ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠳᠥᠷᠪᠡ> Хүлэг баатар буурч - Б. Өлзийсүрэн <Тэргүүн бүлэг-4> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠳᠥᠷᠪᠡ> Хүлэг баатар буурч - Б. Өлзийсүрэн <Тэргүүн бүлэг-4>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠳᠥᠷᠪᠡ> Хүлэг баатар буурч - Б. Өлзийсүрэн <Тэргүүн бүлэг-4>

ᠠᠩᠭᠢᠯᠠᠯ:ᠲᠤᠭᠤᠵᠢ ᠷᠣᠮᠠᠨ
2026-02-24

99

ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ

ᠳᠥᠷᠪᠡ ᠂ ᠣᠯᠠᠨ ᠲᠠᠢ ᠭᠠᠵᠠᠷ ᠣᠮᠣᠭ ᠶᠡᠬᠡ ᠣᠮᠣᠭᠯᠠᠩ ᠭᠠᠵᠠᠷ ᠣᠰᠣᠯ ᠶᠡᠬᠡ

       
       ᠬᠡᠷᠦᠯᠳᠵᠢᠨ ᠥᠷᠯᠥᠭᠡ ᠡᠷᠲᠡ ᠪᠡᠯᠴᠢᠭᠡᠭᠰᠡᠨ ᠬᠣᠨᠢᠨ ᠤ᠋ ᠪᠠᠨ ᠬᠣᠢᠨ᠎ᠠ ᠠ᠋ᠴᠠ ᠮᠣᠷᠳᠠᠪᠠ᠃ ᠬᠣᠨᠢ ᠨᠢ ᠪᠣᠷᠣ ᠬᠤᠸᠠ ᠶ᠋ᠢᠨ ᠡᠩᠭᠡᠷ ᠲᠦ᠍ ᠳᠠᠷᠬᠠᠨ ᠪᠡᠯᠴᠢᠭᠡᠷᠯᠡᠵᠦ ᠪᠠᠢᠭ᠎ᠠ ᠬᠠᠷᠠᠭᠳᠠᠨ᠎ᠠ᠃ ᠬᠣᠨᠢᠨ ᠤ᠋ ᠪᠠᠨ ᠵᠠᠬ᠎ᠠ ᠳ᠋ᠤ᠌ ᠣᠴᠢᠭᠠᠳ ᠮᠣᠷᠢᠨ ᠠ᠋ᠴᠠ ᠪᠠᠨ ᠪᠠᠭᠤᠵᠤ ᠡᠵᠢ ᠡᠴᠡ ᠪᠡᠨ ᠨᠢᠭᠤᠨ ᠣᠶᠣᠵᠤ ᠶᠠᠪᠤᠭ᠎ᠠ ᠫᠠᠩᠰᠠᠨ ᠴᠠᠮᠴᠠ ᠪᠠᠨ ᠡᠩᠭᠡᠷ ᠡᠴᠡ ᠪᠡᠨ ᠭᠠᠷᠭᠠᠨ ᠦᠨᠦᠷᠯᠡᠵᠦ ᠦᠵᠡᠭᠡᠳ ᠪᠠᠷᠠᠭᠤᠨ ᠵᠦᠭ ᠢ᠋ ᠰᠢᠷᠲᠡᠨ ᠬᠠᠷᠠᠵᠤ᠄  
            ᠬᠠᠢᠷ᠎ᠠ ᠶ᠋ᠢᠨ ᠨᠠᠨᠳᠢᠨ ᠰᠡᠳᠬᠢᠯ ᠮᠢᠨᠦ      
            ᠬᠠᠯᠠᠭᠤᠨ ᠵᠢᠷᠦᠬᠡᠨ ᠦ᠌ ᠬᠠᠭᠠᠰ ᠮᠢᠨᠦ  
            ᠲᠡᠷᠲᠡᠭᠡ ᠪᠠᠷᠠᠭᠤᠨ᠎ᠠ ᠶᠠᠪᠤᠨ᠎ᠠ ᠤᠤ?   
            ᠲᠩᠷᠢ ᠶ᠋ᠢᠨ ᠬᠠᠶᠠᠭᠠᠨ᠎ᠠ ᠴᠡᠩᠬᠡᠷᠳᠡᠨ᠎ᠡ ᠤᠤ?   
            ᠠᠮᠠᠷᠠᠭᠬᠠᠨ ᠨᠠᠨᠳᠢᠨ ᠬᠠᠢᠷ᠎ᠠ ᠮᠢᠨᠦ   
            ᠠᠯᠠᠭᠬᠠᠨ ᠵᠢᠷᠦᠬᠡᠨ ᠦ᠌ ᠬᠠᠭᠠᠰ ᠮᠢᠨᠦ   
            ᠬᠠᠮᠢᠭ᠎ᠠ ᠭᠠᠵᠠᠷ ᠠ᠋ᠴᠠ ᠢᠷᠡᠪᠡ ᠳᠠ?    
            ᠬᠠᠮᠤᠭ ᠪᠡᠶ᠎ᠡ ᠶ᠋ᠢ ᠮᠢᠨᠦ ᠡᠵᠡᠯᠡᠪᠡ ᠳᠡ ᠭᠡᠰᠡᠨ ᠳᠠᠭᠤᠤ ᠠᠶᠠᠯᠤᠨ ᠢᠨᠢᠶᠡᠮᠰᠦᠭᠯᠡᠪᠡ᠃     
       ᠣᠬᠣᠷᠬᠠᠨ ᠴᠥᠭᠡᠨ ᠬᠣᠨᠣᠭ ᠲᠤ᠌ ᠬᠣᠷᠸ᠎ᠠ ᠠ᠋ᠴᠠ ᠬᠣᠣᠰ ᠦᠭᠡᠢ ᠬᠣᠪᠣᠷᠬᠠᠨ ᠡᠷᠳᠡᠨᠢ ᠶ᠋ᠢ ᠣᠯᠵᠤ ᠡᠳ᠋ᠯᠡᠭᠰᠡᠨ ᠪᠦᠰᠡᠭᠦᠢ ᠰᠡᠳᠬᠢᠯ ᠵᠢᠷᠦᠬᠡ ᠡᠢᠨ ᠬᠥᠭᠡᠷᠦᠬᠦᠨ ᠬᠥᠭᠵᠢᠶᠡᠨ ᠶᠡᠬᠡᠲᠡᠢ ᠠᠵᠤᠭᠤ᠃ ᠲᠡᠷᠡ ᠬᠣᠶᠠᠷ ᠪᠣᠷᠣ ᠲᠣᠯᠣᠭᠠᠢ ᠶ᠋ᠢᠨ ᠨᠥᠮᠥᠷᠢ ᠳ᠋ᠦ᠍ ᠵᠦᠭᠡᠷ ᠨᠢᠭᠡ ᠠᠭᠤᠯᠵᠠᠵᠤ ᠲᠣᠭᠯᠠᠭᠰᠠᠨ ᠦᠭᠡᠢ᠂ ᠳᠠᠭ᠎ᠠ ᠰᠢᠳᠦᠯᠡᠩ ᠰᠢᠷᠭᠤᠭᠤᠯᠵᠤ ᠤᠷᠭᠠᠯᠠᠨ ᠴᠡᠩᠭᠡᠬᠦ ᠡᠴᠡ ᠡᠬᠢᠯᠡᠭᠡᠳ ᠬᠣᠷᠸ᠎ᠠ ᠶ᠋ᠢᠨ ᠶᠠᠪᠤᠳᠠᠯ ᠢ᠋ ᠮᠣᠷᠢᠨ ᠳᠡᠯ ᠳᠡᠭᠡᠷ᠎ᠡ ᠦᠢᠯᠡᠳᠦᠭᠰᠡᠨ ᠳᠣᠯᠣᠭᠠᠨ ᠤᠴᠠᠷᠠᠯ ᠨᠢ ᠳᠡᠩᠳᠡᠭᠦᠦ ᠬᠠᠴᠢᠨ ᠵᠢᠭᠲᠡᠢ ᠰᠠᠨᠠᠭᠳᠠᠨ᠎ᠠ᠃ ᠡᠨᠡ ᠪᠣᠯ ᠬᠡᠨ ᠬᠥᠮᠦᠨ ᠦ᠌ ᠬᠢᠵᠦ ᠠᠮᠵᠢᠭᠤᠯᠬᠤ ᠶᠠᠪᠤᠳᠠᠯ ᠪᠢᠰᠢ᠃ ᠮᠣᠷᠢᠨ ᠤ᠋ ᠴᠣᠭᠭᠢᠶᠠᠨ ᠳᠤᠮᠳᠠ ᠬᠢ ᠥᠭᠡᠳᠡ ᠥᠭᠡᠳᠡ ᠡᠴᠡ ᠪᠡᠨ ᠬᠠᠷᠠᠯᠴᠠᠵᠤ ᠲᠡᠪᠡᠷᠢᠯᠴᠡᠭᠰᠡᠨ ᠦᠢᠯᠡᠳᠦᠯ ᠪᠦᠷ ᠴᠦ᠍ ᠭᠠᠢᠬᠠᠮᠰᠢᠭᠲᠠᠢ᠃ ᠶᠡᠷᠦ ᠨᠢ ᠬᠥᠮᠦᠨ ᠰᠠᠨᠠᠵᠤ ᠰᠠᠲᠤᠪᠠᠯ ᠪᠣᠯᠬᠤ ᠦᠭᠡᠢ ᠶᠠᠭᠤᠮ᠎ᠠ ᠦᠭᠡᠢ ᠶ᠋ᠢᠨ ᠵᠢᠱ᠌ᠢᠶ᠎ᠡ  ᠴᠦ᠍ ᠶᠦᠮ ᠤᠤ ᠳᠠ! ᠬᠡᠷᠦᠯᠳᠵᠢᠨ ᠬᠠᠢᠷᠠᠲᠠᠢ ᠬᠦᠦ ᠳ᠋ᠡᠭᠡᠨ ᠣᠶᠣᠭᠰᠠᠨ ᠴᠠᠮᠴᠠ ᠪᠠᠨ ᠲᠢᠭᠯᠡᠵᠦ ᠨᠢᠭᠡ ᠬᠠᠷᠠᠯ᠎ᠠ᠃ ᠰᠡᠳᠬᠢᠯ ᠳ᠋ᠦ᠍ ᠨᠡᠢᠴᠡᠲᠡᠢ ᠠᠶᠠᠲᠠᠢᠬᠠᠨ ᠪᠣᠯᠤᠭᠰᠠᠨ ᠰᠠᠨᠠᠭᠳᠠᠨ᠎ᠠ᠃ ᠭᠠᠭᠴᠠᠬᠠᠨ ᠵᠢᠷᠦᠬᠡᠨ ᠲᠤᠰ ᠡᠩᠭᠡᠷ ᠳᠡᠭᠡᠷ᠎ᠡ ᠨᠢ ᠬᠠᠳᠬᠤᠬᠤ ᠬᠠᠢᠲᠠᠩ ᠶᠠᠭᠠᠨ ᠴᠡᠴᠡᠭ ᠬᠠᠳᠬᠤᠬᠤ ᠦᠯᠡᠳᠡᠭᠰᠡᠨ ᠲᠤᠯᠠ ᠬᠠᠳᠬᠤᠬᠤ ᠠ᠋ᠴᠠ ᠪᠠᠨ ᠥᠩᠭᠡ ᠶ᠋ᠢᠨ ᠤᠲᠠᠰᠤ ᠪᠠᠷ ᠣᠷᠢᠶᠠᠵᠤ ᠱᠠᠭᠯᠠᠪᠠ᠃ ᠤᠳᠠᠵᠤ ᠲᠦᠳᠡᠭᠰᠡᠨ ᠴᠦ᠍ ᠦᠭᠡᠢ ᠤᠷᠠᠨ ᠴᠡᠴᠡᠭ ᠲᠣᠷᠣᠢᠭᠠᠳ ᠢᠷᠡᠯ᠎ᠡ᠃  
       — ᠪᠣᠯᠤᠭᠰᠠᠨ ᠪᠠᠢᠬᠤ ᠠ᠋ ᠭᠡᠵᠦ ᠭᠠᠭᠴᠠᠭᠠᠷ ᠢ᠋ᠶ᠋ᠠᠨ ᠥᠪᠡᠷ ᠢ᠋ᠶ᠋ᠡᠨ ᠥᠪᠡᠷᠲᠡᠭᠡᠨ ᠬᠡᠯᠡᠭᠡᠳ ᠢᠨᠢᠶᠡᠪᠬᠢᠯᠡᠬᠦᠢ ᠨᠠᠷᠢᠬᠠᠨ ᠬᠥᠮᠥᠰᠬᠡ ᠲᠡᠢ ᠣᠨᠢᠭᠠᠷᠬᠠᠨ ᠪᠣᠷᠣ ᠨᠢᠳᠦ ᠨᠢ ᠴᠣᠭᠲᠠᠢ ᠭᠢᠯᠠᠯᠵᠠᠵᠤ ᠵᠢᠭᠠᠬᠠᠨ ᠬᠠᠮᠠᠷ ᠨᠢ ᠱᠣᠩᠳᠣᠢᠨ ᠤᠷᠤᠭᠤᠯ ᠨᠢ ᠵᠣᠮᠪᠣᠢᠰᠭᠢᠵᠤ ᠪᠦᠬᠦᠢ ᠯᠡ ᠪᠠᠶᠠᠷ ᠪᠠᠶᠠᠰᠬᠤᠯᠠᠩ ᠢ᠋ᠶ᠋ᠠᠨ ᠢᠯᠡᠷᠬᠡᠢᠯᠡᠯ᠎ᠡ᠃ 
       ᠨᠥᠭᠥᠭᠡᠳᠦᠷ ᠨᠠᠭᠠᠳᠤᠮ ᠡᠬᠢᠯᠡᠨ᠎ᠡ᠃ ᠥᠨᠥ ᠥᠷᠯᠥᠭᠡ ᠠᠪᠤ ᠬᠤᠸᠠ ᠬᠣᠩᠭᠣᠷ ᠠᠵᠢᠷᠭ᠎ᠠ᠂ ᠨᠢᠭᠡ ᠰᠣᠶᠣᠭᠠᠯᠠᠩ ᠢ᠋ᠶ᠋ᠠᠨ ᠤᠨᠤᠭᠠᠴᠢ ᠬᠡᠦᠬᠡᠳ ᠦ᠋ᠳ ᠲᠡᠢ ᠪᠡᠨ ᠠᠪᠤᠭᠠᠳ ᠶᠠᠪᠤᠭᠰᠠᠨ᠃ ᠨᠥᠭᠥᠭᠡᠳᠦᠷ ᠥᠷᠯᠥᠭᠡ ᠦᠶ᠎ᠡ ᠶ᠋ᠢᠨ ᠪᠦᠰᠡᠭᠦᠢ ᠲᠡᠢ ᠪᠡᠨ ᠶᠠᠪᠤᠬᠤ ᠪᠠᠷ ᠭᠣᠶᠣᠯ ᠵᠠᠰᠠᠯ ᠢ᠋ᠶ᠋ᠠᠨ ᠲᠥᠬᠥᠭᠡᠷᠴᠦ᠂ ᠤᠨᠤᠬᠤ ᠮᠣᠷᠢ ᠪᠠᠨ ᠰᠢᠪᠬᠠᠷᠠᠭᠠᠵᠤ ᠪᠠᠢᠭ᠎ᠠ᠃ ᠭᠤᠶᠤᠵᠤ ᠭᠤᠶᠤᠵᠤ ᠬᠥᠳᠡᠯᠦᠨ᠎ᠡ᠂ ᠲᠡᠨᠳᠡ ᠪᠣᠭᠣᠷᠴᠢ ᠲᠠᠢ ᠠᠭᠤᠯᠵᠠᠨ᠎ᠠ᠃ ᠡᠨᠡ ᠪᠣᠯ ᠵᠢᠩᠬᠢᠨᠢ ᠨᠠᠭᠠᠳᠤᠮ᠃
       ᠨᠠᠭᠠᠳᠤᠮ ᠤ᠋ᠨ ᠥᠷᠯᠥᠭᠡ᠃ ᠲᠦᠭᠣᠨᠣ ᠠᠭᠤᠯᠠᠨ ᠠ᠋ᠴᠠ ᠪᠠᠷᠠᠭᠤᠨ ᠲᠡᠰᠢ ᠬᠢ ᠬᠡᠷᠦᠯᠦᠨ ᠳᠠᠭᠠᠤ ᠶᠡᠬᠡ ᠴᠡᠯᠡᠭᠡᠷ ᠬᠥᠨᠳᠡᠢ ᠳ᠋ᠦ᠍ ᠲᠩᠷᠢ ᠡᠴᠡ ᠴᠡᠴᠡᠭ ᠦ᠋ᠨ ᠬᠤᠷ᠎ᠠ ᠪᠠᠭᠤᠵᠤ ᠭᠡᠯᠲᠡᠢ ᠡᠷᠢᠶᠡᠯᠵᠡᠨ ᠮᠢᠷᠠᠯᠵᠠᠵᠤ᠂ ᠡᠨᠳᠡ ᠲᠡᠨᠳᠡ ᠠᠯᠲᠠᠨ ᠰᠢᠷ᠎ᠠ ᠠᠰᠠᠷ ᠴᠠᠴᠠᠷ ᠨᠠᠷᠠᠨ ᠳ᠋ᠤ᠌ ᠭᠢᠯᠠᠯᠵᠠᠨ ᠭᠢᠯᠲᠠᠭᠠᠨᠠᠨ᠎ᠠ᠃  ᠬᠣᠯᠠ ᠶ᠋ᠢᠨ ᠬᠦᠨᠳᠦᠲᠡᠢ ᠶᠠᠮᠪᠠᠲᠠᠢ ᠵᠣᠴᠢᠳ ᠴᠤ᠌ ᠣᠯᠠᠨ ᠭᠡᠯᠴᠡᠨ᠎ᠡ᠃ ᠵᠦᠷᠬᠢᠨ ᠦ᠌ ᠰᠡᠴᠡ ᠪᠡᠬᠢ᠂ ᠲᠠᠢᠴᠢᠭᠤ᠂ ᠪᠣᠷᠵᠢᠭᠢᠨ ᠤ᠋ ᠠᠯᠲᠠᠨ᠂ ᠬᠣᠴᠠᠷ᠂ ᠬᠡᠷᠡᠢᠳ ᠦ᠋ᠨ ᠬᠠᠨ ᠬᠦᠦ ᠰᠡᠩᠭᠦᠮ᠂ ᠥᠭᠡᠷ᠎ᠡ ᠪᠠᠰᠠ ᠬᠡᠨ ᠬᠡᠨ ᠴᠦ᠍ ᠭᠡᠨ᠎ᠡ ᠪᠣᠢ? ᠲᠡᠳᠡ ᠴᠥᠮ ᠯᠡ ᠬᠤᠷᠳᠤ ᠲᠠᠢ᠂ ᠮᠣᠷᠢᠳ ᠲᠠᠢ᠂ ᠳᠠᠷᠴᠤᠭ ᠲᠠᠢ᠂ ᠳᠠᠭᠠᠭᠤᠯ ᠲᠠᠢ᠃ 
       ᠤᠷᠵᠢᠳᠤᠷ ᠥᠷᠯᠥᠭᠡ ᠡᠷᠲᠡᠯᠡᠨ ᠨᠡᠭᠦᠳᠡᠯ ᠢ᠋ᠶ᠋ᠡᠨ ᠬᠢᠵᠦ ᠪᠠᠭ᠎ᠠ ᠦᠳᠡ ᠡᠴᠡ ᠡᠮᠦᠨ᠎ᠡ ᠲᠣᠭᠣᠨᠣ ᠠᠭᠤᠯᠠ ᠶ᠋ᠢᠨ ᠡᠮᠦᠨᠡᠭᠦᠷ ᠣᠷᠢᠶᠠᠵᠤ ᠪᠠᠷᠠᠭᠤᠨ ᠬᠣᠢᠲᠤ ᠰᠤᠭᠤᠨ ᠳ᠋ᠤᠨᠢ ᠢᠷᠡᠵᠦ ᠪᠠᠭᠤᠬᠤ ᠭᠡᠲᠡᠯ᠎ᠡ ᠰᠡᠯᠡᠮ᠎ᠡ ᠵᠢᠳᠠ ᠪᠠᠷᠢᠭᠰᠠᠨ ᠬᠡᠳᠦᠨ ᠬᠥᠮᠦᠨ ᠢᠷᠡᠯ᠎ᠡ᠃ ᠪᠣᠭᠣᠷᠴᠢ ᠡᠢᠮᠦ ᠶᠠᠭᠤᠮ᠎ᠠ ᠲᠡᠳᠦᠢ ᠯᠡ ᠦᠵᠡᠭᠡ ᠦᠭᠡᠢ ᠲᠤᠯᠠ ᠵᠢᠷᠦᠬᠡ ᠴᠡᠴᠡᠷᠡᠵᠦ ᠠᠶᠤᠵᠤ ᠮᠡᠭᠳᠡᠭᠰᠡᠨ᠃ ᠬᠠᠷᠢᠨ ᠠᠪᠤ ᠨᠢ ᠲᠣᠯᠣᠭᠠᠢ ᠮᠡᠬᠦᠢᠨ ᠰᠥᠭᠥᠳᠴᠦ᠄ 
       — ᠲᠠ ᠪᠦᠬᠦᠨ ᠦ᠌ ᠠᠮᠤᠭᠤᠯᠠᠩ ᠢ᠋ ᠠᠢᠯᠠᠳᠬᠠᠶ᠎ᠠ᠃ ᠪᠢ ᠪᠡᠷ ᠠᠷᠤᠯᠠᠳ ᠤ᠋ᠨ ᠨᠠᠬᠤ ᠬᠡᠮᠡᠭᠴᠢ ᠪᠢᠯᠡ᠃ ᠲᠦᠮᠡᠨ ᠲᠦᠪᠭᠦᠨ ᠦ᠌ ᠶᠡᠬᠡ ᠨᠠᠭᠠᠳᠤᠮ ᠳ᠋ᠤ᠌ ᠬᠦᠯᠦᠭ ᠮᠣᠷᠢᠳ ᠢ᠋ᠶ᠋ᠠᠨ ᠰᠣᠢᠵᠤ ᠢᠷᠡᠭᠰᠡᠨ ᠥᠴᠦᠬᠡᠨ ᠠᠯᠪᠠᠲᠤ ᠠᠷᠠᠳ᠃ ᠡᠷᠬᠢᠮ ᠬᠦᠨᠳᠦᠲᠦ ᠲᠠ ᠪᠦᠬᠦᠨ ᠦ᠌ ᠵᠠᠷᠯᠢᠭ ᠠᠢᠯᠠᠳᠪᠤᠷᠢ ᠳ᠋ᠤ᠌ ᠪᠢᠰᠢᠷᠡᠨ ᠳᠠᠭᠠᠷ᠎ᠠ ᠭᠡᠵᠦ ᠡᠪᠦᠳᠦᠭ ᠰᠥᠬᠥᠷᠦᠨ ᠮᠡᠨᠳᠦᠴᠢᠯᠡᠪᠡ᠃ ᠲᠡᠳᠡ ᠬᠣᠭᠣᠷᠣᠨᠳᠣ ᠪᠠᠨ ᠰᠢᠪᠡᠷ ᠠᠪᠢᠷ ᠶᠠᠷᠢᠯᠴᠠᠵᠤ ᠭᠣᠣᠯ ᠬᠥᠮᠦᠨ ᠨᠢ᠄
       — ᠠᠷᠤᠯᠠᠳ ᠤ᠋ᠨ ᠨᠠᠬᠤ ᠪᠠᠶᠠᠨ ᠢ᠋ ᠪᠢᠳᠡ ᠰᠣᠨᠣᠰᠴᠤ ᠮᠡᠳᠡᠵᠦ ᠪᠠᠢᠭᠰᠠᠨ᠃ ᠲᠠᠨ ᠢ᠋ ᠲᠠᠨᠢᠬᠤ ᠦᠭᠡᠢ ᠯᠡ ᠳᠡ᠃ ᠣᠳᠣ ᠲᠠᠨᠢᠵᠤ ᠮᠡᠳᠡᠯ᠎ᠡ᠃ ᠡᠨᠡ ᠪᠠᠷᠠᠭᠤᠨ ᠳᠠᠰᠢ ᠶᠡᠬᠡᠰ ᠳᠡᠭᠡᠳᠦᠰ᠂ ᠵᠣᠴᠢᠳ ᠭᠡᠢᠴᠢᠳ ᠪᠠᠭᠤᠭᠰᠠᠨ ᠪᠠᠭᠤᠷᠢ᠃ ᠲᠠ ᠲᠡᠳᠡᠨ ᠲᠡᠢ ᠠᠷᠴᠠᠵᠤ ᠡᠨᠳᠡ ᠢᠯᠡ ᠪᠠᠭᠤᠵᠤ ᠪᠣᠯᠬᠤ ᠦᠭᠡᠢ᠃ ᠶᠡᠷᠦᠳᠡᠭᠡᠨ ᠬᠡᠳᠦᠬᠡᠨ ᠠᠯᠬᠤᠭᠠᠳ ᠯᠠ ᠡᠨᠡ ᠬᠥᠲᠥᠯ ᠦ᠋ᠨ ᠴᠠᠭᠠᠨ᠎ᠠ ᠪᠠᠭᠤᠴᠢᠬ᠎ᠠ᠃ ᠲᠡᠭᠡᠪᠡᠯ ᠨᠢ ᠶᠡᠬᠡᠰ ᠳᠡᠭᠡᠳᠦᠰ ᠡᠴᠡ ᠳᠠᠯᠳᠠ ᠣᠷᠣᠴᠢᠬᠠᠨ᠎ᠠ᠃ ᠲᠡᠭᠡᠭᠡᠳ ᠲᠡᠨᠳᠡ ᠲᠠᠨ ᠤ᠋ ᠵᠡᠷᠭᠡ ᠵᠢᠩᠳᠠᠭᠠᠨ ᠤ᠋ ᠠᠷᠠᠳ ᠤ᠋ᠳ ᠪᠠᠢᠭ᠎ᠠ ᠭᠡᠵᠦ ᠶᠡᠬᠡᠯ᠎ᠡ ᠤᠴᠢᠷᠯᠠᠨ ᠥᠭᠦᠯᠡᠬᠦ ᠳ᠋ᠦ᠍ᠨᠢ ᠪᠣᠭᠣᠷᠴᠢ᠄ 
       — ᠮᠠᠨ ᠤ᠋ ᠠᠪᠤ ᠨᠣᠶᠠᠳ ᠶᠡᠬᠡᠰ ᠪᠢᠰᠢ ᠴᠦ᠍ ᠭᠡᠰᠡᠨ ᠶᠡᠬᠡᠯ᠎ᠡ ᠨᠡᠷᠡᠲᠡᠢ ᠬᠦᠨᠳᠦᠲᠡᠢ ᠬᠥᠮᠦᠨ ᠶᠦᠮ ᠪᠠᠢᠨ᠎ᠠ ᠭᠡᠵᠦ ᠪᠠᠬᠠᠷᠬᠠᠬᠤ ᠰᠡᠳᠬᠢᠯ ᠲᠥᠷᠥᠪᠡ᠃ ᠢᠩᠭᠢᠵᠦ ᠳᠠᠰᠢ ᠪᠠᠭᠤᠭᠰᠠᠨ᠃ ᠣᠳᠣ ᠨᠠᠭᠠᠳᠤᠮ᠂ ᠶᠡᠬᠡ ᠬᠥᠯ ᠦ᠋ᠨ ᠳᠤᠮᠳᠠ ᠶᠠᠪᠤᠨ᠎ᠠ᠃ ᠬᠡᠷᠦᠯᠦᠨᠵᠢᠨ ᠢᠷᠡᠭᠰᠡᠨ ᠪᠠᠢᠮᠠᠷ᠃ ᠬᠠᠮᠢᠭ᠎ᠠ ᠶᠠᠪᠤᠭ᠎ᠠ ᠪᠣᠢ? ᠡᠴᠢᠭᠡ ᠨᠢ ᠮᠣᠷᠢᠳ ᠢ᠋ᠶ᠋ᠠᠨ ᠠᠪᠴᠤ ᠶᠠᠪᠤᠭ᠎ᠠ ᠬᠠᠷᠠᠭᠳᠠᠭᠰᠠᠨ᠃ ᠰᠣᠶᠣᠭᠠᠯᠠᠩ ᠢ᠋ᠶ᠋ᠠᠷ ᠨᠠᠭᠠᠳᠤᠮ ᠤ᠋ᠨ ᠮᠣᠷᠢᠳ ᠡᠬᠢᠯᠡᠵᠦ ᠶᠠᠪᠤᠭᠰᠠᠨ᠃ ᠨᠠᠭᠠᠳᠤᠮ ᠤ᠋ᠨ ᠲᠥᠪ ᠪᠠᠢᠷᠢ ᠰᠦᠷ ᠵᠢᠪᠬᠤᠯᠠᠩ ᠲᠤᠩ ᠶᠡᠬᠡ ᠠᠵᠤᠭᠤ᠃ ᠠᠯᠲᠠᠨ ᠰᠢᠷᠠᠮᠠᠯ ᠴᠠᠴᠠᠷ᠃ ᠲᠡᠨᠳᠡ ᠲᠦᠮᠡᠨ ᠲᠦᠪᠬᠦᠨ ᠦ᠌ ᠶᠡᠬᠡ ᠨᠣᠶᠠᠨ ᠠᠴᠢᠭ ᠱ᠌ᠢᠷᠦᠨ ᠬᠠᠲᠤᠭᠲᠠᠢ ᠲᠠᠢ ᠪᠠᠨ ᠵᠠᠯᠠᠷᠠᠵᠤ ᠬᠣᠶᠠᠷ ᠬᠢᠴᠢᠷ ᠳᠠᠰᠢ ᠶᠡᠬᠡᠰ ᠨᠣᠶᠠᠳ᠂ ᠵᠣᠴᠢᠳ᠂ ᠬᠣᠯᠠ ᠶ᠋ᠢᠨ ᠬᠠᠨ ᠂ ᠬᠠᠲᠤᠳ ᠰᠠᠭᠤᠭ᠎ᠠ ᠭᠡᠯᠴᠡᠨ᠎ᠡ᠃ ᠡᠷᠭᠢᠨ ᠲᠣᠭᠣᠷᠢᠨ ᠴᠢᠯᠠᠭᠤᠨ ᠲᠢᠭ ᠲᠠᠲᠠᠵᠤ ᠭᠠᠳᠠᠭᠤᠷ ᠨᠢ ᠵᠢᠳᠠ ᠰᠡᠯᠡᠮ᠎ᠡ ᠰᠡᠯᠡᠯᠵᠠᠭᠦᠯᠦᠭᠰᠡᠨ ᠴᠡᠷᠢᠭ ᠬᠠᠷᠠᠭᠤᠯ᠃ ᠲᠢᠭ ᠭᠤᠯᠳᠤᠷᠢᠭ ᠠ᠋ᠴᠠ ᠳᠣᠲᠣᠭᠰᠢ ᠣᠷᠣᠭᠰᠠᠨ ᠬᠥᠮᠦᠨ ᠢ᠋ ᠲᠣᠯᠣᠭᠠᠢ ᠶ᠋ᠢ ᠨᠢ ᠲᠠᠰᠤ ᠴᠠᠪᠴᠢᠨ᠎ᠠ ᠭᠡᠨ᠎ᠡ᠃ ᠮᠣᠷᠢᠳ ᠢᠷᠡᠬᠦ ᠵᠠᠮ ᠤ᠋ᠨ ᠬᠣᠶᠠᠷ ᠲᠠᠯ᠎ᠠ ᠪᠠᠷ ᠤᠷᠲᠤ ᠰᠢᠯᠤᠭᠤᠨ ᠲᠢᠭ ᠪᠠᠷᠤᠭ ᠮᠣᠳᠣ ᠭᠠᠵᠠᠷ ᠤᠷᠲᠤ ᠰᠤᠨᠵᠤ ᠦᠵᠦᠭᠦᠷ ᠲᠦ᠍ ᠱᠣᠩ ᠪᠣᠰᠬᠠᠵᠠᠢ᠃ ᠮᠣᠷᠢᠳ ᠬᠠᠷᠠᠬᠤ ᠬᠥᠮᠦᠨ ᠲᠡᠷᠲᠡᠭᠡ ᠬᠣᠶᠠᠷ ᠪᠢᠴᠢᠬᠠᠨ ᠲᠤᠯᠤᠭᠠᠳ ᠳᠡᠭᠡᠷ᠎ᠡ ᠡᠴᠡ ᠬᠠᠷᠠᠬᠤ᠂ ᠳᠣᠭᠣᠭᠰᠢ ᠵᠠᠮ ᠤ᠋ᠨ ᠬᠣᠶᠠᠷ ᠲᠠᠯ᠎ᠠ ᠪᠠᠷ ᠬᠣᠭᠣᠷᠣᠨᠳᠣ ᠪᠠᠨ ᠨᠡᠯᠢᠶᠡᠳ ᠵᠠᠢᠲᠠᠢ ᠵᠢᠳᠠ ᠰᠡᠷᠡᠭᠡ ᠪᠠᠷᠢᠭᠰᠠᠨ ᠴᠡᠷᠢᠭ᠃ ᠳᠣᠭᠣᠭᠰᠢ ᠳᠣᠪᠲᠣᠯᠪᠠᠯ ᠲᠡᠷᠡ ᠤᠷᠲᠤ ᠬᠤᠷᠴᠠ ᠮᠡᠰᠡ ᠶ᠋ᠢᠨ ᠦᠵᠦᠭᠦᠷ ᠲᠦ᠍ ᠥᠷᠲᠥᠬᠦ ᠠᠵᠠᠢ᠃ ᠨᠠᠭᠠᠳᠤᠮ ᠳ᠋ᠤ᠌ ᠪᠠᠷᠤᠭ3000 ᠬᠥᠮᠦᠨ ᠴᠤᠭᠯᠠᠷᠠᠵᠤ ᠭᠡᠯᠴᠡᠨ᠎ᠡ᠃ ᠪᠣᠭᠣᠷᠴᠤ ᠭᠡᠭᠦᠦ ᠪᠡᠨ ᠰᠠᠭᠠᠭᠠᠳ ᠠᠵᠢᠷᠭ᠎ᠠ ᠪᠠᠨ ᠤᠷᠤᠯᠳᠤᠭᠠᠨ ᠤ᠋ ᠬᠦᠦ ᠳ᠋ᠦ᠍ ᠤᠨᠤᠭᠤᠯᠵᠤ ᠳᠠᠭᠠᠭᠤᠯᠤᠨ ᠨᠠᠭᠠᠳᠤᠮ ᠤ᠋ᠨ ᠭᠣᠣᠯ ᠠᠰᠠᠷ ᠤᠷᠤᠭᠤ ᠢᠷᠡᠭᠰᠡᠨ ᠨᠢ ᠡᠨᠡ᠃ ᠲᠡᠷᠲᠡᠭᠡ ᠲᠡᠨᠳᠡ ᠶᠠᠪᠤᠭ᠎ᠠ ᠭᠤᠷᠪᠠᠨ ᠪᠦᠰᠡᠭᠦᠢ ᠶ᠋ᠢᠨ ᠨᠢᠭᠡ ᠨᠢ ᠬᠡᠷᠦᠯᠳᠵᠢᠨ ᠮᠥᠨ᠃ ᠲᠡᠷᠡ ᠴᠦ᠍ ᠲᠡᠭᠦᠨ ᠢ᠋ ᠬᠠᠷᠠᠴᠢᠬᠠᠪᠠ ᠪᠣᠯᠤᠯᠲᠠᠢ᠂ ᠴᠠᠭᠠᠳᠤᠯᠠ ᠠ᠋ᠴᠠ ᠪᠠᠨ ᠰᠠᠯᠵᠤ ᠳᠠᠪᠬᠢᠭᠠᠳ ᠢᠷᠡᠯ᠎ᠡ᠃ 
       — ᠰᠠᠢᠬᠠᠨ ᠨᠠᠭᠠᠳᠴᠤ ᠪᠠᠢᠨ᠎ᠠ ᠤᠤ? ᠭᠡᠯᠴᠡᠨ ᠠᠭᠤᠯᠵᠠᠯ᠎ᠠ᠃ ᠲᠡᠷᠡ ᠬᠣᠶᠠᠷ ᠨᠠᠭᠠᠳᠤᠮ ᠤ᠋ᠨ ᠰᠣᠨᠢᠨ᠂ ᠡᠨᠳᠡ ᠲᠡᠷᠡ ᠶ᠋ᠢ ᠶᠠᠷᠢᠯᠴᠠᠵᠤ ᠬᠦᠦᠷᠨᠢᠬᠦ ᠵᠠᠭᠤᠷ᠎ᠠ ᠬᠡᠷᠦᠯᠳᠵᠢᠨ ᠄ 
       — ᠪᠣᠭᠣᠷᠴᠤ᠂ ᠲᠡᠷᠲᠡᠭᠡ ᠡᠮᠦᠨᠡᠬᠢ ᠴᠢᠯᠠᠭᠤ ᠭᠡᠮᠡᠷ ᠪᠠᠷᠠᠭᠠᠨ ᠶᠠᠭᠤᠮ᠎ᠠ ᠬᠠᠷᠠᠭᠳᠠᠨ᠎ᠠ ᠤᠤ? ᠰᠣᠶᠣᠯᠠᠩ ᠢᠷᠡᠭᠡᠳ ᠠᠵᠢᠷᠭᠠᠨ ᠤᠷᠤᠯᠳᠤᠭᠠᠨ ᠳ᠋ᠤ᠌ ᠭᠠᠷᠬᠤ ᠦᠶ᠎ᠡ ᠪᠡᠷ ᠴᠢ ᠲᠡᠰᠢ ᠪᠡᠨ ᠣᠴᠢ᠃ ᠲᠡᠨᠳᠡ ᠠᠭᠤᠯᠵᠠᠶ᠎ᠠ᠂ ᠬᠣᠶᠠᠭᠤᠯᠠ ᠭᠡᠵᠦ ᠪᠣᠯᠵᠣᠭ᠎ᠠ ᠲᠠᠯᠪᠢᠯ᠎ᠠ᠃ ᠲᠡᠷᠡ ᠪᠡᠷ 
       — ᠪᠢ ᠣᠷᠣᠢ ᠳ᠋ᠠᠭᠠᠨ ᠪᠤᠴᠠᠬᠤ ᠪᠠᠢᠬ᠎ᠠ᠃ ᠠᠵᠢᠷᠭ᠎ᠠ ᠪᠠᠨ ᠳᠠᠪᠬᠢᠭᠠᠳ ᠠᠪᠤ ᠣᠷᠣᠢ ᠳ᠋ᠠᠭᠠᠨ ᠪᠤᠴᠠᠨ᠎ᠠ ᠭᠡᠵᠦ ᠪᠠᠢᠭᠰᠠᠨ ᠭᠡᠵᠦ ᠨᠡᠮᠡᠵᠦ ᠬᠡᠯᠡᠬᠦ ᠨᠢ《ᠣᠴᠢᠬᠤ ᠦᠭᠡᠢ ᠪᠣᠯ ᠪᠢᠳᠡ ᠬᠣᠶᠠᠷ ᠠᠭᠤᠯᠵᠠᠵᠤ ᠴᠢᠳᠠᠬᠤ ᠦᠭᠡᠢ ᠪᠣᠯᠤᠨ᠎ᠠ》 ᠭᠡᠰᠡᠨ ᠰᠠᠨᠠᠮᠵᠢ ᠠᠵᠢ᠃ ᠰᠣᠶᠣᠯᠠᠩ ᠴᠤ᠌ ᠢᠷᠡᠯ᠎ᠡ᠂ ᠠᠵᠢᠷᠭ᠎ᠠ ᠮᠣᠷᠳᠠᠯ᠎ᠠ᠃ ᠪᠣᠭᠣᠷᠴᠢ ᠰᠣᠶᠣᠯᠠᠩ ᠤ᠋ᠨ ᠬᠡᠦᠬᠡᠳ ᠢ᠋ᠶ᠋ᠡᠨ ᠭᠠᠷ ᠤᠷᠤᠭᠤ ᠪᠠᠨ ᠶᠠᠪᠤᠭᠤᠯᠵᠤ᠄ 
       — ᠨᠠᠮᠠᠶ᠋ᠢ ᠢᠷᠡᠬᠦ ᠦᠭᠡᠢ ᠤᠳᠠᠪᠠᠯ ᠤᠨᠠᠭ᠎ᠠ ᠪᠠᠨ ᠡᠬᠡ ᠳ᠋ᠦ᠍ᠨᠢ ᠭᠥᠭᠦᠭᠦᠯᠦᠭᠡᠳ ᠤᠶᠠᠴᠢᠬᠠᠭᠠᠷᠠᠢ᠃ ᠴᠢ ᠰᠠᠭᠠᠵᠤ ᠴᠢᠳᠠᠬᠤ ᠦᠭᠡᠢ᠂ ᠪᠣᠯᠪᠠᠯ ᠪᠢ ᠣᠴᠢᠬᠤ ᠶ᠋ᠢ ᠪᠣᠳᠣᠨ᠎ᠠ ᠭᠡᠯ᠎ᠡ᠃ ᠬᠣᠶᠠᠷ ᠵᠠᠯᠠᠭᠤ ᠪᠣᠯᠵᠣᠭᠰᠠᠨ ᠭᠠᠵᠠᠷ ᠢ᠋ᠶ᠋ᠠᠨ ᠲᠣᠭᠣᠰᠣ ᠮᠠᠨᠠᠷᠠᠭᠤᠯᠤᠨ ᠳᠠᠪᠬᠢᠵᠤ ᠣᠴᠢᠯ᠎ᠠ᠃ ᠲᠡᠷᠡ ᠬᠣᠶᠠᠷ ᠬᠡᠷᠦᠯᠦᠨ ᠳ᠋ᠦ᠍ ᠣᠷᠣᠵᠤ ᠪᠡᠶ᠎ᠡ ᠪᠡᠨ ᠠᠷᠢᠭᠤᠳᠬᠠᠨ ᠪᠤᠷᠭᠠᠰᠤᠨ ᠳᠣᠣᠷ᠎ᠠ ᠨᠢᠭᠤᠭᠳᠠᠵᠤ ᠲᠣᠭᠯᠠᠪᠠ᠃ ᠭᠣᠣᠯ ᠤ᠋ᠨ ᠬᠥᠪᠡᠭᠡᠨ ᠳᠡᠭᠡᠷ᠎ᠡ ᠰᠠᠭᠤᠭᠠᠳ ᠬᠡᠷᠦᠯᠦᠨᠵᠢᠨ᠄ 
       — ᠬᠡᠷᠦᠯᠦᠨ ᠮᠥᠷᠡᠨ ᠬᠠᠨ ᠬᠡᠨᠲᠡᠢ ᠠᠭᠤᠯᠠᠨ ᠠ᠋ᠴᠠ ᠡᠬᠢ ᠠᠪᠴᠤ ᠨᠠᠭᠠᠰᠢ ᠡᠮᠦᠨ᠎ᠡ ᠵᠦᠭ ᠤᠷᠤᠰᠴᠤ ᠢᠷᠡᠭᠡᠳ ᠡᠨᠡᠦᠬᠡᠨ ᠪᠠᠷᠠᠭᠤᠨ ᠠ᠋ᠴᠠ ᠵᠡᠭᠦᠨ ᠲᠡᠰᠢ ᠳᠤᠭᠤᠢᠷᠠᠨ ᠤᠷᠤᠰᠳᠠᠭ ᠶᠤᠮ᠃ ᠡᠨᠡ ᠶᠡᠬᠡ ᠳᠤᠭᠤᠢᠷᠠᠭᠰᠠᠨ ᠭᠠᠵᠠᠷ ᠢ᠋ ᠬᠥᠳᠡᠭᠡ ᠠᠷᠠᠯ ᠭᠡᠳᠡᠭ᠃ ᠶᠡᠬᠡ ᠰᠠᠢᠬᠠᠨ ᠨᠤᠲᠤᠭ᠃ ᠮᠠᠨᠠᠢᠬᠢᠨ ᠣᠲᠣᠷ ᠬᠥᠭᠡᠭᠡᠵᠦ ᠢᠷᠡᠳᠡᠭ᠃ ᠬᠠᠩᠭᠠᠢᠲᠠᠭᠤ᠂ ᠡᠪᠡᠰᠦ ᠨᠢ ᠪᠦᠳᠦᠭᠦᠨ ᠭᠡᠳ ᠤᠳᠠᠭᠠᠨ ᠨᠤᠲᠤᠭᠯᠠᠬᠤ ᠳᠤᠷ᠎ᠠ ᠦᠭᠡᠢ ᠪᠠᠢᠳᠠᠭ ᠶᠤᠮ ᠭᠡᠵᠦ ᠪᠣᠭᠣᠷᠴᠢ ᠳ᠋ᠤ᠌ ᠭᠠᠵᠠᠷ ᠣᠷᠣᠨ ᠤ᠋ ᠪᠠᠢᠳᠠᠯ ᠢ᠋ ᠰᠣᠨᠢᠷᠬᠠᠭᠤᠯᠤᠯ᠎ᠠ᠃ ᠲᠡᠷᠡ ᠶᠡᠷᠦ ᠠᠮᠠ ᠬᠠᠭᠤᠷᠠᠢ ᠪᠠᠢᠭᠰᠠᠨ ᠦᠭᠡᠢ᠃ ᠬᠤᠪᠴᠠᠰᠤ ᠪᠠᠨ ᠡᠮᠦᠰᠴᠦ ᠶᠠᠪᠤᠬᠤ ᠪᠣᠯᠬᠤ ᠳ᠋ᠤ᠌ ᠬᠡᠷᠦᠯᠦᠨᠵᠢᠨ᠄  
       — ᠪᠣᠭᠣᠷᠴᠢ ᠠ᠋᠂ ᠬᠠᠢᠷᠠᠲᠠᠢ ᠬᠣᠩᠭᠣᠷ ᠬᠡᠦᠬᠡᠨ ᠴᠢᠨᠢ ᠴᠢᠮ᠎ᠠ ᠳ᠋ᠠᠭᠠᠨ ᠴᠠᠮᠴᠠ ᠣᠶᠣᠵᠤ ᠢᠷᠡᠭᠰᠡᠨ ᠰᠢᠦ᠃ ᠥᠨᠥ ᠥᠷᠯᠥᠭᠡ ᠯᠡ ᠡᠮᠦᠰᠦᠭᠰᠡᠨ᠂ ᠰᠢᠨ᠎ᠡ᠃ ᠴᠢ ᠴᠠᠮᠴᠠ ᠪᠠᠨ ᠨᠠᠳᠠᠳᠤ ᠥᠭ᠂ ᠰᠣᠯᠢᠵᠤ ᠡᠮᠦᠰᠦᠶ᠎ᠡ ᠭᠡᠬᠦ ᠳ᠋ᠦ᠍ ᠪᠣᠭᠣᠷᠴᠢ᠄
       — ᠶᠠᠮᠠᠷ ᠰᠠᠢᠬᠠᠨ! ᠡᠵᠢ ᠮᠢᠨᠢ ᠰᠢᠨ᠎ᠡ ᠴᠠᠮᠴᠠ ᠣᠶᠣᠵᠤ ᠥᠭᠭᠦᠭᠡᠳ ᠨᠠᠭᠠᠳᠤᠮ ᠢ᠋ᠶ᠋ᠠᠷ ᠡᠮᠦᠰᠦᠭᠡᠷᠡᠢ ᠭᠡᠰᠡᠨ ᠶᠦᠮ᠃ ᠥᠨᠥ ᠥᠷᠯᠥᠭᠡ ᠡᠮᠦᠰᠦᠭᠰᠡᠨ ᠰᠢᠨ᠎ᠡ᠃ 
       ᠬᠣᠶᠠᠷ ᠠᠮᠠᠷᠠᠭ ᠴᠠᠮᠴᠠ ᠪᠠᠨ ᠰᠣᠯᠢᠯᠴᠠᠨ ᠨᠢᠭᠤᠷ ᠨᠢᠭᠤᠷᠠᠨ ᠳ᠋ᠠᠭᠠᠨ ᠨᠠᠭᠠᠵᠤ ᠦᠨᠦᠷᠯᠡᠭᠡᠳ ᠡᠮᠦᠰᠦᠨ ᠲᠡᠪᠡᠷᠢᠯᠳᠦᠯ᠎ᠡ᠃ 
       — ᠬᠡᠷᠦᠯᠦᠨᠵᠢᠨ ᠠ᠋᠂ ᠪᠢ ᠣᠳᠣ ᠳᠠᠪᠬᠢᠶ᠎ᠠ᠃ ᠤᠭ ᠨᠢ ᠮᠣᠷᠢᠨ ᠤ᠋ ᠬᠦᠦ ᠳ᠋ᠦ᠍ ᠤᠨᠠᠭ᠎ᠠ ᠪᠠᠨ ᠬᠥᠬᠥᠭᠦᠯᠦᠭᠡᠳ ᠤᠶᠠᠭᠠᠷᠠᠢ ᠭᠡᠰᠡᠨ ᠳᠡ᠃ ᠣᠳᠣ ᠠᠮᠵᠢᠮᠠᠷ ᠪᠠᠢᠨ᠎ᠠ᠃ ᠣᠴᠢᠵᠤ ᠰᠠᠭᠠᠶ᠎ᠠ᠃ ᠬᠡᠷᠦᠯᠦᠨᠵᠢᠨ ᠳᠠᠭᠤ ᠠᠯᠲᠠᠨ᠄ 
       — ᠬᠣᠶᠠᠭᠤᠯᠠ ᠣᠴᠢᠭᠠᠳ ᠰᠠᠭᠠᠪᠠᠯ ᠶᠠᠭᠠᠬᠢᠭᠰᠠᠨ ᠶᠤᠮ ᠪᠣᠢ? 
       — ᠪᠣᠯᠤᠨ᠎ᠠ᠂ ᠬᠣᠶᠠᠭᠤᠯᠠ ᠳᠠᠪᠬᠢᠶ᠎ᠠ᠃ ᠠᠵᠢᠷᠭ᠎ᠠ ᠢᠷᠡᠬᠦ ᠡᠴᠡ ᠡᠮᠦᠨ᠎ᠡ᠁    
       ᠬᠤᠢ ᠰᠠᠯᠬᠢ ᠮᠡᠲᠦ ᠭᠡᠷ ᠲᠡᠭᠡᠨ ᠪᠠᠭᠤᠴᠢᠬᠠᠯ᠎ᠠ᠃  
       — ᠪᠢ ᠭᠠᠷᠴᠤ ᠤᠨᠠᠭ᠎ᠠ ᠪᠠᠨ ᠭᠥᠭᠦᠭᠦᠯᠦᠶ᠎ᠡ ᠤᠤ? ᠭᠡᠲᠡᠯ᠎ᠡ ᠲᠠ ᠢᠷᠡᠯ᠎ᠡ ᠭᠡᠵᠦ ᠪᠢᠴᠢᠬᠠᠨ ᠬᠦᠦ ᠬᠡᠯᠡᠯ᠎ᠡ᠃ ᠬᠦᠦ ᠳ᠋ᠦ᠍ ᠨᠢᠭᠡ ᠬᠥᠭᠡᠷᠦᠬᠦᠨ ᠭᠣᠶᠣ ᠡᠭᠡᠴᠢ ᠢᠷᠡᠵᠦ ᠪᠣᠣᠪᠣ ᠰᠢᠬᠢᠷ ᠥᠭᠭᠦᠯ᠎ᠡ᠃ ᠲᠡᠳᠡ ᠴᠦ᠍ ᠬᠤᠪᠢᠩ ᠠᠪᠤᠭᠠᠳ ᠳᠣᠯᠣᠭᠠᠨ ᠭᠡᠭᠦᠦ ᠶ᠋ᠢ ᠰᠠᠭᠠᠭᠠᠳ ᠣᠷᠣᠵᠤ᠂ ᠪᠣᠭᠣᠷᠴᠢ ᠠᠢᠷᠠᠭ ᠠᠶᠠᠭᠠᠯᠠᠨ ᠬᠡᠳᠦ ᠵᠠᠯᠭᠢᠯᠠᠭᠠᠳ ᠬᠡᠷᠦᠯᠦᠨᠵᠢᠨ ᠳ᠋ᠦ᠍ ᠥᠭᠬᠦ ᠨᠢ ᠰᠣᠨᠢᠨ᠁ ᠭᠣᠶᠣ ᠠᠶᠠᠭ᠎ᠠ ᠲᠠᠢ ᠠᠢᠷᠠᠭ ᠢ᠋ᠶ᠋ᠠᠨ ᠬᠤᠪᠢᠶᠠᠵᠤ ᠤᠤᠭᠤᠭᠠᠳ᠂ ᠬᠡᠷᠦᠯᠦᠨᠵᠢᠨ᠄ 
       — ᠠᠢᠯ ᠤ᠋ᠨ ᠡᠵᠡᠭᠲᠡᠢ ᠬᠥᠮᠦᠨ ᠴᠢᠨᠢ ᠁ ᠭᠡᠵᠦ ᠬᠡᠯᠡᠭᠡᠳ ᠲᠤᠯᠭᠠᠨ ᠵᠡᠭᠦᠨᠲᠡᠢ ᠰᠠᠭᠤᠵᠤ ᠠᠷᠭᠠᠯ ᠠᠰᠠᠭᠠᠵᠤ ᠭᠠᠯ ᠤᠤᠭᠢᠭᠤᠯᠤᠭᠠᠳ ᠲᠡᠷᠡ ᠳᠣᠣᠷ᠎ᠠ ᠨᠢ ᠴᠠᠢ ᠪᠤᠴᠠᠯᠭᠠᠵᠤ ᠥᠷᠯᠥᠭᠡ ᠠᠢᠯ ᠠ᠋ᠴᠠ ᠠᠪᠤᠭᠰᠠᠨ ᠰᠦ ᠪᠡᠷ ᠢ᠋ᠶ᠋ᠡᠨ ᠰᠦᠯᠡᠵᠦ ᠠᠭᠤᠳᠠᠯᠤᠭᠠᠳ ᠳᠡᠭᠡᠵᠢ ᠶ᠋ᠢ ᠨᠢ ᠭᠡᠷ ᠦ᠋ᠨ ᠡᠵᠡᠨ ᠪᠣᠭᠣᠷᠴᠢ ᠳ᠋ᠤ᠌ ᠠᠶᠠᠭᠠᠯᠠᠵᠤ ᠪᠠᠷᠢᠪᠠ᠃ ᠪᠣᠭᠣᠷᠴᠢ ᠬᠣᠢᠮᠣᠷ ᠢ᠋ᠶ᠋ᠠᠨ ᠠᠪᠤ ᠰᠢᠭ᠋ ᠢ᠋ᠶ᠋ᠡᠨ ᠵᠠᠪᠢᠯᠠᠨ ᠰᠠᠭᠤᠵᠤ᠂ ᠠᠶᠠᠭ᠎ᠠ ᠲᠠᠢ ᠴᠠᠢ ᠬᠡᠳᠦ ᠣᠭᠣᠴᠢᠯᠠᠭᠠᠳ᠄ 
       — ᠣᠳᠣ ᠶᠠᠪᠤᠯ ᠦᠭᠡᠢ ᠪᠣᠯᠬᠤ ᠦᠭᠡᠢ ᠪᠠᠢᠬ᠎ᠠ ᠠ᠋ ᠭᠡᠳ ᠭᠠᠷᠤᠯ᠎ᠠ᠃ ᠭᠠᠷᠬᠤ ᠳ᠋ᠠᠭᠠᠨ ᠪᠣᠭᠣᠷᠴᠢ᠄ ᠮᠠᠨ ᠤ᠋ ᠠᠪᠤ ᠲᠡᠷᠡ ᠪᠣᠷᠣ ᠦᠷᠢᠶ᠎ᠡ ᠠᠵᠢᠷᠭᠠᠨ ᠳ᠋ᠤ᠌ ᠨᠡᠭᠦᠴᠢᠬᠡᠭᠰᠡᠨ ᠭᠡᠪᠡ᠃ 
       — ᠶᠠᠭᠤ ᠨᠡᠭᠦᠬᠦ ᠭᠡᠵᠦ?
       — ᠬᠠᠮᠤᠭ ᠢ᠋ᠶ᠋ᠠᠨ ᠯᠠ ᠥᠭᠬᠦ ᠦᠭᠡᠢ ᠤᠤ ᠳᠠ᠃ ᠵᠦᠷᠬᠢᠨ ᠦ᠌ ᠬᠢᠨ ᠤᠷᠵᠢᠳᠤᠷ ᠬᠣᠯᠢᠮᠠᠭ ᠤᠷᠤᠯᠳᠤᠭᠠᠨ ᠳ᠋ᠤ᠌ ᠤᠷᠤᠯᠳᠤᠭᠤᠯᠵᠤ ᠲᠦᠷᠦᠭᠦᠯᠡᠭᠰᠡᠨ ᠬᠢᠵᠠᠯᠠᠩ ᠦᠷᠢᠶ᠎ᠡ ᠠᠵᠢᠷᠭ᠎ᠠ᠃ ᠤᠭ ᠠ᠋ᠴᠠ ᠪᠠᠨ ᠤᠷᠤᠯᠳᠤᠭᠤᠯᠵᠤ ᠦᠨ᠎ᠡ ᠬᠦᠷᠭᠡᠬᠦ ᠭᠡᠰᠡᠨ ᠶᠦᠮ ᠪᠠᠢᠨ᠎ᠠ᠃ ᠡᠨᠡ ᠪᠣᠷᠣ ᠲᠦᠷᠦᠭᠦᠯᠡᠵᠦ ᠮᠠᠨ ᠤ᠋ ᠠᠪᠤ ᠦᠨ᠎ᠡ ᠬᠠᠶᠠᠯᠴᠠᠵᠤ ᠶᠠᠭᠤ ᠶᠠᠭᠤ ᠥᠭᠭᠦᠭᠰᠡᠨ ᠪᠣᠢ? ᠭᠡᠷ᠂ ᠬᠣᠶᠠᠷ ᠲᠡᠷᠭᠡ᠂ ᠤᠨᠠᠭ᠎ᠠ ᠲᠠᠢ ᠭᠡᠭᠦᠦ ᠬᠣᠶᠠᠷ ᠂ ᠬᠠᠷᠢᠨ ᠰᠠᠷᠠᠯ ᠪᠠᠢᠳᠠᠰᠤ ᠪᠠᠨ ᠥᠭᠬᠦ ᠭᠡᠬᠦ ᠳ᠋ᠦ᠍ᠨᠢ ᠪᠢ 《ᠥᠭᠬᠦ ᠦᠭᠡᠢ 》 ᠭᠡᠵᠦ ᠲᠠᠰᠤ ᠵᠥᠷᠢᠭᠡᠳ ᠣᠷᠣᠨ ᠳ᠋ᠤᠨᠢ ᠰᠢᠳᠦᠯᠡᠩ ᠦᠷᠢᠶ᠎ᠡ ᠵᠢᠰᠦᠯᠡᠭᠰᠡᠨ᠃ ᠠᠯᠲᠠᠨ ᠤᠯᠤᠰ ᠤ᠋ᠨ ᠠᠷᠪᠠᠨ ᠵᠣᠭᠣᠰ ᠁ ᠣᠪᠣᠭ᠎ᠠ ᠦᠨᠡᠲᠡᠢ ᠠᠳᠤᠭᠤᠰᠤ ᠪᠢᠵᠡ ᠳᠡ᠃  
       — ᠵᠠ ᠶᠠᠭᠠᠬᠢᠬᠤ ᠪᠣᠢ ᠳᠠ᠃ ᠠᠪᠤ ᠨᠢ ᠯᠡ ᠪᠣᠯᠤᠨ᠎ᠠ ᠭᠡᠰᠡᠨ ᠪᠣᠯ ᠪᠣᠯᠤᠨ᠎ᠠ᠃ 
       — ᠮᠠᠷᠭᠠᠰᠢ ᠨᠠᠭᠠᠳᠤᠮ ᠳᠠᠭᠤᠰᠤᠮᠠᠭᠴᠠ ᠶᠠᠭᠤᠮ᠎ᠠ ᠪᠠᠨ ᠢᠷᠡᠵᠦ ᠠᠪᠤᠨ᠎ᠠ᠃ ᠪᠣᠷᠣ ᠦᠷᠢᠶ᠎ᠡ ᠬᠣᠶᠠᠷ ᠪᠠᠢᠳᠠᠰᠤ ᠬᠤᠷᠢᠶᠠᠭᠠᠳ ᠶᠡᠬᠡ ᠪᠠᠢᠭ᠎ᠠ ᠪᠢᠵᠡ?
       ᠲᠡᠷᠡ ᠨᠢ ᠠᠳᠤᠭᠤᠨ ᠤ᠋ ᠵᠠᠬ᠎ᠠ ᠳ᠋ᠤ᠌ ᠨᠡᠭᠡᠷᠡᠨ ᠴᠦ᠍ ᠴᠠᠪᠢ ᠴᠠᠪᠢᠨ ᠳ᠋ᠠᠭᠠᠨ ᠬᠣᠰᠢᠭᠤ ᠪᠠᠨ ᠬᠢᠴᠢᠬᠡᠭᠡᠳ ᠶᠡᠬᠡ ᠳᠣᠳᠢᠭᠠᠷ ᠬᠠᠷᠠᠭᠳᠠᠨ᠎ᠠ᠃     
       — ᠰᠠᠷᠠᠯ ᠪᠠᠢᠳᠠᠰᠤ ᠶ᠋ᠢ ᠶᠡᠷᠦ ᠡᠴᠡ ᠲᠣᠭᠣᠬᠤ ᠦᠭᠡᠢ ᠪᠠᠢᠭ᠎ᠠ ᠶᠤᠮ᠃
       — ᠲᠡᠭᠡᠯᠭᠦᠢ ᠶᠠᠭᠠᠬᠢᠬᠤᠪ᠂ ᠠᠵᠢᠷᠭᠠᠨ ᠳ᠋ᠤ᠌ ᠭᠢᠰᠬᠢᠭᠦᠯᠴᠢᠬᠡᠭᠰᠡᠨ ᠶᠦᠮ ᠴᠢᠨᠢ ᠭᠡᠵᠦ ᠬᠡᠷᠦᠯᠦᠨᠵᠢᠨ ᠵᠤᠤᠮᠠᠯᠵᠠᠪᠠ᠃ 
       ᠮᠣᠷᠳᠠᠭᠠᠳ ᠬᠣᠶᠠᠭᠤᠯᠠ ᠲᠣᠭᠣᠨᠣ ᠠᠭᠤᠯᠠ ᠶ᠋ᠢᠨ ᠠᠷᠤ ᠪᠠᠷ ᠬᠡᠢᠰᠬᠡᠨ ᠳᠠᠪᠬᠢᠪᠠ᠃ ᠬᠥᠮᠦᠰ ᠴᠦ᠍ ᠬᠤᠢᠨᠠᠷᠠᠨ ᠤᠷᠤᠯᠳᠤᠭᠠᠨ ᠤ᠋ ᠵᠦᠭ ᠳᠣᠪᠲᠣᠯᠭᠠᠨ᠎ᠠ᠃ ᠵᠠᠮ ᠳ᠋ᠤ᠌ ᠬᠥᠮᠦᠰ ᠵᠠᠢ ᠵᠠᠪᠰᠠᠷ ᠦᠭᠡᠢ᠃ ᠪᠠᠷᠢᠶᠠᠨ ᠳ᠋ᠤ᠌ ᠢᠷᠡᠵᠦ ᠶᠠᠪᠤᠭ᠎ᠠ ᠮᠣᠷᠢᠳ ᠤ᠋ᠨ ᠲᠣᠭᠣᠰᠣ᠂ ᠣᠨᠴᠠᠭᠠᠢ ᠲᠠᠰᠤᠷᠠᠭᠰᠠᠨ ᠨᠢᠭᠡᠨ ᠨᠢ ᠪᠣᠭᠣᠷᠴᠢ ᠳ᠋ᠤ᠌ ᠨᠢᠭᠡᠯᠡ ᠵᠢᠰᠦ ᠨᠢ ᠪᠠᠭᠤᠭᠠᠳ ᠪᠠᠢᠬᠤ ᠰᠢᠭ᠋᠃ 
       — ᠲᠠᠨ ᠤ᠋ ᠬᠣᠩᠭᠣᠷ ᠪᠢᠰᠢᠦ?
       ᠬᠡᠷᠦᠯᠦᠨᠵᠢᠨ ᠰᠡᠳᠬᠢᠯ ᠶᠡᠬᠡᠳᠡ ᠬᠥᠳᠡᠯᠦᠭᠰᠡᠨ ᠪᠣᠯᠤᠯᠲᠠᠢ᠂ ᠬᠣᠶᠠᠷ ᠬᠥᠭᠡᠷᠦᠬᠦᠨ ᠬᠥᠬᠥᠨ ᠦ᠌ ᠬᠢᠨᠢ ᠴᠠᠭᠠᠨ᠎ᠠ ᠵᠢᠷᠦᠬᠡ ᠴᠡᠭᠡᠵᠢ ᠨᠢ ᠪᠥᠬᠥᠯᠵᠡᠭᠡᠳ᠁ ᠲᠡᠭᠡᠭᠰᠡᠨ ᠢ᠋ᠶ᠋ᠡᠨ᠄ 
       — ᠮᠠᠨ ᠤ᠋ ᠬᠣᠩᠭᠣᠷ ᠮᠥᠨ ᠴᠦ᠍ ᠮᠥᠨ ᠯᠡ ᠳᠡ ᠭᠡᠵᠦ ᠳᠠᠭᠤ ᠠᠯᠳᠠᠭᠠᠳ ᠥᠪᠡᠷᠦᠨ ᠡᠷᠬᠡ ᠦᠭᠡᠢ ᠳᠠᠪᠬᠢᠯ᠎ᠠ᠃ ᠠᠪᠤ ᠨᠢ ᠴᠦ᠍ ᠮᠣᠷᠢ ᠪᠠᠨ ᠲᠠᠰᠢᠭᠤᠷᠳᠠᠨ ᠲᠠᠰᠢᠭᠤᠷᠳᠠᠨ ᠬᠠᠵᠠᠭᠤ ᠪᠠᠷ ᠥᠩᠭᠡᠷᠡᠬᠦ ᠰᠠᠴᠠᠭᠤ ᠬᠡᠷᠦᠯᠦᠨᠵᠢᠨ ᠮᠣᠷᠢᠨ ᠤ᠋ ᠪᠠᠨ ᠠᠮᠠ ᠶ᠋ᠢ ᠲᠠᠲᠠᠵᠤ᠂ ᠪᠣᠭᠣᠷᠴᠤ ᠲᠠᠢ ᠨᠡᠢᠯᠡᠭᠡᠳ᠄     
       — ᠵᠠ ᠮᠥᠨ ᠨᠢ ᠮᠥᠨ᠃ ᠲᠡᠷᠡ ᠲᠡᠭᠡᠭᠡᠳ ᠲᠥᠷᠥᠭᠦᠯᠦᠨ᠎ᠡ ᠪᠢᠵᠡ᠃ ᠬᠠᠷᠢᠨ ᠲᠠᠨ ᠤ᠋ ᠬᠡᠭᠡᠷ ᠬᠠᠷᠠᠭᠳᠠᠨ᠎ᠠ ᠤᠤ? ᠭᠡᠵᠦ ᠵᠣᠪᠠᠨᠢᠩᠭᠤᠢ ᠠᠰᠠᠭᠤᠪᠠ᠃ 
       — ᠠᠷᠪᠠᠨ ᠬᠡᠳᠦ ᠳ᠋ᠦ᠍ ᠶᠠᠪᠤᠬᠤ ᠨᠢ ᠶᠠᠪᠤᠨ᠎ᠠ᠃ ᠠᠪᠤ ᠴᠤ᠌ ᠲᠡᠷᠡ ᠬᠠᠵᠠᠭᠤ ᠪᠠᠷ ᠭᠠᠷᠤᠭᠠᠳ ᠶᠠᠪᠤᠴᠢᠬᠠᠯ᠎ᠠ ᠭᠡᠵᠦ ᠲᠣᠭᠣᠮᠵᠢᠷ ᠦᠭᠡᠢᠬᠡᠨ ᠬᠡᠯᠡᠭᠡᠳ᠄
       — ᠮᠠᠷᠭᠠᠰᠢ ᠬᠣᠶᠠᠷ ᠶᠡᠬᠡ ᠨᠠᠰᠤ ᠳᠠᠪᠬᠢᠨ᠎ᠠ᠃ ᠲᠡᠷᠡ ᠬᠣᠶᠠᠷ ᠮᠠᠨᠢ ᠶᠠᠭᠠᠬᠢᠳᠠᠭ ᠪᠣᠯ? ᠨᠤᠲᠤᠭ ᠲᠠᠭᠠᠨ ᠣᠪᠣᠭ᠎ᠠ ᠳ᠋ᠤ᠌ ᠣᠷᠣᠳᠠᠭ ᠶᠤᠮ ᠭᠡᠯ᠎ᠡ᠃
       ᠨᠠᠬᠤ ᠠᠪᠤ ᠰᠣᠶᠣᠭᠠᠯᠠᠩ᠂ ᠠᠵᠢᠷᠭ᠎ᠠ ᠬᠣᠶᠠᠷ ᠢ᠋ᠶ᠋ᠠᠨ ᠣᠯᠢᠭᠲᠠᠢ ᠳᠠᠪᠬᠢᠭᠰᠠᠨ ᠦᠭᠡᠢ ᠳ᠋ᠦ᠍ ᠤᠷᠮ᠎ᠠ ᠮᠠᠭᠤᠬᠠᠨ ᠭᠡᠷ ᠤᠷᠤᠭᠤ ᠪᠠᠨ ᠪᠤᠴᠠᠯ᠎ᠠ᠃ ᠬᠠᠷᠢᠨ ᠬᠡᠷᠦᠯᠦᠨᠵᠢᠨ ᠦ᠌ ᠠᠪᠤ ᠳᠡᠭᠡᠷ᠎ᠡ ᠢᠷᠡᠲᠡᠯ᠎ᠡ ᠶᠠᠩᠵᠤ ᠪᠦᠷᠢ ᠶ᠋ᠢᠨ ᠠᠢᠮᠠᠭ᠂ ᠤᠯᠤᠰ ᠤ᠋ᠨ ᠪᠠᠶᠠᠴᠤᠳ ᠶᠡᠬᠡᠰ ᠦ᠋ᠳ ᠴᠤᠭᠯᠠᠷᠠᠵᠤ ᠰᠢᠪᠡᠨ 《ᠬᠤᠳᠠᠯᠳᠤᠵᠤ ᠠᠪᠤᠶ᠎ᠠ᠂ ᠦᠨ᠎ᠡ ᠬᠠᠶᠠᠯᠴᠠᠶ᠎ᠠ 》 ᠭᠡᠵᠦ ᠬᠠᠰᠬᠢᠷᠤᠯᠳᠤᠨ᠎ᠠ᠃ ᠴᠠᠭᠠᠳᠤᠬᠢ ᠨᠢ 《ᠵᠠᠷᠤᠬᠤ ᠦᠭᠡᠢ᠃ ᠪᠢ ᠮᠡᠳᠡᠬᠦ ᠦᠭᠡᠢ᠃ ᠡᠵᠡᠨ ᠲᠡᠢ ᠶᠦᠮ ᠁ 》 ᠭᠡᠬᠦ ᠡᠴᠡ ᠥᠭᠡᠷ᠎ᠡ ᠦᠭᠡ ᠳᠤᠤᠭᠠᠷᠤᠭᠰᠠᠨ ᠦᠭᠡᠢ᠂ ᠵᠠᠯᠬᠠᠵᠤ ᠭᠦᠢᠴᠡᠯ᠎ᠡ᠃ ᠲᠡᠭᠡᠲᠡᠯ᠎ᠡ ᠠᠰᠢᠭᠦᠢ᠂ ᠨᠠᠭᠠᠳᠤᠮ ᠤ᠋ᠨ ᠶᠡᠬᠡ ᠠᠰᠠᠷ ᠠ᠋ᠴᠠ ᠲᠦᠷᠦᠭᠦᠦ ᠠᠵᠢᠷᠭ᠎ᠠ ᠶ᠋ᠢ ᠦᠵᠡᠬᠦ ᠪᠡᠷ ᠶᠡᠬᠡᠰ ᠦ᠋ᠳ᠂ ᠬᠠᠲᠤᠳ ᠳᠠᠭᠠᠭᠤᠯ ᠲᠠᠢ ᠪᠠᠨ ᠭᠠᠷᠴᠤ ᠢᠷᠡᠪᠡ᠃ ᠨᠥᠭᠦᠭᠡ ᠪᠥᠭᠡᠮᠨᠡᠷᠡᠵᠦ ᠪᠦᠴᠢᠭᠰᠡᠨ ᠬᠥᠮᠦᠰ ᠴᠦ᠍ ᠦᠷᠭᠦᠭᠰᠡᠨ ᠵᠡᠭᠡᠷ᠎ᠡ ᠰᠢᠭ ᠥᠷᠢᠰᠦᠯᠳᠦᠨ ᠵᠠᠢᠯᠠᠵᠤ᠂ ᠨᠡᠯᠢᠶᠡᠳ ᠬᠣᠯᠠ ᠣᠴᠢᠭᠠᠳ ᠡᠷᠭᠢᠵᠦ ᠬᠠᠷᠠᠨ ᠲᠠᠷᠬᠡᠢᠯᠳᠦᠨ ᠵᠣᠭᠰᠣᠵᠤ ᠪᠣᠢ ᠬᠠᠷᠠᠭᠳᠠᠨ᠎ᠠ᠃  
       ᠠᠴᠢᠭ ᠱ᠌ᠢᠷᠦᠨ ᠭᠡᠳᠡᠭ ᠨᠢ ᠲᠣᠩ ᠵᠠᠯᠠᠭᠤᠬᠠᠨ ᠥᠨᠳᠥᠷ ᠵᠣᠣᠯᠢᠭ (ᠵᠣ ᠨᠢᠷᠤᠭᠤ ᠥᠨᠳᠥᠷ ᠭᠡᠰᠡᠨ ᠦᠭᠡ ᠪᠣᠯᠤᠯᠲᠠᠢ ) ᠰᠠᠢᠬᠠᠨ ᠡᠷ᠎ᠡ ᠶᠦᠮ᠃ ᠬᠠᠲᠤᠨ ᠨᠢ ᠮᠠᠷᠢᠶᠠᠯᠢᠭ᠂ ᠪᠠᠰᠠᠯᠠ ᠶᠡᠬᠡ ᠰᠠᠢᠬᠠᠨ ᠬᠡᠦᠬᠡᠨ ᠶᠦᠮ᠃  
       ᠬᠡᠷᠡᠢᠳ ᠦ᠋ᠨ ᠬᠠᠭᠠᠨ ᠤ᠋ ᠬᠦᠦ ᠰᠡᠩᠭᠦᠮ ᠣᠢᠷᠠᠲᠤᠭᠠᠳ ᠢᠷᠡᠭᠰᠡᠨ ᠨᠢ ᠪᠣᠭᠣᠷᠴᠢ ᠶ᠋ᠢᠨ ᠦᠶ᠎ᠡ ᠶ᠋ᠢᠨ ᠬᠥᠪᠡᠭᠦᠨ ᠠᠵᠢ᠃ ᠬᠠᠷᠢᠨ ᠬᠠᠲᠤᠨ ᠨᠢ ᠡᠭᠡᠴᠢᠮᠡᠳ ᠪᠣᠯᠪᠠᠴᠤ ᠨᠠᠭᠠᠯᠢᠩᠬᠠᠢ᠂ ᠲᠤᠨᠢᠷᠠᠬᠤ ᠵᠠᠩ ᠭᠠᠷᠭᠠᠵᠤ ᠬᠠᠵᠠᠭᠤ ᠠ᠋ᠴᠠ ᠨᠢ ᠰᠤᠭᠤᠳᠠᠵᠤ ᠳᠡᠭᠦᠵᠢᠯᠡᠨ᠂ ᠶᠠᠭᠤᠮ᠎ᠠ ᠪᠣᠯ ᠤᠷᠤᠭᠤᠯ ᠢ᠋ᠶ᠋ᠠᠨ ᠤᠨᠵᠢᠭᠤᠯᠵᠤ ᠪᠠᠢᠬᠤ ᠰᠢᠭ᠋ ᠮᠠᠶᠢᠭᠲᠠᠢ᠃ ᠲᠡᠭᠡᠬᠦ ᠳ᠋ᠡᠭᠡᠨ ᠪᠦᠬᠦ ᠬᠠᠲᠤᠳ ᠤ᠋ᠨ ᠳᠣᠲᠣᠷ᠎ᠠ ᠬᠠᠮᠤᠭ ᠤ᠋ᠨ ᠴᠢᠷᠠᠢᠯᠢᠭ ᠨᠢ ᠶᠦᠮ ᠪᠠᠢᠨ᠎ᠠ᠃ ᠬᠠᠷᠢᠨ ᠪᠣᠷᠵᠢᠭᠢᠨ ᠤ᠋ ᠨᠣᠶᠠᠳ ᠤ᠋ᠳ ᠪᠦᠭᠦᠳᠡ ᠬᠢᠴᠢᠶᠠᠯᠳᠠᠬᠦᠦ᠂ ᠡᠷ᠎ᠡ ᠳᠤᠮᠳᠠ ᠨᠠᠰᠤᠨ ᠠ᠋ᠴᠠ ᠥᠩᠭᠡᠷᠡᠵᠦ ᠶᠠᠪᠤᠭ᠎ᠠ ᠴᠤ᠌ ᠰᠡᠴᠡ ᠪᠡᠬᠢ ᠶ᠋ᠢᠨ ᠡᠬᠡᠨᠡᠷ ᠵᠠᠯᠠᠭᠤᠬᠠᠨ ᠡᠮᠡᠭᠲᠡᠢ ᠠᠵᠢ᠃ ᠲᠡᠳᠡ ᠪᠦᠭᠦᠳᠡ ᠯᠡ ᠶᠡᠬᠡ ᠨᠠᠢᠷᠰᠠᠭ᠂ ᠨᠠᠮᠪᠠ ᠲᠠᠢ᠂ ᠠᠵᠢᠷᠭ᠎ᠠ ᠶ᠋ᠢ ᠰᠢᠨᠵᠢᠵᠦ ᠰᠢᠪᠡᠷ ᠠᠪᠢᠷ ᠶᠠᠷᠢᠯᠴᠠᠬᠤ ᠠᠪᠠᠢ᠃  ᠬᠡᠷᠦᠯᠳᠵᠢᠨ ᠦ᠌ ᠠᠪᠤ ᠤᠷᠤᠭᠤ ᠠᠴᠢᠭ ᠱ᠌ᠢᠷᠦᠨ ᠣᠢᠷᠠᠲᠤᠭᠠᠳ ᠢᠷᠡᠮᠡᠭᠴᠡ ᠲᠡᠷᠡ ᠪᠡᠷ ᠡᠵᠡᠨ ᠨᠣᠶᠠᠨ ᠤ᠋ ᠪᠠᠨ ᠡᠮᠦᠨ᠎ᠡ ᠬᠣᠷᠮᠣᠢ ᠳᠡᠪᠢᠰᠦᠨ ᠡᠪᠦᠳᠦᠭ ᠰᠥᠭᠥᠳᠪᠡ᠃  
       — ᠨᠡᠷ᠎ᠡ ᠴᠢᠨᠢ ᠬᠡᠨ ᠪᠣᠢ? ᠬᠠᠮᠢᠭᠠᠭᠤᠷ ᠨᠤᠲᠤᠭᠯᠠᠳᠠᠭ ᠪᠣᠢ? ᠭᠡᠵᠦ ᠠᠰᠠᠭᠤᠯ᠎ᠠ᠃ 
       — ᠲᠡᠮᠦᠷᠴᠢ ᠭᠡᠳᠡᠭ᠃ ᠭᠤᠷᠪᠠᠨ ᠲᠠᠷᠭᠤᠨ ᠢ᠋ᠶ᠋ᠠᠷ ᠨᠤᠲᠤᠭᠯᠠᠳᠠᠭ ᠳᠠ᠃ 
       — ᠤᠷᠢᠳᠤ ᠡᠮᠦᠨ᠎ᠡ ᠲᠤᠭᠤᠯᠳᠠᠭ᠎ᠠ ᠦᠭᠡᠢ ᠡᠵᠡᠨ ᠠᠵᠢᠷᠭ᠎ᠠ ᠬᠣᠶᠠᠷ᠁ ᠤᠷᠤᠯᠳᠤᠵᠤ ᠪᠠᠢᠭᠰᠠᠨ ᠤᠤ? ᠬᠡᠳᠦᠨ ᠨᠠᠰᠤᠲᠠᠢ ᠠᠵᠢᠷᠭ᠎ᠠ ᠪᠣᠢ? 
       — ᠭᠣᠣᠯ ᠤᠰᠤᠨ ᠳ᠋ᠠᠭᠠᠨ ᠤᠷᠤᠯᠳᠤᠵᠤ ᠪᠠᠢᠭᠰᠠᠨ᠃ ᠡᠨᠡ ᠵᠢᠯ ᠨᠠᠰᠤ ᠭᠦᠢᠴᠡᠵᠦ ᠪᠠᠢᠭ᠎ᠠ ᠶᠤᠮ᠃ ᠲᠡᠨᠳᠡ ᠪᠡᠨ ᠲᠦᠷᠦᠭᠦᠯᠡᠭᠡᠳ ᠪᠠᠢᠬᠤ ᠪᠠᠷ ᠡᠨᠡ ᠵᠢᠯ ᠡᠢᠰᠢ ᠢᠷᠡᠭᠰᠡᠨ᠃ 
       — ᠤᠳᠤᠮ ᠨᠢ? 
       — ᠵᠡᠷᠯᠢᠭ ᠠᠳᠤᠭᠤᠨ ᠤ᠋ ᠦᠷ᠎ᠡ ᠭᠡᠳᠡᠭ ᠶᠦᠮ᠃ 
       ᠠᠴᠢᠭ ᠱ᠌ᠢᠷᠦᠨ ᠨᠣᠶᠠᠨ ᠴᠠᠭᠠᠰᠢ ᠡᠷᠭᠢᠵᠦ ᠨᠣᠶᠠᠳ ᠲᠠᠢ ᠶᠠᠷᠢᠯᠴᠠᠵᠤ ᠢᠨᠢᠶᠡᠯᠳᠦᠪᠡ᠃ 
       ᠨᠣᠶᠠᠨ ᠤ᠋ ᠳᠠᠭᠠᠯᠳᠠᠭᠰᠠᠳ ᠤ᠋ᠨ ᠨᠢᠭᠡ ᠨᠢ ᠨᠠᠭᠠᠰᠢ ᠳᠥᠭᠥᠵᠦ ᠢᠷᠡᠭᠡᠳ ᠬᠡᠷᠦᠯᠳᠵᠢᠨ᠂ ᠪᠣᠭᠣᠷᠴᠢ ᠬᠣᠶᠠᠷ ᠤᠷᠤᠭᠤ ᠬᠥᠮᠥᠰᠬᠡ ᠵᠠᠩᠭᠢᠳᠤᠨ᠄ 
       — ᠲᠠ ᠬᠣᠶᠠᠷ ᠡᠵᠡᠨ ᠳ᠋ᠦ᠍ ᠪᠠᠭᠤᠵᠤ ᠰᠥᠭᠥᠳᠬᠦ ᠦᠭᠡᠢ ᠶᠠᠭᠠᠬᠢᠭᠰᠠᠨ ᠵᠠᠳᠠᠷᠠᠭᠰᠠᠨ ᠵᠢᠭᠠᠯ ᠤ᠋ᠳ ᠪᠣᠢ? ᠪᠠᠭᠤ! ᠰᠥᠭᠥᠳ! ᠭᠡᠮᠡᠭᠴᠡ ᠬᠡᠷᠦᠯᠳᠵᠢᠨ᠂ ᠪᠣᠭᠣᠷᠴᠢ ᠬᠣᠶᠠᠷ ᠰᠣᠴᠢᠨ ᠮᠡᠩᠳᠡᠵᠦ ᠡᠢᠰᠢ ᠲᠡᠢᠰᠢ ᠬᠠᠷᠠᠪᠠᠰᠤ ᠮᠣᠷᠢᠲᠠᠢ᠂ ᠶᠠᠪᠠᠭᠠᠨ ᠢᠯᠭᠠᠭ᠎ᠠ ᠦᠭᠡᠢ ᠪᠦᠭᠦᠳᠡ ᠰᠥᠭᠥᠳᠴᠡᠢ᠃ ᠲᠡᠷᠡ ᠬᠣᠶᠠᠷ ᠭᠣᠶᠣ ᠭᠠᠩᠭᠠᠩ᠂ ᠡᠷᠢᠶᠡᠨ ᠮᠢᠷᠢᠶᠠᠨ ᠨᠣᠶᠠᠳ ᠬᠠᠲᠤᠳ ᠲᠤ᠌ ᠨᠢᠳᠦ ᠠᠯᠳᠠᠭᠠᠳ ᠡᠨᠡ ᠪᠦᠬᠦᠨ ᠢ᠋ ᠮᠡᠳᠡᠭᠰᠡᠨ ᠦᠭᠡᠢ᠃ ᠲᠡᠳᠡ ᠪᠤᠰᠢᠭᠤᠬᠠᠨ ᠪᠠᠭᠤᠵᠤ ᠬᠣᠶᠠᠭᠤᠯᠠ ᠰᠥᠭᠥᠳᠪᠡ᠃ ᠶᠡᠬᠡ ᠨᠣᠶᠠᠨ ᠠᠪᠤ ᠤᠷᠤᠭᠤ ᠨᠢ ᠡᠷᠭᠢᠵᠦ᠄ 
       — ᠬᠥᠮᠦᠰ ᠶᠠᠭᠤ ᠭᠡᠳ ᠪᠠᠢᠪᠠ? ᠪᠥᠭᠡᠮ ᠱᠤᠤᠭᠢᠶᠠᠨ ᠪᠣᠯᠤᠭᠠᠳ ᠪᠠᠢᠭᠰᠠᠨ᠃ 
       — ᠬᠤᠳᠠᠯᠳᠤ᠁ ᠶᠡᠬᠡ ᠦᠨ᠎ᠡ ᠥᠭᠭᠦᠨ᠎ᠡ ᠭᠡᠨ᠎ᠡ᠃ ᠠᠰᠢᠭᠦᠢ ᠲᠠᠨ ᠤ᠋ ᠪᠡᠶ᠎ᠡ ᠪᠡᠷ ᠳᠠᠢᠵᠢᠭᠠᠳ ᠶᠠᠪᠤᠴᠢᠬᠠᠯ᠎ᠠ᠃ 
       — ᠬᠠᠮᠢᠭᠠᠬᠢ ᠶ᠋ᠢᠨ ᠬᠥᠮᠦᠨ ᠪᠣᠢ? 
       ᠭᠣᠣᠯᠳᠠᠭᠤ ᠯᠠ ᠵᠦᠷᠬᠢᠨ ᠦ᠌ ᠬᠢᠨ ᠪᠠᠢᠬᠤ ᠠ᠋᠃ 
       — ᠲᠠᠨᠠᠢᠬᠢᠨ ᠪᠠᠶᠠᠨ ᠶᠤᠮ ᠠ᠋ ᠭᠡᠵᠦ ᠰᠡᠴᠡ ᠪᠡᠬᠢ ᠤᠷᠤᠭᠤ ᠬᠠᠷᠠᠵᠤ ᠢᠨᠢᠶᠡᠭᠡᠳ᠂ ᠲᠡᠷᠡ ᠪᠠᠶᠠᠴᠤᠳ ᠲᠤ᠌ ᠬᠤᠳᠠᠯᠳᠤᠬᠤ ᠦᠭᠡᠢ ᠶᠠᠭᠠᠬᠢᠭᠰᠠᠨ ᠶᠤᠮ ᠪᠣᠢ? ᠭᠡᠵᠦ ᠲᠡᠮᠦᠷᠴᠢ ᠤᠷᠤᠭᠤ ᠬᠠᠨᠳᠤᠵᠤ ᠬᠡᠯᠡᠪᠡ᠃ 
       — ᠶᠠᠭᠠᠬᠢᠯ᠎ᠠ ᠭᠡᠵᠦ ᠳᠡ᠂ ᠡᠵᠡᠨ ᠮᠢᠨᠢ᠃ 
       — ᠨᠠᠳᠠᠳᠤ ᠪᠣᠯ ᠬᠤᠳᠠᠯᠳᠤᠬᠤ ᠤᠤ? 
       — ᠲᠠᠨ ᠤ᠋ ᠯᠠ ᠶᠠᠭᠤᠮ᠎ᠠ ᠰᠢᠦ ᠳᠡ᠃ ᠪᠢ ᠪᠣᠯ ᠲᠠᠨ ᠤ᠋ ᠠᠯᠪᠠᠲᠤ ᠪᠣᠭᠣᠯ᠁ 
       — ᠵᠥᠪ᠃ 
       — ᠨᠣᠶᠠᠨ ᠴᠠᠭᠠᠰᠢ ᠳᠣᠬᠢᠲᠠᠯ᠎ᠠ ᠳᠠᠭᠠᠭᠤᠯ ᠨᠢᠭᠡ ᠶᠠᠭᠤᠮ᠎ᠠ ᠥᠭᠭᠦᠯ᠎ᠡ᠃ ᠲᠡᠷᠡ ᠪᠡᠷ ᠨᠠᠭᠠᠰᠢ ᠡᠷᠭᠢᠵᠦ᠄ 
       — ᠲᠡᠮᠦᠷᠴᠢ ᠴᠢ ᠠᠵᠢᠷᠭ᠎ᠠ ᠪᠠᠨ ᠰᠠᠢᠬᠠᠨ ᠠᠪᠴᠤ ᠶᠠᠪᠤᠵᠤ᠂ ᠬᠤᠷᠳᠤᠯᠠᠭᠤᠯᠵᠤ᠂ ᠠᠦ᠋ᠯᠡᠨ ᠬᠤᠷᠳᠤᠨ ᠦᠷ᠎ᠡ ᠰᠠᠲᠤ ᠲᠠᠢ ᠪᠣᠯᠭ᠎ᠠ! ᠬᠠᠷᠢᠨ ᠨᠠᠳᠠᠳᠤ ᠡᠨᠡ ᠲᠡᠢᠨ ᠦ᠌ ᠬᠤᠷᠳᠤᠨ ᠰᠠᠢᠨ ᠬᠦᠯᠦᠭ ᠭᠠᠷᠭᠠᠵᠤ ᠥᠭᠭᠦᠭᠡᠷᠡᠢ ᠭᠡᠳ ᠭᠠᠷ ᠲᠠᠭᠠᠨ ᠪᠠᠢᠭ᠎ᠠ ᠶᠠᠭᠤᠮ᠎ᠠ ᠪᠠᠨ ᠬᠡᠷᠥᠯᠦᠨᠵᠢᠨ ᠦ᠌ ᠠᠪᠤ ᠳ᠋ᠤ᠌ ᠥᠭᠪᠡ᠃ ᠲᠡᠷᠡ ᠨᠢ ᠱᠠᠭᠠᠢ ᠶ᠋ᠢᠨ ᠬᠡᠯᠪᠡᠷᠢ ᠪᠡᠷ ᠴᠢᠳᠬᠤᠭᠰᠠᠨ ᠲᠣᠮᠣ ᠴᠠᠭᠠᠨ ᠮᠥᠩᠭᠥ ᠪᠠᠷᠢᠯ᠎ᠠ᠃ ᠲᠡᠮᠦᠷᠴᠢ ᠰᠥᠭᠥᠳᠦᠨ ᠠᠪᠴᠤ ᠳᠤᠬᠤᠨ ᠳ᠋ᠠᠭᠠᠨ ᠬᠦᠷᠭᠡᠵᠦ ᠮᠥᠷᠭᠥᠨ ᠡᠩᠭᠡᠷ ᠲᠡᠭᠡᠨ ᠲᠡᠪᠡᠷᠢᠪᠡ᠃ 
       ᠨᠣᠶᠠᠨ ᠬᠠᠲᠤᠳ ᠴᠠᠭᠠᠰᠢ ᠠᠰᠠᠷ ᠤᠷᠤᠭᠤ ᠮᠣᠷᠢᠯᠠᠯ᠎ᠠ᠃ ᠡᠨᠡ ᠬᠣᠭᠣᠷᠣᠨᠳᠣ ᠪᠤᠭᠤᠷᠴᠢ ᠵᠦᠭᠡᠷ ᠪᠠᠢᠭᠰᠠᠨ ᠦᠭᠡᠢ᠂ ᠡᠯᠳᠡᠪ ᠢ᠋ ᠪᠣᠳᠣᠭᠰᠠᠨ ᠨᠢ᠄
       — ᠡᠨᠡ ᠨᠣᠶᠠᠳ ᠪᠠᠶᠠᠨ ᠶᠤᠮ᠂ ᠭᠠᠩᠭᠠᠩ ᠶᠤᠮ᠂ ᠬᠠᠲᠤᠳ ᠨᠢ ᠴᠦ᠍ ᠠᠳᠠᠯᠢ᠃ ᠭᠡᠬᠦ ᠳ᠋ᠡᠭᠡᠨ ᠲᠠᠨᠠᠷ ᠤ᠋ᠨ ᠭᠠᠢᠬᠠᠭᠤᠯᠤᠭᠰᠠᠨ ᠬᠠᠲᠤᠳ ᠲᠤ᠌ ᠮᠢᠨᠦ ᠬᠡᠷᠦᠯᠳᠵᠢᠨ ᠰᠢᠭ ᠬᠠᠲᠤᠨ ᠪᠠᠢᠨ᠎ᠠ ᠤᠤ? ᠮᠣᠷᠢᠨ ᠳᠠᠪᠬᠢᠭᠠᠨ ᠳᠤᠮᠳᠠ ᠮᠤᠤᠷ ᠰᠢᠭ᠋ ᠦᠰᠦᠷᠦᠭᠡᠳ ᠬᠦᠵᠦᠭᠦᠦ ᠪᠡᠷ ᠲᠡᠪᠡᠷᠢᠨ ᠨᠠᠭᠠᠯᠳᠤᠴᠢᠬᠠᠳᠠᠭ ᠬᠡᠦᠬᠡᠨ ᠪᠠᠢᠨ᠎ᠠ ᠤᠤ? ᠪᠠᠢᠬᠤ ᠦᠭᠡᠢ ᠳᠡ ᠭᠡᠵᠦ ᠪᠣᠳᠣᠭᠠᠳ ᠢᠨᠢᠶᠡᠳᠦ ᠠᠯᠳᠠᠴᠢᠬᠠᠪᠠ᠃ 
       ᠬᠡᠷᠤᠯᠤᠨᠵᠢᠨ ᠬᠠᠵᠠᠭᠤ ᠠ᠋ᠴᠠ ᠨᠢ᠄ 
       — ᠶᠠᠭᠠᠬᠢᠬᠤᠪ? ᠴᠢ᠂ ᠢᠨᠢᠶᠡᠬᠦ ᠴᠢᠨᠢ᠁  
       — ᠡᠨᠡ ᠨᠣᠶᠠᠳ ᠬᠠᠲᠤᠳ ᠢ᠋ ᠬᠠᠷᠠᠭᠠᠳ ᠯᠠ ᠢᠨᠢᠶᠡᠳᠦ ᠬᠦᠷᠴᠦ ᠪᠠᠢᠬᠤ ᠦᠭᠡᠢ ᠤᠤ ᠳᠠ᠃ ᠡᠨᠡ ᠵᠤᠨ ᠤ᠋ ᠬᠠᠯᠠᠭᠤᠨ ᠳ᠋ᠤ᠌ ᠲᠣᠷᠭ᠎ᠠ ᠮᠠᠩᠨᠤᠭ᠂ ᠮᠥᠩᠭᠥ ᠠᠯᠲᠠ ᠪᠣᠯᠤᠭᠰᠠᠨ ᠶᠠᠭᠠᠬᠢᠭᠰᠠᠨ ᠴᠤ᠌ ᠳᠠᠭᠠᠭᠠᠵᠤ ᠲᠠᠪᠰᠢ ᠦᠭᠡᠢ ᠬᠦᠨᠳᠦ ᠶᠠᠭᠤᠮ᠎ᠠ ᠵᠡᠭᠦᠵᠦ᠂ ᠵᠤᠵᠠᠭᠠᠨ ᠬᠤᠪᠴᠠᠰᠤ ᠲᠠᠢ ᠶᠠᠪᠤᠳᠠᠭ ᠶᠤᠮ ᠪᠣᠢ? ᠶᠠᠭᠠᠬᠢᠭᠰᠠᠨ ᠶᠡᠬᠡ ᠬᠥᠯᠥᠷᠡᠳᠡᠭ ᠪᠣᠯ?  ᠬᠠᠷᠠᠬᠤ ᠠ᠋ᠴᠠ ᠢᠨᠢᠶᠡᠳᠦ ᠬᠦᠷᠦᠭᠡᠳ ᠭᠡᠬᠦ ᠳ᠋ᠦ᠍ᠨᠢ᠂ ᠬᠡᠷᠤᠯᠤᠨᠵᠢᠨ ᠪᠠᠰᠠ ᠢᠨᠢᠶᠡᠳᠦ ᠪᠡᠨ ᠪᠠᠷᠢᠵᠤ ᠶᠠᠳᠠᠬᠤ ᠳ᠋ᠠᠭᠠᠨ ᠠᠮᠠ ᠪᠠᠨ ᠳᠠᠷᠤᠪᠠ᠃  
      《ᠠᠵᠢᠷᠭ᠎ᠠ ᠴᠣᠯᠠᠯᠠᠨ᠎ᠠ!》 ᠭᠡᠵᠦ ᠳᠠᠭᠤᠳᠠᠬᠤ ᠳ᠋ᠤ᠌ ᠲᠡᠮᠦᠷᠴᠢ ᠳᠣᠲᠣᠭᠰᠢ ᠠᠵᠢᠷᠭ᠎ᠠ ᠪᠠᠨ ᠬᠥᠲᠥᠯᠦᠨ ᠣᠷᠣᠪᠠ᠃ 
            ᠲᠦᠮᠡᠨ ᠲᠦᠪᠭᠦᠨ ᠦ᠌ ᠶᠡᠬᠡ ᠨᠠᠭᠠᠳᠤᠮ ᠤ᠋ᠨ  
            ᠲᠦᠷᠦᠭᠦᠦ ᠮᠠᠩᠨᠠᠢ ᠳ᠋ᠤ᠌ ᠢᠷᠡᠭᠰᠡᠨ 
            ᠲᠡᠮᠦᠷᠴᠢ ᠠᠯᠪᠠᠲᠤ ᠠᠷᠠᠳ ᠤ᠋ᠨ 
            ᠲᠡᠭᠦᠰ ᠬᠤᠷᠳᠤᠨ ᠡᠨᠡ ᠬᠦᠯᠦᠭ ᠪᠣᠯ  
            ᠠᠳᠤᠭᠤᠨ ᠰᠦᠷᠦᠭ ᠦ᠋ᠨ ᠳᠣᠲᠣᠷ᠎ᠠ ᠠ᠋ᠴᠠ  
            ᠠᠤᠭ᠎ᠠ ᠵᠢᠪᠬᠤᠯᠠᠩ ᠪᠦᠷᠢᠳᠦᠭᠰᠡᠨ 
            ᠰᠦᠷᠲᠦ ᠠᠵᠢᠷᠭᠠᠨ ᠤ᠋ ᠦᠷ᠎ᠡ 
            ᠰᠥᠳᠥ ᠭᠡᠭᠦᠦ ᠶ᠋ᠢᠨ ᠤᠨᠠᠭ᠎ᠠ ᠠ᠋᠁ ᠭᠡᠵᠦ ᠡᠬᠢᠯᠡᠨ ᠤᠶᠠᠩᠭᠠᠯᠠᠭᠤᠯᠤᠨ ᠤᠷᠲᠤ ᠢᠷᠦᠭᠡᠯ ᠬᠡᠯᠡᠪᠡ᠃ ᠲᠡᠳᠡᠭᠡᠷ ᠤᠶᠠᠩᠭ᠎ᠠ ᠠᠶᠠᠯᠭᠤᠨ ᠤ᠋ ᠵᠠᠷᠢᠮ ᠨᠢ ᠳᠤᠭᠤᠯᠳᠠᠨ᠎ᠠ᠂ ᠵᠠᠷᠢᠮ ᠨᠢ ᠡᠰᠡ ᠳᠤᠭᠤᠯᠳᠠᠨ᠎ᠠ᠃ 
       ᠲᠡᠭᠡᠲᠡᠯ᠎ᠡ ᠬᠡᠷᠦᠯᠦᠨᠵᠢᠨ ᠦ᠌ ᠠᠪᠤ ᠮᠣᠷᠢ᠂ ᠬᠤᠢ ᠲᠠᠢ ᠲᠣᠷᠭ᠎ᠠ᠂ ᠨᠤᠮᠤ ᠰᠠᠭᠠᠳᠠᠭ᠂ ᠳᠡᠭᠡᠷ᠎ᠡ ᠨᠢ ᠪᠣᠭᠣᠯᠲᠠᠲᠠᠢ ᠶᠠᠭᠤᠮ᠎ᠠ ᠲᠠᠢ ᠬᠥᠷ ᠪᠠᠶᠠᠷ ᠲᠠᠢ ᠭᠠᠷᠴᠤ ᠢᠷᠡᠪᠡ᠃ ᠥᠨᠥᠬᠢ ᠦᠷᠭᠦᠵᠦ ᠰᠣᠴᠢᠵᠤ《ᠲᠡᠷᠭᠡᠢᠯᠳᠦᠭ᠌ᠰᠡᠨ》 ᠵᠡᠭᠡᠷ᠎ᠡ ᠨᠦ᠍ᠭᠦᠳ ᠡᠷᠭᠢᠵᠦ ᠢᠷᠡᠭᠡᠳ᠄
       — ᠠᠵᠢᠷᠭᠠᠨ ᠳ᠋ᠤ᠌ ᠴᠢᠨᠢ ᠦᠨ᠎ᠡ ᠬᠠᠶᠠᠶ᠎ᠠ᠂ ᠴᠢ ᠳᠤᠤᠭᠠᠷᠤᠭᠠᠴᠢ! ᠭᠡᠯᠴᠡᠪᠡ᠃ ᠬᠡᠷᠦᠯᠦᠨᠵᠢᠨ ᠦ᠌ ᠠᠪᠤ᠄ 
       — ᠠᠰᠠᠷ ᠲᠤ᠌ ᠣᠷᠣᠭᠠᠳ ᠠᠴᠢᠭ ᠱ᠌ᠢᠷᠦᠨ ᠨᠣᠶᠠᠨ ᠲᠠᠢ ᠦᠨ᠎ᠡ ᠬᠠᠶᠠᠯᠴᠠ ᠳᠠ᠃ ᠪᠢ ᠲᠠᠨᠠᠷ ᠲᠤ᠌ ᠡᠵᠡᠨ ᠲᠡᠢ ᠭᠡᠰᠡᠨ ᠰᠢᠦ ᠳᠡ᠃ 
       — ᠦ᠂ ᠡᠨᠡ ᠮᠠᠭᠤ ᠪᠢᠯᠳᠠᠤᠴᠢ᠂ ᠨᠣᠶᠠᠨ ᠳ᠋ᠠᠭᠠᠨ ᠡᠷᠭᠦᠴᠢᠬᠡᠵᠡᠢ᠃ ᠭᠥᠯᠥᠭᠡ᠂ ᠨᠣᠬᠠᠢ! ᠭᠡᠵᠦ ᠬᠠᠮᠤᠭ ᠮᠠᠭᠤ ᠦᠭᠡ ᠪᠡᠨ ᠬᠡᠯᠡᠵᠦ ᠬᠠᠷᠢᠶᠠᠯ ᠲᠠᠯᠪᠢᠭᠠᠳ ᠪᠤᠴᠠᠵᠠᠭᠠᠪᠠ᠃ 
       ᠬᠡᠷᠦᠯᠦᠨᠵᠢᠨ ᠦ᠌ ᠠᠪᠤ ᠰᠠᠨᠠᠭ᠎ᠠ ᠠᠮᠠᠷᠠᠭᠰᠠᠨ ᠪᠣᠯᠤᠯᠲᠠᠢ᠂ ᠨᠡᠯᠢᠶᠡᠳ ᠵᠠᠢᠳᠠᠭᠤ ᠭᠠᠷᠴᠤ ᠪᠣᠭᠣᠳᠠᠯ ᠲᠠᠢ ᠶᠠᠭᠤᠮ᠎ᠠ ᠪᠠᠨ ᠵᠠᠳᠠᠯᠬᠤ ᠳ᠋ᠤ᠌ ᠠᠮᠲᠠᠲᠤ ᠦᠵᠦᠮ᠂ ᠪᠠᠯ ᠪᠤᠷᠠᠮ᠂ ᠨᠠᠨᠵᠢᠩ ᠴᠢᠪᠠᠭ᠎ᠠ᠂ ᠪᠣᠣᠪᠣ ᠰᠢᠬᠢᠷ ᠪᠠᠢᠪᠠ᠃ ᠠᠭᠤᠯᠠ ᠤᠰᠤᠨ ᠳ᠋ᠠᠭᠠᠨ ᠡᠷᠭᠦᠭᠡᠳ ᠥᠪᠡᠷ ᠢ᠋ᠶ᠋ᠡᠨ ᠠᠪᠴᠤ ᠠᠮᠰᠠᠨ ᠮᠣᠷᠢᠨ ᠤ᠋ ᠬᠦᠦ᠂ ᠬᠡᠷᠦᠯᠦᠨᠵᠢᠨ᠂ ᠪᠣᠭᠣᠷᠴᠢ ᠨᠠᠷ ᠲᠤ᠌ ᠠᠳᠬᠤᠵᠤ ᠥᠭᠭᠦᠭᠡᠳ ᠴᠠᠭᠠᠰᠢ ᠬᠢᠵᠦ᠄ 
       — ᠬᠡᠷᠦᠯᠦᠨᠵᠢᠨ ᠠ᠋᠂ ᠣᠳᠣ ᠭᠤᠷᠪᠠᠭᠤᠯᠠ ᠭᠡᠷ ᠤᠷᠤᠭᠤ ᠪᠠᠨ ᠪᠤᠴᠠᠶ᠎ᠠ᠃ ᠡᠨᠳᠡ ᠬᠣᠩᠭᠣᠷ ᠠᠵᠢᠷᠭ᠎ᠠ ᠶ᠋ᠢ ᠮᠢᠨᠢ ᠱᠣᠬᠣᠭᠣᠷᠬᠠᠭᠠᠳ ᠠᠮᠢᠲᠠᠨ ᠤ᠋ ᠨᠢᠳᠦᠨ ᠬᠣᠣᠷ ᠤᠷᠤᠭᠤ ᠨᠢ᠃ ᠱᠠᠯᠠᠪᠬᠠᠨ ᠠᠷᠢᠯᠵᠤ ᠣᠳᠤᠶ᠎ᠠ ᠭᠡᠯ᠎ᠡ᠃ 
       ᠲᠡᠭᠡᠭᠡᠳ ᠮᠣᠷᠳᠠᠵᠤ ᠵᠡᠭᠦᠨ ᠵᠦᠭ ᠴᠢᠭᠯᠡᠬᠦ ᠳ᠋ᠦ᠍ ᠨᠠᠷᠠᠨ ᠰᠢᠩᠭᠡᠵᠦ ᠪᠠᠢᠪᠠ᠃ ᠬᠡᠷᠦᠯᠦᠨᠵᠢᠨ᠄ 
       — ᠠᠪᠤ ᠠ᠋᠂ ᠪᠢ ᠦᠯᠡᠳᠡᠵᠦ ᠵᠢᠭᠠᠬᠠᠨ ᠪᠠᠢᠵᠤ ᠪᠠᠢᠭᠠᠳ ᠠᠷᠤ ᠠ᠋ᠴᠠ ᠴᠢᠨᠢ ᠳᠠᠪᠬᠢᠭᠠᠳ ᠣᠴᠢᠶ᠎ᠠ ᠭᠡᠪᠡ᠃  
       — ᠠ᠋᠂ ᠮᠡᠳᠡᠬᠦ ᠦᠭᠡᠢ᠂ ᠰᠥᠨᠢ ᠲᠥᠭᠡᠷᠢᠴᠢᠬᠡᠨ᠎ᠡ᠃ 
       — ᠲᠥᠭᠡᠷᠢᠬᠦ ᠦᠭᠡᠢ ᠠ᠋᠂ ᠤᠳᠠᠬᠤ ᠦᠭᠡᠢ ᠣᠴᠢᠨ᠎ᠠ᠃ 
       ᠲᠡᠷᠡ ᠬᠣᠶᠠᠷ ᠮᠣᠷᠢᠨ ᠳᠡᠭᠡᠷ᠎ᠡ ᠪᠡᠨ ᠨᠢᠭᠡ ᠲᠡᠪᠡᠷᠢᠯᠳᠦᠯ᠎ᠡ᠃ ᠪᠣᠭᠣᠷᠴᠢ᠄ 
       — ᠪᠢ ᠴᠢᠮᠠᠳᠠᠭᠠᠨ ᠤᠳᠠᠬᠤ ᠦᠭᠡᠢ ᠣᠴᠢᠨ᠎ᠠ ᠭᠡᠯ᠎ᠡ᠃ ᠬᠡᠷᠦᠯᠦᠨᠵᠢᠨ᠄ ᠮᠠᠨᠠᠢᠬᠢ ᠬᠡᠷᠦᠯᠦᠨ ᠦ᠌ ᠬᠣᠢᠲᠤ ᠲᠠᠯ᠎ᠠ ᠳ᠋ᠤ᠌ ᠤᠳᠠᠬᠤ ᠦᠭᠡᠢ ᠪᠠᠭᠤᠨ᠎ᠠ᠃ ᠨᠠᠮᠤᠷᠵᠢᠭᠠᠳ ᠭᠤᠷᠪᠠᠨ ᠲᠠᠷᠭᠤᠨ ᠳ᠋ᠠᠭᠠᠨ ᠢᠷᠡᠵᠦ ᠡᠪᠦᠯᠵᠢᠨ᠎ᠡ ᠭᠡᠪᠡ᠃ ᠪᠣᠭᠣᠷᠴᠢ᠄ 
       — ᠵᠠ᠂ ᠬᠣᠩᠭᠣᠷ ᠮᠢᠨᠢ ᠳᠠᠪᠬᠢ ᠳᠠ᠃ ᠠᠪᠤ ᠶ᠋ᠢᠨ ᠴᠢᠨᠢ ᠰᠡᠳᠬᠢᠯ ᠵᠣᠪᠠᠨ᠎ᠠ᠃ ᠪᠢ ᠨᠢᠭᠡ ᠠᠷᠭ᠎ᠠ ᠪᠣᠳᠣᠵᠤ ᠣᠯᠤᠭᠠᠳ ᠴᠢᠮᠠᠲᠤ ᠢᠷᠡᠨ᠎ᠡ᠃ ᠵᠠ᠂ ᠬᠣᠶᠠᠭᠤᠯᠠ ᠪᠠᠨ ᠬᠣᠶᠠᠷ ᠳᠠᠰᠢ ᠪᠠᠨ! ᠨᠢᠭᠡ᠂ ᠬᠣᠶᠠᠷ᠂ ᠭᠤᠷᠪᠠ ᠠ᠋ ᠭᠡᠳ ᠥᠰᠥᠷᠬᠡᠴᠢᠬᠡᠯ᠎ᠡ᠃ ᠪᠣᠭᠣᠷᠴᠢ ᠲᠦᠳᠡᠯ ᠦᠭᠡᠢ ᠮᠣᠷᠢᠨ ᠤ᠋ ᠪᠠᠨ ᠠᠮᠠ ᠶ᠋ᠢ ᠲᠠᠲᠠᠵᠤ ᠡᠷᠭᠢᠨ ᠬᠡᠷᠦᠯᠦᠨᠵᠢᠨ ᠦ᠌ ᠠᠷᠤ ᠠ᠋ᠴᠠ ᠳᠠᠪᠬᠢᠪᠠ᠃ ᠬᠡᠰᠡᠭ ᠳᠠᠪᠬᠢᠯ᠎ᠠ᠃ ᠵᠣᠷᠢᠯᠭ᠎ᠠ ᠴᠤ᠌ ᠲᠣᠳᠣᠷᠬᠠᠢ ᠪᠤᠰᠤ᠃ ᠲᠡᠭᠡᠲᠡᠯ᠎ᠡ ᠬᠡᠷᠦᠯᠦᠨᠵᠢᠨ ᠦ᠌ ᠠᠪᠤ ᠡᠴᠢᠭᠡ ᠲᠡᠮᠦᠷᠵᠢ ᠬᠠᠰᠬᠢᠷᠴᠤ᠂ ᠨᠠᠭᠠᠨ᠎ᠠ ᠨᠢ᠄
       — ᠠᠪᠤ ᠠ᠋᠂ ᠣᠴᠢᠵᠤ ᠶᠠᠪᠤᠨ᠎ᠠ ᠠ᠋! ᠭᠡᠬᠦ ᠳᠠᠭᠤ ᠰᠣᠨᠣᠰᠴᠤ ᠰᠡᠳᠬᠢᠯ ᠨᠢ ᠠᠮᠠᠷᠠᠵᠤ ᠪᠤᠴᠠᠪᠠ᠃