ᠡᠬᠡ ᠶ᠋ᠢᠨ ᠰᠡᠳᠬᠢᠯ-ᠫ ᠪᠠᠳᠢᠷᠴᠢ ᠰᠢᠯᠦᠭЭхийн сэтгэл-п бадарч шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠶ᠋ᠢᠨ ᠰᠡᠳᠬᠢᠯ-ᠫ ᠪᠠᠳᠢᠷᠴᠢ ᠰᠢᠯᠦᠭЭхийн сэтгэл-п бадарч шүлэг

ᠡᠬᠡ ᠶ᠋ᠢᠨ ᠰᠡᠳᠬᠢᠯ-ᠫ ᠪᠠᠳᠢᠷᠴᠢ ᠰᠢᠯᠦᠭЭхийн сэтгэл-п бадарч шүлэг

2022-10-31

789

ᠡᠬᠡ ‍ᠶ᠋ᠢᠨ ᠰᠡᠳᠬᠢᠯ

       ᠫ ᠪᠠᠳᠢᠷᠴᠢ
ᠡᠵᠢ ᠨᠢ ᠮᠠᠭᠤ ᠬᠦᠦ ᠎ᠪᠡᠨ ᠦᠬᠦᠵᠦ ᠭᠡᠵᠦ ᠵᠡᠭᠦᠳᠦᠯᠡᠯ᠎ᠡ
ᠡᠶ᠋ᠢᠮᠦ ᠠᠶᠤᠮᠠᠷ ᠵᠡᠭᠦᠳᠦ ᠪᠢ ᠨᠠᠶᠠᠨ ᠨᠠᠰᠤᠯᠠᠬᠤ ᠳ᠋ᠠᠭᠠᠨ ᠵᠡᠭᠦᠳᠦᠯᠡᠭᠡ ᠦᠭᠡᠢ ᠶᠤᠮ ᠪᠠᠶ᠋ᠢᠨ᠎ᠠ ᠳ᠋ᠠ
ᠰᠠᠭᠠᠯᠢ ᠰᠦᠨ ‍ᠳᠦ ᠎ᠪᠡᠨ ᠳᠡᠪᠡᠯᠵᠡᠵᠦ ᠶᠠᠪᠤᠭᠰᠠᠨ ᠴᠦ᠍

ᠰᠠᠨᠠᠭ᠎ᠠ ᠰᠡᠳᠬᠢᠯ ᠮᠢᠨᠢ ᠳᠡᠭᠡᠯᠵᠡᠵᠦ ᠪᠠᠶ᠋ᠢᠭᠰᠠᠨ ᠴᠤ᠌
ᠰᠠᠷᠨᠢᠬᠤ ᠪᠣᠳᠣᠯ ‍ᠤᠨ ᠦᠵᠦᠭᠦᠷ ᠎ᠡᠴᠡ
ᠮᠠᠭᠤ ᠬᠦᠦ ᠮᠢᠨᠢ ᠭᠠᠷᠬᠤ ᠦᠭᠡᠢ ᠶᠤᠮ ᠡ
ᠰᠠᠶ᠋ᠢᠬᠠᠨ ᠰᠢᠯᠦᠭ ᠪᠢᠴᠢᠵᠦ ᠭᠡᠨ᠎ᠡ᠂ ᠮᠢᠨᠦ ᠬᠦᠦ
ᠠᠮᠢᠲᠠᠨ ᠬᠥᠮᠦᠨ ᠤᠩᠰᠢᠵᠤ ᠪᠠᠶ᠋ᠢᠨ᠎ᠠ
ᠰᠠᠶ᠋ᠢᠬᠠᠨ ᠳᠠᠭᠤᠤ ᠵᠣᠬᠢᠶᠠᠵᠤ ᠭᠡᠨ᠎ᠡ ᠂ ᠮᠢᠨᠦ ᠬᠦᠦ
ᠷᠠᠳᠢᠣ᠋ ᠎ᠪᠠᠷ ᠳᠠᠭᠤᠯᠠᠵᠤ ᠪᠠᠶ᠋ᠢᠨ᠎ᠠ ᠪᠢᠯᠡ
ᠢᠵᠢᠢ ᠨᠢ ᠰᠣᠨᠣᠰᠤᠭᠰᠠᠨ ᠰᠠᠶ᠋ᠢᠨ ᠶᠠᠪᠤᠨ᠎ᠠ ᠭᠡᠨ᠎ᠡ᠂ ᠮᠢᠨᠦ ᠬᠦᠦ
ᠠᠶᠠᠨ ᠵᠠᠮ ‍ᠤᠨ ᠬᠥᠮᠦᠨ ᠬᠡᠯᠡᠵᠦ ᠪᠠᠶ᠋ᠢᠨ᠎ᠠ
ᠮᠠᠭᠤ ᠶᠠᠪᠤᠨ᠎ᠠ ᠭᠡᠨ᠎ᠡ᠂ ᠮᠢᠨᠦ ᠮᠠᠭᠤ ᠬᠦᠦ
ᠠᠮᠠᠨ ‍ᠤ ᠵᠤᠭ᠎ᠠ ᠪᠣᠯᠭᠠᠨ ᠶᠠᠷᠢᠵᠤ ᠪᠠᠶ᠋ᠢᠨ᠎ᠠ
ᠠᠯᠢ ᠨᠢ ᠴᠦ᠍ ᠢᠵᠢᠢ ᠎ᠳ᠋ᠦ᠍ ᠨᠢ ᠢᠯᠭᠠᠭ᠎ᠠ ᠥᠬᠡᠢ
ᠠᠮᠢᠳᠤ ᠶᠠᠪᠤᠭ᠎ᠠ ᠴᠢᠨᠢ ᠯᠡ ᠢᠵᠢᠢ ᠎ᠳ᠋ᠦ᠍ ᠎ᠪᠡᠨ
ᠠᠯᠳᠠᠷ ᠨᠡᠷ᠎ᠡ ᠎ᠡᠴᠡ ᠴᠦ᠍ ᠢᠯᠡᠭᠦᠦ ᠳ᠋ᠠ
ᠢᠵᠢᠢ ᠨᠢ ᠬᠦᠦ ᠎ᠪᠡᠨ ᠶᠡᠬᠡ ᠰᠠᠨᠠᠬᠤ ᠶᠤᠮ ᠠ᠋
ᠲᠡᠮᠡᠭᠡ ᠲᠡᠮᠡᠭᠡ ᠴᠠᠭᠠᠨ ᠡᠭᠦᠯᠡ ‍ᠶ᠋ᠢ ᠲᠡᠭᠷᠢ ‍ᠳᠤ ᠎ᠪᠠᠨ ᠴᠠᠷᠴᠠᠲᠠᠯ᠎ᠠ
ᠪᠢ ᠴᠢᠮ᠎ᠠ ‍ᠶ᠋ᠢ ᠬᠠᠷᠠᠭᠤᠯᠳᠠᠳᠠᠭ
ᠲᠡᠭᠷᠢ ‍ᠶ᠋ᠢᠨ ᠲᠡᠷᠡ ᠶᠠᠭᠠᠨ ᠬᠠᠶᠠᠭ᠎ᠠ ‍ᠶ᠋ᠢ ᠴᠠᠪᠠ ᠰᠠᠭᠤᠲᠠᠯ᠎ᠠ ᠨᠢ

ᠪᠢ ᠬᠦᠦ ᠎ᠪᠡᠨ ᠢᠷᠡᠬᠦ ᠪᠠᠶ᠋ᠢᠬᠤ ᠭᠡᠵᠦ ᠭᠣᠷᠢᠳᠠᠳᠠᠭ
ᠮᠢᠨᠦ ᠬᠦᠦ ᠢᠵᠢᠢ ‍ᠳᠦ ᠎ᠪᠡᠨ 
ᠢᠷᠡᠬᠦ ᠦᠭᠡᠢ ᠶᠤᠮ ᠡ   
ᠡᠵᠢ ᠨᠢ ᠬᠦᠦ ᠎ᠪᠡᠨ ᠶᠡᠬᠡ ᠰᠠᠨᠠᠬᠤ ᠶᠤᠮ ᠠ᠋
ᠠᠷᠤᠭ ᠰᠠᠪᠠᠷ ᠬᠣᠶᠠᠷ ‍ᠢᠶ᠋ᠡᠨ ᠵᠥᠷᠢᠭᠦᠯᠦᠨ ᠪᠠᠶ᠋ᠢᠵᠤ ᠪᠢ ᠴᠢᠮᠠᠶ᠋ᠢ ᠪᠣᠳᠣᠳᠠᠭ
ᠠᠷᠭᠠᠯ ᠴᠢᠯᠠᠭᠤ ᠬᠣᠶᠠᠷ ‍ᠢ ᠠᠨᠳᠠᠭᠤᠷᠠᠨ ᠲᠡᠭᠦᠵᠦ ᠪᠢ ᠬᠦᠦ ᠎ᠪᠡᠨ ᠰᠠᠨᠠᠳᠠᠭ ᠳ᠋ᠠ
ᠮᠢᠨᠦ ᠬᠦᠦ ᠢᠵᠢᠢ ‍ᠳᠦ ᠎ᠪᠡᠨ
ᠢᠷᠡᠬᠦ ᠦᠭᠡᠢ ᠶᠤᠮ ᠡ
ᠡᠵᠢ ᠨᠢ ᠬᠦᠦ ᠎ᠪᠡᠨ ᠶᠡᠬᠡ ᠰᠠᠨᠠᠬᠤ ᠶᠤᠮ ᠠ᠋
ᠬᠥᠮᠦᠨ ‍ᠦ ᠬᠦᠦ ᠢᠵᠢᠢ ‍ᠳᠦ ᠎ᠪᠡᠨ ᠢᠷᠡᠵᠦ ᠭᠡᠨ᠎ᠡ
ᠭᠣᠣᠯ ᠤᠰᠤ ᠎ᠪᠠᠷ ᠨᠢᠭᠡ ᠨᠠᠶ᠋ᠢᠷ ᠨᠠᠭᠠᠳᠤᠮ ᠪᠣᠯᠵᠤ ᠪᠠᠶ᠋ᠢᠨ᠎ᠠ
ᠮᠢᠨᠦ ᠮᠠᠭᠤ ᠬᠦᠦ ᠪᠣᠯᠬᠣᠷ
ᠱᠣᠷᠣᠩ ᠎ᠳ᠋ᠤ᠌ ᠣᠷᠣᠵᠤ ᠭᠡᠨ᠎ᠡ
ᠭᠣᠣᠯ ‍ᠢ ᠮᠢᠨᠢ ᠭᠣᠪᠢᠳᠠᠬᠤ ᠰᠢᠭ᠋ ᠬᠡᠯᠡᠵᠦ ᠪᠠᠶ᠋ᠢᠨ᠎ᠠ
ᠠ ᠂ ᠶᠠᠭᠠᠬᠢᠳᠠᠭ ᠶᠤᠮ ᠣᠷᠣᠭ᠎ᠠ ᠯᠠ ᠪᠢᠵᠡ
ᠭᠠᠳᠠᠭᠰᠢ ᠎ᠪᠠᠨ ᠪᠢ ᠬᠦᠦ ᠎ᠪᠡᠨ ᠥᠮᠥᠭᠡᠷᠡᠯ᠎ᠡ
ᠳᠣᠲᠣᠭᠰᠢ ᠎ᠪᠠᠨ ᠪᠢ ᠥᠮᠥᠯᠵᠡᠯ᠎ᠡ
ᠮᠢᠨᠦ ᠬᠦᠦ ᠴᠢᠨᠢ ᠢᠵᠢᠢ ᠎ᠪᠡᠨ ᠭᠠᠯ ᠰᠢᠭ᠋ ᠵᠠᠯᠠᠭᠤᠬᠠᠨ ᠶᠠᠪᠤᠬᠤ ᠎ᠳ᠋ᠤ᠌
ᠦᠰᠦᠷᠦᠭᠰᠡᠨ ᠣᠴᠢ ᠮᠢᠨᠢ ᠶᠤᠮ ᠰᠠᠨ
ᠭᠠᠭᠴᠠ ᠪᠡᠶ᠎ᠡ ᠽᠠᠨᠳᠠᠨ ᠭᠠᠯᠭᠢᠵᠤ ᠶᠠᠪᠤᠬᠤ ᠎ᠳ᠋ᠤ᠌ ᠮᠢᠨᠢ ᠲᠠᠰᠤᠷᠠᠭᠰᠠᠨ ᠨᠠᠪᠴᠢ ᠮᠢᠨᠢ ᠶᠤᠮ ᠰᠠᠨ ᠳ᠋ᠠ
ᠡᠵᠢ ᠨᠢ ᠬᠦᠦ ᠎ᠪᠡᠨ ᠶᠡᠬᠡ ᠰᠠᠨᠠᠬᠤ ᠶᠤᠮ ᠳ᠋ᠠ
ᠶᠠᠳᠠᠵᠤ ᠶᠠᠪᠤᠭ᠎ᠠ ᠶᠤᠮ ᠪᠣᠯ ᠮᠢᠨᠦ ᠬᠦᠦ ᠲᠡᠨᠳᠡ ᠪᠠᠶ᠋ᠢᠭᠠᠳ ᠶᠠᠭᠤ ᠬᠢᠬᠦᠪ
ᠢᠵᠢᠢ ‍ᠳᠦ ᠯᠡ ᠬᠦᠷᠦᠭᠡᠳ ᠢᠷ᠎ᠡ
ᠶᠠᠳᠠᠷᠠᠵᠤ ᠶᠠᠪᠤᠭ᠎ᠠ ᠶᠤᠮ ᠪᠣᠯ ᠮᠢᠨᠦ ᠬᠦᠦ ᠲᠡᠨᠦᠵᠦ ᠶᠠᠪᠤᠭᠠᠳ ᠶᠠᠭᠤ ᠬᠢᠬᠦᠪ
ᠢᠵᠢᠢ ‍ᠳᠦ ᠎ᠪᠡᠨ ᠯᠡ ᠬᠦᠷᠦᠭᠡᠳ ᠢᠷ᠎ᠡ
ᠬᠥᠮᠦᠨ ‍ᠦ ᠨᠢᠳᠦᠨ ᠎ᠳ᠋ᠦ᠍ ᠪᠣᠯ ᠬᠥᠭᠵᠢᠲᠡᠢ ᠬᠠᠳᠠ ᠰᠢᠭ᠋
ᠬᠥᠬᠡ ᠲᠣᠯᠣᠭᠠᠢ ᠎ᠲᠠᠢ ᠬᠥᠭᠰᠢᠨ ᠬᠦᠦ ᠮᠢᠨᠢ
ᠢᠵᠢᠢ ‍ᠶ᠋ᠢᠨ ‍ᠢᠶ᠋ᠡᠨ ᠨᠢᠳᠦᠨ ‍ᠳᠦ ᠪᠣᠯ
ᠮᠠᠨᠴᠤᠢ ‍ᠳᠤ ᠎ᠪᠠᠨ ᠳᠡᠷᠪᠡᠯᠵᠡᠬᠦ ᠮᠢᠨᠳᠠᠰᠤ ᠴᠠᠭᠠᠨ ᠬᠦᠦ ᠮᠢᠨᠢ ᠢᠵᠢᠢ ‍ᠳᠦ ᠎ᠪᠡᠨ ᠬᠦᠷᠦᠭᠡᠳ ᠢᠷ᠎ᠡ
ᠦᠬᠦᠬᠦ ᠎ᠪᠡᠷ ‍ᠢᠶ᠋ᠡᠨ ᠪᠢ ᠴᠢᠮ᠎ᠠ ‍ᠶ᠋ᠢ ᠠᠶᠤᠯᠭᠠᠶ᠎ᠠ
ᠬᠥᠬᠥ ᠪᠡᠷ ‍ᠢᠶ᠋ᠡᠨ ᠪᠢ ᠴᠢᠮ᠎ᠠ ‍ᠶ᠋ᠢ ᠳᠠᠯᠠᠯᠤᠶ᠎ᠠ
ᠮᠢᠨᠦ ᠬᠦᠦ ᠢᠵᠢᠢ ‍ᠳᠦ ᠎ᠪᠡᠨ ᠢᠷ᠎ᠡ
ᠤᠬᠠᠭᠠᠨ ᠲᠠᠢ ᠳ᠋ᠠ ᠮᠢᠨᠦ ᠭᠠᠭᠴᠠ ᠬᠦᠦ ᠮᠢᠨᠢ
ᠬᠤᠷᠤᠢ ᠬᠣᠷᠤᠢ ᠬᠣᠷᠤᠢ
ᠤᠨᠠᠭ᠎ᠠ ᠰᠢᠭ᠋ ᠢᠵᠢᠢ ‍ᠳᠤ ᠎ᠪᠠᠨ ᠳᠠᠪᠬᠢᠭᠠᠳ ᠢᠷ᠎ᠡ
ᠬᠤᠷᠤᠢ ᠬᠣᠷᠤᠢ ᠬᠣᠷᠤᠢ