ᠨᠤᠲᠤᠭ-ᠠᠯᠲᠠᠨᠵᠢᠷᠭᠠᠯNutag-AltanjargalНутаг-Алтанжаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ-ᠠᠯᠲᠠᠨᠵᠢᠷᠭᠠᠯNutag-AltanjargalНутаг-Алтанжаргал

ᠨᠤᠲᠤᠭ-ᠠᠯᠲᠠᠨᠵᠢᠷᠭᠠᠯNutag-AltanjargalНутаг-Алтанжаргал

ᠠᠩᠭᠢᠯᠠᠯ:ᠳᠠᠭᠤᠤ ᠬᠥᠭᠵᠢᠮ
2026-02-25

332

ᠨᠤᠲᠤᠭ


  ᠦᠭᠡ᠄ ᠳ᠂ ᠴᠣᠣᠳᠠᠯ 
  ᠠᠶ᠎ᠠ᠄ ᠪ᠂ ᠰᠢᠷᠠᠪ 
  ᠳᠠᠭᠤᠴᠢᠨ᠄ ᠪ᠂ ᠠᠯᠲᠠᠨᠵᠢᠷᠭᠠᠯ 

ᠠᠯᠲᠠᠨ ᠬᠤᠨᠳᠠᠭ᠎ᠠ ᠶ᠋ᠢᠨ ᠳᠡᠯᠪᠡᠭᠡᠨ ᠳ᠋ᠦ᠍ ᠨᠢ 
ᠮᠥᠩᠭᠥᠨ ᠰᠢᠭᠦᠳᠡᠷᠢ ᠰᠥᠩᠨᠡᠭᠡᠰᠦᠲᠡᠢ 
ᠠᠪᠤ ᠶ᠋ᠢᠨ ᠮᠥᠷ ᠲᠡᠢ ᠰᠢᠷᠣᠢ ᠳ᠋ᠤ᠌ ᠨᠢ 
ᠶᠢᠰᠦᠨ ᠡᠷᠳᠡᠨᠢ ᠦᠶᠡᠯᠡᠭᠡᠰᠦᠲᠡᠢ 
ᠠᠪᠤ ᠶ᠋ᠢᠨ ᠮᠥᠷ ᠲᠡᠢ ᠰᠢᠷᠣᠢ ᠳ᠋ᠤ᠌ ᠨᠢ 
ᠶᠢᠰᠦᠨ ᠡᠷᠳᠡᠨᠢ ᠦᠶᠡᠯᠡᠭᠡᠰᠦᠲᠡᠢ 

ᠰᠦᠷᠦᠭ ᠦ᠋ᠨ ᠪᠡᠯᠴᠢᠭᠡᠷ ᠪᠠᠯ ᠤᠷᠤᠭᠤ ᠪᠠᠨ
ᠰᠡᠭᠦᠳᠡᠷ ᠴᠦ᠍ ᠦᠭᠡᠢ ᠬᠥᠬᠡᠷᠡᠭᠡᠰᠦᠲᠡᠢ
ᠰᠦ ᠪᠡᠨ ᠡᠷᠭᠦᠬᠦ ᠡᠵᠢ ᠮᠢᠨᠢ
ᠬᠦᠦ ᠪᠡᠨ ᠲᠠᠩᠳᠠ ᠰᠠᠨᠠᠭᠠᠰᠤᠲᠠᠢ
ᠰᠦ ᠪᠡᠨ ᠡᠷᠭᠦᠬᠦ ᠡᠵᠢ ᠮᠢᠨᠢ
ᠬᠦᠦ ᠪᠡᠨ ᠲᠠᠩᠳᠠ ᠰᠠᠨᠠᠭᠠᠰᠤᠲᠠᠢ

ᠰᠠᠯᠠᠭ᠎ᠠ ᠮᠢᠩᠭᠠᠨ ᠲᠦᠬᠦᠯ ᠢ᠋ᠶ᠋ᠡᠷ ᠨᠢ
ᠰᠠᠯᠬᠢ ᠲᠥᠭᠡᠷᠢᠭᠡᠳ ᠤᠳᠠᠭᠠᠰᠤᠲᠠᠢ
ᠰᠠᠯᠭᠠᠭᠤ ᠬᠣᠯᠠ ᠡᠴᠡ ᠨᠠᠮ᠎ᠠ ᠶ᠋ᠢ ᠪᠡᠨ
ᠰᠡᠷᠡᠨ ᠢ᠋ᠶ᠋ᠡᠷ ᠴᠦ᠍ ᠨᠠᠷᠠᠨ ᠢ᠋ᠶ᠋ᠠᠷ ᠴᠤ᠌ ᠳᠠᠭᠤᠳᠠᠭᠠᠰᠤᠲᠠᠢ
ᠰᠠᠯᠭᠠᠭᠤ ᠬᠣᠯᠠ ᠡᠴᠡ ᠨᠠᠮ᠎ᠠ ᠶ᠋ᠢ ᠪᠡᠨ
ᠰᠡᠷᠡᠨ ᠢ᠋ᠶ᠋ᠡᠷ ᠴᠦ᠍ ᠨᠠᠷᠠᠨ ᠢ᠋ᠶ᠋ᠠᠷ ᠴᠤ᠌ ᠳᠠᠭᠤᠳᠠᠭᠠᠰᠤᠲᠠᠢ

ᠠᠪᠤ ᠶ᠋ᠢᠨ ᠮᠥᠷ ᠲᠡᠢ ᠰᠢᠷᠣᠢ ᠳ᠋ᠤ᠌ ᠨᠢ
ᠶᠢᠰᠦᠨ ᠡᠷᠳᠡᠨᠢ ᠦᠶᠡᠯᠡᠭᠡᠰᠦᠲᠡᠢ
ᠰᠦ ᠪᠡᠨ ᠡᠷᠭᠦᠬᠦ ᠡᠵᠢ ᠮᠢᠨᠢ
ᠬᠦᠦ ᠪᠡᠨ ᠲᠠᠩᠳᠠ ᠰᠠᠨᠠᠭᠠᠰᠤᠲᠠᠢ

  ᠦᠰᠦᠭ ᠠᠮᠢᠯᠠᠭᠤᠯᠵᠤ ᠬᠠᠲᠠᠭᠰᠠᠨ ᠨᠢ᠄ ᠰᠣᠳᠣ