᠡᠭᠴᠢ ᠪᠣᠢ? ᠭᠡᠵᠦ ᠲᠠᠢᠪᠤᠩ ᠪᠣᠯᠪᠠᠴᠤ ᠬᠦᠢᠲᠡᠨ ᠢ᠋ᠶ᠋ᠡᠷ ᠠᠰᠠᠭᠤᠪᠠ᠃ 
       — ᠪᠢ ᠵᠠᠮ ᠤ᠋ᠨ ᠡᠭᠦᠳᠡ ᠶ᠋ᠢᠨ ᠴᠡᠷᠢᠭ᠂ ᠵᠠᠩᠵᠤᠨ ᠳ᠋ᠤ᠌ ᠡᠷᠭᠦᠬᠦ ᠴᠢᠬᠤᠯᠠ ᠪᠢᠴᠢᠭ ᠲᠡᠢ ᠭᠡᠵᠦ ᠮᠥᠨ ᠯᠡ ᠰᠢᠷᠦᠭᠦᠨ ᠢ᠋ᠶ᠋ᠡᠷ ᠬᠡᠯᠡᠪᠡ᠃
       ᠰᠡᠳᠬᠢᠯ ᠳ᠋ᠡᠭᠡᠨ ᠳ᠋ᠠᠨᠽᠠᠨ ᠴᠡᠷᠢᠭ ᠡᠷ᠎ᠡ ᠶ᠋ᠢᠨ ᠨᠡᠷ᠎ᠡ ᠶ᠋ᠢ ᠬᠠᠳᠠᠭᠠᠯᠠᠶ᠎ᠠ ᠭᠡᠵᠦ ᠪᠣᠳᠣᠬᠤ ᠪᠥᠭᠡᠳ ᠬᠠᠳᠠᠭᠠᠯᠠᠬᠤ ᠶ᠋ᠢ ᠬᠢᠴᠢᠶᠡᠵᠦ ᠪᠠᠢᠭ᠎ᠠ ᠨᠢ ᠡᠨᠡ ᠪᠠᠢᠯ᠎ᠠ᠃ 
       — ᠵᠠ ᠲᠡᠭᠡᠭᠡᠳ ᠭᠡᠬᠦ ᠳ᠋ᠦ᠍ᠨᠢ ᠳ᠋ᠠᠨᠽᠠᠨ᠄  
       — ᠵᠠᠩᠵᠤᠨ ᠬᠠᠮᠢᠭ᠎ᠠ ᠪᠠᠢᠭ᠎ᠠ ᠶ᠋ᠢ ᠲᠠ ᠨᠠᠳᠠ ᠵᠢᠭᠠᠵᠤ ᠥᠭᠭᠦᠨ᠎ᠡ ᠳᠡ ᠭᠡᠵᠦ ᠰᠢᠭᠤᠳ ᠲᠤᠰᠢᠶᠠᠬᠤ ᠳ᠋ᠤ᠌ ᠴᠢᠨᠠᠳᠤ ᠬᠥᠮᠦᠨ ᠢᠨᠢᠶᠡᠮᠰᠦᠭᠯᠡᠨ᠂ 
       — ᠵᠠ ᠮᠢᠨᠦ ᠬᠣᠢᠨ᠎ᠠ ᠠ᠋ᠴᠠ! ᠭᠡᠵᠦ ᠡᠷᠭᠢᠪᠡ᠃ ᠠᠷᠤ ᠠ᠋ᠴᠠ ᠨᠢ ᠳ᠋ᠠᠨᠽᠠᠨ ᠳᠠᠭᠠᠨ ᠴᠡᠷᠢᠭ ᠡᠷ᠎ᠡ ᠶ᠋ᠢᠨ ᠨᠡᠷ᠎ᠡ ᠰᠦᠷ ᠢ᠋ ᠠᠱ᠌ᠢᠭᠦᠢ ᠨᠢᠭᠡ ᠬᠠᠳᠠᠭᠠᠯᠠᠪᠠ ᠪᠣᠯᠤᠯᠲᠠᠢ ᠭᠡᠵᠦ ᠰᠡᠳᠬᠢᠯ ᠬᠥᠭᠡᠷᠦᠨ ᠬᠡᠨᠡᠭ ᠦᠭᠡᠢ ᠶᠠᠪᠤᠨ᠎ᠠ᠃ ᠣᠯᠠᠨ ᠴᠣᠩᠬᠣ ᠲᠠᠢ ᠤᠷᠲᠤ ᠳ᠋ᠦᠩᠵᠡᠨ ᠪᠠᠢᠰᠢᠩ ᠳ᠋ᠤ᠌ ᠣᠷᠣᠬᠤ ᠳ᠋ᠠᠭᠠᠨ ᠳ᠋ᠠᠨᠽᠠᠨ ᠭᠠᠳᠠᠨᠠᠬᠢ ᠮᠠᠨᠠᠭ᠎ᠠ ᠴᠡᠷᠢᠭ ᠦ᠋ᠨ ᠬᠠᠵᠠᠭᠤ ᠪᠠᠷ ᠳᠠᠷᠤᠭ᠎ᠠ ᠬᠥᠮᠦᠨ ᠦ᠌ ᠪᠠᠢᠳᠠᠯ ᠢ᠋ᠶ᠋ᠠᠷ ᠶᠡᠬᠡᠮᠰᠦᠭᠯᠡᠨ ᠥᠩᠭᠡᠷᠡᠪᠡ᠃ ᠡᠮᠦᠨᠡᠬᠢ ᠬᠥᠮᠦᠨ ᠤᠷᠲᠤ ᠭᠤᠲᠤᠮ ᠤ᠋ᠨ ᠬᠣᠢᠰᠢ ᠬᠠᠷᠠᠭᠰᠠᠨ ᠣᠯᠠᠨ ᠬᠠᠭᠠᠯᠭ᠎ᠠ ᠨᠤᠭᠤᠳ ᠤ᠋ᠨ ᠨᠢᠭᠡ ᠶ᠋ᠢ ᠲᠡᠳᠡᠨ《ᠣᠷᠣ》 ᠭᠡᠬᠦ ᠳ᠋ᠦ᠍ᠨᠢ ᠣᠷᠣᠭᠠᠳ ᠳ᠋ᠠᠨᠽᠠᠨ ᠯᠤᠤ ᠬᠡ ᠲᠡᠢ ᠬᠥᠬᠡ ᠣᠯᠪᠣᠭ ᠲᠦᠰᠢᠯᠭᠡ ᠳᠡᠭᠡᠷ᠎ᠡ ᠬᠠᠭᠠᠰ ᠵᠠᠪᠢᠯᠠᠨ ᠲᠠᠰᠢᠭᠤ ᠰᠠᠭᠤᠵᠤ ᠵᠡᠭᠦᠨ ᠭᠠᠷ ᠳᠡᠭᠡᠷ᠎ᠡ ᠪᠡᠨ ᠱᠣᠣ ᠫᠠᠢ ᠲᠠᠯᠪᠢᠨ ᠤᠯᠠᠭᠠᠨ ᠱᠤᠭᠤᠮ ᠲᠠᠢ ᠮᠣᠤᠲ᠋ᠥᠦ ᠴᠠᠭᠠᠰᠤᠨ ᠳᠡᠭᠡᠷ᠎ᠡ ᠪᠢᠴᠢᠭ ᠪᠢᠴᠢᠵᠦ ᠪᠠᠢᠭ᠎ᠠ ᠵᠠᠩᠵᠤᠨ ᠢ᠋ ᠬᠠᠷᠠᠨ ᠥᠪᠡᠷ ᠦ᠋ᠨ ᠡᠷᠬᠡ ᠦᠭᠡᠢ ᠰᠦᠷᠳᠡᠪᠡ᠃ ᠵᠠᠩᠵᠤᠨ ᠤ᠋ ᠨᠠᠰᠤ ᠵᠠᠯᠠᠭᠤ ᠭᠤᠴᠢ᠂ ᠳᠥᠴᠢ ᠬᠣᠶᠠᠷ ᠤ᠋ᠨ ᠬᠣᠭᠣᠷᠣᠨᠳᠣ ᠪᠥᠭᠡᠳ ᠲᠥᠷᠥ ᠶ᠋ᠢᠨ ᠬᠥᠮᠦᠰ ᠲᠥᠷᠥ ᠶ᠋ᠢᠨ ᠢ᠋ᠶ᠋ᠡᠨ ᠬᠡᠷᠡᠭ ᠢ᠋ ᠶᠠᠪᠤᠭᠤᠯᠬᠤ ᠳ᠋ᠠᠭᠠᠨ ᠬᠡᠷᠬᠡᠮ ᠵᠡᠷᠭᠡ ᠪᠡᠨ ᠪᠦᠷᠢᠨ ᠡᠳ᠋ᠯᠡᠬᠦ ᠶᠣᠰᠣᠲᠠᠢ ᠭᠡᠳᠡᠭ ᠢ᠋ ᠰᠠᠨᠠᠨ᠂ ᠬᠦᠷᠡᠩ ᠴᠢᠯᠠᠭᠤᠨ ᠵᠢᠩᠰᠡ ᠲᠡᠢ ᠪᠤᠯᠠᠭᠠᠨ ᠮᠠᠯᠠᠭᠠᠢ ᠶ᠋ᠢ ᠲᠣᠯᠣᠭᠠᠢ ᠳᠡᠭᠡᠷ᠎ᠡ ᠪᠡᠨ ᠮᠠᠩᠨᠠᠢᠳᠠᠭᠤᠯᠤᠨ ᠲᠤᠬᠤᠢᠯᠭᠠᠵᠤ ᠲᠡᠭᠦᠨ ᠦ᠌ ᠥᠳᠬᠡᠨ ᠶᠡᠬᠡ ᠣᠲᠣᠭ ᠨᠢ ᠠᠯᠲᠠᠨ ᠬᠣᠷᠭᠣᠢ ᠬᠠᠨᠳᠠᠰᠤ ᠤᠷᠤᠭᠤ ᠨᠢ ᠨᠠᠮᠢᠷᠠᠨ ᠪᠠᠭᠤᠵᠤ᠂ ᠳᠠᠯᠤ ᠮᠥᠷᠥ ᠶ᠋ᠢ ᠨᠢ ᠰᠢᠭᠦᠷᠡᠨ ᠠᠯᠳᠠᠵᠠᠢ᠃ 
       — ᠶᠡᠬᠡ ᠵᠠᠩᠵᠤᠨ ᠳ᠋ᠤ᠌ ᠠᠮᠤᠷ ᠢ᠋ ᠠᠢᠯᠠᠳᠬᠠᠶ᠎ᠠ! ᠭᠡᠵᠦ ᠨᠠᠮ ᠳᠠᠭᠤ ᠪᠠᠷ ᠥᠭᠦᠯᠡᠨ ᠡᠪᠦᠳᠦᠭ ᠨᠤᠭᠤᠯᠤᠨ ᠰᠥᠭᠥᠳᠬᠦ ᠳ᠋ᠦ᠍᠄
       — ᠵᠠ ᠴᠢ ᠶᠠᠭᠤ ᠭᠡᠵᠦ ᠶᠠᠪᠤᠨ᠎ᠠ? ᠭᠡᠵᠦ ᠬᠢᠯᠠᠮᠬᠢᠨ ᠬᠠᠷᠠᠬᠤ ᠶ᠋ᠢ ᠨᠢ ᠦᠵᠡᠪᠡᠯ ᠴᠢᠷᠠᠢ ᠬᠦᠷᠡᠪᠲᠦᠷ᠂ ᠨᠢᠳᠦ ᠬᠤᠷᠴᠠ᠂ ᠬᠠᠮᠠᠷ ᠰᠢᠯᠤᠭᠤᠨ᠂ ᠤᠷᠤᠭᠤᠯ ᠨᠢᠮᠭᠡᠨ᠂ ᠶᠡᠷᠦ ᠮᠠᠰᠢ ᠬᠤᠷᠴᠠ ᠪᠥᠭᠡᠳ ᠳ᠋ᠠᠨᠽᠠᠨ ᠡᠭᠴᠡᠯᠡᠨ ᠬᠠᠷᠠᠵᠤ ᠴᠢᠳᠠᠬᠤ ᠦᠭᠡᠢ ᠪᠣᠯᠤᠨ ᠬᠠᠷᠠᠭ᠎ᠠ ᠪᠤᠷᠤᠭᠤᠯᠠᠨ᠎ᠠ᠃ 
       — ᠵᠠ᠂ ᠪᠢ ᠵᠠᠮ ᠤ᠋ᠨ ᠡᠭᠦᠳᠡ ᠡᠴᠡ ᠢᠷᠡᠯ᠎ᠡ᠃ ᠶᠡᠬᠡ ᠵᠠᠩᠵᠤᠨ ᠲᠠᠨ ᠳ᠋ᠤ᠌ ᠡᠷᠭᠦᠬᠦ ᠪᠢᠴᠢᠭ ᠪᠣᠢ ᠭᠡᠳ ᠳ᠋ᠠᠨᠽᠠᠨ ᠡᠪᠦᠷ ᠢ᠋ᠶ᠋ᠡᠨ ᠲᠡᠮᠲᠡᠷᠢᠨ ᠠᠯᠴᠢᠭᠤᠷ ᠲᠤ ᠪᠣᠭᠣᠭᠰᠠᠨ ᠪᠢᠴᠢᠭ ᠢ᠋ᠶ᠋ᠡᠨ ᠭᠠᠷᠭᠠᠨ ᠶᠠᠭᠠᠷᠠᠨ ᠵᠠᠳᠠᠯᠪᠠ᠃ 
       — ᠵᠠ ᠲᠡᠭᠡᠭᠡᠳ ᠵᠠᠮ ᠤ᠋ᠨ ᠡᠭᠦᠳᠡ ᠶ᠋ᠢᠨ ᠳᠠᠷᠤᠭ᠎ᠠ᠂ ᠴᠡᠷᠢᠭ ᠦ᠋ᠳ ᠰᠠᠢᠨ ᠪᠢᠵᠡ ᠳᠡ? 
       — ᠵᠠ ᠴᠥᠮ ᠰᠠᠢᠨ ᠭᠡᠳ ᠳ᠋ᠠᠨᠽᠠᠨ ᠪᠢᠴᠢᠭ ᠢ᠋ᠶ᠋ᠡᠨ ᠬᠣᠶᠠᠷ ᠭᠠᠷ ᠲᠠᠭᠠᠨ ᠳᠡᠭᠡᠷ᠎ᠡ ᠡᠷᠭᠦᠨ ᠪᠠᠷᠢᠪᠠ᠃ 
       ᠵᠠᠩᠵᠤᠨ ᠠᠪᠤᠩᠭᠤᠲᠠ ᠪᠠᠨ ᠨᠢᠳᠦ ᠭᠦᠶᠦᠯᠭᠡᠨ ᠤᠩᠰᠢᠭᠠᠳ ᠳ᠋ᠠᠨᠽᠠᠨ ᠢ᠋ ᠢᠨᠢᠶᠡᠮᠰᠦᠭᠯᠡᠨ ᠠᠵᠢᠭᠯᠠᠵᠤ᠄ 
       — ᠢᠩᠭᠢᠬᠦ ᠳ᠋ᠦ᠍ ᠴᠢ ᠴᠢᠨᠢ ᠥᠪᠡᠷ ᠦ᠋ᠨ ᠢ᠋ᠶ᠋ᠡᠨ ᠬᠡᠷᠡᠭ ᠦ᠋ᠨ ᠲᠥᠯᠥᠭᠡ ᠯᠡ ᠶᠠᠪᠤᠭ᠎ᠠ ᠬᠥᠮᠦᠨ ᠰᠢᠪ ᠳᠡ? ᠭᠡᠬᠦ ᠳ᠋ᠦ᠍ᠨᠢ ᠳ᠋ᠠᠨᠽᠠᠨ᠄《ᠶᠠᠭᠤᠨ ᠥᠪᠡᠷ ᠦ᠋ᠨ ᠬᠡᠷᠡᠭ ᠪᠢᠯᠡ?》 ᠭᠡᠵᠦ ᠭᠠᠢᠬᠠᠨ᠄ 
       — ᠵᠠ ᠮᠡᠳᠡᠬᠦ ᠦᠭᠡᠢ ᠶᠦᠮ ᠳᠡ᠂ ᠵᠠᠩᠵᠤᠨᠲᠠᠨ ᠯᠠ ᠲᠠᠨ ᠳ᠋ᠤ᠌ ᠪᠠᠷᠢᠭᠠᠷᠠᠢ ᠭᠡᠰᠡᠨ᠃ 
       ᠵᠠᠩᠵᠤᠨ ᠬᠡ ᠬᠡ ᠢᠨᠢᠶᠡᠭᠰᠡᠨ ᠢ᠋ᠶ᠋ᠡᠨ ᠲᠥᠪ ᠪᠣᠯᠤᠨ᠄ 
       — ᠴᠢ ᠳᠠᠢᠰᠤᠨ ᠢ᠋ ᠴᠢᠩ ᠰᠡᠳᠬᠢᠯ ᠡᠴᠡ ᠪᠡᠨ ᠥᠰᠢᠨ ᠵᠠᠨᠤᠵᠤ ᠲᠡᠢᠨ ᠳᠣᠯᠣᠭᠠᠨ ᠳ᠋ᠤ᠌ ᠭᠠᠷᠮᠠᠭᠠᠢᠯᠠᠨ ᠣᠷᠣᠭᠰᠠᠨ ᠴᠢᠨᠢ ᠰᠠᠢᠨ ᠪᠠᠢᠨ᠎ᠠ᠃ ᠲᠡᠭᠡᠭᠡᠳ ᠡᠨᠡ ᠪᠢᠴᠢᠭ ᠲᠦ᠍ ᠪᠠᠰᠠ ᠴᠢᠮᠠᠶ᠋ᠢ ᠳᠡᠭᠡᠳᠦ ᠡᠵᠡᠨ ᠳ᠋ᠦ᠍ ᠠᠢᠯᠠᠳᠬᠠᠨ ᠬᠥᠬᠢᠭᠦᠯᠦᠯ ᠱᠠᠩᠨᠠᠯ ᠬᠠᠢᠷᠠᠯᠠᠭᠤᠯᠬᠤ ᠭᠡᠰᠡᠨ ᠢ᠋ ᠲᠠᠯᠠᠭᠠᠷ ᠪᠣᠯᠭᠠᠬᠤ ᠭᠠᠵᠠᠷ ᠦᠭᠡᠢ᠂ ᠭᠡᠪᠡᠴᠦ ᠤᠳᠠᠭᠠᠨ ᠳ᠋ᠠᠭᠠᠨ ᠡᠢᠮᠦᠷᠬᠦ ᠬᠡᠷᠡᠭ ᠢ᠋ ᠠᠪᠴᠤ ᠬᠡᠯᠡᠯᠴᠡᠬᠦ ᠵᠠᠪ ᠲᠠᠢ ᠬᠥᠮᠦᠨ ᠦᠭᠡᠢ ᠪᠠᠢᠭ᠎ᠠ ᠪᠣᠯᠬᠣᠷ ᠲᠦᠷ ᠬᠣᠢᠰᠢᠯᠠᠭᠤᠯᠬᠤ ᠯᠠ ᠪᠣᠯᠤᠨ᠎ᠠ ᠳᠠ ᠭᠡᠬᠦ ᠳ᠋ᠦ᠍ᠨᠢ ᠳ᠋ᠠᠨᠽᠠᠨ ᠠᠪᠴᠢᠷᠠᠭᠰᠠᠨ ᠪᠢᠴᠢᠭ ᠦ᠋ᠨ ᠤᠴᠢᠷ ᠢ᠋ ᠰᠠᠶᠢ ᠭᠠᠳᠠᠷᠯᠠᠨ ᠳᠣᠲᠣᠷ᠎ᠠ ᠪᠠᠨ ᠶᠡᠬᠡᠳᠡ ᠤᠷᠮᠠᠰᠢᠨ ᠠᠯᠠᠭ᠎ᠠ ᠬᠠᠪᠰᠤᠷᠴᠤ《ᠵᠠ》 ᠭᠡᠵᠦ ᠴᠡᠭᠡᠵᠢ ᠮᠡᠬᠦᠢᠪᠡ᠃ ᠭᠡᠲᠡᠯ᠎ᠡ ᠵᠠᠩᠵᠤᠨ᠄ 
       — ᠨᠥᠭᠦᠭᠡ ᠲᠠᠯ᠎ᠠ ᠪᠠᠷ ᠴᠠᠭ ᠲᠥᠷᠥ ᠳ᠋ᠦ᠍ ᠰᠢᠨ᠎ᠡ ᠲᠦᠭᠰᠢᠭᠦᠷᠢ ᠪᠣᠢ ᠪᠣᠯᠤᠨ ᠳᠠᠬᠢᠨ ᠲᠡᠢᠨ ᠪᠠᠢᠯᠳᠤᠭᠠᠨ ᠪᠣᠯᠬᠤ ᠭᠡᠵᠦ ᠪᠠᠢᠭ᠎ᠠ ᠪᠣᠯᠬᠣᠷ ᠣᠷᠣᠨ ᠭᠡᠷ ᠲᠡᠭᠡᠨ ᠬᠠᠷᠢᠬᠤ ᠬᠡᠷᠡᠭ ᠦᠭᠡᠢ᠂ ᠬᠠᠷᠢᠨ ᠴᠤ᠌ ᠤᠯᠤᠰ ᠣᠷᠣᠨ ᠤ᠋ ᠪᠠᠨ ᠲᠥᠯᠥᠭᠡ ᠵᠢᠳᠬᠦᠭᠰᠡᠨ ᠴᠢᠭ ᠢ᠋ᠶ᠋ᠡᠷ ᠢ᠋ᠶ᠋ᠡᠨ ᠵᠢᠳᠬᠦᠨ ᠨᠢᠭᠡᠮᠦᠰᠦᠨ ᠭᠠᠪᠢᠶ᠎ᠠ ᠪᠠᠢᠭᠤᠯᠪᠠᠯ ᠵᠣᠬᠢᠨ᠎ᠠ ᠭᠡᠪᠡ᠃ 
       ᠡᠭᠦᠨ ᠳ᠋ᠦ᠍ ᠳ᠋ᠠᠨᠽᠠᠨ ᠤ᠋ ᠳᠣᠲᠣᠷ᠎ᠠ ᠫᠠᠯᠬᠢᠪᠠ᠃ ᠰᠡᠳᠬᠢᠯ ᠳ᠋ᠦ᠍ᠨᠢ《ᠳᠠᠬᠢᠨ ᠲᠡᠢᠨ? ᠬᠡᠨ ᠲᠡᠢ ᠲᠡᠷᠡ ᠪᠣᠢ?》 ᠭᠡᠬᠦ ᠡᠴᠡ ᠭᠠᠳᠠᠨ᠎ᠠ᠂ ᠣᠷᠣᠨ ᠨᠤᠲᠤᠭ ᠲᠤ ᠬᠠᠷᠢᠬᠤ ᠬᠦᠰᠡᠯ ᠤᠯᠠᠮ ᠢ᠋ᠶ᠋ᠠᠷ ᠢ᠋ᠶ᠋ᠠᠨ ᠨᠡᠮᠡᠭᠳᠡᠬᠦ ᠠᠵᠢ᠃ ᠲᠡᠭᠡᠭᠡᠳ《ᠵᠠ》 ᠴᠦ᠍ ᠭᠡᠰᠡᠨ ᠦᠭᠡᠢ《ᠦᠭᠡᠢ》 ᠴᠦ᠍ ᠭᠡᠰᠡᠨ ᠦᠭᠡᠢ ᠳᠦᠯᠡᠢ ᠳᠦᠮᠪᠡ ᠣᠷᠬᠢᠨ ᠳᠣᠷᠣᠭᠰᠢ ᠰᠢᠷᠳᠡᠨ᠎ᠡ᠃ ᠵᠠᠩᠵᠤᠨ ᠲᠡᠭᠦᠨ ᠦ᠌ ᠳᠣᠲᠣᠷ᠎ᠠ ᠪᠠᠨ ᠳᠤᠷ᠎ᠠ ᠦᠭᠡᠢᠴᠡᠵᠦ ᠪᠠᠢᠭ᠎ᠠ ᠶ᠋ᠢ ᠯᠠᠪᠲᠠᠢ ᠮᠡᠳᠡᠭᠡᠳ ᠪᠣᠰᠴᠤ ᠲᠠᠰᠤᠯᠭᠠᠨ ᠤ᠋ ᠪᠠᠨ ᠬᠠᠭᠠᠯᠭ᠎ᠠ ᠶ᠋ᠢ ᠨᠡᠭᠡᠭᠡᠨ ᠨᠢᠭᠡ ᠬᠥᠮᠦᠨ ᠢ᠋ ᠳᠠᠭᠤᠳᠠᠵᠠᠢ᠃ ᠡᠨᠡ ᠳᠠᠷᠤᠢ ᠥᠨᠳᠥᠷ ᠨᠠᠷᠢᠬᠠᠨ ᠪᠡᠶ᠎ᠡ ᠲᠡᠢ᠂ ᠨᠤᠭᠤᠰᠤ ᠰᠢᠭ᠋ ᠤᠷᠲᠤ ᠬᠦᠵᠦᠭᠦᠦ ᠲᠡᠢ᠂ ᠮᠥᠷᠦᠨ ᠳᠡᠭᠡᠷ᠎ᠡ ᠪᠡᠨ ᠰᠢᠷ᠎ᠠ ᠳᠠᠪᠤᠤ ᠫᠣᠭᠣᠨ ᠲᠡᠮᠳᠡᠭ ᠬᠠᠲᠠᠭᠰᠠᠨ ᠴᠡᠷᠢᠭ ᠦ᠋ᠨ ᠬᠥᠮᠦᠨ ᠣᠷᠣᠵᠤ ᠢᠷᠡᠵᠦ ᠨᠤᠭᠤᠰᠤᠨ ᠬᠦᠵᠦᠭᠦᠦ ᠪᠡᠨ ᠬᠣᠢᠰᠢ ᠲᠡᠳᠡᠨ ᠭᠡᠳᠡᠢᠯᠭᠡᠩᠭᠦᠲᠡ ᠪᠡᠨ ᠪᠠᠷᠠᠭᠤᠨ ᠭᠠᠷ ᠢ᠋ᠶ᠋ᠠᠨ ᠭᠢᠯᠠᠰᠬᠢᠯᠭᠡᠨ ᠰᠢᠨᠠ ᠳ᠋ᠠᠭᠠᠨ ᠠᠪᠠᠴᠢᠨ᠄ 
       — ᠵᠠᠩᠵᠤᠨ ᠤ᠋ ᠠᠢᠯᠠᠳᠪᠤᠷᠢ ᠶ᠋ᠢ ᠰᠣᠨᠣᠰᠤᠶ᠎ᠠ ᠭᠡᠪᠡ᠃ 
       ᠵᠠᠩᠵᠤᠨ ᠬᠠᠷᠢᠭᠤ ᠳ᠋ᠤᠨᠢ᠄ 
       — ᠡᠨᠡ ᠡᠷ᠎ᠡ ᠶ᠋ᠢ ᠬᠤᠸᠠᠷᠠᠨ ᠳ᠋ᠤ᠌ ᠠᠪᠠᠴᠢᠵᠤ ᠪᠠᠶᠠᠷ ᠬᠦᠩ ᠦ᠋ᠨ ᠠᠩᠭᠢ ᠳ᠋ᠤ᠌ ᠳᠤᠰᠢᠶᠠ! ᠭᠡᠳ ᠳ᠋ᠠᠨᠽᠠᠨ ᠳ᠋ᠤ᠌《ᠴᠡᠷᠢᠭ ᠦ᠋ᠨ ᠬᠠᠤᠯᠢ ᠬᠠᠲᠠᠭᠤ᠂ ᠵᠢᠭᠠᠬᠠᠨ ᠵᠥᠷᠢᠴᠡᠭᠰᠡᠨ ᠢ᠋ ᠲᠠᠰᠢᠭᠤᠷ ᠢ᠋ᠶ᠋ᠠᠷ ᠵᠠᠯᠬᠠᠭᠠᠨ᠎ᠠ᠃ ᠡᠰᠡ ᠵᠠᠰᠠᠷᠠᠨ ᠨᠡᠮᠡᠵᠦ ᠵᠥᠷᠢᠴᠡᠪᠡᠯ ᠠᠮᠢ ᠲᠠᠢ ᠶᠠᠷᠢᠯᠴᠠᠬᠤ ᠠ᠋ᠴᠠ ᠥᠭᠡᠷ᠎ᠡ ᠠᠷᠭ᠎ᠠ ᠦᠭᠡᠢ ᠪᠣᠯᠳᠠᠭ ᠭᠡᠵᠦ ᠮᠡᠳᠡᠭᠡᠷᠡᠢ!》 ᠭᠡᠳ ᠢᠨᠢᠶᠡᠮᠰᠦᠭᠯᠡᠨ ᠥᠭᠦᠯᠡᠬᠦ ᠨᠢ ᠳᠡᠮᠡᠢ ᠰᠦᠷᠳᠡᠭᠦᠯᠬᠦ ᠪᠢᠰᠢ᠂ ᠴᠢᠩ ᠰᠡᠳᠬᠢᠯ ᠦ᠋ᠨ ᠰᠤᠷᠭᠠᠮᠵᠢ ᠪᠠᠢᠵᠠᠢ᠃  
       ᠳ᠋ᠠᠨᠽᠠᠨ ᠦᠭᠡ ᠳᠠᠭᠤ ᠦᠭᠡᠢ ᠪᠣᠰᠤᠨ ᠭᠠᠷᠪᠠ᠃ ᠠᠷᠤ ᠳ᠋ᠤᠨᠢ ᠥᠨᠳᠥᠷ ᠬᠥᠮᠦᠨ ᠳᠠᠭᠠᠭᠰᠠᠭᠠᠷ ᠬᠠᠰᠢᠶᠠᠨ ᠤ᠋ ᠬᠠᠭᠠᠯᠭ᠎ᠠ ᠭᠠᠷᠤᠭᠠᠳ ᠤᠨᠤᠵᠤ ᠢᠷᠡᠭᠰᠡᠨ ᠮᠣᠷᠢ ᠶ᠋ᠢ ᠪᠠᠷᠢᠨ᠂ ᠤᠷᠲᠤ ᠫᠤᠤ ᠶ᠋ᠢ ᠨᠢᠷᠤᠭᠤᠨ ᠳ᠋ᠠᠭᠠᠨ ᠡᠭᠦᠷᠦᠨ ᠬᠦᠯᠢᠶᠡᠵᠦ ᠰᠠᠭᠤᠭ᠎ᠠ ᠥᠷᠲᠡᠭᠡᠨ ᠦ᠌ ᠤᠯᠠᠭᠠᠴᠢ ᠳᠡᠭᠡᠷ᠎ᠡ ᠢᠷᠡᠪᠡ᠃ ᠣᠳᠣ ᠦᠵᠡᠪᠡᠯ ᠠᠷᠤ ᠳ᠋ᠤ᠌ ᠶᠠᠪᠤᠭᠰᠠᠨ ᠥᠨᠳᠥᠷ ᠬᠥᠮᠦᠨ ᠶᠠᠮᠠᠷ ᠨᠢᠭᠡ ᠬᠦᠨᠳᠦ ᠬᠡᠷᠡᠭᠲᠡᠨ ᠠᠪᠴᠤ ᠶᠠᠪᠤᠭ᠎ᠠ ᠰᠢᠭ᠋ ᠲᠠᠰᠢᠶᠠᠨ ᠳ᠋ᠠᠬᠢ ᠤᠷᠲᠤ ᠰᠡᠯᠡᠮ᠎ᠡ ᠶ᠋ᠢ ᠠᠯᠢ ᠬᠡᠳᠦᠢᠨ ᠰᠤᠭᠤᠯᠤᠨ ᠪᠠᠷᠢᠭᠰᠠᠨ ᠪᠠᠢᠬᠤ ᠪᠥᠭᠡᠳ᠂ ᠳ᠋ᠠᠨᠽᠠᠨ ᠲᠡᠭᠦᠨ ᠢ᠋ ᠨᠢ ᠬᠠᠷᠠᠬᠤ ᠲᠠᠢ ᠪᠠᠨ ᠵᠡᠷᠭᠡ ᠤᠯᠠᠭᠠᠴᠢ ᠠ᠋ᠴᠠ ᠢᠴᠢᠪᠡ᠃ ᠰᠠᠶᠢᠬᠠᠨ ᠲᠡᠷᠡ᠂ ᠥᠷᠲᠡᠭᠡᠨ ᠳᠡᠭᠡᠷ᠎ᠡ ᠢᠷᠡᠭᠡᠳ《ᠤᠯᠤᠰ ᠤ᠋ᠨ ᠴᠢᠬᠤᠯᠠ ᠶᠠᠭᠠᠷᠠᠯᠲᠠᠢ ᠬᠡᠷᠡᠭ ᠢ᠋ᠶ᠋ᠡᠷ ᠶᠠᠪᠤᠵᠤ ᠪᠠᠢᠨ᠎ᠠ᠂ ᠤᠨᠤᠬᠤ ᠮᠣᠷᠢ ᠶ᠋ᠢ ᠱᠠᠯᠠᠪ ᠡᠮᠡᠭᠡᠯᠯᠡ!》 ᠭᠡᠵᠦ ᠰᠦᠷ ᠪᠠᠳᠠᠷᠠᠭᠤᠯᠵᠤ ᠪᠠᠢᠭᠰᠠᠨ ᠲᠡᠳᠦᠢ ᠦᠭᠡᠢ᠂ ᠡᠴᠡᠩᠬᠡᠢ ᠮᠣᠷᠢ ᠡᠮᠡᠭᠡᠯᠯᠡᠪᠡ ᠭᠡᠵᠦ ᠠᠢᠬᠤᠪᠲᠤᠷ ᠰᠢᠷᠦᠭᠦᠨ ᠵᠠᠩ ᠭᠠᠷᠭᠠᠭᠰᠠᠨ ᠢ᠋ᠶ᠋ᠠᠨ ᠰᠠᠨᠠᠬᠤ ᠠ᠋ᠴᠠ ᠯᠠ ᠤᠯᠠᠭᠠᠴᠢ ᠠ᠋ᠴᠠ ᠢᠴᠢᠨ ᠨᠢᠭᠤᠷ ᠤᠯᠠᠢᠨ᠎ᠠ᠃ ᠲᠡᠭᠡᠭᠡᠳ《ᠲᠥᠷᠥ ᠶ᠋ᠢᠨ ᠶᠡᠬᠡ ᠡᠯᠴᠢ ᠭᠤᠸᠠᠢ ᠮᠠᠨᠢ ᠳᠡᠭᠡᠳᠦ  ᠶᠠᠮᠤᠨ᠎ᠠ ᠣᠷᠣᠭᠠᠳ ᠡᠷᠭᠢᠨ ᠭᠠᠷᠴᠤ ᠢᠷᠡᠬᠦ ᠳ᠋ᠡᠭᠡᠨ ᠴᠡᠷᠢᠭ ᠡᠷ᠎ᠡ ᠳ᠋ᠦ᠍ ᠲᠠᠭᠤᠭᠳᠠᠨ ᠭᠠᠷᠴᠤ ᠢᠷᠡᠪᠡ》 ᠭᠡᠵᠦ ᠬᠡᠯᠡᠭᠳᠡᠬᠦ ᠡᠯᠡᠭ ᠳᠣᠭᠣᠭᠢ ᠶ᠋ᠢᠨ ᠶᠠᠷᠢᠶᠠᠨ ᠠ᠋ᠴᠠ ᠬᠡᠷᠬᠢᠨ ᠭᠠᠷᠬᠤ ᠪᠢᠯᠡ? ᠭᠡᠬᠦ ᠳ᠋ᠡᠭᠡᠨ ᠤᠯᠠᠭᠠᠴᠢ ᠳ᠋ᠤ᠌《 ᠵᠠ ᠬᠦ ᠮᠤᠷᠳᠡ ᠳᠡ》 ᠭᠡᠵᠦ ᠬᠡᠨᠡᠭ ᠦᠭᠡᠢᠬᠡᠨ ᠥᠭᠦᠯᠡᠭᠡᠳ《ᠬᠠᠮᠢᠭ᠎ᠠ ᠬᠦᠷᠬᠦ ᠰᠠᠨ ᠪᠣᠯ?》 ᠭᠡᠬᠦ ᠳ᠋ᠦ᠍ᠨᠢ《ᠴᠡᠷᠢᠭ ᠦ᠋ᠨ ᠬᠤᠸᠠᠷᠠᠨ ᠳᠡᠭᠡᠷ᠎ᠡ ᠣᠴᠢᠨ᠎ᠠ》 ᠭᠡᠵᠦ ᠲᠣᠮᠣ ᠳᠠᠭᠤ ᠪᠠᠷ ᠥᠭᠦᠯᠡᠨ ᠮᠤᠷᠳᠡᠵᠦ ᠲᠡᠰᠢᠶ᠎ᠡ ᠲᠤᠯᠪᠠ᠃ ᠥᠨᠥᠬᠢ ᠥᠨᠳᠥᠷ ᠬᠥᠮᠦᠨ ᠴᠦ᠍ ᠳᠡᠮᠡᠢ ᠰᠡᠯᠡᠮ᠎ᠡ ᠰᠤᠭᠤᠯᠤᠭᠰᠠᠨ ᠢ᠋ᠶ᠋ᠠᠨ ᠮᠡᠳᠡᠵᠦ᠂ ᠰᠡᠯᠡᠮ᠎ᠡ ᠪᠡᠨ ᠬᠤᠢᠯᠠᠵᠤ ᠲᠡᠳᠡᠨ ᠦ᠌ ᠲᠦᠷᠦᠭᠦᠨ ᠳ᠋ᠦ᠍ ᠣᠷᠣᠨ ᠶᠠᠪᠤᠯ᠎ᠠ᠃ ᠬᠣᠲᠠ ᠠ᠋ᠴᠠ ᠳᠥᠩᠭᠡᠵᠦ ᠵᠠᠬᠠᠯᠠᠮᠠᠭᠴᠠ ᠬᠣᠭ ᠤ᠋ᠨ ᠨᠣᠬᠠᠳ ᠪᠤᠷᠭᠤᠯᠠᠵᠤ ᠡᠬᠢᠯᠡᠪᠡ᠃ ᠡᠮᠦᠨ᠎ᠡ ᠨᠢ ᠶᠠᠪᠤᠭ᠎ᠠ ᠥᠨᠳᠥᠷ ᠬᠥᠮᠦᠨ ᠰᠠᠨᠳᠤᠷᠤᠨ ᠰᠡᠯᠡᠮ᠎ᠡ ᠰᠤᠭᠤᠯᠵᠤ ᠲᠡᠳᠡᠨ ᠲᠡᠢ ᠠᠴᠢ ᠳᠠᠴᠢ ᠲᠤᠯᠤᠯᠳᠤᠬᠤ ᠪᠣᠯᠪᠠ᠃ ᠠᠷᠤ ᠳ᠋ᠤᠨᠢ ᠳ᠋ᠠᠨᠽᠠᠨ ᠤᠨᠤᠭᠠᠨ ᠳᠡᠭᠡᠷ᠎ᠡ ᠶᠠᠪᠤᠭ᠎ᠠ ᠲᠤᠯᠠ ᠶᠡᠷᠦ ᠬᠡᠨᠡᠭ ᠦᠭᠡᠢ ᠪᠥᠭᠡᠳ ᠡᠮᠦᠨ᠎ᠡ ᠨᠢ ᠶᠠᠪᠤᠭ᠎ᠠ ᠥᠨᠳᠥᠷ ᠬᠥᠮᠦᠨ ᠢ᠋ ᠨᠢᠭᠡᠲᠡ ᠥᠰᠢᠭᠰᠡᠨ ᠦ᠌ ᠪᠡᠨ ᠬᠤᠪᠢ ᠳ᠋ᠤ᠌ ᠣᠳᠣ ᠲᠡᠷᠡ ᠣᠯᠠᠨ ᠨᠣᠬᠠᠳ ᠢ᠋ ᠤᠯᠠᠮ ᠰᠠᠢᠨ ᠪᠤᠷᠭᠤᠯᠠᠰᠢ ᠪᠢᠯᠡ ᠭᠡᠵᠦ ᠪᠣᠳᠣᠨ᠎ᠠ᠃ ᠨᠣᠬᠠᠳ ᠴᠤ᠌ ᠲᠡᠭᠦᠨ ᠢ᠋ ᠬᠠᠩᠭᠠᠯᠲᠠ ᠲᠠᠢ ᠰᠠᠨᠳᠤᠷᠤᠭᠤᠯᠪᠠ᠃   
       ᠴᠡᠷᠢᠭ ᠦ᠋ᠨ ᠬᠤᠸᠠᠷᠠᠨ ᠭᠡᠳᠡᠭ ᠨᠢ ᠬᠦᠷᠢᠶᠡᠨ ᠦ᠌ ᠵᠡᠭᠦᠨ ᠡᠮᠦᠨ᠎ᠡ ᠪᠥᠭᠡᠳ ᠵᠡᠭᠦᠨ᠂ ᠪᠠᠷᠠᠭᠤᠨ᠂ ᠬᠣᠢᠲᠤ ᠭᠤᠷᠪᠠᠨ ᠡᠲᠡᠭᠡᠳ ᠲᠡᠭᠡᠨ ᠬᠡᠳᠦᠨ ᠵᠠᠭᠤᠨ ᠬᠥᠮᠦᠨ ᠦ᠌ ᠪᠠᠭᠲᠠᠭᠠᠮᠵᠢ ᠲᠠᠢ ᠭᠤᠷᠪᠠᠨ ᠤᠷᠲᠤ ᠴᠠᠭᠠᠨ ᠪᠠᠢᠰᠢᠩ ᠪᠦᠬᠦᠢ ᠶᠡᠬᠡ ᠬᠠᠰᠢᠶ᠎ᠠ ᠪᠠᠢᠵᠠᠢ᠃ ᠳ᠋ᠠᠨᠽᠠᠨ ᠲᠡᠭᠦᠨ ᠦ᠌ ᠡᠮᠦᠨ᠎ᠡ ᠣᠴᠢᠵᠤ ᠡᠮᠡᠭᠡᠯ ᠬᠠᠵᠠᠭᠠᠷ ᠫᠤᠤ ᠵᠡᠷᠭᠡ ᠪᠡᠨ ᠠᠪᠤᠨ ᠳᠣᠲᠣᠭᠰᠢ ᠣᠷᠣᠵᠤ ᠪᠠᠶᠠᠷ ᠬᠦᠩ ᠦ᠋ᠨ ᠠᠩᠭᠢ ᠳ᠋ᠤ᠌ ᠲᠤᠰᠢᠶᠠᠭᠳᠠᠪᠠ᠃ 
       ᠡᠨᠡ ᠠᠩᠭᠢ149 ᠬᠥᠮᠦᠨ ᠲᠡᠢ ᠪᠠᠢᠭᠰᠠᠨ ᠤ᠋ ᠳᠡᠭᠡᠷ᠎ᠡ ᠳ᠋ᠠᠨᠽᠠᠨ ᠨᠡᠮᠡᠭᠳᠡᠭᠰᠡᠨ ᠤᠴᠢᠷ ᠳᠤᠲᠠᠭᠤ ᠲᠠᠪᠢᠲᠤ ᠨᠢ ᠪᠦᠷᠢᠨ ᠲᠡᠭᠦᠯᠳᠡᠷ ᠪᠣᠯᠵᠠᠢ᠃ 
       ᠰᠢᠨ᠎ᠡ ᠢᠷᠡᠭᠰᠡᠨ ᠬᠥᠮᠦᠨ ᠢ᠋ ᠬᠠᠭᠤᠴᠢᠴᠤᠳ ᠰᠣᠨᠢᠷᠬᠠᠨ ᠨᠡᠷ᠎ᠡ ᠤᠰᠤ᠂ ᠨᠤᠲᠤᠭ ᠬᠣᠰᠢᠭᠤ ᠠ᠋ᠴᠠ ᠨᠢ ᠡᠬᠢᠯᠡᠨ ᠡᠯᠳᠡᠪ ᠢ᠋ ᠯᠠᠪᠯᠠᠨ ᠠᠰᠠᠭᠤᠳᠠᠭ ᠪᠠᠢᠯ᠎ᠠ᠃ ᠲᠡᠷᠡ ᠶᠣᠰᠣᠭᠠᠷ ᠳ᠋ᠠᠨᠽᠠᠨ ᠢ᠋ ᠪᠠᠬᠠᠨ ᠬᠥᠮᠦᠨ ᠬᠦᠷᠢᠶᠡᠯᠡᠨ ᠠᠪᠤᠭᠰᠠᠨ ᠤ᠋ ᠳᠣᠲᠣᠷ᠎ᠠ ᠥᠪᠥᠷ ᠮᠣᠩᠭᠣᠯ ᠤ᠋ᠨ ᠨᠤᠲᠤᠭ ᠤ᠋ᠨ ᠬᠥᠮᠦᠰ ᠣᠯᠠᠨ ᠦᠵᠡᠭᠳᠡᠨ᠎ᠡ᠃ ᠲᠡᠳᠡᠨ ᠦ᠌ ᠬᠡᠨ ᠨᠢ ᠪᠣᠯᠪᠠᠴᠤ ᠳ᠋ᠠᠨᠽᠠᠨ ᠢ᠋ ᠬᠦᠨᠳᠦᠳᠬᠡᠬᠦ ᠪᠤᠶᠤ ᠨᠠᠢᠵᠠᠷᠬᠠᠬᠤ ᠰᠢᠨᠵᠢ ᠦᠭᠡᠢ ᠰᠢᠭ᠂ ᠥᠩᠭᠡᠷᠡᠭᠰᠡᠨ ᠬᠤᠭᠤᠴᠠᠭᠠᠨ ᠳ᠋ᠤ᠌ ᠡᠳ᠋ᠯᠡᠭᠰᠡᠨ ᠵᠣᠪᠠᠯᠠᠩ᠂ ᠲᠠᠭᠠᠷᠠᠭᠰᠠᠨ ᠠᠮᠢᠳᠤᠷᠠᠯ ᠠ᠋ᠴᠠ ᠪᠠᠨ ᠶᠠᠷᠢᠵᠤ ᠡᠬᠢᠯᠡᠬᠦ ᠳ᠋ᠦ᠍《ᠤᠤᠬᠠᠢ᠂ ᠵᠠ ᠲᠡᠭᠡᠭᠡᠳ?》 ᠡᠴᠦᠰ ᠲᠦ᠋ᠨᠢ《ᠵᠠ ᠳᠠ᠂ ᠵᠠᠯᠠᠵᠤ ᠪᠠᠢᠬᠤ ᠰᠢᠪ ᠳᠡ》 ᠭᠡᠯᠴᠡᠨ ᠢᠨᠢᠶᠡᠨ ᠱᠤᠤᠭᠢᠯᠳᠤᠨ᠎ᠠ᠃ ᠵᠠᠩᠵᠤᠨ ᠴᠣᠢᠷ᠎ᠠ ᠶ᠋ᠢᠨ ᠲᠡᠨᠳᠡ ᠲᠤᠭᠠᠷ ᠪᠠᠭᠠᠲᠤᠷ ᠲᠠᠢ ᠨᠡᠢᠯᠡᠨ ᠠᠶᠤᠮᠰᠢᠭ ᠦᠭᠡᠢ ᠲᠤᠯᠤᠯᠳᠤᠭᠰᠠᠨ ᠢ᠋ᠶ᠋ᠠᠨ ᠰᠣᠨᠢᠷᠬᠠᠭᠤᠯᠤᠨ ᠭᠠᠢᠬᠠᠭᠤᠯᠬᠤ ᠭᠡᠬᠦ ᠳ᠋ᠦ᠍ ᠪᠠᠰᠠ ᠯᠠ ᠭᠠᠢᠬᠠᠨ ᠪᠠᠬᠠᠳᠤᠬᠤ ᠬᠥᠮᠦᠨ ᠦᠭᠡᠢ ᠰᠢᠭ᠃ ᠶᠠᠭᠠᠬᠢᠭᠠᠳ ᠲᠡᠷᠡ ᠪᠣᠢ? ᠡᠳᠡᠨ ᠦ᠌ ᠳᠣᠲᠣᠷ᠎ᠠ ᠳ᠋ᠠᠨᠽᠠᠨ ᠤ᠋ ᠦᠵᠡᠵᠦ ᠥᠩᠭᠡᠷᠡᠭᠦᠯᠦᠭᠰᠡᠨ ᠡᠴᠡ ᠢᠯᠡᠭᠦᠦ ᠪᠠᠢᠯᠳᠤᠭᠠᠨ᠂ ᠲᠤᠯᠤᠯᠳᠤᠭᠠᠨ᠂ ᠴᠣᠬᠢᠶ᠎ᠠ᠂ ᠵᠣᠳᠣᠭ᠎ᠠ ᠶ᠋ᠢ ᠦᠵᠡᠭᠰᠡᠨ ᠲᠤᠭᠤᠯᠤᠭᠰᠠᠨ ᠬᠥᠮᠦᠨ ᠪᠢᠰᠢᠭᠦᠢ ᠨᠢᠭᠡ ᠪᠠᠢᠭ᠎ᠠ ᠤᠴᠢᠷ ᠠ᠋ᠴᠠ ᠲᠡᠷᠡ ᠠᠵᠢ᠃  
       ᠰᠥᠨᠢ ᠳ᠋ᠠᠨᠽᠠᠨ ᠨᠢᠭᠡ ᠵᠠᠬ᠎ᠠ ᠠ᠋ᠴᠠ ᠨᠥᠭᠦᠭᠡ ᠵᠠᠬ᠎ᠠ ᠨᠢ ᠦᠵᠡᠭᠳᠡᠬᠦ ᠦᠭᠡᠢ ᠰᠢᠬᠠᠮ ᠤ᠋ᠨ ᠤᠷᠲᠤ ᠨᠠᠷᠢᠨ ᠡᠭᠦᠳᠡᠨ ᠲᠠᠯ᠎ᠠ ᠶ᠋ᠢᠨ ᠦᠵᠦᠭᠦᠷ ᠳᠡᠭᠡᠷ᠎ᠡ ᠡᠮᠡᠭᠡᠯ ᠳᠡᠷᠡᠯᠡᠨ ᠲᠣᠬᠣᠮ ᠳᠣᠣᠷ᠎ᠠ ᠪᠠᠨ ᠬᠢᠵᠦ ᠤᠨᠲᠠᠪᠠ᠃ ᠥᠷᠯᠥᠭᠡ ᠲᠤᠩ ᠤ᠋ᠨ ᠳᠠᠭᠤ ᠪᠠᠷ ᠪᠦᠬᠦ ᠴᠡᠷᠢᠭ ᠪᠣᠰᠤᠨ ᠬᠠᠷᠠᠢᠬᠤ ᠶ᠋ᠢ ᠳᠠᠭᠠᠵᠤ ᠪᠣᠰᠤᠭᠠᠳ ᠭᠠᠷᠬᠤ ᠳ᠋ᠤᠨᠢ ᠮᠥᠨ ᠳᠠᠭᠠᠯᠳᠤᠨ ᠭᠠᠷᠴᠠᠢ᠃ ᠡᠨᠳᠡ ᠬᠥᠮᠦᠰ ᠦᠷ ᠴᠦᠷ ᠢ᠋ᠶ᠋ᠡᠷ ᠪᠣᠰᠤᠨ ᠴᠡᠷᠢᠭ ᠦ᠋ᠨ ᠰᠤᠷᠭᠠᠭᠤᠯᠢ ᠬᠢᠳᠡᠭ ᠪᠠᠢᠪᠠ᠃ ᠲᠡᠷᠡ ᠮᠡᠲᠦ ᠶ᠋ᠢ ᠳ᠋ᠠᠨᠽᠠᠨ ᠤᠷᠢᠳ ᠡᠮᠦᠨ᠎ᠡ ᠬᠢᠵᠦ ᠪᠠᠢᠭᠰᠠᠨ ᠤᠳᠠᠭ᠎ᠠ ᠨᠢᠭᠡ ᠴᠦ᠍ ᠦᠭᠡᠢ ᠲᠤᠯᠠ ᠲᠠᠪᠢᠨ ᠴᠡᠷᠢᠭ ᠨᠢᠭᠡ ᠡᠩᠨᠡᠭᠡ ᠪᠣᠯᠤᠨ ᠵᠢᠭᠰᠠᠬᠤ ᠳ᠋ᠤ᠌ ᠠᠷᠤ ᠳ᠋ᠤᠨᠢ ᠭᠠᠭᠴᠠᠭᠠᠷ ᠦᠯᠡᠳᠡᠵᠦ ᠲᠠᠰᠤᠭ ᠤ᠋ᠨ ᠳᠠᠷᠤᠭ᠎ᠠ ᠳ᠋ᠤ᠌ ᠲᠠᠷᠢᠬᠢ ᠪᠠᠨ ᠡᠷᠭᠢᠲᠡᠯ᠎ᠡ ᠵᠠᠩᠨᠠᠭᠤᠯᠪᠠ᠃ ᠭᠡᠲᠡᠯ᠎ᠡ ᠡᠨᠡ ᠨᠢ ᠶᠡᠬᠡ ᠬᠡᠷᠡᠭ ᠦ᠋ᠨ ᠳᠥᠩᠭᠡᠵᠦ ᠡᠬᠢ ᠨᠢ ᠪᠠᠢᠵᠠᠢ᠃ ᠦᠷᠭᠦᠯᠵᠢᠯᠡᠯ ᠨᠢ ᠭᠡᠪᠡᠯ《ᠭᠡᠭᠡᠮ ᠭᠡᠭ᠂ ᠵᠡᠷᠭᠡᠴᠡ ᠳᠤᠮᠳᠠ ᠪᠠᠨ!》 ᠭᠡᠬᠦ ᠡᠴᠡ ᠠᠪᠤᠭᠠᠳ《ᠵᠡᠭᠦᠨ ᠲᠠᠢᠰᠢ ᠪᠡᠨ᠂ ᠪᠠᠷᠠᠭᠤᠨ ᠮᠥᠷᠥ ᠲᠦᠷᠦᠭᠦᠯᠡ! ᠵᠡᠭᠦᠨ ᠮᠥᠷᠥ ᠲᠦᠷᠦᠭᠦᠯᠡ! ᠡᠷᠭᠢᠭᠡᠳ᠂ ᠴᠢᠭ ᠢ᠋ᠶ᠋ᠡᠷ ᠢ᠋ᠶ᠋ᠡᠨ! ᠨᠢᠭᠡ᠂ ᠬᠣᠶᠠᠷ᠂ ᠨᠢᠭᠡ ᠬᠣᠶᠠᠷ᠁》 ᠭᠡᠰᠡᠨ ᠪᠦᠬᠦᠨ ᠳᠡᠭᠡᠷ᠎ᠡ ᠪᠤᠳᠤᠯᠢᠬᠤ ᠳ᠋ᠤ᠌ ᠲᠠᠰᠤᠭ ᠤ᠋ᠨ ᠳᠠᠷᠤᠭ᠎ᠠ ᠳᠡᠭᠡᠷ᠎ᠡ ᠰᠠᠯᠠᠭᠠᠨ ᠳᠠᠷᠤᠭ᠎ᠠ ᠨᠡᠮᠡᠭᠳᠡᠨ ᠵᠠᠩᠨᠠᠨ᠎ᠠ᠃ ᠳᠠᠷᠠᠭ᠎ᠠ ᠨᠢ ᠰᠤᠮᠤᠨ ᠳᠠᠷᠤᠭ᠎ᠠ ᠨᠡᠮᠡᠭᠳᠡᠭᠰᠡᠨ ᠨᠢ ᠪᠦᠷ ᠴᠦ᠍ ᠰᠢᠷᠦᠭᠦᠨ᠂ ᠭᠦᠷᠦᠮᠡᠯ ᠰᠤᠷᠠᠨ ᠲᠠᠰᠢᠭᠤᠷ ᠢ᠋ᠶ᠋ᠠᠷ ᠲᠣᠯᠣᠭᠠᠢ ᠣᠷᠢᠶᠠᠯᠭᠠᠵᠤ ᠡᠬᠢᠯᠡᠭᠰᠡᠨ ᠢ᠋ᠶ᠋ᠡᠨ ᠲᠠᠰᠢᠶᠠᠨ ᠳ᠋ᠠᠬᠢ ᠰᠸᠯᠸᠳᠢ ᠫᠤᠤ ᠶ᠋ᠢ ᠣᠯᠵᠤ ᠬᠠᠷᠠᠭᠠᠳ《ᠡᠨᠡ ᠫᠤᠤ ᠶ᠋ᠢ ᠬᠠᠮᠢᠭ᠎ᠠ ᠠ᠋ᠴᠠ ᠠᠪᠤᠭᠰᠠᠨ ᠪᠣᠢ᠁ ᠵᠠ ᠶᠠᠷᠰᠢᠭ᠂ ᠣᠯᠠᠨ ᠪᠢᠲᠡᠭᠡᠢ ᠲᠣᠩᠭᠣᠰ ᠴᠡᠷᠢᠭ ᠴᠢᠮ᠎ᠠ ᠳ᠋ᠤ᠌ ᠪᠠᠢᠲᠤᠭᠠᠢ᠂ ᠳᠠᠷᠤᠭ᠎ᠠ ᠨᠠᠳᠠ ᠣᠯᠳᠠᠭ᠎ᠠ ᠦᠭᠡᠢ ᠵᠦᠢᠯ ᠬᠤᠷᠢᠶᠠᠯᠭ᠎ᠠ!》 ᠭᠡᠳ ᠬᠣᠷᠢᠶᠠᠨ ᠠᠪᠴᠤ ᠣᠳᠴᠠᠢ᠃ 
       ᠲᠤᠭᠠᠷ ᠤ᠋ᠨ ᠴᠡᠷᠢᠭ ᠲᠦ᠍ ᠳ᠋ᠠᠨᠽᠠᠨ ᠤ᠋ ᠡᠨᠳᠡ ᠦᠵᠡᠵᠦ ᠪᠠᠢᠭ᠎ᠠ ᠰᠤᠷᠭᠠᠭᠤᠯᠢ ᠶ᠋ᠢᠨ ᠵᠦᠢᠯᠡᠰ ᠡᠴᠡ ᠨᠢᠭᠡ ᠨᠢ ᠴᠦ᠍ ᠪᠠᠢᠭᠰᠠᠨ ᠦᠭᠡᠢ᠃ ᠲᠡᠳᠡ ᠬᠡᠳᠦᠢᠪᠡᠷ ᠲᠠᠰᠤᠭ᠂ ᠰᠠᠯᠠᠭ᠎ᠠ᠂ ᠰᠤᠮᠤ ᠭᠡᠵᠦ ᠪᠠᠢᠬᠤ ᠪᠣᠯᠪᠠᠴᠤ ᠬᠥᠮᠦᠨ ᠴᠢᠯᠥᠭᠡ ᠲᠡᠢ ᠭᠢᠰᠬᠢᠨ᠎ᠡ᠃ ᠴᠢᠯᠥᠭᠡ ᠲᠡᠢ ᠬᠠᠷᠠᠨ᠎ᠠ᠂ ᠴᠢᠯᠥᠭᠡ ᠲᠡᠢ ᠶᠠᠷᠢᠯᠴᠠᠨ᠎ᠠ᠃ ᠲᠡᠢᠨ ᠲᠤᠯᠤᠯᠳᠤᠭᠠᠨ ᠬᠡᠷᠬᠢᠨ ᠬᠢᠬᠦ ᠶ᠋ᠢ ᠲᠤᠭᠠᠷ ᠭᠠᠭᠴᠠᠭᠠᠷ ᠢ᠋ᠶ᠋ᠠᠨ ᠪᠣᠳᠣᠵᠤ ᠭᠠᠷᠭᠠᠬᠤ ᠪᠣᠯᠪᠠᠴᠤ ᠴᠢᠨᠣ᠎ᠠ ᠠᠪᠠᠯᠠᠬᠤ ᠲᠠᠢ ᠠᠪ ᠠᠳᠠᠯᠢ᠂ ᠦᠷᠭᠦᠭᠡᠬᠦ ᠬᠡᠰᠡᠭ᠂ ᠪᠣᠭᠣᠬᠤ ᠬᠡᠰᠡᠭ᠂ ᠮᠡᠬᠡᠯᠡᠬᠦ ᠬᠡᠰᠡᠭ ᠭᠡᠬᠦᠴᠢᠯᠡᠯ ᠢ᠋ᠶ᠋ᠡᠷ ᠬᠡᠰᠡᠭᠯᠡᠭᠡᠳ ᠡᠴᠦᠰ ᠲᠦ᠋ᠨᠢ ᠠᠪᠠᠯᠠᠬᠤ ᠬᠥᠮᠦᠰ ᠭᠡᠵᠦ ᠲᠠᠷᠪᠠᠭᠠᠨ ᠤ᠋ ᠪᠢᠴᠢᠬᠠᠨ ᠲᠣᠪᠴᠢ ᠬᠠᠮᠠᠷ ᠢ᠋ ᠴᠦ᠍ ᠠᠯᠳᠠᠬᠤ ᠪᠠᠨ ᠪᠣᠯᠢᠭᠰᠠᠨ ᠰᠦᠷᠡᠬᠡᠢ ᠬᠥᠮᠦᠰ ᠢ᠋ ᠣᠨᠣᠪᠴᠢᠲᠠᠢ ᠭᠡᠰᠡᠨ ᠭᠠᠵᠠᠷ ᠤ᠋ᠳ ᠢ᠋ᠶ᠋ᠠᠷ ᠳᠠᠷᠬᠠᠨ ᠲᠠᠯᠪᠢᠨ᠎ᠠ᠃ ᠳᠣᠣᠷᠠᠲᠤ ᠬᠥᠮᠦᠰ ᠨᠢ ᠠᠩᠴᠢᠳ ᠪᠣᠯᠬᠣᠷ ᠲᠤᠭᠠᠷ ᠤ᠋ᠨ ᠭᠠᠷᠭᠠᠵᠤ ᠪᠠᠢᠭ᠎ᠠ ᠤᠬᠠᠭᠠᠨ ᠢ᠋ ᠳᠣᠣᠷ᠎ᠠ ᠨᠢ ᠣᠢᠯᠠᠭᠠᠬᠤ ᠲᠡᠳᠦᠢ ᠦᠭᠡᠢ ᠲᠤᠬᠠᠢ ᠶ᠋ᠢᠨ ᠢ᠋ᠶ᠋ᠡᠨ ᠦᠶ᠎ᠡ ᠳ᠋ᠦ᠍ ᠴᠢᠨᠣ᠎ᠠ ᠠᠪᠠᠯᠠᠬᠤ ᠳ᠋ᠠᠭᠠᠨ ᠤᠷᠢᠳ ᠬᠡᠷᠡᠭᠯᠡᠵᠦ ᠶᠠᠪᠤᠭᠰᠠᠨ ᠠᠷᠭ᠎ᠠ ᠪᠠᠨ ᠬᠡᠷᠡᠭᠯᠡᠬᠦ ᠲᠤᠯᠠ ᠮᠥᠨ ᠯᠡ ᠥᠪᠡᠷ ᠥᠪᠡᠷᠲᠡᠭᠡᠨ ᠡᠵᠡᠨ᠃ ᠡᠢᠮᠦ ᠳ᠋ᠦ᠍ ᠳ᠋ᠠᠨᠽᠠᠨ ᠪᠤᠰᠤᠳ ᠤ᠋ᠨ ᠡᠮᠦᠨ᠎ᠡ ᠮᠣᠳᠣ ᠰᠢᠭ᠋ ᠭᠣᠴᠣᠢᠨ ᠵᠣᠭᠰᠣᠵᠤ ᠵᠠᠩᠨᠠᠭᠤᠯᠬᠤ ᠪᠦᠷᠢ ᠳ᠋ᠡᠭᠡᠨ《ᠡᠨᠡ ᠭᠠᠢ ᠲᠠᠢ ᠬᠠᠷ᠎ᠠ ᠰᠤᠷᠭᠠᠭᠤᠯᠢ ᠶ᠋ᠢᠨ ᠬᠡᠷᠡᠭ ᠶᠠᠭᠤ ᠪᠣᠢ? ᠪᠤᠰᠤᠳ ᠤ᠋ᠨ ᠮᠠᠲᠠᠯ ᠳ᠋ᠤ᠌ ᠪᠦᠬᠦᠨ ᠢ᠋ᠶ᠋ᠡᠷ ᠢ᠋ᠶ᠋ᠡᠨ ᠲᠠᠭᠤᠭᠳᠠᠨ ᠫᠤᠤ ᠶ᠋ᠢᠨ ᠠᠮᠠᠨ ᠳ᠋ᠤ᠌ ᠣᠷᠣᠵᠤ ᠬᠢᠳᠤᠭᠤᠯᠬᠤ ᠳ᠋ᠤ᠌ ᠯᠠ ᠬᠡᠷᠡᠭᠲᠡᠢ ᠪᠠᠢᠵᠤ ᠤᠤ?》 ᠭᠡᠬᠦᠴᠢᠯᠡᠨ ᠢ᠋ᠶ᠋ᠡᠷ ᠲᠠᠰᠤ ᠬᠥᠨᠳᠡᠯᠡᠨ ᠦ᠌ ᠶᠠᠭᠤᠮ᠎ᠠ ᠪᠣᠳᠣᠨ᠎ᠠ᠃ 
       ᠨᠥᠭᠦᠭᠡ ᠲᠠᠯ᠎ᠠ ᠪᠠᠷ ᠳ᠋ᠠᠨᠽᠡᠨ ᠴᠡᠷᠢᠭ ᠦ᠋ᠨ ᠶᠠᠮᠤᠨ ᠳᠡᠭᠡᠷ᠎ᠡ ᠮᠥᠷᠦᠨ ᠳ᠋ᠡᠭᠡᠨ ᠵᠠᠩᠵᠤᠨ ᠤ᠋ ᠲᠡᠮᠳᠡᠭᠲᠦ ᠬᠥᠮᠦᠨ ᠳ᠋ᠦ᠍《ᠡᠨᠡ ᠡᠷ᠎ᠡ ᠶ᠋ᠢ ᠪᠠᠶᠠᠷ ᠬᠦᠩ ᠦ᠋ᠨ ᠠᠩᠭᠢ ᠳ᠋ᠤ᠌ ᠲᠤᠰᠢᠶᠠ!》 ᠭᠡᠬᠦ ᠲᠡᠢ ᠵᠡᠷᠭᠡ《ᠵᠠ ᠪᠢ ᠪᠠᠷᠢᠭᠳᠠᠯ᠎ᠠ》 ᠭᠡᠵᠦ ᠳᠣᠲᠣᠷ᠎ᠠ ᠨᠢ ᠵᠢᠷᠡᠰᠭᠢᠵᠤ᠂ ᠠᠯᠢ ᠪᠣᠯᠬᠤ ᠣᠢᠷ᠎ᠠ ᠶ᠋ᠢᠨ ᠬᠤᠭᠤᠴᠠᠭᠠᠨ ᠳ᠋ᠤ᠌ ᠤᠷᠭᠤᠨ ᠵᠢᠭᠤᠲᠠᠶ᠎ᠠ ᠭᠡᠵᠦ ᠪᠣᠳᠣᠭᠰᠠᠨ ᠪᠠᠢᠯ᠎ᠠ᠃ ᠲᠡᠭᠡᠭᠡᠳ ᠬᠤᠸᠠᠷᠠᠨ ᠳ᠋ᠤ᠌ ᠢᠷᠡᠭᠰᠡᠨ ᠡᠴᠡ ᠪᠡᠨ ᠬᠣᠢᠰᠢ ᠤᠷᠭᠤᠨ ᠵᠠᠢᠯᠠᠬᠤ ᠵᠠᠮ ᠮᠥᠷ ᠢ᠋ ᠰᠠᠮ ᠠᠵᠢᠪᠠᠯ ᠬᠠᠮᠢᠭ᠎ᠠ ᠯᠠ ᠪᠣᠯ ᠬᠠᠮᠢᠭ᠎ᠠ ᠮᠠᠨᠠᠭ᠎ᠠ᠂ ᠬᠠᠰᠢᠶᠠᠨ ᠤ᠋ ᠶᠡᠬᠡ ᠬᠠᠭᠠᠯᠭᠠᠨ ᠳᠡᠭᠡᠷ᠎ᠡ ᠡᠳᠦᠷ ᠦ᠋ᠨ ᠴᠠᠭ ᠢ᠋ᠶ᠋ᠠᠷ ᠨᠢᠭᠡ ᠵᠣᠭᠰᠣᠵᠤ᠂ ᠰᠥᠨᠢ ᠶ᠋ᠢᠨ ᠴᠠᠭ ᠢ᠋ᠶ᠋ᠠᠷ ᠬᠣᠶᠠᠷ ᠪᠣᠯᠤᠨ᠎ᠠ᠃ ᠬᠠᠰᠢᠶᠠᠨ ᠤ᠋ ᠳᠥᠷᠪᠡᠨ ᠥᠨᠴᠥᠭ ᠪᠦᠷᠢ ᠳ᠋ᠦ᠍ ᠱᠣᠪᠣᠭᠣᠷ ᠶᠡᠨᠳᠡᠷ ᠲᠠᠢ ᠪᠥᠭᠡᠳ ᠲᠡᠭᠦᠨ ᠳᠡᠭᠡᠷ᠎ᠡ ᠮᠥᠨ ᠯᠡ ᠮᠠᠨᠠᠭ᠎ᠠ᠃ ᠣᠷᠣᠰᠢᠨ ᠰᠠᠭᠤᠬᠤ ᠲᠠᠰᠤᠯᠭᠠᠨ ᠳ᠋ᠤ᠌ ᠪᠣᠯᠬᠣᠷ ᠲᠠᠰᠤᠭ ᠤ᠋ᠨ ᠳᠠᠷᠤᠭ᠎ᠠ ᠨᠠᠷ ᠳᠣᠣᠷᠠᠲᠤ ᠴᠡᠷᠢᠭ ᠦ᠋ᠳ ᠢ᠋ ᠴᠠᠭ ᠢᠮᠠᠭᠲᠠ ᠬᠠᠩᠭᠢ ᠶᠠᠩᠬᠢ ᠴᠠᠭᠳᠠᠨ ᠵᠠᠬᠢᠷᠤᠨ᠎ᠠ᠃ ᠥᠪᠡᠷᠰᠡᠳ ᠢ᠋ ᠨᠢ ᠰᠠᠯᠠᠭᠠᠨ ᠳᠠᠷᠤᠭ᠎ᠠ ᠨᠠᠷ᠂ ᠰᠠᠯᠠᠭᠠᠨ ᠳᠠᠷᠤᠭ᠎ᠠ ᠨᠠᠷ ᠢ᠋ ᠰᠤᠮᠤᠨ ᠤ᠋ ᠬᠢᠨᠢ ᠳᠠᠷᠤᠭ᠎ᠠ ᠨᠠᠷ ᠭᠡᠬᠦᠴᠢᠯᠡᠨ ᠢ᠋ᠶ᠋ᠡᠷ ᠡᠨᠳᠡ ᠬᠥᠮᠦᠨ ᠬᠥᠮᠦᠨ ᠢ᠋ᠶ᠋ᠡᠨ ᠱᠠᠲᠤ ᠳᠠᠷᠠᠭᠠᠯᠠᠨ ᠵᠠᠬᠢᠷᠤᠨ ᠵᠠᠬᠢᠷᠤᠭᠰᠠᠭᠠᠷ ᠡᠴᠦᠰ ᠲᠦ᠋ᠨᠢ ᠴᠥᠮ ᠢ᠋ᠶ᠋ᠡᠷ ᠢ᠋ᠶ᠋ᠡᠨ ᠪᠠᠷᠤᠨ ᠣᠩᠭᠧᠷᠠᠨ ᠤ᠋ ᠮᠥᠷᠦᠨ ᠳ᠋ᠡᠭᠡᠨ ᠠᠯᠲᠠᠨ ᠫᠣᠭᠣᠨ ᠲᠡᠮᠳᠡᠭ ᠬᠠᠲᠠᠭᠰᠠᠨ ᠪᠠᠭᠠᠲᠤᠷ ᠴᠠᠭᠠᠨ ᠬᠠᠭᠠᠨ ᠤ᠋ ᠣᠹᠸᠽᠸᠷ ᠤ᠋ᠳ ᠭᠡᠭᠴᠢ ᠳ᠋ᠦ᠍ ᠵᠠᠬᠢᠷᠤᠭᠳᠠᠨ ᠲᠡᠳᠡᠨ ᠦ᠌ ᠵᠢᠭᠠᠪᠤᠷᠢ ᠲᠤᠰᠢᠶᠠᠯ ᠢ᠋ ᠦᠭᠡ ᠳᠠᠭᠤ ᠦᠭᠡᠢ ᠳᠠᠭᠠᠴᠢᠳ ᠪᠣᠯᠤᠨ ᠵᠣᠭᠰᠣᠳᠠᠭ ᠪᠠᠢᠵᠠᠢ᠃ 
       ᠦᠨᠡᠨ ᠳ᠋ᠡᠭᠡᠨ ᠡᠳᠡ ᠤᠯᠤᠰ ᠣᠷᠣᠨ ᠥᠪᠡᠷᠲᠡᠭᠡᠨ ᠠᠪᠤᠭᠰᠠᠨ ᠡᠷᠬᠡ ᠮᠠᠲᠠᠯ ᠤ᠋ᠨ ᠶᠠᠭᠤᠮ᠎ᠠ ᠠᠯᠠᠭ᠎ᠠ ᠠ᠋᠃ ᠶᠡᠬᠡ ᠯᠡ ᠬᠥᠯ ᠬᠥᠭᠵᠢᠭᠡᠭᠰᠡᠨ ᠪᠠᠶᠠᠷ ᠪᠠᠶᠠᠰᠬᠤᠯᠠᠩ ᠪᠣᠯᠬᠤ ᠳ᠋ᠠᠭᠠᠨ᠄
         《ᠰᠢᠭᠤᠢ ᠲᠠᠢ ᠵᠠᠮ ᠢ᠋ᠶ᠋ᠠᠷ ᠱᠤᠳᠤᠷᠤᠭᠤᠯᠤᠭᠠᠳ ᠭᠠᠷᠳᠠᠭ 
           ᠱᠣᠳᠣᠩ ᠰᠡᠭᠦᠯ ᠲᠡᠢ ᠪᠣᠷᠣᠯᠠᠭ ᠮᠣᠷᠢ 
           ᠰᠢᠭᠤᠳ ᠢ᠋ᠶ᠋ᠠᠷ ᠮᠠᠨ ᠢ᠋ ᠪᠡᠨ ᠵᠠᠬᠢᠷᠤᠩᠬᠠᠨ ᠰᠠᠭᠤᠳᠠᠭ
           ᠴᠤᠤᠲᠠᠢ᠂ ᠬᠡᠷᠬᠡᠮ ᠲᠡᠢ ᠰᠸᠮᠢᠶᠤᠨᠤᠸ》 ᠭᠡᠵᠦ ᠭᠠᠷ ᠬᠠᠶᠠᠯᠠᠨ ᠳᠠᠭᠤᠯᠠᠵᠤ ᠭᠠᠵᠠᠷ ᠳᠡᠪᠰᠯᠡᠨ ᠰᠢᠷᠣᠢ ᠮᠠᠨᠠᠷᠠᠭᠤᠯᠤᠨ᠎ᠠ᠃ 
       ᠢᠩᠭᠢᠬᠦ ᠳ᠋ᠦ᠍ ᠲᠡᠷᠡ ᠰᠸᠮᠢᠶᠤᠨᠤᠸ ᠭᠡᠵᠦ ᠬᠠᠮᠢᠭᠠᠬᠢ ᠶ᠋ᠢᠨ ᠬᠡᠨ ᠪᠣᠢ? ᠭᠡᠲᠡᠯ᠎ᠡ ᠪᠠᠰᠠ《ᠰᠢᠭᠤᠳ ᠢ᠋ᠶ᠋ᠠᠷ ᠮᠠᠨ ᠢ᠋ ᠪᠡᠨ ᠵᠠᠬᠢᠷᠤᠩᠬᠠᠨ ᠰᠠᠭᠤᠨ᠎ᠠ》 ᠭᠡᠳᠡᠭ ᠨᠢ ᠶᠠᠭᠤ ᠭᠡᠰᠡᠨ ᠦᠭᠡ ᠪᠣᠢ? ᠶᠡᠷᠦᠨᠢ ᠡᠨᠡ ᠳᠠᠭᠤᠤ ᠶ᠋ᠢ ᠴᠣᠬᠣᠮ ᠬᠡᠨ᠂ ᠶᠠᠭᠤᠨ ᠤ᠋ ᠲᠥᠯᠥᠭᠡ ᠵᠣᠬᠢᠶᠠᠨ ᠭᠠᠷᠭᠠᠪᠠ? ᠮᠡᠳᠡᠬᠦ ᠬᠥᠮᠦᠨ ᠠᠯᠠᠭ᠎ᠠ᠃ 
       ᠡᠨᠡ ᠳᠠᠭᠤᠤ ᠴᠠᠰᠢ ᠳ᠋ᠠᠭᠠᠨ᠄   
         《ᠠᠷᠤ ᠶ᠋ᠢᠨ ᠵᠠᠮ ᠢ᠋ᠶ᠋ᠠᠷ ᠠᠯᠬᠤᠭᠤᠯᠤᠭᠠᠳ ᠭᠠᠷᠳᠠᠭ  
           ᠠᠲᠠᠷ ᠵᠢᠷᠣᠭ᠎ᠠ ᠪᠣᠷᠣᠯᠠᠭ ᠮᠣᠷᠢ  
           ᠠᠯᠪᠠ ᠪᠠᠷ ᠮᠠᠨ ᠢ᠋ ᠪᠡᠨ ᠵᠠᠬᠢᠷᠤᠩᠬᠠᠨ ᠰᠠᠭᠤᠳᠠᠭ 
           ᠠᠲᠠᠮᠠᠨ ᠬᠡᠷᠬᠡᠮ ᠲᠡᠢ ᠰᠸᠮᠢᠶᠤᠨᠤᠸ》 ᠴᠤ᠌ ᠭᠡᠬᠦ ᠰᠢᠭ᠃  
         《ᠴᠠᠭᠠᠨ ᠳᠠᠯᠠᠢ ᠶ᠋ᠢᠨ ᠳᠤᠮᠳᠠᠬᠠᠨ ᠲᠠᠢ
           ᠴᠠᠬᠢᠭᠤᠷ ᠴᠢᠯᠠᠭᠤᠨ ᠡᠷᠳᠡᠨᠢ ᠲᠡᠢ  
           ᠴᠠᠩᠲᠤ ᠶ᠋ᠢᠨ ᠬᠣᠶᠠᠷ ᠪᠠᠭᠰᠢ ᠯᠠᠮᠠ ᠠ᠋  
           ᠴᠠᠭᠠᠨ ᠳᠠᠷᠢ ᠡᠬᠡ ᠶ᠋ᠢᠨ ᠪᠦᠷᠢᠯᠸ᠎ᠠ ᠲᠠᠢ》 ᠴᠤ᠌ ᠭᠡᠬᠦ ᠰᠢᠭ᠃ ᠶᠣᠰᠣᠲᠠᠢ ᠯᠠ ᠮᠠᠩᠭᠤᠷᠠᠭᠰᠠᠨ ᠬᠥᠮᠦᠨ ᠢ᠋ ᠮᠠᠩᠰᠠᠭᠤᠷᠠᠭᠤᠯᠤᠭᠰᠡᠨ ᠳᠠᠭᠤᠤ ᠪᠠᠢᠨ᠎ᠠ ᠳᠠ ᠭᠡᠵᠦ ᠳ᠋ᠠᠨᠽᠠᠨ ᠳᠠᠭᠤᠯᠠᠬᠤ ᠪᠦᠷᠢ ᠳ᠋ᠡᠭᠡᠨ ᠳᠣᠲᠣᠷ᠎ᠠ ᠪᠠᠨ ᠰᠢᠭᠦᠮᠵᠢᠯᠡᠨ ᠳᠤᠷ᠎ᠠ ᠦᠭᠡᠢ ᠬᠦᠷᠦᠨ᠎ᠡ᠃ 
       ᠰᠠᠨᠠᠮᠰᠠᠷ ᠦᠭᠡᠢ ᠨᠢᠭᠡ ᠣᠷᠣᠢ ᠳ᠋ᠠᠨᠽᠠᠨ ᠵᠡᠪᠰᠡᠭ ᠦ᠋ᠨ ᠮᠠᠨᠠᠭᠠᠨ ᠳ᠋ᠤ᠌ ᠬᠥᠭᠡᠭᠡᠭᠳᠡᠵᠡᠢ᠃ ᠮᠠᠨᠠᠬᠤ ᠵᠡᠪᠰᠡᠭ ᠨᠢ ᠬᠤᠸᠠᠷᠠᠨ ᠠ᠋ᠴᠠ ᠬᠡᠳᠦᠨ ᠵᠠᠭᠤᠨ ᠠᠯᠬᠤᠮ ᠤ᠋ᠨ ᠵᠠᠢ ᠲᠠᠢ᠂ ᠵᠠᠳᠠᠭᠠᠢ ᠭᠠᠵᠠᠷ ᠬᠤᠷᠢᠶᠠᠭᠰᠠᠨ ᠬᠡᠳᠦᠨ ᠲᠡᠮᠡᠭᠡᠨ ᠠᠴᠢᠶ᠎ᠠ ᠬᠠᠢᠷᠴᠠᠭᠲᠤ ᠰᠤᠮᠤ ᠪᠥᠭᠡᠳ ᠲᠡᠭᠦᠨ ᠦ᠌ ᠳᠥᠷᠪᠡᠨ ᠲᠠᠯ᠎ᠠ ᠳ᠋ᠤ᠌ ᠴᠠᠭ ᠢᠮᠠᠭᠲᠠ ᠳᠥᠷᠪᠡᠨ ᠮᠠᠨᠠᠭ᠎ᠠ ᠵᠣᠭᠰᠣᠳᠠᠭ ᠤ᠋ᠨ ᠨᠢᠭᠡᠨ ᠳ᠋ᠦ᠍ ᠳ᠋ᠠᠨᠽᠠᠨ ᠣᠨᠣᠭᠳᠠᠭᠰᠠᠨ ᠪᠠᠢᠵᠠᠢ᠃ ᠦᠳᠡᠰᠢ ᠶ᠋ᠢᠨ ᠬᠠᠷᠠᠩᠭᠤᠢ ᠪᠣᠯᠤᠨ ᠠᠮᠢᠲᠠᠨ ᠤ᠋ ᠬᠥᠯ ᠲᠠᠲᠠᠷᠠᠮᠠᠭᠴᠠ ᠭᠡᠨᠡᠳᠲᠡ ᠥᠨᠥᠬᠢ ᠤᠷᠭᠤᠬᠤ ᠪᠣᠳᠣᠯ ᠰᠡᠳᠬᠢᠯ ᠳ᠋ᠦ᠍ᠨᠢ ᠲᠥᠷᠥᠪᠡ᠃ ᠲᠡᠭᠡᠭᠡᠳ ᠡᠰᠢ ᠲᠡᠢᠰᠢ ᠬᠠᠷᠠᠬᠤ ᠳ᠋ᠤ᠌ ᠦᠵᠡᠭᠳᠡᠬᠦ ᠶᠠᠭᠤᠮ᠎ᠠ ᠶᠠᠭᠤ ᠴᠤ᠌ ᠦᠭᠡᠢ᠂ ᠮᠠᠨᠠᠭᠠᠨ ᠳ᠋ᠤ᠌ ᠬᠠᠮᠲᠤ ᠭᠠᠷᠤᠭᠰᠠᠨ ᠴᠡᠷᠢᠭ ᠦ᠋ᠳ ᠦ᠋ᠨ ᠪᠠᠢᠭ᠎ᠠ ᠡᠰᠡᠬᠦ ᠨᠢ ᠴᠦ᠍ ᠦᠯᠦ ᠮᠡᠳᠡᠭᠳᠡᠬᠦ ᠲᠤᠯᠠ《ᠦᠭᠡᠢ ᠡᠨᠡ ᠶᠠᠭᠤᠲᠠᠢ ᠰᠠᠢᠬᠠᠨ ᠵᠠᠪᠰᠢᠶᠠᠨ ᠪᠣᠢ?》 ᠭᠡᠵᠦ ᠪᠠᠶᠠᠷᠯᠠᠨ ᠢᠨᠢᠶᠡᠳᠦ ᠬᠦᠷᠦᠨ᠎ᠡ᠃ ᠤᠷᠢᠳᠠ ᠪᠠᠨ ᠬᠥᠨᠳᠡᠯᠡᠨ ᠪᠠᠷᠢᠭᠰᠠᠨ ᠫᠤᠤ ᠪᠠᠨ ᠰᠤᠭᠤᠨ ᠳ᠋ᠠᠭᠠᠨ ᠠᠪᠤᠨ ᠳᠣᠷᠣᠭᠰᠢ ᠪᠥᠬᠥᠢᠨ ᠬᠡᠳᠦ ᠠᠯᠬᠤᠪᠠ᠃ ᠴᠢᠩᠨᠠᠪᠠᠯ ᠠᠨᠢᠷ ᠴᠢᠮᠡᠭᠡ ᠥᠴᠦᠬᠡᠨ ᠴᠦ᠍ ᠠᠯᠠᠭ᠎ᠠ᠃ ᠤᠷᠮ᠎ᠠ ᠵᠣᠷᠢᠭ ᠨᠡᠮᠡᠭᠳᠡᠨ ᠴᠠᠭᠠᠰᠢ ᠬᠡᠳᠦ ᠠᠯᠬᠤᠬᠤ ᠳ᠋ᠤ᠌ ᠵᠢᠷᠦᠬᠡ ᠴᠣᠬᠢᠯᠠᠵᠤ ᠡᠬᠢᠯᠡᠪᠡ᠃ ᠶᠠᠭᠠᠬᠢᠭᠠᠳ ᠡᠨᠡ ᠪᠣᠢ? ᠥᠪᠡᠷ ᠢ᠋ᠶ᠋ᠡᠨ ᠥᠪᠡᠷ ᠡᠴᠡ ᠪᠡᠨ ᠠᠰᠠᠭᠤᠬᠤ ᠳ᠋ᠤ᠌ ᠬᠠᠷᠢᠭᠤᠯᠲᠠ ᠠᠯᠠᠭ᠎ᠠ᠃ 
       ᠭᠡᠲᠡᠯ᠎ᠡ ᠡᠮᠦᠨ᠎ᠡ ᠨᠢ ᠬᠥᠯ ᠦ᠋ᠨ ᠴᠢᠮᠡᠭᠡ ᠭᠠᠷᠤᠨ ᠨᠢᠭᠡ ᠬᠥᠮᠦᠨ ᠰᠡᠭᠦᠳᠡᠭᠡᠨᠡᠨ ᠠᠢᠰᠤᠢ ᠪᠠᠢᠯ᠎ᠠ᠃ ᠳ᠋ᠠᠨᠽᠠᠨ ᠪᠠᠷᠤᠭ ᠪᠡᠶ᠎ᠡ ᠬᠣᠷᠢᠶᠠᠨ ᠭᠠᠵᠠᠷ ᠬᠡᠪᠲᠡᠵᠦ ᠬᠡᠨ ᠪᠣᠢ? ᠭᠡᠵᠦ ᠬᠠᠰᠬᠢᠷᠪᠠ᠃ ᠠᠢᠰᠤᠢ ᠶᠠᠪᠤᠭ᠎ᠠ ᠬᠥᠮᠦᠨ᠄ ᠪᠢ ᠡᠷᠡᠭᠦᠯ! ᠭᠡᠳ ᠲᠦᠷ ᠵᠣᠭᠰᠣᠭᠰᠠᠨ ᠢ᠋ᠶ᠋ᠠᠨ ᠤᠷᠤᠭᠰᠢ ᠳᠠᠪᠰᠢᠬᠤ ᠳ᠋ᠤᠨᠢ ᠳ᠋ᠠᠨᠽᠠᠨ ᠵᠠᠮᠤᠭ ᠲᠡᠳᠡᠨ ᠫᠤᠤ ᠪᠠᠨ ᠴᠡᠨᠡᠭᠯᠡᠵᠦ᠄ ᠵᠣᠭᠰᠣ! ᠫᠤᠤᠳᠠᠯ᠎ᠠ! ᠨᠡᠷ᠎ᠡ ᠪᠡᠨ ᠬᠡᠯᠡ! ᠭᠡᠪᠡ᠃ ᠰᠡᠳᠬᠢᠯ ᠨᠢ ᠦᠨᠡᠬᠡᠷ ᠵᠡᠪᠰᠡᠭ ᠲᠦ᠍ ᠬᠣᠣᠷ ᠬᠦᠷᠭᠡᠬᠦ ᠪᠡᠷ ᠶᠠᠪᠤᠭ᠎ᠠ ᠳᠠᠢᠰᠤᠨ ᠪᠠᠢᠬᠤ ᠭᠡᠬᠦ ᠡᠴᠡ ᠥᠭᠡᠷ᠎ᠡ ᠵᠦᠢᠯ ᠦᠯᠦ ᠪᠣᠳᠣᠭᠳᠠᠬᠤ ᠠᠵᠢ᠃ 
       — ᠪᠢ ᠵᠠᠬᠢᠷᠤᠯ ᠪᠠᠢᠨ᠎ᠠ ᠭᠡᠵᠦ ᠨᠥᠭᠦᠭᠡ ᠲᠦᠷ ᠵᠣᠭᠰᠣᠭᠰᠠᠨ ᠬᠥᠮᠦᠨ ᠳᠡᠭᠡᠷᠡᠩᠭᠦᠢ ᠳᠠᠭᠤ ᠪᠠᠷ ᠥᠭᠦᠯᠡᠭᠡᠳ ᠤᠷᠤᠭᠰᠢ ᠳᠠᠪᠰᠢᠬᠤ ᠳ᠋ᠤᠨᠢ ᠳ᠋ᠠᠨᠽᠠᠨ ᠲᠣᠯᠣᠭᠠᠢ ᠳᠡᠭᠡᠭᠦᠷ ᠨᠢ ᠫᠤᠤᠳᠠᠪᠠ᠃ 
       ᠦᠯᠦ ᠲᠠᠨᠢᠭᠳᠠᠬᠤ ᠬᠥᠮᠦᠨ᠄  
       — ᠬᠥᠶᠢ! ᠭᠡᠵᠦ ᠳᠠᠭᠤ ᠠᠯᠳᠠᠭᠰᠠᠨ ᠢ᠋ᠶ᠋ᠠᠨ᠄ ᠨᠡᠭᠡᠷᠡᠨ ᠴᠢ ᠲᠠᠨᠢᠬᠤ ᠦᠭᠡᠢ ᠪᠠᠢᠨ᠎ᠠ ᠭᠡᠵᠦ ᠤᠤ? ᠵᠠ ᠶᠠᠭᠠᠬᠢᠬᠤᠪ᠂ ᠪᠢ ᠡᠨᠳᠡ ᠡᠴᠡ ᠪᠡᠨ ᠪᠤᠴᠠᠶ᠎ᠠ ᠭᠡᠵᠦ ᠬᠣᠢᠰᠢ ᠤᠬᠤᠷᠢᠬᠤ ᠳ᠋ᠤᠨᠢ ᠳ᠋ᠠᠨᠽᠠᠨ᠄ ᠵᠣᠭᠰᠣ! ᠭᠡᠵᠦ ᠬᠠᠰᠬᠢᠷᠤᠩᠭᠤᠲᠠ ᠪᠠᠨ ᠬᠥᠯ ᠳ᠋ᠦ᠍ᠨᠢ ᠪᠠᠷᠢᠨ ᠫᠤᠤᠳᠠᠪᠠ᠃ 
       ᠡᠨᠡ ᠳᠠᠷᠤᠢ ᠮᠠᠨᠠᠭᠠᠨ ᠤ᠋ ᠪᠤᠰᠤᠳ ᠬᠥᠮᠦᠰ ᠤᠨᠲᠠᠭᠰᠠᠨ ᠢ᠋ᠶ᠋ᠠᠨ ᠰᠡᠷᠡᠬᠦ ᠰᠢᠭ ᠲᠤᠰ ᠪᠦᠷᠢ ᠪᠡᠨ ᠫᠤᠤ ᠲᠠᠯᠪᠢᠨ ᠲᠡᠷᠡ ᠰᠥᠨᠢ ᠶ᠋ᠢᠨ ᠠᠨᠢᠷ ᠴᠢᠮᠡᠭᠡ ᠶ᠋ᠢ ᠫᠤᠤ ᠶ᠋ᠢᠨ ᠳᠠᠭᠤ ᠪᠠᠷ ᠰᠣᠴᠢᠭᠠᠪᠠ᠃ ᠥᠨᠥᠬᠢ ᠬᠥᠮᠦᠨ ᠦᠭᠡ ᠳᠠᠭᠤ ᠦᠭᠡᠢ ᠨᠣᠮᠣᠬᠠᠨ ᠵᠣᠭᠰᠣᠭᠰᠠᠨ ᠪᠥᠭᠡᠳ ᠬᠤᠸᠠᠷᠠᠨ ᠤ᠋ ᠪᠠᠨ ᠵᠦᠭ ᠡᠴᠡ ᠮᠣᠷᠢ ᠲᠠᠢ ᠬᠥᠮᠦᠨ ᠳᠠᠪᠬᠢᠨ ᠢᠷᠡᠬᠦ ᠳ᠋ᠦ᠍ ᠳ᠋ᠠᠨᠽᠠᠨ ᠮᠥᠨ ᠯᠡ᠄ ᠵᠣᠭᠰᠣ᠂ ᠶᠠᠭᠤᠨ ᠬᠥᠮᠦᠨ ᠪᠣᠢ? ᠭᠡᠵᠦ ᠬᠠᠰᠬᠢᠷᠪᠠ᠃  
       ᠮᠣᠷᠢ ᠲᠠᠢ ᠬᠥᠮᠦᠨ᠄ ᠪᠢ ᠬᠠᠷᠴᠠᠭᠠᠢ ᠭᠡᠵᠦ ᠬᠠᠷᠢᠭᠤ ᠬᠡᠯᠡᠪᠡ᠃ ᠡᠨᠡ ᠪᠣᠯ ᠲᠡᠷᠡ ᠰᠥᠨᠢ ᠶ᠋ᠢᠨ ᠡᠷᠡᠭᠦᠯ ᠦ᠋ᠨ ᠨᠢᠭᠤᠴᠠ ᠨᠡᠷ᠎ᠡ ᠪᠠᠢᠵᠠᠢ᠃  
       ᠳ᠋ᠠᠨᠽᠠᠨ ᠨᠣᠮᠣᠬᠠᠨ ᠵᠣᠭᠰᠣᠵᠤ ᠪᠠᠢᠭ᠎ᠠ ᠬᠥᠮᠦᠨ ᠦ᠌ ᠤᠴᠢᠷ ᠢ᠋ ᠲᠠᠨᠢᠭᠤᠯᠤᠨ ᠮᠡᠳᠡᠭᠳᠡᠪᠡ᠃ ᠡᠷᠡᠭᠦᠯ ᠦ᠋ᠨ ᠬᠥᠮᠦᠨ ᠦ᠌ ᠲᠤᠯᠤᠨ ᠣᠴᠢᠬᠤ ᠳ᠋ᠤ᠌ ᠲᠡᠷᠡ ᠬᠥᠮᠦᠨ《ᠪᠢ ᠵᠠᠬᠢᠷᠤᠯ ᠪᠠᠢᠨ᠎ᠠ》 ᠭᠡᠵᠦ ᠬᠡᠯᠡᠬᠦ ᠳ᠋ᠦ᠍ᠨᠢ ᠡᠷᠡᠭᠦᠯ ᠬᠥᠮᠦᠨ ᠴᠦ᠍ ᠡᠰᠡ ᠦᠨᠡᠮᠰᠢᠨ《ᠪᠢᠲᠡᠭᠡᠢ ᠳᠤᠤᠭᠠᠷ!》 ᠭᠡᠵᠦ ᠵᠠᠩᠳᠤᠷᠤᠨ ᠫᠤᠤ ᠲᠤᠯᠭᠠᠨ ᠠᠯᠳᠠᠵᠠᠢ᠃  
       ᠡᠢᠨᠬᠦ ᠠᠷᠠᠢ ᠭᠡᠵᠦ ᠨᠢᠭᠡ ᠶᠠᠪᠤᠳᠠᠯ ᠥᠩᠭᠡᠷᠡᠮᠡᠭᠴᠡ ᠣᠷᠴᠢᠨ ᠤ᠋ ᠭᠠᠵᠠᠷ ᠳᠠᠬᠢᠨ ᠠᠨᠢᠷ ᠴᠢᠮᠡᠭᠡ ᠦᠭᠡᠢ ᠪᠣᠯᠵᠤ ᠶᠣᠰᠣᠲᠠᠢ ᠤᠷᠭᠤᠪᠠᠯ ᠵᠣᠬᠢᠬᠤ ᠵᠠᠪᠰᠢᠶᠠᠨ ᠲᠠᠢ ᠴᠠᠭ ᠨᠢ ᠢᠷᠡᠵᠡᠢ᠃ ᠲᠡᠭᠡᠭᠰᠡᠨ ᠴᠢᠨᠢ ᠳ᠋ᠠᠨᠽᠠᠨ ᠤ᠋ ᠥᠨᠥᠬᠢ ᠪᠣᠳᠣᠯᠭ᠎ᠠ ᠨᠢ ᠠᠯᠠᠭ᠎ᠠ᠃ ᠲᠡᠭᠦᠨ ᠦ᠌ ᠣᠷᠣᠨ ᠳ᠋ᠤ᠌ ᠰᠠᠶᠢ ᠶ᠋ᠢᠨ ᠦᠯᠦ ᠲᠠᠨᠢᠬᠤ ᠬᠥᠮᠦᠨ ᠢ᠋ ᠳᠠᠢᠰᠤᠨ ᠡᠲᠡᠭᠡᠳ ᠭᠡᠵᠦ ᠦᠵᠡᠭᠰᠡᠨ ᠢ᠋ᠶ᠋ᠡᠷ ᠢ᠋ᠶ᠋ᠡᠨ ᠰᠡᠳᠬᠢᠯ ᠰᠣᠴᠢᠵᠤ ᠣᠷᠬᠢᠭᠠᠳ ᠠᠢ ᠳᠠ ᠡᠨᠡ ᠵᠡᠪᠰᠡᠭ ᠢ᠋ ᠨᠢᠳᠦᠨ ᠦ᠌ ᠴᠡᠴᠡᠭᠡᠢ ᠮᠡᠲᠦ ᠰᠠᠬᠢᠨ ᠬᠠᠮᠠᠭᠠᠯᠠᠬᠤ ᠨᠢ ᠴᠢᠬᠤᠯᠠ ᠭᠡᠰᠡᠨ ᠨᠢᠭᠡ ᠪᠣᠳᠣᠯ ᠰᠡᠳᠬᠢᠯ ᠵᠢᠷᠦᠬᠡᠨ ᠳ᠋ᠦ᠍ᠨᠢ ᠬᠠᠳᠠᠭᠳᠠᠵᠤ ᠣᠷᠬᠢᠵᠠᠢ᠃ ᠶᠠᠭᠠᠬᠢᠭᠠᠳ ᠡᠨᠡ ᠪᠢᠯᠡ? ᠭᠡᠵᠦ ᠥᠪᠡᠷ ᠡᠴᠡ ᠪᠡᠨ ᠠᠰᠠᠭᠤᠬᠤ ᠳ᠋ᠤ᠌ ᠵᠡᠪᠰᠡᠭ ᠪᠣᠯ ᠤᠯᠤᠰ ᠤ᠋ᠨ ᠬᠥᠷᠥᠩᠭᠡ᠂ ᠲᠡᠷᠡ ᠮᠥᠷᠲᠡᠭᠡᠨ ᠭᠠᠳᠠᠭᠠᠳᠤ ᠠ᠋ᠴᠠ ᠢᠷᠡᠳᠡᠭ ᠬᠠᠮᠤᠭ ᠤ᠋ᠨ ᠦᠨᠡᠲᠦ ᠵᠦᠢᠯ ᠲᠡᠭᠡᠭᠡᠳ᠂ ᠶᠠᠮᠠᠷ ᠨᠢᠭᠡ ᠳᠠᠢᠰᠤᠨ ᠳ᠋ᠤ᠌ ᠰᠦᠢᠳᠬᠡᠭᠳᠡᠪᠡᠯ ᠤᠯᠤᠰ ᠣᠷᠣᠨ ᠮᠠᠨᠢ ᠯᠠ ᠭᠠᠷ ᠮᠤᠬᠤᠷᠳᠠᠬᠤ ᠰᠢᠦ ᠳᠡ ᠭᠡᠵᠦ ᠰᠠᠨᠠᠭᠳᠠᠵᠠᠢ᠃ ᠢᠩᠭᠢᠭᠡᠳ ᠳ᠋ᠠᠨᠽᠠᠨ ᠲᠡᠷᠡ ᠰᠥᠨᠢ ᠤᠷᠭᠤᠬᠤ ᠭᠡᠰᠡᠨ ᠢ᠋ᠶ᠋ᠡᠨ ᠪᠦᠷᠢᠮᠦᠰᠦᠨ ᠣᠷᠬᠢᠵᠤ᠂ ᠳᠥᠷᠪᠡᠨ ᠵᠦᠭ ᠨᠠᠢ᠍ᠮᠠᠨ ᠵᠣᠪᠬᠢᠰ ᠢ᠋ ᠨᠢᠳᠦ ᠰᠠᠯᠭᠠᠯ ᠦᠭᠡᠢ ᠰᠢᠷᠲᠡᠭᠰᠡᠭᠡᠷ ᠪᠠᠢᠭᠰᠠᠨ ᠠ᠋ᠴᠠ ᠪᠠᠨ ᠳᠡᠭᠡᠭᠰᠢ ᠦᠰᠦᠷᠦᠨ ᠬᠥᠯ ᠳᠡᠭᠡᠷ᠎ᠡ ᠪᠡᠨ ᠵᠣᠭᠰᠣᠵᠤ ᠦᠷ ᠴᠠᠢᠯᠭᠠᠪᠠ᠃ 
       ᠥᠷᠯᠥᠭᠡ ᠳ᠋ᠠᠨᠽᠠᠨ ᠮᠠᠨᠠᠭᠠᠨ ᠠ᠋ᠴᠠ ᠪᠠᠭᠤᠨ ᠬᠤᠸᠠᠷᠠᠨ ᠳᠡᠭᠡᠷ᠎ᠡ ᠪᠡᠨ ᠢᠷᠡᠭᠡᠳ ᠤᠷᠢᠳ ᠰᠥᠨᠢ ᠠᠯᠳᠠᠭᠳᠠᠭᠰᠠᠨ ᠨᠣᠢᠷ ᠢ᠋ ᠨᠥᠬᠥᠬᠦ ᠪᠡᠷ ᠬᠡᠪᠲᠡᠵᠡᠢ᠃ ᠪᠤᠰᠤᠳ ᠴᠡᠷᠢᠭ ᠦ᠋ᠳ ᠥᠷᠯᠥᠭᠡ ᠪᠦᠷᠢ ᠰᠤᠷᠭᠠᠭᠤᠯᠢ ᠬᠢᠵᠦ ᠪᠠᠢᠭ᠎ᠠ ᠨᠢ ᠡᠨᠡ ᠭᠡᠵᠦ ᠭᠠᠵᠠᠷ ᠪᠠᠬᠠᠨ ᠳᠡᠪᠰᠯᠡᠨ ᠭᠢᠰᠬᠢᠯᠡᠬᠦ ᠪᠤᠶᠤ ᠭᠡᠲᠡᠬᠦ᠂ ᠮᠢᠷᠢᠶᠠᠬᠤ ᠭᠡᠬᠦᠴᠢᠯᠡᠨ ᠢ᠋ᠶ᠋ᠡᠷ ᠭᠠᠵᠠᠷ ᠮᠥᠯᠬᠥᠨ ᠤᠷᠠᠩᠬᠠᠢ ᠴᠣᠭᠣᠷᠠᠩᠬᠠᠢ ᠭᠤᠲᠤᠯ ᠬᠤᠪᠴᠠᠰᠤ ᠪᠠᠨ ᠤᠯᠠᠮ ᠯᠠ ᠡᠯᠡᠭᠡᠨ ᠤᠷᠠᠳᠠᠭ ᠶᠠᠭᠤᠮᠠᠨ ᠳ᠋ᠠᠭᠠᠨ ᠮᠥᠨ ᠯᠡ ᠭᠠᠷᠴᠤ ᠣᠳᠤᠭᠰᠠᠨ ᠲᠤᠯᠠ ᠬᠠᠩᠬᠠᠢ ᠲᠠᠰᠤᠯᠭ᠎ᠠ ᠲᠠᠭ ᠴᠢᠮᠡᠭᠡ ᠦᠭᠡᠢ᠃ ᠲᠡᠷᠡ ᠳᠤᠮᠳᠠ ᠳ᠋ᠠᠨᠽᠠᠨ ᠪᠡᠶ᠎ᠡ ᠬᠠᠵᠠᠭᠤᠯᠠᠮᠠᠭᠴᠠ ᠪᠠᠨ ᠨᠠᠮ ᠤᠨᠲᠠᠵᠠᠢ᠃ ᠲᠡᠭᠦᠨ ᠢ᠋ ᠬᠥᠮᠦᠨ ᠰᠡᠷᠡᠭᠡᠪᠡ᠃《ᠵᠠᠩᠵᠤᠨ ᠢᠷᠡᠵᠦ ᠠᠩᠭᠢ ᠶ᠋ᠢᠨ ᠢ᠋ᠶ᠋ᠡᠨ ᠪᠦᠬᠦ ᠴᠡᠷᠢᠭ ᠢ᠋ ᠵᠢᠭᠰᠠᠭᠠᠬᠤ ᠶ᠋ᠢ ᠲᠤᠰᠢᠶᠠᠵᠠᠢ》 ᠭᠡᠵᠦ ᠰᠡᠷᠡᠭᠡᠭᠰᠡᠨ ᠴᠡᠷᠢᠭ ᠦ᠋ᠨ ᠥᠭᠦᠯᠡᠬᠦ ᠳ᠋ᠦ᠍ ᠳ᠋ᠠᠨᠽᠠᠨ ᠥᠪᠡᠷ ᠦ᠋ᠨ ᠡᠷᠬᠡ ᠦᠭᠡᠢ ᠪᠣᠰᠤᠨ ᠬᠠᠷᠠᠢᠪᠠ᠃ ᠭᠠᠳᠠᠭ᠎ᠠ ᠪᠦᠬᠦ ᠠᠩᠭᠢ ᠠᠯᠢ ᠬᠡᠳᠦᠢᠨ ᠭᠤᠷᠪᠠᠨ ᠡᠩᠨᠡᠭᠡ ᠪᠣᠯᠤᠨ ᠵᠢᠭᠰᠠᠳᠠᠭ ᠢ᠋ᠶ᠋ᠠᠷ ᠢ᠋ᠶ᠋ᠠᠨ ᠵᠢᠭᠰᠠᠭᠰᠠᠨ ᠤ᠋ ᠠᠷᠤ ᠶ᠋ᠢᠨ ᠡᠩᠨᠡᠭᠡᠨ ᠦ᠌ ᠡᠴᠦᠰ ᠲᠦ᠍ ᠨᠢᠭᠡ ᠬᠥᠮᠦᠨ ᠦ᠌ ᠪᠠᠢᠷᠢ ᠣᠩᠭᠣᠷᠬᠠᠢ ᠪᠠᠢᠭ᠎ᠠ ᠶ᠋ᠢ ᠳ᠋ᠠᠨᠽᠠᠨ ᠭᠦᠶᠦᠨ ᠢᠷᠡᠵᠦ ᠪᠥᠭᠯᠡᠪᠡ᠃ ᠵᠢᠭᠰᠠᠭᠠᠯ ᠤ᠋ᠨ ᠡᠮᠦᠨ᠎ᠡ ᠪᠠᠳᠠᠷᠠᠭᠤᠨ ᠪᠡᠶ᠎ᠡ ᠲᠡᠢ᠂ ᠬᠦᠷᠡᠩ ᠪᠣᠷᠣ ᠴᠢᠷᠠᠢ ᠲᠠᠢ ᠳᠥᠷᠪᠡᠨ ᠲᠠᠯ᠎ᠠ ᠪᠣᠯᠭᠠᠭᠰᠠᠨ ᠲᠣᠭᠣᠷᠴᠣᠭ ᠡᠮᠦᠰᠦᠭᠰᠡᠨ ᠪᠥᠭᠡᠳ ᠳᠡᠭᠡᠳᠦ ᠤᠷᠤᠭᠤᠯ ᠳ᠋ᠠᠭᠠᠨ ᠰᠢᠩᠭᠡᠨ ᠬᠠᠷ᠎ᠠ ᠰᠠᠬᠠᠯ ᠲᠠᠢ ᠰᠦᠷᠡᠬᠡᠢ ᠳᠣᠭᠰᠢᠨ ᠪᠠᠢᠷᠢ ᠶ᠋ᠢᠨ ᠬᠥᠮᠦᠨ ᠲᠠᠰᠢᠶᠠᠨ ᠳ᠋ᠠᠭᠠᠨ ᠵᠡᠭᠦᠭᠰᠡᠨ ᠰᠸᠯᠸᠳᠢ ᠫᠤᠤ ᠶ᠋ᠢ ᠭᠠᠷ ᠤ᠋ᠨ ᠢ᠋ᠶ᠋ᠠᠨ ᠠᠯᠠᠭ᠎ᠠ ᠪᠠᠷ ᠳᠠᠷᠤᠨ ᠲᠠᠰᠢᠶ᠎ᠠ ᠲᠤᠯᠤᠨ ᠵᠣᠭᠰᠣᠬᠤ ᠠᠵᠢ᠃ ᠡᠨᠡ ᠬᠥᠮᠦᠨ ᠪᠣᠯ ᠴᠤᠤᠲᠠᠨ ᠡᠷ᠎ᠡ ᠴᠠᠬᠠᠷ ᠬᠦᠩ ᠪᠠᠶᠠᠷ᠂ ᠠᠩᠭᠢ ᠶ᠋ᠢᠨ ᠬᠢᠨᠢ ᠴᠡᠷᠢᠭ ᠲᠡᠭᠦᠨ ᠢ᠋ ᠶᠡᠬᠡᠪᠴᠢᠯᠡᠨ ᠪᠣᠭᠳᠠ ᠡᠵᠡᠨ ᠡᠴᠡ ᠬᠠᠢᠷᠠᠯᠠᠭᠰᠠᠨ《ᠰᠢᠷᠦᠭᠦᠨ ᠪᠠᠭᠠᠲᠤᠷ》 ᠭᠡᠳᠡᠭ ᠴᠣᠯᠠ ᠪᠠᠷ ᠨᠢ ᠨᠡᠷᠡᠯᠡᠳᠡᠭ᠃ ᠳ᠋ᠠᠨᠽᠠᠨ ᠡᠨᠡ ᠬᠥᠮᠦᠨ ᠢ᠋ ᠤᠷᠢᠳ ᠡᠮᠦᠨ᠎ᠡ ᠦᠵᠡᠭᠡ ᠦᠭᠡᠢ ᠪᠣᠯᠪᠠᠴᠤ ᠣᠳᠣ ᠳᠥᠩᠭᠡᠵᠦ ᠪᠠᠷ᠎ᠠ ᠶ᠋ᠢ ᠨᠢ ᠬᠠᠷᠠᠮᠠᠭᠴᠠ ᠪᠠᠨ《ᠥᠨᠥᠬᠢ ᠳᠠᠷᠤᠭ᠎ᠠ ᠮᠠᠨᠢ ᠡᠨᠡ ᠪᠣᠢ》 ᠭᠡᠵᠦ ᠪᠣᠳᠣᠪᠠ᠃ ᠲᠡᠭᠡᠭᠡᠳ ᠤᠷᠢᠳ ᠰᠥᠨᠢ ᠶ᠋ᠢᠨ ᠵᠡᠪᠰᠡᠭ ᠦ᠋ᠨ ᠮᠠᠨᠠᠭᠠᠨ ᠳ᠋ᠤ᠌ ᠭᠠᠷᠤᠭᠰᠠᠨ ᠴᠡᠷᠢᠭ ᠬᠠᠮᠢᠭ᠎ᠠ ᠪᠠᠢᠨ᠎ᠠ? ᠲᠡᠷᠡ ᠬᠥᠮᠦᠨ ᠨᠠᠭᠠᠰᠢ ᠪᠠᠨ ᠭᠠᠷᠤᠭᠠᠳ ᠢᠷ᠎ᠡ! ᠭᠡᠬᠦ ᠳ᠋ᠦ᠍ᠨᠢ ᠳ᠋ᠠᠨᠽᠠᠨ ᠤ᠋ ᠳᠣᠲᠣᠷ᠎ᠠ ᠫᠠᠯ ᠬᠢᠪᠡ᠃ ᠳᠠᠭᠤ ᠨᠢ ᠥᠨᠥᠬᠢ ᠤᠷᠢᠳ ᠰᠥᠨᠢ ᠶ᠋ᠢᠨ ᠬᠥᠮᠦᠨ ᠦ᠌ ᠳᠠᠭᠤ ᠶᠠᠭᠠᠬᠢᠬᠤ ᠶ᠋ᠢᠨ ᠠᠷᠭ᠎ᠠ ᠦᠭᠡᠢ ᠮᠥᠨ ᠪᠠᠢᠬᠤ ᠲᠤᠯᠠ《ᠵᠠ ᠪᠢ ᠳᠦᠭᠦᠷᠦᠯ᠎ᠡ! ᠲᠡᠷᠡ ᠳᠠᠷᠤᠢᠬᠠᠨ ᠢ᠋ᠶ᠋ᠠᠨ ᠤᠷᠭᠤᠨ ᠠᠷᠢᠯᠬᠤ ᠮᠢᠨᠢ ᠶᠠᠭᠠᠬᠢᠯ᠎ᠠ》 ᠭᠡᠵᠦ ᠪᠠᠴᠢᠮᠳᠠᠪᠠ᠃ ᠪᠦᠬᠦ ᠬᠡᠷᠡᠭ ᠨᠢᠭᠡᠨᠲᠡ ᠥᠩᠭᠡᠷᠡᠭᠰᠡᠨ ᠲᠤᠯᠠ ᠬᠣᠭᠣᠰᠣᠨ ᠵᠣᠷᠢᠭ ᠭᠠᠷᠭᠠᠨ ᠤᠷᠤᠭᠰᠢ ᠲᠠᠪᠰᠢᠵᠤ ᠡᠮᠦᠨ᠎ᠡ ᠨᠢ ᠣᠴᠢᠨ《ᠪᠢ ᠪᠠᠢᠨ᠎ᠠ》 ᠭᠡᠵᠦ ᠭᠠᠷ ᠡᠷᠭᠦᠨ ᠰᠢᠨᠠ ᠳ᠋ᠠᠭᠠᠨ ᠠᠪᠠᠴᠢᠪᠠ᠃ ᠪᠠᠶᠠᠷ ᠬᠦᠩ ᠥᠭᠡᠳᠡ ᠡᠴᠡ ᠨᠢ ᠰᠠᠷᠪᠠᠭᠤᠨ ᠳ᠋ᠠᠭᠠᠨ ᠣᠷᠣᠭᠰᠠᠨ ᠠᠮᠢᠲᠠᠨ ᠢ᠋ ᠲᠣᠩᠰᠢᠬᠤ ᠭᠡᠵᠦ ᠪᠠᠢᠭ᠎ᠠ ᠪᠦᠷᠭᠦᠳ ᠰᠢᠭ ᠰᠢᠷᠦᠭᠦᠨ ᠬᠠᠷ᠎ᠠ ᠨᠢᠳᠦ ᠪᠡᠷ ᠠᠵᠢᠭᠰᠠᠨ ᠢ᠋ᠶ᠋ᠠᠨ᠄ 
       — ᠮᠢᠨᠦ ᠠᠩᠭᠢ ᠶ᠋ᠢᠨ ᠪᠦᠬᠦ ᠴᠡᠷᠢᠭ ᠰᠣᠨᠣᠰ! ᠡᠨᠡ ᠪᠣᠯ ᠴᠡᠷᠢᠭ ᠦ᠋ᠨ ᠬᠠᠲᠠᠭᠤ ᠶᠣᠰᠣ ᠵᠢᠷᠤᠮ ᠢ᠋ ᠨᠠᠷᠢᠨ ᠴᠢᠩᠳᠠ ᠰᠠᠬᠢᠭᠰᠠᠨ ᠰᠠᠢᠨ ᠡᠷ᠎ᠡ ᠭᠡᠵᠦ ᠦᠭᠡ ᠪᠡᠨ ᠡᠬᠢᠯᠡᠭᠡᠳ ᠳᠠᠷᠠᠭ᠎ᠠ ᠳ᠋ᠤᠨᠢ ᠤᠷᠢᠳ ᠰᠥᠨᠢ ᠪᠣᠯᠤᠭᠰᠠᠨ ᠶᠠᠪᠤᠳᠠᠯ ᠢ᠋ ᠶᠡᠬᠡᠳᠡ ᠪᠠᠬᠠᠳᠤᠨ ᠰᠠᠢᠰᠢᠶᠠᠵᠤ ᠭᠠᠷᠪᠠ᠃ ᠳ᠋ᠠᠨᠽᠠᠨ ᠦᠨᠡᠨ ᠳ᠋ᠡᠭᠡᠨ ᠡᠢᠮᠦ ᠶᠠᠭᠤᠮ᠎ᠠ ᠪᠣᠯᠤᠨ᠎ᠠ ᠭᠡᠵᠦ ᠣᠭᠲᠣ ᠪᠣᠳᠣᠭ᠎ᠠ ᠦᠭᠡᠢ ᠪᠣᠯᠬᠣᠷ《ᠦᠭᠡᠢ ᠡᠨᠡ ᠴᠢᠨᠢ ᠶᠠᠭᠤ ᠪᠢᠯᠡ》 ᠭᠡᠬᠦ ᠰᠢᠭ ᠨᠢᠳᠦ ᠴᠠᠪᠴᠢᠯᠠᠨ ᠮᠠᠯ ᠭᠠᠢᠬᠠᠵᠤ ᠵᠣᠭᠰᠣᠪᠠ᠃ ᠡᠴᠦᠰ ᠲᠦ᠋ᠨᠢ ᠪᠠᠶᠠᠷ ᠬᠦᠩ᠄ 
       — ᠡᠢᠮᠦ ᠡᠷ᠎ᠡ ᠶ᠋ᠢ ᠪᠢ ᠵᠥᠪᠬᠡᠨ ᠦᠭᠡ ᠬᠡᠯᠡ ᠪᠡᠷ ᠪᠠᠬᠠᠳᠤᠨ ᠰᠠᠢᠰᠢᠶᠠᠵᠤ ᠶᠠᠭᠠᠬᠢᠨ ᠪᠣᠯᠬᠤ ᠶ᠋ᠢᠨ ᠳᠡᠭᠡᠷ᠎ᠡ ᠭᠤᠷᠪᠠᠨ ᠬᠣᠨᠣᠭ ᠤ᠋ᠨ ᠴᠢᠯᠥᠭᠡ ᠥᠭᠭᠦᠶ᠎ᠡ᠂ ᠮᠠᠢ! ᠡᠭᠦᠨ ᠢ᠋ᠶ᠋ᠡᠷ ᠠᠯᠢ ᠳᠤᠷ᠎ᠠ ᠪᠠᠷ ᠢ᠋ᠶ᠋ᠠᠨ ᠴᠡᠩᠭᠡ᠂ ᠬᠠᠷᠢᠨ ᠬᠥᠮᠦᠨ ᠦ᠌ ᠠᠮᠢᠨ ᠳ᠋ᠤ᠌ ᠬᠦᠷᠬᠦ ᠡᠴᠡ ᠪᠤᠰᠤᠳ ᠢ᠋ ᠨᠢ ᠪᠢ ᠴᠢᠮ᠎ᠠ ᠳ᠋ᠤ᠌ ᠵᠥᠪᠰᠢᠶᠡᠷᠡᠶ᠎ᠡ ᠭᠡᠵᠡᠢ᠃ 
       ᠭᠤᠷᠪᠠᠨ ᠮᠥᠩᠭᠥᠨ ᠶᠠᠩᠴᠢᠶᠠᠨ ᠠᠯᠠᠭᠠᠨ ᠳ᠋ᠠᠭᠠᠨ ᠠᠳᠬᠤᠨ ᠡᠷᠭᠢᠨ ᠬᠠᠷᠠᠬᠤ ᠳ᠋ᠤ᠌ ᠵᠢᠭᠰᠠᠭᠠᠯ ᠢ᠋ᠶ᠋ᠠᠷ ᠵᠣᠭᠰᠣᠵᠤ ᠪᠠᠢᠭ᠎ᠠ ᠨᠥᠬᠥᠳ ᠦ᠋ᠨ ᠬᠢᠨᠢ ᠪᠠᠢᠳᠠᠯ ᠠᠲᠠᠭᠠᠷᠬᠠᠨ ᠬᠣᠷᠣᠰᠴᠤ ᠠᠷᠠᠭᠠᠨ ᠤ᠋ ᠪᠠᠨ ᠰᠢᠯᠦᠰᠦ ᠪᠡᠨ ᠵᠠᠯᠭᠢᠭᠰᠠᠨ ᠨᠢᠭᠡ ᠬᠡᠰᠡᠭ᠂ ᠠ ᠶᠠᠭᠠᠮᠠᠢ ᠭᠡᠰᠡᠨ ᠪᠠᠢᠳᠠᠯ ᠢ᠋ᠶ᠋ᠠᠷ ᠢᠨᠢᠶᠡᠮᠰᠦᠭᠯᠡᠭᠰᠡᠨ ᠬᠣᠶᠠᠳᠠᠬᠢ ᠬᠡᠰᠡᠭ ᠪᠣᠯᠤᠨ ᠨᠢᠳᠦᠨ ᠳ᠋ᠦ᠍ ᠲᠤᠰᠤᠨ᠎ᠠ᠃ ᠭᠡᠪᠡᠴᠦ ᠡᠨᠡ ᠲᠤᠬᠠᠢ ᠦᠯᠦ ᠥᠭᠦᠯᠡᠨ᠂ ᠥᠭᠦᠯᠡᠬᠦ ᠨᠢ᠄ ᠳ᠋ᠠᠨᠽᠠᠨ ᠥᠪᠡᠷ ᠲᠡᠭᠡᠨ ᠵᠢᠷᠭᠤᠭᠠᠨ ᠶᠠᠩᠴᠢᠶᠠᠨ ᠬᠠᠳᠠᠭᠠᠯᠠᠭᠰᠠᠭᠠᠷ ᠢᠷᠡᠭᠰᠡᠨ ᠦ᠌ ᠪᠡᠨ ᠳᠡᠭᠡᠷ᠎ᠡ ᠭᠤᠷᠪᠠ ᠶ᠋ᠢ ᠨᠡᠮᠡᠭᠰᠡᠨ ᠢ᠋ᠶ᠋ᠡᠷ ᠲᠤᠩ ᠶᠡᠬᠡ ᠮᠥᠩᠭᠥ ᠲᠡᠢ ᠪᠣᠯᠬᠤ ᠰᠢᠭ᠋᠂ ᠬᠦᠷᠢᠶᠡᠨ ᠦ᠌ ᠵᠦᠭ ᠬᠥᠯ ᠳ᠋ᠡᠭᠡᠨ ᠳᠠᠯᠠᠪᠴᠢ ᠤᠷᠭᠤᠭᠤᠯᠤᠭᠰᠠᠨ ᠮᠡᠲᠦ ᠭᠠᠪᠰᠢᠭᠠᠢᠯᠠᠨ ᠠᠯᠬᠤᠵᠤ ᠭᠠᠷᠪᠠ᠃ ᠰᠡᠳᠬᠢᠯ ᠳ᠋ᠦ᠍ᠨᠢ《ᠦᠭᠡᠢ ᠶᠠᠭᠤᠨ ᠶᠡᠬᠡ ᠠᠵᠠ ᠪᠣᠢ》 ᠭᠡᠵᠦ ᠨᠢᠭᠡ ᠪᠤᠳᠤᠭᠳᠠᠨ ᠪᠡᠶᠡᠰᠦᠨ ᠪᠠᠬᠠᠳᠤᠬᠤ ᠰᠡᠳᠬᠢᠯ ᠲᠥᠷᠥᠪᠡ᠃ ᠳᠠᠷᠠᠭ᠎ᠠ ᠨᠢ《ᠦᠭᠡᠢ ᠶᠡᠷᠦ ᠶᠠᠭᠤᠨ ᠴᠤ᠌ ᠠᠮᠠᠷᠬᠠᠨ ᠣᠯᠳᠠᠳᠠᠭ ᠭᠠᠪᠢᠶ᠎ᠠ ᠪᠣᠢ?》 ᠭᠡᠵᠦ ᠨᠢᠭᠡ ᠪᠤᠳᠤᠭᠳᠠᠨ ᠭᠠᠢᠬᠠᠬᠤ ᠰᠡᠳᠬᠢᠯ ᠲᠥᠷᠥᠭᠡᠳ ᠳᠠᠷᠠᠭ᠎ᠠ ᠨᠢ ᠭᠠᠪᠢᠶ᠎ᠠ ᠱᠠᠩᠨᠠᠯ ᠬᠦᠷᠲᠡᠬᠦ ᠶ᠋ᠢᠨ ᠡᠮᠦᠨ᠎ᠡ ᠬᠡᠷᠬᠢᠨ ᠰᠠᠨᠳᠤᠷᠤᠨ ᠲᠡᠪᠡᠳᠡᠭᠰᠡᠨ ᠢ᠋ᠶ᠋ᠡᠨ ᠰᠠᠨᠠᠬᠤ ᠳ᠋ᠤ᠌ ᠰᠢᠭᠤᠳ ᠢᠨᠢᠶᠡᠳᠦ ᠬᠦᠷᠬᠦ ᠪᠥᠭᠡᠳ ᠡᠴᠦᠰ ᠲᠦ᠋ᠨᠢ ᠪᠦᠬᠦ ᠬᠡᠷᠡᠭ ᠢ᠋ ᠬᠠᠮᠲᠤᠳᠬᠠᠨ ᠪᠣᠳᠣᠵᠤ ᠦᠵᠡᠬᠦ ᠳ᠋ᠦ᠍ ᠮᠥᠨ ᠮᠠᠷᠵᠠᠩ ᠱᠠᠯ ᠳᠡᠮᠡᠢ ᠶᠠᠪᠤᠳᠠᠯ ᠪᠣᠯᠤᠭᠰᠠᠨ ᠰᠢᠭ᠋ ᠰᠠᠨᠠᠭᠳᠠᠨ᠎ᠠ᠃ ᠳ᠋ᠠᠨᠽᠠᠨ ᠣᠷᠣᠨ ᠨᠤᠲᠤᠭ ᠤ᠋ᠨ ᠲᠠᠨᠢᠬᠤ ᠬᠥᠮᠦᠨ ᠳᠠᠭᠠᠷᠢᠯᠳᠤᠬᠤ ᠶᠠᠭᠤᠨ ᠮᠠᠭᠠᠳ ᠭᠡᠵᠦ ᠭᠣᠷᠢᠳᠠᠨ ᠡᠳᠦᠷ ᠦ᠋ᠨ ᠲᠤᠷᠰᠢ ᠵᠠᠬ᠎ᠠ ᠳᠡᠭᠡᠭᠦᠷ ᠲᠡᠨᠦᠭᠦᠴᠢᠯᠡᠪᠡ᠃ ᠣᠷᠣᠢ ᠳ᠋ᠠᠭᠠᠨ ᠬᠣᠨᠣᠬᠤ ᠭᠠᠵᠠᠷ ᠦᠭᠡᠢ ᠰᠠᠨᠳᠤᠷᠬᠤ ᠳ᠋ᠤ᠌ ᠬᠦᠷᠢᠶᠡᠨ ᠳ᠋ᠦ᠍ ᠨᠢᠭᠡ ᠠᠢᠯ ᠳ᠋ᠤ᠌ ᠣᠷᠣᠵᠤ ᠬᠣᠨᠣᠭ ᠭᠤᠶᠤᠨ ᠲᠡᠳᠡᠨ ᠦ᠌ ᠭᠠᠯ ᠬᠥᠯ ᠦᠭᠡᠢ ᠪᠠᠩᠵᠨᠨ ᠪᠠᠢᠰᠢᠩ ᠳ᠋ᠤ᠌ ᠬᠣᠨᠣᠬᠤ ᠪᠣᠯᠵᠠᠢ᠃ ᠡᠨᠡ ᠵᠠᠭᠤᠷ᠎ᠠ ᠵᠤᠭ᠎ᠠ ᠴᠡᠩᠭᠡᠯ ᠪᠣᠯᠤᠭᠰᠠᠨ ᠵᠦᠢᠯ ᠦᠭᠡᠢ᠃ ᠨᠢᠭᠡ ᠤᠳᠠᠭ᠎ᠠ ᠠᠷᠢᠬᠢ ᠤᠤᠭᠤᠬᠤ ᠪᠠᠷ ᠰᠢᠢᠳᠴᠦ ᠳᠡᠯᠭᠡᠭᠦᠷ ᠲᠦ᠍ ᠣᠷᠣᠭᠠᠳ《ᠠᠯᠢ ᠪᠣᠢ ᠨᠢᠭᠡ ᠪᠠᠩ ᠠᠷᠢᠬᠢ!》 ᠭᠡᠵᠦ ᠥᠭᠦᠯᠡᠨ ᠬᠢᠯᠭᠡᠵᠦ ᠠᠪᠤᠭᠠᠳ ᠠᠮᠠᠨ ᠳ᠋ᠠᠭᠠᠨ ᠣᠢᠷᠠᠲᠤᠭᠤᠯᠤᠨ ᠦᠨᠦᠷ ᠲᠦ᠋ᠨᠢ ᠣᠢ ᠭᠤᠲᠤᠨ《ᠵᠠ ᠪᠣᠯᠢᠶ᠎ᠠ᠂ ᠨᠢᠭᠡ ᠳ᠋ᠦ᠍ ᠠᠷᠢᠬᠢ ᠰᠠᠢᠬᠠᠨ ᠴᠤ᠌ ᠠᠮᠲᠠᠲᠠᠢ ᠪᠠᠢᠳᠠᠭ ᠦᠭᠡᠢ᠂ ᠬᠣᠶᠠᠷ ᠲᠤ ᠠᠷᠢᠬᠢ ᠬᠥᠮᠦᠨ ᠦ᠌ ᠰᠠᠨᠠᠭ᠎ᠠ ᠰᠡᠳᠬᠢᠯ ᠢ᠋ ᠬᠠᠮᠢᠭᠠᠰᠢ ᠨᠢ ᠴᠦ᠍ ᠬᠥᠲᠥᠯᠵᠦ ᠮᠠᠭᠠᠳ ᠦᠭᠡᠢ ᠪᠠᠢᠳᠠᠭ ᠰᠢᠦ ᠳᠡ》 ᠭᠡᠵᠦ ᠪᠣᠳᠣᠨ《ᠦᠭᠡᠢ ᠠ᠋᠂ ᠡᠨᠡ ᠴᠢᠨᠢ ᠬᠣᠯᠢᠴᠠᠭ᠎ᠠ ᠲᠠᠢ ᠮᠠᠭᠤ ᠠᠷᠢᠬᠢ ᠪᠠᠢᠨ᠎ᠠ》 ᠭᠡᠵᠦ ᠪᠤᠴᠠᠭᠠᠨ ᠲᠠᠯᠪᠢᠵᠠᠢ᠃ ᠳᠠᠷᠠᠭ᠎ᠠ ᠨᠢ ᠭᠤᠸᠠᠩᠵᠠᠨ ᠳ᠋ᠤ᠌ ᠣᠷᠣᠵᠠᠢ᠃ ᠱᠠᠨ ᠰᠢ ᠭᠠᠵᠠᠷ ᠤ᠋ᠨ ᠯᠤᠤᠰᠢᠷ ᠬᠥᠮᠦᠨ ᠲᠡᠢ ᠬᠢᠲᠠᠳ ᠢ᠋ᠶ᠋ᠠᠷ ᠶᠠᠷᠢᠯᠴᠠᠵᠤ ᠡᠬᠢᠯᠡᠪᠡ᠃ ᠪᠡᠶ᠎ᠡ ᠪᠡᠶ᠎ᠡ ᠶ᠋ᠢᠨ ᠬᠡᠯᠡ ᠶ᠋ᠢ ᠡᠰᠡ ᠣᠢᠯᠠᠭᠠᠯᠴᠠᠬᠤ ᠳ᠋ᠤ᠌ ᠮᠠᠷᠭᠤᠬᠤ ᠳ᠋ᠤ᠌ ᠬᠦᠷᠦᠭᠰᠡᠨ ᠪᠥᠭᠡᠳ ᠳ᠋ᠠᠨᠽᠠᠨ ᠵᠢᠪᠡᠭᠦᠦ ᠬᠦᠷᠦᠭᠰᠡᠨ ᠦ᠌ ᠳᠡᠭᠡᠷ᠎ᠡ ᠬᠥᠮᠦᠨ ᠦ᠌ ᠠᠮᠢᠨ ᠳ᠋ᠤ᠌ ᠬᠦᠷᠬᠦ ᠡᠴᠡ ᠪᠤᠰᠤᠳ ᠲᠤ ᠪᠦᠷᠢᠨ ᠡᠷᠬᠡ ᠲᠡᠢ ᠶᠠᠪᠤᠭ᠎ᠠ ᠳ᠋ᠠᠭᠠᠨ ᠡᠷᠡᠮᠰᠢᠨ ᠣᠮᠣᠭ ᠰᠢᠲᠠᠵᠤ ᠠᠭᠰᠤᠴᠢᠬᠤ ᠳ᠋ᠠᠭᠠᠨ ᠵᠡᠰ ᠬᠠᠳᠠᠭᠠᠰᠤ ᠪᠠᠷ ᠳᠣᠷᠭᠣᠨ ᠲᠣᠭᠲᠠᠭᠠᠭᠰᠠᠨ ᠬᠠᠭᠠᠷᠬᠠᠢ ᠱᠠᠵᠠᠩ ᠢ᠋ ᠨᠢ ᠬᠡᠮᠬᠡ ᠴᠣᠬᠢᠵᠠᠢ᠃ ᠳᠠᠷᠠᠭ᠎ᠠ ᠨᠢ ᠳ᠋ᠠᠨᠽᠠᠨ《ᠵᠠ ᠶᠠᠷᠰᠢᠭ᠂ ᠡᠨᠡ ᠬᠥᠮᠦᠨ ᠭᠠᠮᠢᠩ ᠪᠢᠰᠢ᠂ ᠠᠮᠢᠳᠤᠷᠠᠬᠤ ᠶ᠋ᠢᠨ ᠲᠥᠯᠥᠭᠡ᠂ ᠠᠶ᠎ᠠ ᠦᠭᠡᠢ ᠪᠣᠯ ᠥᠨᠥᠬᠢ ᠯᠤᠤ ᠯᠢ ᠭᠤᠸᠠᠢ ᠶ᠋ᠢᠨ ᠠᠳᠠᠯᠢ ᠵᠢᠳᠬᠦᠭᠴᠢ ᠴᠦ᠍ ᠪᠠᠢᠵᠤ ᠪᠣᠯᠬᠤ ᠰᠢᠦ ᠳᠡ》 ᠭᠡᠵᠦ ᠪᠣᠳᠣᠭᠠᠳ ᠬᠣᠭᠣᠯᠠ ᠢᠳᠡᠭᠰᠡᠨ ᠦ᠌ ᠦᠨ᠎ᠡ ᠳ᠋ᠦ᠍ ᠠᠷᠪᠠ᠂ ᠬᠠᠭᠠᠯᠤᠭᠰᠠᠨ ᠱᠠᠵᠠᠩ ᠤ᠋ᠨ ᠦᠨ᠎ᠡ ᠳ᠋ᠦ᠍ ᠳᠣᠯᠣᠭᠠᠨ ᠮᠥᠩᠭᠥ ᠰᠢᠳᠡᠵᠡᠢ᠃ 
       ᠬᠣᠶᠠᠳᠠᠬᠢ ᠡᠳᠦᠷ ᠢ᠋ᠶ᠋ᠡᠨ ᠳ᠋ᠠᠨᠽᠠᠨ ᠮᠥᠨ ᠯᠡ ᠵᠠᠬ᠎ᠠ ᠵᠡᠭᠡᠯᠢ ᠪᠡᠷ ᠲᠡᠨᠦᠭᠦᠴᠢᠯᠡᠪᠡ᠃ ᠥᠴᠥᠭᠡᠳᠦᠷ ᠦ᠋ᠨ ᠬᠢᠨᠢ ᠶᠠᠪᠤᠳᠠᠯ ᠥᠴᠦᠬᠡᠨ ᠵᠦᠢᠯ ᠡᠴᠡ ᠭᠠᠪᠢᠶ᠎ᠠ ᠣᠯᠤᠭᠰᠠᠨ ᠵᠡᠷᠭᠡ ᠪᠡᠨ ᠡᠷᠭᠢᠴᠡᠭᠦᠯᠦᠨ ᠪᠣᠳᠣᠵᠤ ᠶᠠᠪᠤᠲᠠᠯ᠎ᠠ ᠭᠡᠨᠡᠳᠲᠡ ᠤᠷᠭᠤᠬᠤ ᠪᠣᠳᠣᠯ ᠰᠡᠳᠬᠢᠯ ᠳ᠋ᠦ᠍ᠨᠢ ᠲᠥᠷᠥᠪᠡ᠃ ᠡᠢᠮᠦ ᠰᠠᠢᠬᠠᠨ ᠵᠠᠪᠰᠢᠶᠠᠨ ᠴᠣᠬᠣᠮ ᠬᠡᠵᠢᠶ᠎ᠡ ᠴᠦ᠍ ᠲᠣᠬᠢᠶᠠᠯᠳᠤᠬᠤ ᠦᠭᠡᠢ ᠭᠡᠬᠦ ᠡᠴᠡ ᠰᠡᠳᠬᠢᠯ ᠪᠦᠷ ᠶᠠᠭᠠᠷᠠᠬᠤ ᠠᠵᠢ᠃ ᠭᠡᠷ ᠣᠷᠣᠨ ᠤ᠋ ᠬᠢᠨ ᠳ᠋ᠡᠭᠡᠨ ᠶᠠᠭᠤ ᠠᠪᠠᠴᠢᠬᠤ ᠪᠢᠯᠡ ᠭᠡᠬᠦ ᠡᠴᠡ ᠨᠢᠭᠡᠨᠲᠡ ᠤᠨᠤᠭ᠎ᠠ ᠬᠥᠰᠬᠡ ᠬᠠᠨᠢ ᠨᠥᠬᠥᠳ ᠪᠦᠭᠦᠳᠡ ᠡᠴᠡ ᠪᠡᠨ ᠬᠠᠭᠠᠴᠠᠨ ᠭᠣᠣᠨᠢ ᠪᠡᠶ᠎ᠡ ᠭᠣᠵᠣᠩ ᠲᠣᠯᠣᠭᠠᠢ ᠪᠣᠯᠤᠭᠰᠠᠨ ᠬᠥᠮᠦᠨ ᠲᠡᠷᠡ ᠴᠢᠭ ᠢ᠋ᠶ᠋ᠡᠷ ᠢ᠋ᠶ᠋ᠡᠨ ᠣᠴᠢᠬᠤ ᠨᠢ ᠳᠡᠭᠡᠷ᠎ᠡ ᠪᠠᠢᠬᠤ ᠪᠥᠭᠡᠳ ᠭᠠᠭᠴᠠᠬᠠᠨ ᠪᠤᠰᠤᠳ ᠤ᠋ᠨ ᠡᠮᠦᠨ᠎ᠡ ᠬᠡᠨ ᠦ᠌ ᠬᠡᠨ ᠪᠣᠯᠬᠤ ᠶ᠋ᠢ ᠨᠢ ᠬᠡᠯᠡᠵᠦ ᠦᠯᠦ ᠪᠣᠯᠬᠤ ᠰᠡᠳᠬᠢᠯᠲᠡᠨ ᠡᠮᠡᠭᠲᠡᠢ ᠯᠡ᠁ ᠲᠡᠭᠡᠭᠡᠳ ᠠᠪᠤᠭᠰᠠᠨ ᠨᠢ ᠳᠥᠷᠪᠡᠨ ᠰᠢᠷᠬᠡᠭ ᠲᠣᠮᠣ ᠰᠢᠷ᠎ᠠ ᠬᠤᠪᠠ᠂ ᠠᠯᠲᠠᠨ ᠰᠢᠷᠠᠮᠠᠯ ᠡᠭᠡᠮᠦᠭ ᠡᠳᠡᠭᠡᠷ ᠪᠥᠭᠡᠳ ᠲᠡᠭᠦᠨ ᠢ᠋ᠶ᠋ᠡᠨ ᠠᠯᠴᠢᠭᠤᠷ ᠲᠤ ᠪᠣᠭᠣᠨ ᠡᠪᠦᠷᠲᠦᠯᠡᠭᠰᠡᠭᠡᠷ ᠤᠷᠭᠤᠨ ᠠᠷᠢᠯᠬᠤ ᠳ᠋ᠤ᠌ ᠪᠡᠯᠡᠨ ᠪᠣᠯᠪᠠ᠃ ᠬᠣᠷᠮᠣᠢ ᠪᠠᠨ ᠬᠣᠶᠠᠷ ᠲᠡᠢᠰᠢ ᠢᠷᠡᠨ ᠪᠥᠰᠡᠨ ᠳ᠋ᠡᠭᠡᠨ ᠬᠠᠪᠴᠢᠭᠤᠯᠵᠤ ᠵᠣᠷᠢᠮᠠᠭ ᠠᠯᠬᠤᠯᠤᠭᠰᠠᠭᠠᠷ ᠬᠦᠷᠢᠶᠡᠨ ᠦ᠌ ᠵᠠᠬ᠎ᠠ ᠳ᠋ᠤ᠌ ᠭᠠᠷᠴᠠᠢ᠃ ᠠᠷᠤ ᠠ᠋ᠴᠠ ᠨᠢ ᠨᠢᠭᠡ ᠬᠥᠮᠦᠨ ᠳᠠᠭᠤᠳᠠᠬᠤ ᠰᠢᠭ᠋ ᠡᠷᠭᠢᠨ ᠬᠠᠷᠠᠪᠠᠯ ᠶᠠᠭᠤ ᠴᠤ᠌ ᠦᠭᠡᠢ᠂ ᠬᠠᠷᠢᠨ ᠴᠤ᠌ ᠬᠦᠷᠢᠶ᠎ᠡ ᠬᠣᠷᠢᠶᠠᠨ ᠤ᠋ ᠬᠠᠳᠬᠤᠮᠠᠯ ᠰᠤᠷᠭᠠᠭ ᠬᠠᠰᠢᠶ᠎ᠠ ᠨᠤᠭᠤᠳ《ᠴᠢ ᠵᠦᠭᠡᠷ ᠲᠡᠷᠡ ᠴᠢᠭ ᠢ᠋ᠶ᠋ᠡᠷ ᠢ᠋ᠶ᠋ᠡᠨ ᠲᠣᠨᠢᠯ!》 ᠭᠡᠬᠦ ᠠᠳᠠᠯᠢ ᠡᠯᠡᠢ ᠬᠤᠯᠡᠢ ᠪᠠᠷᠠᠭᠠᠨᠠᠨ᠎ᠠ᠃ ᠭᠡᠪᠡᠴᠦ ᠬᠥᠯ ᠬᠣᠢᠰᠢ ᠴᠢᠩᠭᠠᠭᠠᠨ᠎ᠠ᠃ ᠴᠣᠬᠣᠮ ᠶᠠᠭᠤ ᠪᠣᠢ? ᠭᠡᠵᠦ ᠥᠪᠡᠷ ᠡᠴᠡ ᠪᠡᠨ ᠠᠰᠠᠭᠤᠬᠤ ᠳ᠋ᠤ᠌ ᠪᠠᠶᠠᠷ ᠬᠦᠩ! ᠥᠪᠡᠷ ᠢ᠋ ᠨᠢ ᠤᠷᠭᠤᠨ᠎ᠠ ᠭᠡᠵᠦ ᠬᠠᠷ᠎ᠠ ᠮᠠᠭᠤ ᠰᠠᠨᠠᠬᠤ ᠶ᠋ᠢᠨ ᠣᠷᠣᠨ ᠳ᠋ᠤ᠌ ᠠᠯᠢ ᠳᠤᠷ᠎ᠠ ᠲᠠᠢ ᠪᠠᠷ ᠢ᠋ᠶ᠋ᠠᠨ ᠴᠡᠩᠭᠡ ᠭᠡᠵᠦ ᠭᠤᠷᠪᠠᠨ ᠬᠣᠨᠣᠭ ᠤ᠋ᠨ ᠴᠢᠯᠥᠭᠡ ᠥᠭᠭᠦᠨ ᠮᠥᠩᠭᠥ ᠭᠠᠷᠳᠠᠭᠤᠯᠤᠭᠰᠠᠨ ᠨᠢ ᠨᠢᠳᠦᠨ ᠳ᠋ᠦ᠍ ᠲᠣᠰᠣᠨ ᠰᠠᠨᠠᠭᠳᠠᠨ᠎ᠠ᠃ ᠡᠭᠦᠨᠴᠡ ᠴᠢᠨᠠᠭᠰᠢᠯᠠᠪᠠᠯ ᠬᠥᠮᠦᠨ ᠡᠢᠮᠦ ᠰᠠᠢᠬᠠᠨ ᠰᠡᠳᠬᠢᠯ ᠭᠠᠷᠭᠠᠭᠰᠠᠨ ᠤ᠋ ᠬᠠᠷᠢᠭᠤ ᠳ᠋ᠤ᠌ ᠪᠢ ᠤᠷᠭᠤᠬᠤ ᠭᠡᠵᠦ ᠤᠤ? ᠭᠡᠬᠦ ᠡᠴᠡ ᠬᠥᠯ ᠨᠢ ᠶᠠᠪᠤᠵᠤ ᠣᠷᠣᠭᠰᠢ ᠬᠥᠳᠡᠯᠦᠮ᠎ᠡ ᠦᠭᠡᠢ ᠪᠣᠯᠬᠤ ᠲᠤᠯᠠ ᠳ᠋ᠠᠨᠽᠠᠨ ᠳᠣᠣᠷ᠎ᠠ ᠪᠠᠨ ᠰᠠᠭᠤᠵᠤ ᠪᠠᠬᠠᠨ ᠶᠠᠭᠤᠮ᠎ᠠ ᠪᠣᠳᠣᠬᠤ ᠬᠡᠷᠡᠭᠲᠡᠢ ᠪᠣᠯᠪᠠ᠃ ᠨᠢᠭᠡ ᠪᠣᠳᠣᠬᠤ ᠳ᠋ᠤ᠌ ᠪᠢ ᠬᠥᠮᠦᠨ ᠦ᠌ ᠰᠠᠨᠠᠭ᠎ᠠ ᠰᠡᠳᠬᠢᠯ ᠢ᠋ ᠥᠪᠡᠷᠲᠡᠭᠡᠨ ᠲᠠᠲᠠᠬᠤ ᠠᠢᠬᠤᠪᠲᠤᠷ ᠬᠥᠮᠦᠨ ᠦ᠌ ᠨᠠᠷᠢᠨ ᠠᠷᠭ᠎ᠠ ᠪᠠ ᠥᠭᠭᠦᠭᠰᠡᠨ ᠭᠤᠷᠪᠠᠨ ᠶᠠᠩᠴᠢᠶᠠᠨ ᠳ᠋ᠤ᠌ ᠲᠣᠯᠣᠭᠠᠢ ᠪᠠᠨ ᠣᠭᠣᠰᠣᠷᠯᠠᠭᠤᠯᠤᠭᠠᠳ ᠪᠠᠢᠬᠤ ᠭᠡᠵᠦ ᠤᠤ? ᠭᠡᠵᠦ ᠪᠣᠳᠣᠭᠳᠠᠪᠠᠴᠤ ᠡᠨᠡ ᠤᠳᠠᠭ᠎ᠠ ᠤᠷᠭᠤᠬᠤ ᠨᠢ ᠦᠨᠡᠬᠡᠷ ᠵᠦᠢ ᠪᠤᠰᠤ᠂ ᠬᠠᠷᠢᠨ ᠬᠣᠢᠰᠢᠳᠠ ᠭᠡᠪᠡᠯ ᠬᠡᠵᠢᠶ᠎ᠡ ᠴᠦ᠍ ᠶᠠᠭᠠᠬᠢᠬᠤᠪ ᠭᠡᠵᠦ ᠰᠠᠨᠠᠭᠳᠠᠵᠠᠢ᠃ ᠡᠢᠮᠦ ᠳ᠋ᠦ᠍ ᠳ᠋ᠠᠨᠽᠠᠨ ᠲᠡᠳᠡ ᠡᠴᠡ ᠪᠤᠴᠠᠭᠰᠠᠨ ᠢ᠋ᠶ᠋ᠠᠷ ᠪᠠᠷᠠᠬᠤ ᠦᠭᠡᠢ ᠬᠣᠨᠣᠬᠤ ᠭᠠᠵᠠᠷ ᠦᠭᠡᠢ ᠳ᠋ᠡᠭᠡᠨ ᠪᠣᠭᠣᠭᠳᠠᠨ ᠬᠤᠸᠠᠷᠠᠨ ᠤᠷᠤᠭᠤ ᠬᠡᠯᠲᠦᠷᠢᠯ᠎ᠡ᠃ 
       ᠲᠡᠷᠡ ᠡᠳᠦᠷ ᠡᠴᠡ ᠡᠬᠢᠯᠡᠨ ᠳ᠋ᠠᠨᠽᠠᠨ ᠬᠤᠸᠠᠷᠠᠨ ᠳᠡᠭᠡᠷ᠎ᠡ ᠠᠢᠬᠤᠪᠲᠤᠷ ᠠᠯᠳᠠᠷ ᠴᠤᠤ ᠲᠠᠢ ᠬᠥᠮᠦᠨ ᠪᠣᠯᠵᠠᠢ᠃ ᠡᠷᠭᠢᠨ ᠣᠴᠢᠬᠤ ᠳ᠋ᠠᠭᠠᠨ ᠬᠣᠨᠣᠬᠤ ᠭᠠᠵᠠᠷ ᠦᠭᠡᠢ ᠳ᠋ᠦ᠍ ᠪᠣᠭᠣᠭᠳᠠᠭᠰᠠᠨ ᠢ᠋ᠶ᠋ᠠᠨ ᠲᠠᠭ ᠨᠢᠭᠤᠨ《ᠢᠳᠡᠷ ᠴᠡᠷᠢᠭ ᠲᠠ ᠨᠠᠷ ᠲᠠᠢ ᠪᠠᠨ ᠡᠷ᠎ᠡ ᠴᠡᠷᠢᠭ ᠦ᠋ᠨ ᠰᠤᠷᠭᠠᠭᠤᠯᠢ ᠬᠢᠵᠦ ᠰᠠᠭᠤᠬᠤ ᠠ᠋ᠴᠠ ᠢᠯᠡᠭᠦᠦ ᠰᠠᠢᠬᠠᠨ ᠶᠠᠭᠤᠮ᠎ᠠ ᠬᠠᠮᠢᠭ᠎ᠠ ᠴᠤ᠌ ᠠᠯᠠᠭ᠎ᠠ》 ᠭᠡᠵᠦ ᠨᠡᠷᠡᠯᠬᠡᠭᠰᠡᠨ ᠡᠴᠡ ᠳᠡᠭᠡᠳᠦ ᠳᠠᠷᠤᠭ᠎ᠠ ᠵᠠᠬᠢᠷᠤᠯ ᠳ᠋ᠠᠭᠠᠨ ᠴᠤ᠌ ᠨᠡᠷ᠎ᠡ ᠬᠦᠨᠳᠦ ᠲᠠᠢ ᠪᠣᠯᠪᠠ᠃ ᠭᠡᠬᠦ ᠳ᠋ᠡᠭᠡᠨ ᠳ᠋ᠠᠨᠽᠠᠨ ᠡᠨᠡ ᠪᠦᠬᠦᠨ ᠳ᠋ᠦ᠍ ᠬᠠᠭᠤᠷᠲᠠᠵᠤ ᠰᠠᠨᠠᠭ᠎ᠠ ᠪᠣᠳᠣᠯ ᠬᠤᠪᠢᠷᠠᠭᠰᠠᠨ ᠵᠦᠢᠯ ᠦᠭᠡᠢ᠂ ᠣᠷᠣᠨ ᠨᠤᠲᠤᠭ᠂ ᠡᠬᠡ᠂ ᠡᠭᠡᠴᠢ᠂ ᠨᠢᠭᠤᠴᠠ ᠠᠮᠠᠷᠠᠭ ᠤᠯᠠᠮ ᠤᠯᠠᠮ ᠢ᠋ᠶ᠋ᠠᠷ ᠰᠠᠨᠠᠭᠳᠠᠨ ᠬᠦᠰᠡᠭᠳᠡᠬᠦ ᠶ᠋ᠢᠨ ᠵᠡᠷᠭᠡᠴᠡᠭᠡ ᠪᠡᠷ ᠣᠳᠣ ᠥᠰᠢᠶᠡᠲᠡᠨ ᠭᠠᠮᠢᠩ ᠠᠯᠢ ᠬᠡᠳᠦᠢᠨ ᠤᠰᠠᠳᠬᠠᠭᠳᠠᠭᠰᠠᠨ ᠪᠠᠢᠬᠤ ᠳ᠋ᠤ᠌ ᠪᠠᠰᠠ ᠶᠠᠭᠤᠨ ᠲᠡᠢᠨ ᠪᠣᠯᠬᠤ ᠭᠡᠳ ᠪᠠᠢᠨ᠎ᠠ ᠪᠣᠢ? ᠶᠡᠷᠦᠨᠢ ᠬᠡᠨ ᠲᠡᠢ ᠪᠡᠨ ᠪᠠᠢᠯᠳᠤᠬᠤ ᠬᠡᠷᠡᠭ ᠪᠣᠢ? ᠠᠶ᠎ᠠ ᠦᠭᠡᠢ ᠪᠣᠯ ᠪᠠᠷᠣᠨ ᠵᠠᠩᠵᠤᠨ ᠤ᠋ ᠲᠥᠯᠥᠭᠡ ᠬᠠᠷᠢ ᠭᠠᠵᠠᠷ ᠤ᠋ᠨ ᠤᠯᠤᠰ ᠣᠷᠣᠨ ᠤᠷᠤᠭᠤ ᠶᠠᠪᠤᠵᠤ ᠪᠠᠰᠠ ᠠᠮᠢ ᠴᠥᠯᠡᠬᠦ ᠭᠡᠵᠦ ᠪᠠᠢᠨ᠎ᠠ ᠤᠤ? ᠭᠡᠵᠦ ᠰᠡᠵᠢᠭᠯᠡᠭᠡᠳ ᠬᠡᠷᠪᠡ ᠲᠡᠭᠡᠬᠦ ᠳ᠋ᠦ᠍ ᠬᠦᠷᠪᠡᠯ ᠶᠠᠭᠠᠬᠢᠬᠤ ᠪᠣᠢ? ᠡᠷᠲᠡᠬᠡᠨ ᠯᠡ ᠵᠠᠢᠯᠠᠨ ᠤᠷᠭᠤᠬᠤ᠂ ᠣᠷᠣᠨ ᠨᠤᠲᠤᠭ ᠢ᠋ᠶ᠋ᠠᠨ ᠪᠠᠷᠠᠳᠠᠵᠤ ᠬᠠᠭᠤᠴᠢᠨ ᠢ᠋ᠶ᠋ᠠᠷ ᠢ᠋ᠶ᠋ᠠᠨ ᠠᠵᠤ ᠲᠥᠷᠥᠨ ᠠᠮᠢᠳᠤᠷᠠᠰᠤᠭᠠᠢ! ᠭᠡᠵᠦ ᠪᠣᠳᠣᠨ᠎ᠠ᠃ ᠲᠡᠭᠡᠭᠡᠳ ᠨᠡᠭᠡᠷᠡᠨ ᠤᠷᠭᠤᠶ᠎ᠠ ᠭᠡᠪᠡᠯ ᠬᠡᠴᠡᠭᠦᠦ ᠨᠢ ᠶᠠᠭᠤ ᠪᠠᠢᠭ᠎ᠠ ᠶᠤᠮ ᠪᠣᠢ? ᠠᠩᠬ᠎ᠠ ᠡᠨᠳᠡ ᠢᠷᠡᠭᠰᠡᠨ ᠳᠠᠷᠤᠢ ᠳ᠋ᠤ᠌ ᠬᠠᠮᠢᠭ᠎ᠠ ᠪᠣᠯ ᠬᠠᠮᠢᠭ᠎ᠠ ᠬᠠᠷᠠᠭᠤᠯ ᠮᠠᠨᠠᠭ᠎ᠠ᠃ ᠬᠡᠳᠦᠨ ᠳᠠᠪᠬᠤᠷ ᠮᠠᠨᠠᠭᠠᠨ ᠠ᠋ᠴᠠ ᠭᠠᠳᠠᠨ᠎ᠠ ᠬᠠᠷᠠᠳᠠᠨ ᠰᠡᠵᠢᠭᠯᠡᠭᠰᠡᠨ ᠳᠠᠷᠤᠭ᠎ᠠ ᠵᠠᠬᠢᠷᠤᠯ ᠤ᠋ᠳ ᠪᠠᠢᠭᠰᠠᠨ ᠪᠣᠯ ᠣᠳᠣ ᠲᠡᠷᠡ ᠪᠦᠬᠦᠨ ᠳ᠋ᠠᠨᠽᠠᠨ ᠢ᠋ ᠮᠡᠳᠡᠨ᠎ᠡ᠂ ᠢᠲᠡᠭᠡᠨ᠎ᠡ᠃ ᠬᠠᠭᠠᠯᠭᠠᠨ ᠤ᠋ ᠬᠠᠲᠠᠭᠤ ᠴᠢᠩᠭ᠎ᠠ ᠮᠠᠨᠠᠭ᠎ᠠ ᠪᠣᠯᠪᠠᠴᠤ ᠬᠠᠵᠠᠭᠤ ᠪᠠᠷ ᠢ᠋ᠶ᠋ᠠᠨ ᠬᠡᠨᠡᠭ ᠦᠭᠡᠢ ᠥᠩᠭᠡᠷᠡᠭᠦᠯᠦᠨ᠎ᠡ᠃ ᠳ᠋ᠠᠨᠽᠠᠨ ᠥᠪᠡᠷ ᠢ᠋ᠶ᠋ᠡᠨ ᠵᠠ ᠪᠠᠢᠵᠠ ᠮᠠᠷᠭᠠᠰᠢ! ᠮᠠᠷᠭᠠᠰᠢ᠁ ᠭᠡᠵᠦ ᠡᠳᠦᠷ ᠬᠣᠨᠣᠭ ᠥᠩᠭᠡᠷᠡᠭᠦᠯᠦᠭᠰᠡᠭᠡᠷ《ᠣᠳᠣ ᠤᠳᠠᠬᠤ ᠦᠭᠡᠢ ᠬᠣᠢᠰᠢ ᠮᠣᠷᠳᠠᠨ ᠠᠷᠠᠳ ᠤ᠋ᠨ ᠨᠠᠮ᠂ ᠤᠯᠠᠭᠠᠨ ᠣᠷᠣᠰ ᠲᠠᠢ ᠪᠠᠢᠯᠳᠤᠬᠤ ᠶᠤᠮ ᠭᠡᠨ᠎ᠡ ᠠ᠋!》 ᠭᠡᠰᠡᠨ ᠶᠠᠷᠢᠶ᠎ᠠ ᠴᠡᠷᠢᠭ ᠦ᠋ᠳ ᠦ᠋ᠨ ᠳᠤᠮᠳᠠ ᠰᠠᠮ ᠶᠠᠷᠢᠭᠳᠠᠮᠠᠭᠴᠠ ᠰᠣᠴᠢᠵᠤ᠂《ᠵᠠ ᠮᠠᠷᠭᠠᠰᠢ! ᠶᠣᠰᠣᠲᠠᠢ ᠮᠠᠷᠭᠠᠰᠢ ᠤᠷᠭᠤᠬᠤ ᠦᠭᠡᠢ ᠪᠣᠯ ᠪᠢ ᠨᠣᠬᠠᠢ ᠶ᠋ᠢᠨ ᠬᠦᠦ ᠪᠣᠯᠰᠤᠭᠠᠢ!》 ᠭᠡᠵᠦ ᠥᠪᠡᠷᠲᠡᠭᠡᠨ ᠲᠠᠩᠭᠠᠷᠢᠭᠯᠠᠪᠠ᠃ ᠮᠠᠷᠭᠠᠰᠢ ᠨᠢ ᠳ᠋ᠠᠨᠽᠠᠨ《ᠵᠠ ᠥᠨᠥ ᠰᠥᠨᠢ ᠳ᠋ᠡᠭᠡᠨ ᠶᠠᠪᠤᠨ᠎ᠠ ᠳᠠ᠂ ᠵᠠᠪᠠᠯ ᠶᠠᠪᠤᠨ᠎ᠠ ᠳᠠ》 ᠭᠡᠵᠦ ᠳᠣᠲᠣᠷ᠎ᠠ ᠴᠢᠨᠠᠵᠤ ᠪᠠᠢᠲᠠᠯ᠎ᠠ᠂ ᠪᠠᠶᠠᠷ ᠬᠦᠩ ᠢᠷᠡᠵᠦ ᠠᠩᠭᠢ ᠪᠠᠨ ᠵᠢᠭᠰᠠᠭᠠᠵᠠᠢ᠃ 
       — ᠮᠠᠷᠭᠠᠰᠢ ᠮᠢᠨᠦ ᠪᠦᠬᠦ ᠠᠩᠭᠢ ᠣᠷᠣᠢ ᠶ᠋ᠢᠨ ᠴᠢᠨᠳᠠᠮᠤᠨᠢ ᠸᠴᠢᠷ ᠳᠠᠷᠢ ᠭᠡᠭᠡᠨ ᠶᠡᠬᠡ ᠡᠵᠡᠨ ᠬᠠᠭᠠᠨ ᠪᠣᠭᠳᠠ ᠯᠠᠮᠠ ᠳ᠋ᠠᠭᠠᠨ ᠮᠥᠷᠭᠥᠨ᠎ᠡ ᠠ᠋ ᠭᠡᠵᠦ ᠪᠠᠶᠠᠷ ᠬᠦᠩ ᠪᠦᠳᠦᠭᠦᠨ ᠳᠠᠭᠤ ᠪᠠᠷ ᠠᠯᠭᠤᠷᠬᠠᠨ ᠪᠣᠯᠤᠭᠠᠳ ᠳᠡᠭᠡᠭᠰᠢ ᠬᠠᠷᠠᠨ ᠲᠥᠪ ᠢ᠋ ᠪᠠᠷᠢᠨ ᠥᠭᠦᠯᠡᠭᠰᠡᠨ ᠢ᠋ᠶ᠋ᠡᠨ《ᠬᠥᠮᠦᠨ ᠪᠦᠷᠢ ᠭᠠᠷ ᠨᠢᠭᠤᠷ ᠢ᠋ᠶ᠋ᠠᠨ ᠰᠠᠢᠲᠤᠷ ᠤᠬᠢᠶᠠᠵᠤ᠂ ᠬᠤᠪᠴᠠᠰᠤ ᠬᠤᠨᠠᠷ ᠢ᠋ᠶ᠋ᠠᠨ ᠲᠣᠬᠢᠲᠠᠢ ᠡᠮᠦᠰᠦᠭᠰᠡᠨ ᠪᠠᠢᠬᠤ ᠶᠣᠰᠣᠲᠠᠢ!》 ᠭᠡᠵᠦ ᠵᠠᠩᠳᠤᠷᠪᠠ᠃ ᠳᠠᠷᠠᠭ᠎ᠠ ᠨᠢ ᠪᠠᠶᠠᠷ ᠬᠦᠩ ᠠᠷᠪᠠᠨ ᠬᠡᠳᠦᠨ ᠬᠥᠮᠦᠨ ᠦ᠌ ᠨᠡᠷ᠎ᠡ ᠳᠤᠷᠠᠳᠤᠨ ᠳᠠᠭᠤᠳᠠᠵᠤ ᠡᠮᠦᠨ᠎ᠡ ᠪᠡᠨ ᠠᠪᠠᠴᠢᠪᠠ᠃ ᠲᠡᠳᠡᠨ ᠦ᠌ ᠨᠢᠭᠡ ᠳ᠋ᠦ᠍ ᠳ᠋ᠠᠨᠽᠠᠨ ᠣᠷᠣᠵᠠᠢ᠃ ᠤᠴᠢᠷ ᠢ᠋ ᠰᠣᠨᠣᠰᠪᠠᠯ ᠡᠳᠡᠭᠡᠷ ᠬᠥᠮᠦᠰ ᠪᠠᠶᠠᠷ ᠬᠦᠩ ᠦ᠋ᠨ ᠬᠠᠮᠲᠤ ᠪᠣᠭᠳᠠ ᠳ᠋ᠤ᠌ ᠪᠡᠶᠡᠰ ᠢ᠋ᠶ᠋ᠡᠷ ᠪᠠᠷᠠᠭᠠᠯᠠᠨ ᠮᠣᠳᠣᠷ ᠠ᠋ᠴᠠ ᠨᠢ ᠠᠳᠢᠰ ᠠᠪᠤᠨ ᠯᠦᠩᠲᠠᠩ ᠬᠦᠷᠲᠡᠬᠦ ᠭᠡᠨ᠎ᠡ᠃ 
       ᠡᠭᠦᠨ ᠳ᠋ᠦ᠍ ᠳ᠋ᠠᠨᠽᠠᠨ ᠶᠣᠰᠣᠲᠠᠢ ᠮᠠᠩᠨᠠᠢ ᠲᠡᠨᠢᠢᠨ ᠪᠠᠶᠠᠷᠯᠠᠬᠤ ᠠᠵᠢ᠃ ᠬᠥᠮᠦᠨ ᠪᠣᠯᠤᠭᠰᠠᠭᠠᠷ ᠪᠠᠶᠠᠷᠯᠠᠵᠤ ᠦᠵᠡᠭᠡ ᠦᠭᠡᠢ ᠪᠡᠨ ᠪᠠᠶᠠᠷᠯᠠᠭᠰᠠᠨ ᠳ᠋ᠠᠭᠠᠨ ᠰᠥᠨᠢ ᠨᠣᠢᠷ ᠦᠭᠡᠢ ᠬᠣᠨᠣᠪᠠ᠃ ᠤᠭ ᠨᠢ ᠣᠳᠣ ᠤᠷᠭᠤᠪᠠᠯ ᠵᠣᠬᠢᠬᠤ ᠰᠥᠨᠢ ᠨᠢ ᠪᠥᠭᠡᠳ ᠡᠰᠡ ᠤᠷᠭᠤᠪᠠᠯ ᠨᠣᠬᠠᠢ ᠶ᠋ᠢᠨ ᠬᠦᠦ ᠪᠣᠯᠰᠤᠭᠠᠢ ᠭᠡᠵᠦ ᠲᠠᠩᠭᠠᠷᠢᠭᠯᠠᠭᠰᠠᠨ ᠢ᠋ᠶ᠋ᠠᠨ ᠰᠠᠨᠠᠨ ᠭᠡᠮᠰᠢᠬᠦ ᠪᠣᠯᠪᠠᠴᠤ᠂ ᠦᠭᠡᠢ ᠲᠡᠷᠡ ᠪᠠᠭ᠎ᠠ ᠬᠡᠷᠡᠭ᠂ ᠪᠣᠭᠳᠠ ᠳ᠋ᠤ᠌ ᠮᠥᠷᠭᠥᠨ ᠯᠦᠩᠲᠠᠩ ᠬᠦᠷᠲᠡᠬᠦ ᠭᠡᠳᠡᠭ ᠴᠢᠨᠢ ᠨᠠᠳᠠ ᠳ᠋ᠤ᠌ ᠪᠠᠢᠲᠤᠭᠠᠢ ᠬᠢᠷᠢ ᠪᠠᠷᠤᠭ ᠤ᠋ᠨ ᠲᠠᠢᠵᠢ ᠨᠣᠶᠠᠳ ᠲᠤ ᠴᠤ᠌ ᠦᠯᠦ ᠣᠯᠳᠠᠬᠤ ᠬᠤᠪᠢ ᠵᠠᠶᠠᠭ᠎ᠠ ᠰᠢᠦ ᠳᠡ ᠭᠡᠵᠦ ᠰᠡᠳᠬᠢᠯ ᠠᠷᠢᠭᠤᠳᠤᠨ᠎ᠠ᠃ ᠭᠡᠪᠡᠴᠦ ᠳ᠋ᠠᠨᠽᠠᠨ ᠤᠷᠭᠤᠬᠤ ᠪᠣᠳᠣᠯ ᠢ᠋ᠶ᠋ᠠᠨ ᠣᠷᠬᠢᠭᠰᠠᠨ ᠵᠦᠢᠯ ᠦᠭᠡᠢ᠂ ᠬᠠᠷᠢᠨ ᠪᠣᠭᠳᠠ ᠳ᠋ᠤ᠌ ᠮᠥᠷᠭᠥᠵᠦ ᠠᠪᠤᠭᠠᠳ ᠳᠠᠷᠠᠭ᠎ᠠ ᠨᠢ ᠤᠷᠭᠤᠰᠤᠭᠠᠢ᠂ ᠬᠡᠷᠪᠡ ᠡᠰᠡ ᠤᠷᠭᠤᠪᠠᠯ ᠶᠣᠰᠣᠲᠠᠢ ᠨᠣᠬᠠᠢ ᠶ᠋ᠢᠨ ᠬᠦᠦ ᠪᠣᠯᠰᠤᠭᠠᠢ ᠭᠡᠵᠦ ᠳᠠᠬᠢᠨ ᠲᠠᠩᠭᠠᠷᠢᠭᠯᠠᠨ᠎ᠠ᠃ 
       ᠮᠠᠷᠭᠠᠰᠢ ᠨᠢ ᠳ᠋ᠠᠨᠽᠠᠨ ᠪᠠᠭ᠎ᠠ ᠦᠳᠡ ᠶ᠋ᠢᠨ ᠬᠢᠷᠢ ᠳ᠋ᠦ᠍ ᠪᠦᠬᠦ ᠠᠩᠭᠢ ᠪᠣᠭᠳᠠ ᠶ᠋ᠢᠨ ᠶᠡᠬᠡ ᠣᠷᠳᠣᠨ ᠤ᠋ ᠡᠮᠦᠨ᠎ᠡ ᠨᠢᠭᠡ ᠡᠩᠨᠡᠭᠡ ᠮᠥᠷ ᠵᠡᠷᠭᠡᠴᠡᠨ ᠵᠣᠭᠰᠣᠵᠤ ᠵᠥᠪᠬᠡᠨ ᠰᠤᠨᠳᠠᠭ ᠪᠠᠷᠢᠭᠰᠠᠨ ᠬᠥᠮᠦᠨ ᠭᠠᠷᠴᠤ ᠢᠷᠡᠨ ᠠᠳᠢᠰ ᠲᠠᠯᠪᠢᠬᠤ ᠶ᠋ᠢ ᠬᠦᠯᠢᠶᠡᠵᠦ ᠶᠠᠳᠠᠵᠤ ᠪᠠᠢᠬᠤ ᠳ᠋ᠤ᠌ ᠬᠡᠳᠦᠨ ᠠᠷᠪᠠᠨ ᠲᠡᠢᠨ ᠲᠤᠯᠤᠯᠳᠤᠭᠠᠨ ᠢ᠋ ᠡᠨᠡ ᠪᠡᠶ᠎ᠡ ᠪᠡᠷ ᠳᠠᠪᠠᠨ ᠲᠤᠭᠤᠯᠤᠭᠰᠠᠨ ᠨᠡᠷᠡᠲᠦ ᠬᠥᠮᠦᠰ ᠪᠠ ᠠᠯᠳᠠᠷ ᠴᠤᠤᠲᠠᠨ ᠴᠠᠬᠠᠷ ᠬᠦᠩ ᠪᠠᠶᠠᠷ ᠤ᠋ᠨ ᠬᠠᠮᠲᠤ ᠰᠢᠭᠤᠳ ᠠᠯᠬᠤᠯᠠᠨ ᠣᠷᠣᠪᠠ᠃ ᠰᠡᠳᠬᠢᠯ ᠨᠢ ᠡᠨᠡ ᠣᠷᠴᠢᠯᠠᠩ ᠳ᠋ᠤ᠌ ᠠᠷᠠᠢ ᠴᠤ᠌ ᠪᠢᠰᠢ ᠰᠢᠭ᠂ ᠬᠥᠯ ᠨᠢ ᠬᠦᠷᠲᠡᠯ᠎ᠡ ᠬᠥᠩᠭᠡᠷᠡᠵᠦ ᠬᠡᠢ ᠠᠭᠠᠷ ᠲᠤ ᠭᠢᠰᠬᠢᠯᠡᠨ ᠶᠠᠪᠤᠨ᠎ᠠ ᠰᠢᠭ᠋ ᠪᠠᠢᠵᠠᠢ᠃ 
       ᠨᠣᠭᠣᠭᠠᠨ ᠫᠠᠯᠠᠩᠲᠤ ᠸᠠᠭᠠᠷ ᠤ᠋ᠨ ᠳᠡᠭᠡᠪᠦᠷᠲᠦ ᠳᠤᠭᠠᠩ ᠤᠷᠤᠭᠤ ᠣᠷᠣᠬᠤ ᠳ᠋ᠤ᠌ ᠠᠷᠢᠭᠤᠨ ᠠ᠋ᠴᠠ ᠠᠷᠢᠭᠤᠨ ᠰᠠᠢᠬᠠᠨ ᠦᠨᠦᠷ ᠬᠠᠩᠬᠤᠯᠵᠤ᠂ ᠠᠯᠲᠠᠨ ᠯᠤᠤ ᠣᠷᠢᠶᠠᠭᠰᠠᠨ ᠴᠢᠰᠤ ᠤᠯᠠᠭᠠᠨ ᠪᠣᠳᠣᠭ ᠲᠠᠢ ᠬᠣᠶᠠᠷ ᠶᠡᠬᠡ ᠪᠠᠭᠠᠨ᠎ᠠ ᠬᠠᠮᠤᠭ ᠤ᠋ᠨ ᠨᠢᠳᠦᠨ᠎ᠡ ᠲᠤᠰᠤᠨ᠎ᠠ᠃ ᠭᠠᠳᠠᠭ᠎ᠠ ᠴᠣᠬᠣᠮ ᠭᠡᠷᠡᠯᠲᠦ ᠰᠢᠷ᠎ᠠ ᠨᠠᠷᠠ ᠪᠠᠨ ᠮᠠᠨᠳᠤᠭᠤᠯᠤᠭᠰᠠᠨ ᠭᠡᠭᠡᠨ ᠴᠠᠭᠠᠨ ᠡᠳᠦᠷ ᠪᠠᠢᠬᠤ ᠪᠣᠯᠪᠠᠴᠤ᠂ ᠡᠨᠳᠡ ᠴᠣᠩᠬᠣ ᠪᠦᠷᠢ ᠬᠠᠭᠠᠯᠲᠠ ᠲᠠᠢ᠃ ᠪᠣᠭᠣᠨᠢ ᠪᠦᠳᠦᠭᠦᠨ ᠪᠣᠯᠣᠳ ᠰᠡᠢᠯᠪᠦᠷᠢ ᠯᠤᠤ ᠣᠷᠢᠶᠠᠮᠠᠯ ᠬᠠᠰ ᠴᠠᠭᠠᠨ᠂ ᠡᠰᠡᠪᠡᠯ ᠰᠢᠩᠬᠤᠨ ᠤᠯᠠᠭᠠᠨ ᠡᠢᠮᠦ ᠬᠣᠶᠠᠷ ᠥᠩᠭᠡ ᠶ᠋ᠢᠨ ᠤᠷᠲᠤ ᠯᠠ ᠨᠤᠭᠤᠳ ᠢ᠋ ᠬᠡᠳᠦᠨ ᠠᠷᠪᠠ ᠪᠠᠷ ᠨᠢ ᠥᠩᠭᠡ ᠬᠠᠷᠰᠣᠯᠳᠤᠭᠤᠯᠣᠨ ᠵᠢᠭᠰᠠᠭᠠᠨ ᠠᠰᠠᠭᠠᠭᠰᠠᠨ ᠨᠢ ᠡᠨᠳᠡ ᠣᠷᠣᠵᠤ ᠢᠷᠡᠭᠰᠡᠨ ᠪᠦᠬᠦᠨ ᠦ᠌ ᠰᠡᠳᠬᠢᠯ ᠢ᠋ ᠥᠪᠡᠷ ᠦ᠋ᠨ ᠡᠷᠬᠡ ᠦᠭᠡᠢ ᠪᠢᠰᠢᠷᠡᠨ ᠰᠦᠰᠦᠭᠯᠡᠬᠦ ᠳ᠋ᠦ᠍ ᠬᠦᠷᠭᠡᠳᠡᠭ ᠪᠠᠢᠵᠠᠢ᠃ ᠶᠡᠷᠦᠨᠢ ᠡᠨᠳᠡ ᠡᠩ ᠦ᠋ᠨ ᠶᠠᠭᠤᠮ᠎ᠠ ᠵᠢᠷ ᠦ᠋ᠨ ᠠᠮᠢᠳᠤᠷᠠᠯ ᠤ᠋ᠨ ᠬᠡᠷᠡᠭᠴᠡᠭᠡᠨ ᠦ᠌ ᠵᠦᠢᠯᠡᠰ ᠨᠢᠭᠡᠬᠡᠨ ᠴᠦ᠍ ᠦᠭᠡᠢ᠃ ᠬᠠᠷᠠᠭᠰᠠᠨ ᠵᠦᠭ ᠪᠣᠯᠭᠠᠨ ᠳ᠋ᠤ᠌ ᠵᠠᠭᠠᠷ᠂ ᠲᠥᠪᠡᠳ᠂ ᠪᠠᠯᠪᠤ᠂ ᠬᠢᠲᠠᠳ᠂ ᠮᠣᠩᠭᠣᠯ ᠣᠷᠣᠨ ᠤ᠋ ᠣᠶᠤᠨ ᠤᠬᠠᠭᠠᠨ ᠤᠷᠠᠨ ᠴᠢᠳᠠᠯ ᠤ᠋ᠨ ᠳᠡᠭᠡᠵᠢ ᠪᠡᠷ ᠪᠦᠲᠦᠭᠡᠭᠳᠡᠭᠰᠡᠨ ᠣᠶᠣᠮᠠᠯ᠂ ᠬᠠᠳᠬᠤᠮᠠᠯ᠂ ᠰᠡᠢᠯᠪᠦᠷᠢ᠂ ᠴᠢᠳᠬᠤᠮᠠᠯ᠂ ᠳᠠᠪᠲᠠᠮᠠᠯ᠂ ᠰᠢᠭᠢᠳᠬᠡᠮᠡᠯ ᠵᠡᠷᠭᠡ ᠨᠢᠳᠦ ᠪᠦᠯᠢᠶᠡᠨ ᠰᠡᠳᠬᠢᠯ ᠲᠠᠲᠠᠮ᠎ᠠ ᠪᠥᠭᠡᠳ ᠳᠥᠷᠪᠡᠨ ᠶᠡᠬᠡ ᠪᠠᠭᠠᠨ᠎ᠠ ᠶ᠋ᠢᠨ ᠬᠣᠢᠲᠤ ᠲᠠᠯ᠎ᠠ ᠳ᠋ᠤ᠌ ᠠᠪ ᠠᠳᠠᠯᠢᠬᠠᠨ ᠰᠡᠢᠯᠪᠦᠷᠢ ᠪᠦᠬᠦᠢ ᠬᠣᠶᠠᠷ ᠠᠯᠲᠠᠨ ᠰᠠᠨᠳᠢ ᠳᠡᠭᠡᠷ᠎ᠡ ᠬᠠᠯᠬ᠎ᠠ ᠮᠣᠩᠭᠣᠯ ᠤ᠋ᠨ ᠶᠡᠬᠡ ᠡᠵᠡᠨ ᠬᠠᠭᠠᠨ ᠪᠣᠭᠳᠠ ᠭᠡᠭᠡᠨ᠂ ᠡᠷᠬᠡ ᠳᠠᠭᠢᠨᠢ ᠬᠡᠮᠡᠬᠦ ᠬᠠᠲᠤᠨ ᠲᠠᠢ ᠪᠠᠨ ᠮᠥᠷᠥ ᠵᠡᠷᠭᠡᠴᠡᠨ ᠵᠠᠪᠢᠯᠠᠨ ᠰᠠᠭᠤᠵᠠᠢ᠃ 
       ᠵᠢᠷ ᠦ᠋ᠨ ᠬᠥᠮᠦᠨ ᠡᠨᠳᠡ ᠪᠠᠷᠠᠭᠠᠯᠬᠠᠨ ᠮᠥᠷᠭᠥᠬᠦ ᠳ᠋ᠡᠭᠡᠨ ᠳᠥᠩᠭᠡᠵᠦ ᠪᠣᠱᠣᠭ᠎ᠠ ᠳᠠᠪᠠᠮᠠᠭᠴᠠ ᠪᠠᠨ ᠬᠣᠶᠠᠷ ᠭᠠᠷ ᠢ᠋ᠶ᠋ᠠᠨ ᠣᠷᠣᠢ ᠳᠡᠭᠡᠷ᠎ᠡ ᠪᠡᠨ ᠬᠠᠪᠰᠤᠷᠤᠨ ᠵᠠᠯᠪᠠᠷᠢᠵᠤ ᠳᠣᠷᠣᠭᠰᠢ ᠪᠥᠬᠥᠢᠨ ᠤᠷᠤᠭᠰᠢᠯᠠᠬᠤ ᠪᠥᠭᠡᠳ ᠲᠡᠭᠡᠭᠡᠳ ᠠᠳᠢᠰ ᠬᠦᠷᠲᠡᠬᠦ ᠳ᠋ᠡᠭᠡᠨ ᠴᠦ᠍ ᠪᠣᠭᠳᠠ ᠡᠵᠡᠨ ᠦ᠌ ᠪᠠᠷ᠎ᠠ ᠳᠦᠷᠢ ᠶ᠋ᠢ ᠬᠠᠷᠠᠵᠤ ᠴᠢᠳᠠᠯᠭᠦᠢ ᠬᠣᠢᠰᠢ ᠤᠬᠤᠷᠢᠨ ᠭᠠᠷᠳᠠᠭ ᠪᠠᠢᠬᠤ ᠳ᠋ᠤ᠌ ᠳ᠋ᠠᠨᠽᠠᠨ ᠨᠥᠬᠥᠳ ᠦ᠋ᠨ ᠬᠠᠮᠲᠤ ᠰᠢᠭᠤᠳ ᠵᠢᠭᠰᠠᠭᠠᠯ ᠢ᠋ᠶ᠋ᠠᠷ ᠣᠷᠣᠭᠠᠳ ᠠᠳᠢᠰ ᠬᠦᠷᠲᠡᠭᠰᠡᠨ ᠦ᠌ ᠪᠡᠨ ᠳᠠᠷᠠᠭ᠎ᠠ ᠬᠠᠭᠠᠯᠭ᠎ᠠ ᠶ᠋ᠢᠨ ᠡᠮᠦᠨ᠎ᠡ ᠮᠥᠷᠥ ᠵᠡᠷᠭᠡᠴᠡᠨ ᠵᠣᠭᠰᠣᠵᠤ᠂ ᠤᠯᠤᠰ ᠤ᠋ᠨ ᠶᠡᠬᠡ ᠡᠵᠡᠨ ᠬᠠᠭᠠᠨ ᠪᠠ ᠦᠢ ᠣᠯᠠᠨ ᠤ᠋ ᠡᠬᠡ ᠪᠣᠯᠤᠭᠰᠠᠨ ᠡᠷᠬᠡ ᠳᠠᠭᠢᠨᠢ ᠬᠣᠶᠠᠷ ᠤ᠋ᠨ ᠢ᠋ᠶ᠋ᠠᠨ ᠪᠠᠷ᠎ᠠ ᠳᠦᠷᠢ ᠶ᠋ᠢ ᠨᠢᠳᠦ ᠰᠠᠯᠭᠠᠯ ᠦᠭᠡᠢ ᠰᠢᠷᠳᠡᠯ᠎ᠡ᠃ ᠪᠣᠭᠳᠠ ᠯᠠᠮᠠ ᠲᠡᠷᠢᠭᠦᠨ ᠳ᠋ᠡᠭᠡᠨ ᠸᠴᠢᠷ ᠵᠢᠩᠰᠡᠲᠦ ᠲᠥᠷᠥ ᠶ᠋ᠢᠨ ᠲᠢᠲᠢᠮ ᠢ᠋ᠶ᠋ᠡᠨ ᠵᠠᠯᠠᠵᠤ᠂ ᠮᠡᠯᠮᠡᠢ ᠳ᠋ᠡᠭᠡᠨ ᠣᠲᠣᠭᠠᠲᠤ ᠪᠣᠯᠣᠷ(ᠬᠠᠷ᠎ᠠ ᠪᠣᠯᠣᠷ) ᠰᠠᠷᠠᠪᠴᠢ ᠪᠣᠯᠭᠠᠭᠰᠠᠨ ᠪᠠᠢᠵᠠᠢ᠃ ᠲᠡᠷᠢᠭᠦᠨ ᠦ᠌ ᠬᠡᠯᠪᠡᠷᠢ ᠲᠥᠷᠬᠦ ᠨᠢ ᠲᠥᠪᠳᠡᠷᠡᠬᠦᠦ ᠪᠣᠯᠵᠤ ᠢᠷᠡᠭᠡᠳ ᠨᠢᠭᠤᠷ ᠤ᠋ᠨ ᠥᠩᠭᠡ ᠬᠦᠷᠡᠪᠲᠦᠷ ᠨᠢ ᠪᠠᠬᠠᠨ ᠴᠣᠩᠬᠢᠭᠠᠷ ᠪᠣᠯᠤᠭᠰᠠᠨ ᠢ᠋ ᠨᠢ ᠠᠵᠢᠬᠤ ᠳ᠋ᠤ᠌ ᠯᠠᠭᠰᠢᠨ ᠲᠠᠪᠠ ᠦᠭᠡᠢ ᠪᠣᠯᠤᠭᠰᠠᠭᠠᠷ ᠨᠡᠯᠢᠶᠡᠳ ᠤᠳᠠᠭᠰᠠᠨ ᠪᠣᠯ ᠤᠤ ᠭᠡᠵᠦ ᠰᠡᠳᠬᠢᠯ ᠵᠣᠪᠠᠮᠠᠷ ᠠᠵᠢ᠃ ᠳᠡᠷᠭᠡᠳᠡ ᠨᠢ ᠡᠷᠬᠡ ᠳᠠᠭᠢᠨᠢ ᠮᠠᠰᠢ ᠲᠤᠩᠭᠠᠯᠠᠭ᠂ ᠤᠷᠤᠭᠤᠯ ᠨᠢ ᠤᠯᠠᠭᠠᠨ ᠬᠠᠴᠠᠷ ᠨᠢ ᠶᠠᠭᠠᠨ᠂ ᠮᠡᠯᠮᠡᠢ ᠨᠢ ᠲᠤᠩᠭᠠᠯᠠᠭ᠂ ᠮᠠᠩᠨᠠᠢ ᠨᠢ ᠴᠠᠭᠠᠨ ᠡᠨᠡ ᠳᠡᠭᠡᠷ᠎ᠡ ᠨᠢ ᠠᠯᠲᠠᠨ ᠬᠣᠷᠭᠣᠢ ᠬᠠᠨᠳᠠᠭᠠᠰᠤᠨ ᠳ᠋ᠤ᠌ ᠶᠠᠭᠠᠨ ᠲᠣᠷᠭᠠᠨ ᠪᠠᠷᠢᠨᠲᠠᠭ ᠨᠢ ᠴᠡᠭᠡᠵᠢᠨ ᠡᠩᠭᠡᠷ ᠲᠡᠬᠢ ᠰᠡᠳᠬᠢᠯ ᠪᠤᠯᠢᠶᠠᠮ᠎ᠠ ᠬᠣᠶᠠᠷ ᠰᠠᠢᠬᠠᠨ ᠲᠥᠪᠥᠭᠡᠷ ᠲᠦ᠍ ᠭᠦᠷᠦᠨ ᠠᠯᠳᠠᠭᠰᠠᠨ ᠭᠡᠷᠡᠯᠲᠦ ᠰᠤᠪᠤᠳᠤᠨ ᠰᠠᠨᠵᠢᠭᠤᠷᠭ᠎ᠠ ᠶ᠋ᠢᠨ ᠳᠤᠮᠳᠠ ᠠ᠋ᠴᠠ ᠢᠯᠭᠠᠷᠠᠨ ᠲᠣᠳᠣᠷᠠᠭᠰᠠᠨ ᠢ᠋ ᠨᠢ ᠬᠠᠷᠠᠬᠤ ᠳ᠋ᠤ᠌ ᠠᠷᠠᠢ ᠴᠤ᠌ ᠲᠦᠮᠡᠨ ᠦ᠌ ᠡᠬᠡ ᠪᠢᠰᠢ᠂ ᠵᠦᠭᠡᠷ ᠲᠩᠷᠢ ᠶ᠋ᠢᠨ ᠳᠠᠭᠢᠨᠢ᠂ ᠡᠨᠡ ᠶᠠᠷᠳᠠᠢᠴᠤ ᠶ᠋ᠢᠨ ᠠᠷᠢᠭᠤᠨ ᠲᠤᠩᠭᠠᠯᠠᠭ ᠭᠤᠸ᠎ᠠ ᠰᠠᠢᠬᠠᠨ ᠤ᠋ ᠮᠠᠩᠯᠠᠢ ᠪᠣᠯᠤᠨ ᠦᠵᠡᠭᠳᠡᠨ᠎ᠡ᠃ ᠭᠡᠯ᠎ᠡ ᠴᠦ᠍ ᠳ᠋ᠠᠨᠽᠠᠨ ᠲᠡᠷᠡ ᠳᠠᠭᠢᠨᠢ ᠶ᠋ᠢᠨ ᠠᠷᠢᠭᠤᠨ ᠴᠠᠭᠠᠨ ᠮᠣᠳᠣᠷ ᠠ᠋ᠴᠠ ᠠᠳᠢᠰ ᠬᠦᠷᠲᠡᠭᠰᠡᠨ ᠢ᠋ᠶ᠋ᠡᠨ ᠬᠥᠮᠦᠨ ᠪᠣᠯᠤᠭᠰᠠᠨ ᠤ᠋ ᠳᠡᠭᠡᠳᠦ ᠭᠠᠪᠢᠶ᠎ᠠ ᠭᠡᠵᠦ ᠰᠡᠳᠬᠢᠯ ᠪᠠᠬᠠᠳᠤᠨ ᠪᠠᠶᠠᠷᠯᠠᠨ᠎ᠠ᠃ 
       — ᠣᠷᠣᠢ ᠶ᠋ᠢᠨ ᠴᠢᠨᠳᠠᠮᠤᠨᠢ ᠸᠴᠢᠷ ᠳᠠᠷᠢ ᠭᠡᠭᠡᠨ ᠪᠣᠭᠳᠠ ᠡᠵᠡᠨᠲᠡᠨ ᠮᠢᠨᠢ ᠠ᠋! ᠳᠣᠣᠷᠠᠲᠤ ᠴᠡᠷᠢᠭ ᠠᠷᠠᠳ ᠪᠢᠳᠡᠨ ᠢ᠋ᠶ᠋ᠡᠨ ᠲᠦᠮᠡᠨ ᠮᠡᠯᠮᠡᠢ᠂ ᠮᠢᠩᠭᠠᠨ ᠰᠣᠨᠣᠷ ᠲᠠᠭᠠᠨ ᠪᠠᠭᠲᠠᠭᠠᠨ ᠪᠣᠯᠭᠣᠭᠠᠵᠤ ᠲᠥᠷᠥ ᠡᠷᠳᠡᠨᠢ ᠶ᠋ᠢᠨ ᠠᠯᠲᠠᠨ ᠰᠠᠢᠬᠠᠨ ᠰᠤᠷᠭᠠᠯ ᠢ᠋ᠶ᠋ᠠᠨ ᠬᠠᠢᠷᠠᠯᠠ! ᠭᠡᠵᠦ ᠪᠠᠶᠠᠷ ᠬᠦᠩ ᠦ᠋ᠨ ᠬᠣᠷᠮᠣᠢ ᠳᠡᠪᠢᠰᠦᠨ ᠰᠥᠭᠥᠳᠦᠨ ᠮᠥᠷᠭᠥᠬᠦ ᠳ᠋ᠦ᠍ ᠪᠣᠭᠳᠠ᠄ 
       — ᠵᠠ ᠰᠣᠨᠣᠰᠤᠯ᠎ᠠ᠃ ᠴᠢᠩ ᠵᠣᠷᠢᠭᠲᠤ ᠰᠢᠷᠦᠭᠦᠨ ᠪᠠᠭᠠᠲᠤᠷ ᠪᠠᠶᠠᠷ  ᠬᠦᠩ ᠮᠢᠨᠢ᠂ ᠴᠢ ᠮᠢᠨᠦ ᠡᠮᠦᠨ᠎ᠡ ᠰᠥᠭᠥᠳᠦᠨ ᠮᠥᠷᠭᠥᠬᠦ ᠶ᠋ᠢᠨ ᠬᠡᠷᠡᠭ ᠶᠠᠭᠤ ᠪᠢᠯᠡ? ᠠᠶᠤᠮᠰᠢᠭ ᠦᠭᠡᠢ ᠪᠣᠰᠴᠤ ᠢᠲᠡᠭᠡᠯᠲᠦ ᠡᠷᠡᠰ ᠪᠠᠭᠠᠲᠤᠷ ᠴᠡᠷᠢᠭ ᠦ᠋ᠳ ᠲᠡᠢ ᠪᠡᠨ ᠵᠣᠭᠰᠣᠲᠤᠭᠠᠢ! ᠭᠡᠵᠦ ᠵᠠᠷᠯᠢᠭ ᠪᠠᠭᠤᠯ᠎ᠠ᠃ ᠲᠡᠭᠡᠭᠡᠳ ᠴᠠᠭᠠᠰᠢ ᠠᠢᠯᠠᠳᠤᠭᠰᠠᠨ ᠨᠢ ᠲᠤᠩ ᠠᠶᠠᠷᠬᠠᠨ ᠪᠣᠯᠪᠠᠴᠤ ᠣᠷᠳᠣᠨ ᠤ᠋ ᠳᠣᠲᠣᠷ᠎ᠠ ᠠᠨᠢᠷ ᠴᠢᠮᠡᠭᠡ ᠣᠭᠲᠣᠬᠠᠨ ᠴᠤ᠌ ᠦᠭᠡᠢ᠂ ᠬᠥᠮᠦᠨ ᠬᠥᠯ ᠳᠡᠭᠡᠷ᠎ᠡ ᠪᠡᠨ ᠴᠢᠩᠭᠠᠷᠠᠨ ᠵᠣᠭᠰᠣᠨ ᠠᠮᠢᠰᠬᠤᠯ ᠬᠣᠷᠢᠶᠠᠨ ᠴᠢᠬᠢ ᠲᠠᠯᠪᠢᠬᠤ ᠲᠤᠯᠠ ᠠᠢᠯᠠᠳᠪᠤᠷᠢ ᠲᠣᠳᠣᠷᠬᠠᠢ ᠰᠣᠨᠣᠰᠳᠠᠨ᠎ᠠ᠃ 
       — ᠪᠠᠲᠤ ᠢᠲᠡᠭᠡᠯᠲᠦ ᠳᠠᠢᠴᠢᠨ ᠴᠡᠷᠢᠭ ᠡᠷᠡᠰ ᠠ᠋! ᠡᠨᠡ ᠰᠡᠭᠦᠯ ᠦ᠋ᠨ ᠬᠡᠳᠦᠨ ᠵᠢᠯ ᠲᠥᠷᠥ ᠴᠢᠨᠢ ᠲᠤᠭ᠂ ᠲᠣᠭᠲᠠᠮ ᠴᠠᠭ ᠦᠷᠭᠦᠯᠵᠢ ᠳᠣᠩᠰᠣᠯᠤᠨ ᠳᠣᠷᠭᠢᠵᠤ ᠳᠣᠣᠷᠠᠲᠤ ᠶ᠋ᠢᠨ ᠳᠣᠣᠷᠠᠲᠤ ᠥᠴᠦᠬᠡᠨ ᠠᠷᠠᠳ ᠪᠣᠯᠪᠠᠴᠤ ᠠᠶᠤᠨ ᠰᠠᠨᠳᠤᠷᠬᠤ ᠠ᠋ᠴᠠ ᠥᠭᠡᠷ᠎ᠡ ᠶ᠋ᠢ ᠦᠵᠡᠬᠦ ᠦᠭᠡᠢ ᠪᠠᠢᠨ᠎ᠠ᠃ ᠡᠨᠡ ᠦᠶ᠎ᠡ ᠪᠡᠷ ᠶᠡᠬᠡ ᠵᠠᠩᠵᠤᠨ ᠪᠠᠷᠤᠨ ᠣᠩᠬᠧᠷᠠᠲᠠᠨ ᠠᠱ᠌ᠢᠭᠦᠢ ᠤᠯᠤᠰ ᠣᠷᠣᠨ ᠤ᠋ ᠳᠣᠲᠣᠷ᠎ᠠ ᠣᠷᠣᠵᠤ ᠢᠷᠡᠵᠦ ᠭᠠᠮᠢᠩ ᠢ᠋ ᠤᠰᠠᠳᠬᠠᠭᠠᠳ ᠴᠢᠨᠠᠭᠰᠢᠳᠠ ᠨᠢ ᠲᠥᠷᠥ ᠤᠯᠤᠰ ᠢ᠋ ᠲᠦᠪᠰᠢᠳᠬᠡᠬᠦ ᠭᠡᠬᠦ ᠳ᠋ᠦ᠍ ᠪᠠᠰᠠ ᠯᠠ ᠭᠠᠢ! ᠭᠡᠳ ᠬᠣᠭᠣᠯᠠᠢ ᠨᠢ ᠴᠡᠴᠡᠷᠡᠵᠦ ᠡᠬᠢᠯᠡᠪᠡ᠃《ᠨᠢᠭᠡ ᠦᠶ᠎ᠡ ᠶ᠋ᠢᠨ ᠴᠠᠭ ᠤ᠋ᠨ ᠬᠦᠨᠳᠦ ᠶ᠋ᠢ ᠳᠠᠯᠢᠮᠳᠠᠭᠤᠯᠤᠨ ᠤᠯᠠᠭᠠᠨ ᠣᠷᠣᠰ ᠠ᠋ᠴᠠ ᠲᠤᠰᠠᠯᠠᠮᠵᠢ ᠭᠤᠶᠤᠬᠤ ᠪᠠᠷ ᠭᠠᠷᠤᠭᠰᠠᠨ ᠬᠡᠰᠡᠭ ᠬᠥᠮᠦᠰ᠁》 ᠭᠡᠳ ᠨᠢᠭᠡ ᠬᠡᠰᠡᠭ ᠠᠢᠯᠠᠳᠪᠤᠷᠢ ᠪᠠᠨ ᠵᠣᠭᠰᠣᠭᠠᠳ《ᠲᠡᠳᠡ ᠣᠳᠣ ᠴᠠᠭ ᠤ᠋ᠨ ᠪᠠᠢᠳᠠᠯ ᠥᠭᠡᠷᠡᠴᠢᠯᠡᠭᠳᠡᠨ ᠬᠡᠨ ᠦ᠌ ᠴᠦ᠍ ᠲᠤᠰᠠᠯᠠᠮᠵᠢ ᠬᠡᠷᠡᠭ ᠦᠭᠡᠢ ᠪᠣᠯᠤᠭᠠᠳ ᠪᠠᠢᠬᠤ ᠳ᠋ᠤ᠌》 ᠭᠡᠳ ᠬᠣᠭᠣᠯᠠᠢ ᠨᠢ ᠤᠯᠠᠮ ᠢ᠋ᠶ᠋ᠠᠷ ᠵᠠᠩᠭᠢᠷᠠᠪᠠ᠃《ᠬᠣᠢᠲᠤ ᠬᠢᠵᠠᠭᠠᠷ ᠬᠢᠶᠠᠭᠲᠤ ᠬᠣᠲᠠ ᠳ᠋ᠤ᠌ ᠤᠯᠠᠭᠠᠨ ᠣᠷᠣᠰ ᠢ᠋ ᠲᠦᠰᠢᠭᠯᠡᠭᠰᠡᠨ ᠨᠠᠮ ᠪᠠᠢᠭᠤᠯᠵᠤ ᠲᠥᠷᠥ ᠤᠯᠤᠰ ᠢ᠋ᠶ᠋ᠠᠨ ᠳᠠᠬᠢᠨ ᠦᠢᠮᠡᠭᠦᠯᠬᠦ ᠭᠡᠵᠦ ᠪᠠᠢᠭ᠎ᠠ ᠶ᠋ᠢ ᠲᠠ ᠨᠠᠷ ᠣᠢᠯᠠᠭᠠᠬᠤ ᠬᠡᠷᠡᠭᠲᠡᠢ!》 ᠭᠡᠵᠦ ᠲᠤᠩ ᠠᠶᠠᠷᠬᠠᠨ ᠠᠢᠯᠠᠳᠴᠤ᠂ ᠶᠡᠬᠡ ᠪᠡᠷ ᠰᠠᠨᠠᠭ᠎ᠠ ᠠᠯᠳᠠᠭᠰᠠᠨ ᠢ᠋ᠶ᠋ᠠᠨ《ᠲᠡᠳᠡ ᠥᠨᠥᠳᠥᠷ ᠴᠠᠭ ᠲᠥᠷᠥ᠂ ᠤᠯᠤᠰ ᠣᠷᠣᠨ ᠢ᠋ᠶ᠋ᠠᠨ ᠪᠣᠳᠣᠬᠤ ᠪᠠᠢᠲᠤᠭᠠᠢ ᠮᠢᠨᠦ ᠵᠠᠷᠯᠢᠭ ᠢ᠋ ᠴᠦ᠍ ᠰᠣᠨᠣᠰᠬᠤ ᠦᠭᠡᠢ ᠪᠠᠢᠭ᠎ᠠ ᠶ᠋ᠢ ᠦᠵᠡᠪᠡᠯ ᠡᠷᠬᠢᠮ ᠳᠡᠭᠡᠳᠦ ᠲᠥᠷᠥ᠂ ᠣᠷᠣᠢ ᠳᠡᠭᠡᠷ᠎ᠡ ᠪᠡᠨ ᠨᠠᠮᠠᠨᠴᠢᠯᠠᠨ ᠵᠠᠯᠪᠠᠷᠢᠳᠠᠭ ᠪᠤᠷᠬᠠᠨ ᠱᠠᠰᠢᠨ ᠢ᠋ᠶ᠋ᠠᠨ ᠡᠪᠳᠡᠨ ᠪᠤᠰᠠᠨᠢᠭᠤᠯᠬᠤ ᠪᠠᠷ ᠪᠦᠷᠢᠨ ᠰᠢᠢᠳᠴᠡᠢ》 ᠭᠡᠵᠦ ᠠᠷᠠᠢᠬᠠᠨ ᠠᠢᠯᠠᠳᠤᠭᠠᠳ ᠲᠠᠭ ᠴᠢᠮᠡᠭᠡ ᠦᠭᠡᠢ ᠪᠣᠯᠪᠠ᠃ 
       ᠡᠨᠳᠡ ᠣᠷᠣᠵᠤ ᠢᠷᠡᠭᠰᠡᠨ ᠪᠦᠬᠦᠨ ᠦ᠌ ᠰᠡᠳᠬᠢᠯ ᠥᠪᠡᠷ ᠦ᠋ᠨ ᠡᠷᠬᠡ ᠦᠭᠡᠢ ᠵᠣᠪᠠᠭᠤᠷᠢᠯᠠᠨ ᠪᠤᠬᠢᠨᠢᠳᠤᠬᠤ ᠤᠴᠢᠷ ᠬᠥᠮᠦᠰ ᠦ᠋ᠨ ᠠᠮᠢᠰᠬᠤᠯᠯᠠᠬᠤ ᠴᠢᠮᠡᠭᠡ ᠯᠡ ᠳᠠᠩ ᠢ᠋ᠶ᠋ᠠᠷ ᠢ᠋ᠶ᠋ᠠᠨ ᠰᠣᠨᠣᠰᠳᠠᠵᠤ ᠡᠬᠢᠯᠡᠪᠡ᠃ ᠲᠡᠭᠦᠨ ᠦ᠌ ᠳᠤᠮᠳᠠ ᠳ᠋ᠠᠨᠽᠠᠨ ᠠᠮᠢᠳᠤ ᠪᠤᠷᠬᠠᠨ ᠤ᠋ ᠠᠮᠠᠨ ᠠ᠋ᠴᠠ ᠡᠢᠮᠦ ᠭᠤᠲᠤᠷᠠᠯᠲᠤ ᠦᠭᠡ ᠭᠠᠷᠤᠨ᠎ᠠ ᠭᠡᠵᠦ ᠬᠡᠵᠢᠶ᠎ᠡ ᠴᠦ᠍ ᠪᠣᠳᠣᠭ᠎ᠠ ᠦᠭᠡᠢ ᠳ᠋ᠡᠭᠡᠨ ᠮᠠᠯ ᠬᠥᠬᠡᠷᠡᠨ ᠭᠠᠢᠬᠠᠵᠠᠢ᠃ ᠬᠠᠵᠠᠭᠤ ᠳ᠋ᠤᠨᠢ ᠵᠣᠭᠰᠣᠭᠰᠠᠨ ᠰᠠᠯᠠᠭᠠᠨ ᠤ᠋ ᠳᠠᠷᠤᠭ᠎ᠠ《ᠪᠣᠭᠳᠠ ᠡᠵᠡᠨᠲᠡᠨ ᠬᠠᠢᠯᠠᠯ᠎ᠠ!》 ᠭᠡᠵᠦ ᠰᠢᠪᠡᠨᠡᠬᠦ ᠰᠢᠭ ᠯᠠᠪᠯᠠᠨ ᠠᠵᠢᠪᠠᠯ ᠨᠡᠭᠡᠷᠡᠨ ᠪᠣᠭᠳᠠ ᠡᠵᠡᠨ ᠦ᠌ ᠤᠲᠤᠭᠠᠲᠤ ᠪᠣᠯᠣᠷ ᠤ᠋ᠨ ᠴᠠᠭᠠᠨ᠎ᠠ ᠠ᠋ᠴᠠ ᠨᠢᠭᠡ ᠰᠢᠷᠬᠡᠭ ᠨᠢᠯᠪᠤᠰᠤ ᠬᠠᠴᠠᠷ ᠢ᠋ᠶ᠋ᠠᠨ ᠳ᠋ᠠᠭᠠᠨ ᠪᠠᠭᠤᠵᠤ ᠢᠷᠡᠬᠦ ᠨᠢ ᠣᠯᠠᠨ ᠯᠠ ᠶ᠋ᠢᠨ ᠰᠢᠷᠭᠠᠯ ᠭᠡᠷᠡᠯ ᠳ᠋ᠦ᠍ ᠠᠯᠤᠰ ᠠ᠋ᠴᠠ ᠡᠷᠳᠡᠨᠢ ᠶ᠋ᠢᠨ ᠥᠩᠭᠡ ᠪᠡᠷ ᠭᠢᠯᠲᠤᠭᠠᠨᠠᠭᠠᠳ ᠳᠣᠷᠣᠭᠰᠢ ᠤᠨᠠᠨ ᠠᠯᠠᠭ᠎ᠠ ᠪᠣᠯᠤᠯ᠎ᠠ᠃ ᠬᠣᠶᠠᠳᠠᠬᠢ ᠨᠢᠯᠪᠤᠰᠤ ᠨᠢ ᠭᠠᠷᠴᠤ ᠢᠷᠡᠯ᠎ᠡ᠃ ᠲᠡᠷᠡ ᠨᠢ ᠲᠦᠷᠦᠭᠦᠴᠢ ᠶ᠋ᠢᠨ ᠡᠴᠡ ᠪᠡᠨ ᠲᠣᠮᠣ᠂ ᠭᠱᠠᠨ ᠵᠠᠭᠤᠷ᠎ᠠ ᠶ᠋ᠢᠨ ᠳᠣᠲᠣᠷ᠎ᠠ ᠳᠣᠲᠣᠭᠰᠢ ᠭᠢᠯᠲᠤᠭᠠᠨᠠᠨ ᠪᠥᠮᠪᠥᠷᠢᠭᠡᠳ ᠠᠯᠠᠭ᠎ᠠ ᠪᠣᠯᠪᠠ᠃ ᠭᠡᠲᠡᠯ᠎ᠡ ᠭᠤᠷᠪᠠᠳᠠᠬᠢ ᠨᠢᠯᠪᠤᠰᠤ ᠡᠴᠦᠰ ᠦ᠋ᠨ ᠬᠢ ᠪᠣᠯᠪᠠ ᠤᠤ ᠭᠡᠯᠲᠡᠢ᠂ ᠭᠢᠯᠳᠤᠭᠠᠨᠠᠨ ᠪᠥᠮᠪᠥᠷᠢᠬᠦ ᠶ᠋ᠢᠨ ᠣᠷᠣᠨ ᠳ᠋ᠤ᠌ ᠳᠣᠷᠣᠭᠰᠢ ᠠᠯᠭᠤᠷ ᠭᠤᠯᠠᠰᠤᠭᠠᠳ ᠤᠨᠠᠬᠤ ᠶᠠᠭᠤᠮ᠎ᠠ ᠦᠭᠡᠢ ᠪᠣᠯᠤᠨ ᠵᠠᠮᠬᠠᠷᠠᠪᠠ᠃ 
       — ᠠ᠋ ᠶᠡᠬᠡ ᠡᠵᠡᠨᠲᠡᠨ ᠮᠢᠨᠢ ᠠ᠋ ᠭᠡᠵᠦ ᠪᠠᠶᠠᠷ ᠬᠦᠩ ᠵᠥᠭᠡᠯᠡᠨ ᠪᠣᠯᠤᠭᠠᠳ ᠬᠦᠩᠭᠢᠨᠡᠨ ᠳᠣᠷᠭᠢᠯᠤᠭᠰᠠᠨ ᠬᠣᠭᠣᠯᠠᠢ ᠪᠠᠷ ᠥᠭᠦᠯᠡᠨ ᠦᠭᠡ ᠪᠡᠨ ᠤᠳᠠᠭᠠᠨ ᠢ᠋ᠶ᠋ᠠᠷ ᠲᠠᠰᠤᠯᠤᠭᠠᠳ᠂ ᠴᠠᠭᠠᠰᠢ ᠤᠷᠤᠰᠬᠠᠨ ᠥᠭᠦᠯᠡᠭᠰᠡᠨ ᠨᠢ᠄ ᠠᠯᠢᠪᠠ ᠨᠢᠭᠦᠯᠡᠰᠬᠦᠢ ᠶ᠋ᠢᠨ ᠳᠦᠷᠢ ᠪᠡᠷ ᠳᠤᠯᠢᠳᠠᠨ ᠭᠡᠢᠭᠦᠯᠦᠭᠴᠢ ᠠᠴᠢᠲᠤ ᠪᠣᠭᠳᠠ ᠭᠤᠷᠪᠠᠨ ᠡᠷᠳᠡᠨᠢ ᠮᠢᠨᠢ ᠠ᠋! ᠠᠷᠢᠭᠤᠨ ᠲᠤᠩᠭᠠᠯᠠᠭ ᠭᠡᠭᠡᠨ ᠢ᠋ᠶ᠋ᠡᠨ ᠠᠭᠤᠵᠢᠮ ᠲᠠᠯᠪᠢᠵᠤ ᠬᠠᠢᠷᠠᠯᠠ! ᠲᠦᠮᠡᠨ ᠣᠯᠠᠨ ᠭᠠᠭᠴᠠᠬᠠᠨ ᠲᠠᠨ ᠢ᠋ ᠪᠡᠨ ᠣᠷᠣᠢ ᠳᠡᠭᠡᠷ᠎ᠡ ᠪᠡᠨ ᠨᠠᠮᠠᠨᠴᠢᠯᠠᠨ ᠵᠠᠯᠪᠠᠷᠢᠭᠰᠠᠭᠠᠷ ᠯᠠ ᠪᠠᠢᠨ᠎ᠠ᠃ ᠡᠨᠡ ᠳᠡᠯᠡᠬᠡᠢ ᠳ᠋ᠦ᠍ ᠭᠠᠭᠴᠠᠬᠠᠨ ᠦᠨᠡᠨ ᠮᠥᠩᠬᠡ ᠶ᠋ᠢᠨ ᠶᠠᠭᠤᠮ᠎ᠠ ᠭᠠᠭᠴᠠᠬᠠᠨ ᠲᠠ᠂ ᠲᠠᠨ ᠤ᠋ ᠭᠡᠭᠡᠨ᠂ ᠲᠠᠨ ᠤ᠋ ᠲᠥᠷᠥ ᠮᠥᠨ ᠦ᠌ ᠤᠴᠢᠷ ᠲᠡᠷᠰᠯᠡᠭᠰᠡᠨ ᠪᠦᠬᠦᠨ ᠦ᠌ ᠡᠮᠦᠨ᠎ᠡ ᠳᠣᠣᠷᠠᠲᠤ ᠴᠡᠷᠢᠭ ᠪᠢᠳᠡ ᠠᠮᠢ ᠪᠡᠶ᠎ᠡ ᠪᠡᠨ ᠬᠡᠷᠬᠢᠪᠡᠴᠦ ᠬᠠᠢᠷᠠᠯᠠᠬᠤ ᠦᠭᠡᠢ ᠠ᠋ ᠭᠡᠬᠦ ᠳ᠋ᠦ᠍ ᠪᠣᠭᠳᠠ᠄ ᠢᠲᠡᠭᠡᠵᠦ ᠪᠠᠢᠨ᠎ᠠ ᠭᠡᠵᠦ ᠠᠶᠠᠷᠬᠠᠨ ᠢ᠋ᠶ᠋ᠠᠷ ᠵᠠᠷᠯᠢᠭ ᠪᠣᠯᠪᠠ᠃ 
       — ᠣᠳᠣ ᠪᠢ ᠤᠳᠠᠬᠤ ᠦᠭᠡᠢ ᠶᠡᠬᠡ ᠵᠠᠩᠵᠤᠨ ᠪᠠᠷᠤᠨᠲᠠᠨ ᠤ᠋ ᠲᠤᠰᠢᠶᠠᠯ ᠢ᠋ᠶ᠋ᠠᠷ ᠬᠣᠢᠰᠢ ᠮᠣᠷᠳᠠᠨ ᠤᠷᠪᠠᠭᠰᠠᠨ ᠬᠤᠯᠠᠭᠠᠢ ᠲᠡᠷᠡ ᠬᠡᠰᠡᠭ ᠡᠲᠡᠭᠡᠳ ᠢ᠋ ᠦᠨᠡᠰᠦᠨ ᠲᠣᠪᠷᠠᠭ ᠪᠣᠯᠭᠠᠲᠤᠭᠠᠢ ᠭᠡᠰᠡᠨ ᠳ᠋ᠦ᠍᠄
       — ᠪᠢ ᠢᠲᠡᠭᠡᠵᠦ ᠪᠠᠢᠨ᠎ᠠ ᠭᠡᠵᠦ ᠪᠣᠭᠳᠠ ᠮᠥᠨ ᠯᠡ ᠰᠤᠯᠠᠬᠠᠨ ᠢ᠋ᠶ᠋ᠠᠷ ᠬᠠᠷᠢᠭᠤ ᠪᠣᠯᠭᠠᠪᠠ᠃ 
       — ᠡᠰᠡ ᠴᠢᠳᠠᠪᠠᠯ ᠡᠨᠡ ᠳᠡᠯᠡᠬᠡᠢ ᠳ᠋ᠦ᠍ ᠨᠠᠳᠠ ᠠᠮᠢᠳᠤ ᠶᠠᠪᠤᠬᠤ ᠶ᠋ᠢᠨ ᠬᠡᠷᠡᠭ ᠠᠯᠠᠭ᠎ᠠ ᠠ᠋! ᠭᠡᠬᠦ ᠳ᠋ᠦ᠍᠄ 
       — ᠪᠢ ᠢᠲᠡᠭᠡᠵᠦ ᠪᠠᠢᠨ᠎ᠠ ᠭᠡᠵᠦ ᠪᠣᠭᠳᠠ ᠪᠦᠷ ᠴᠦ᠍ ᠰᠤᠯᠠᠬᠠᠨ᠂ ᠳᠥᠩᠭᠡᠵᠦ ᠳᠣᠭᠣᠯᠳᠠᠮ᠎ᠠ ᠬᠠᠷᠢᠭᠤ ᠪᠠᠭᠤᠯ᠎ᠠ᠃ 
       — ᠬᠠᠷᠢᠨ ᠲᠠ ᠪᠢᠳᠡ ᠪᠦᠬᠦᠨ ᠢ᠋ᠶ᠋ᠡᠨ᠂ ᠠᠯᠢᠪᠠ ᠶ᠋ᠢ ᠢᠯᠠᠭᠴᠢ ᠳᠣᠭᠰᠢᠨ ᠰᠠᠬᠢᠭᠤᠰᠤ ᠳ᠋ᠠᠭᠠᠨ ᠪᠣᠯᠭᠣᠭᠠᠨ ᠳᠠᠭᠠᠳᠬᠠᠵᠤ ᠬᠠᠢᠷᠠᠯᠠ! ᠭᠡᠬᠦ ᠳ᠋ᠦ᠍᠄ 
       — ᠵᠠ ᠪᠢ ᠵᠠᠯᠪᠠᠷᠢᠶ᠎ᠠ! ᠡᠳᠦᠷ ᠰᠥᠨᠢ ᠶ᠋ᠢᠨ ᠠᠷᠪᠠᠨ ᠴᠠᠭ ᠤ᠋ᠨ ᠠᠯᠢ ᠶ᠋ᠢ ᠴᠦ᠍ ᠠᠯᠭᠠᠰᠠᠯ ᠦᠭᠡᠢ ᠵᠠᠯᠪᠠᠷᠢᠶ᠎ᠠ ᠭᠡᠪᠡ᠃ 
       ᠢᠩᠭᠢᠭᠡᠳ ᠪᠠᠶᠠᠷ ᠬᠦᠩ ᠬᠡᠯᠡᠬᠦ ᠦᠭᠡ ᠪᠡᠨ ᠳᠠᠭᠤᠰᠤᠭᠰᠠᠨ ᠲᠤᠯᠠ ᠴᠢᠮᠡᠭᠡ ᠲᠠᠰᠤᠷᠠᠪᠠ᠃ ᠶᠣᠰᠣᠲᠠᠢ ᠴᠢᠮᠡᠭᠡ ᠦᠭᠡᠢ᠂ ᠭᠠᠭᠴᠠᠬᠠᠨ ᠡᠩᠨᠡᠨ ᠵᠣᠭᠰᠣᠭᠰᠠᠨ ᠴᠡᠷᠢᠭ ᠡᠷᠡᠰ ᠦ᠋ᠨ ᠵᠢᠷᠦᠬᠡ ᠲᠣᠰᠪᠣᠷᠢ ᠶ᠋ᠢᠨ ᠢ᠋ᠶ᠋ᠡᠨ ᠴᠡᠭᠡᠵᠢᠨ ᠳ᠋ᠦ᠍ 《ᠪᠣᠭᠳᠠ ᠡᠵᠡᠨ ᠦ᠌ ᠪᠡᠨ ᠲᠥᠯᠥᠭᠡ ᠠᠮᠢ ᠪᠡᠶ᠎ᠡ ᠬᠠᠢᠷ᠎ᠠ ᠦᠭᠡᠢ ᠲᠤᠯᠤᠯᠳᠤᠨ ᠳᠠᠢᠰᠤᠨ ᠢ᠋ ᠰᠥᠨᠥᠭᠡᠰᠦᠭᠡᠢ!》 ᠭᠡᠵᠦ ᠯᠡ ᠴᠣᠬᠢᠬᠤ ᠠᠵᠢ᠃


             ᠦᠰᠦᠭ ᠠᠮᠢᠯᠠᠭᠤᠯᠤᠭᠰᠠᠨ ᠨᠢ᠄ ᠪᠠᠭᠠᠲᠤᠷ