ᠡᠬᠡ ᠶ᠋ᠢᠨ ᠬᠠᠢᠷ᠎ᠠ-ᠭᠦᠩᠭᠠᠷEkhiin khair- GüngarЭхийн хайр- Гүнгар
ᠡᠬᠡ ᠶ᠋ᠢᠨ ᠬᠠᠢᠷ᠎ᠠ
ᠵᠣᠬᠢᠶᠠᠭᠴᠢ᠄ ᠭᠦᠩᠭᠠᠷ
ᠤᠶᠠᠩᠭᠠᠯᠠᠭᠴᠢ᠄ ᠰᠡᠳᠮᠠᠨᠢ
ᠡᠬᠡ ᠶ᠋ᠢᠨ ᠬᠠᠢᠷ᠎ᠠ ᠪᠣᠯ —
ᠥᠰᠴᠦ ᠪᠣᠢᠵᠢᠬᠤ ᠶ᠋ᠢᠨ ᠠᠮᠢᠯᠠᠯ ᠤ᠋ᠨ ᠬᠦᠴᠦᠨ
ᠥᠭᠡᠳᠡᠯᠡᠵᠦ ᠲᠠᠪᠰᠢᠬᠤ ᠶ᠋ᠢᠨ ᠠᠯᠲᠠᠨ ᠳᠥᠷᠥᠭᠡ
ᠦᠨᠡᠨᠴᠢᠬᠡᠨ ᠬᠠᠢᠷ᠎ᠠ ᠶ᠋ᠢᠨ ᠬᠣᠪᠣᠷᠬᠠᠨ ᠢᠪᠢᠯᠭᠡ
ᠥᠨᠢᠳᠡ ᠶ᠋ᠢᠨ ᠰᠢᠲᠦᠭᠡᠨ ᠦ᠌ ᠠᠮᠢᠳᠤ ᠪᠤᠷᠬᠠᠨ
ᠡᠬᠡ ᠶ᠋ᠢᠨ ᠬᠠᠢᠷ᠎ᠠ ᠪᠣᠯ —
ᠰᠦᠨᠳᠡᠷᠯᠡᠬᠦ ᠠᠭᠤᠯᠠᠰ ᠤ᠋ᠨ ᠱᠣᠩᠬᠤ ᠣᠷᠭᠢᠯ
ᠰᠥᠨᠢ ᠶ᠋ᠢ ᠭᠡᠢᠭᠦᠯᠬᠦ ᠲᠡᠷᠭᠡᠯ ᠰᠠᠷᠠᠨ
ᠰᠥᠰᠥ ᠵᠣᠷᠢᠭ ᠤ᠋ᠨ ᠣᠨᠳᠣᠷᠣᠯ ᠤ᠋ᠨ ᠪᠤᠯᠠᠭ
ᠰᠦᠯᠳᠡ ᠬᠡᠢᠮᠣᠷᠢ ᠶ᠋ᠢᠨ ᠮᠥᠩᠭᠥᠨ ᠪᠠᠭᠠᠨ᠎ᠠ
ᠡᠬᠡ ᠶ᠋ᠢᠨ ᠬᠠᠢᠷ᠎ᠠ ᠪᠣᠯ —
ᠬᠠᠷᠠᠬᠤ ᠨᠢᠳᠦᠨ ᠦ᠌ ᠲᠣᠷᠭᠠᠨ ᠴᠡᠴᠡᠭᠡᠢ
ᠬᠠᠯᠠ ᠵᠣᠪᠠᠯᠠᠩ ᠤ᠋ᠨ ᠥᠮᠥᠭ ᠲᠦᠰᠢᠭ
ᠬᠠᠩᠭᠠᠢ ᠳ᠋ᠤ᠌ ᠰᠦᠨᠳᠡᠷᠯᠡᠬᠦ ᠪᠣᠭᠳᠠ ᠠᠭᠤᠯᠠ
ᠬᠠᠢᠷ᠎ᠠ ᠰᠡᠳᠬᠢᠯ ᠦ᠋ᠨ ᠣᠩᠭᠣᠨ ᠪᠦᠷᠢᠯᠸ᠎ᠠ
ᠡᠬᠡ ᠶ᠋ᠢᠨ ᠬᠠᠢᠷ᠎ᠠ ᠪᠣᠯ —
ᠴᠡᠴᠡᠭᠡᠰ ᠢ᠋ ᠥᠩᠭᠡᠯᠡᠬᠦ ᠰᠢᠮᠡᠲᠦ ᠬᠥᠷᠥᠰᠥ
ᠴᠢᠬᠡᠴᠢ ᠵᠢᠷᠤᠮ ᠤ᠋ᠨ ᠦᠯᠢᠭᠡᠷ ᠵᠢᠱ᠌ᠢᠶ᠎ᠡ
ᠴᠢᠭᠯᠡᠯ ᠵᠦᠭ ᠦ᠋ᠨ ᠲᠣᠷᠭᠠᠨ ᠬᠠᠷᠭᠤᠢ
ᠴᠡᠭᠡᠵᠢᠨ ᠲᠠᠮᠢᠷ ᠤ᠋ᠨ ᠠᠷᠤᠤᠬᠠᠨ ᠳᠡᠭᠡᠵᠢ
ᠡᠬᠡ ᠶ᠋ᠢᠨ ᠬᠠᠢᠷ᠎ᠠ ᠪᠣᠯ —
ᠮᠦᠰᠢᠶᠡᠳᠦ ᠬᠠᠯᠭᠢᠯᠠᠭᠰᠠᠨ ᠤᠷᠲᠤ ᠶ᠋ᠢᠨ ᠳᠠᠭᠤᠤ
ᠮᠥᠷᠡᠨ ᠴᠠᠯᠭᠢᠯᠠᠭᠤᠯᠤᠭᠰᠠᠨ ᠬᠦᠴᠦᠲᠦ ᠤᠷᠤᠰᠬᠠᠯ
ᠮᠣᠩᠭᠣᠯ ᠭᠡᠷ ᠲᠸ᠋ ᠬᠢ ᠲᠤᠯᠭᠠᠲᠤ ᠴᠣᠭ
ᠮᠤᠷᠤᠯᠵᠠᠨ ᠤᠷᠤᠰᠬᠤ ᠬᠠᠲᠤᠨ ᠭᠣᠣᠯ
ᠡᠬᠡ ᠶ᠋ᠢᠨ ᠬᠠᠢᠷ᠎ᠠ ᠪᠣᠯ —
ᠬᠥᠮᠦᠨ ᠵᠤᠨ ᠤ᠋ ᠡᠨᠡᠷᠢᠯ ᠦ᠋ᠨ ᠡᠯᠴᠢᠨ
ᠬᠦᠰᠡᠯ ᠰᠡᠳᠬᠢᠯ ᠦ᠋ᠨ ᠭᠠᠭᠴᠠᠬᠠᠨ ᠲᠡᠮᠡᠦᠯᠦᠯᠲᠡ
ᠬᠦᠯᠦᠭ ᠳᠣᠪᠲᠣᠯᠭᠠᠭᠰᠠᠨ ᠴᠡᠴᠡᠭᠲᠦ ᠲᠠᠯ᠎ᠠ
ᠬᠥᠬᠡᠷᠡᠵᠦ ᠬᠠᠷᠠᠭᠳᠠᠬᠤ ᠮᠥᠩᠬᠡ ᠶ᠋ᠢᠨ ᠨᠠᠷᠠᠰᠤ
ᠡᠬᠡ ᠶ᠋ᠢᠨ ᠬᠠᠢᠷ᠎ᠠ ᠪᠣᠯ —
ᠰᠦ᠋ ᠦᠨᠦᠷᠲᠦᠭᠰᠡᠨ ᠮᠢᠨᠳᠠᠰᠤᠨ ᠥᠯᠥᠭᠡᠢ
ᠰᠦᠰᠦᠭᠯᠡᠵᠦ ᠳᠠᠭᠠᠳᠬᠠᠬᠤ ᠡᠯᠪᠡᠷᠢᠯ ᠦ᠋ᠨ ᠲᠠᠷᠨᠢ
ᠰᠣᠳᠣᠨ ᠮᠣᠩᠭᠣᠯ ᠤ᠋ᠨ ᠠᠯᠤᠩᠭᠤᠸ᠎ᠠ ᠡᠬᠡ
ᠰᠤᠳᠤᠷ ᠲᠡᠦᠬᠡᠨ ᠳ᠋ᠦ᠍ ᠬᠢ ᠠᠯᠲᠠᠨ ᠬᠠᠭᠤᠳᠠᠰᠤ
ᠡᠬᠡ ᠶ᠋ᠢᠨ ᠬᠠᠢᠷ᠎ᠠ ᠪᠣᠯ —
ᠶᠠᠷᠢᠭᠠᠳ ᠪᠠᠷᠠᠰᠢ ᠦᠭᠡᠢ ᠦᠯᠢᠭᠡᠷ ᠦ᠋ᠨ ᠤᠭᠤᠲᠠ
ᠶᠠᠪᠤᠭᠠᠳ ᠪᠠᠷᠠᠰᠢ ᠦᠭᠡᠢ ᠰᠣᠯᠣᠩᠭᠠᠨ ᠬᠥᠭᠥᠷᠭᠡ
ᠤᠨᠳᠤᠷᠤᠭᠠᠳ ᠪᠠᠷᠠᠰᠢ ᠦᠭᠡᠢ ᠷᠠᠰᠢᠶᠠᠨ ᠪᠤᠯᠠᠭ
ᠤᠶᠠᠩᠭᠠᠯᠠᠭᠠᠳ ᠪᠠᠷᠠᠰᠢ ᠦᠭᠡᠢ ᠠᠮᠢᠳᠤ ᠰᠢᠯᠦᠭ ᠠ᠋!
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
