ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠭᠤᠷᠪᠠ> Хүлэг баатар буурч - Б. Өлзийсүрэн <Тэргүүн бүлэг-3>
ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ
ᠭᠤᠷᠪᠠ
ᠬᠥᠳᠡᠭᠡ ᠬᠡᠭᠡᠷ᠎ᠡ ᠶ᠋ᠢᠨ ᠤᠶᠠᠩᠭ᠎ᠠ
ᠬᠦᠯᠦᠭ ᠦ᠋ᠨ ᠲᠣᠭᠣᠰᠣᠨ ᠳᠣᠣᠷ᠎ᠠ ᠠ᠋ᠴᠠ ᠴᠤᠤᠷᠢᠶᠠᠳᠤᠨ᠎ᠠ
ᠬᠡᠦᠬᠡᠳ ᠪᠠᠭᠠᠴᠤᠳ ᠤ᠋ᠨ ᠭᠢᠩᠭᠣᠣ
ᠬᠦᠪᠦᠷᠡᠬᠦ ᠰᠡᠳᠬᠢᠯ ᠢ᠋ ᠤᠷᠢᠶᠠᠯᠠᠨ᠎ᠠ
ᠨᠠᠬᠤ ᠶ᠋ᠢᠨ ᠬᠢᠨ ᠪᠠᠷᠠᠭᠤᠨ ᠲᠠᠷᠭᠤᠨ ᠤ᠋ ᠪᠠᠷᠠᠭᠤᠨ ᠬᠤᠸᠠ ᠳ᠋ᠤ᠌ ᠢᠷᠡᠵᠦ ᠪᠠᠭᠤᠵᠤ ᠠᠷᠪᠠᠨ ᠲᠠᠪᠤ ᠬᠣᠨᠣᠭᠠᠳ ᠠᠷᠪᠠᠨ ᠵᠢᠷᠭᠤᠭᠠᠳᠠᠬᠢ ᠶ᠋ᠢᠨ ᠥᠷᠯᠥᠭᠡ ᠡᠷᠲᠡᠯᠡᠨ ᠦᠦᠷ ᠴᠦᠷ ᠢ᠋ᠶ᠋ᠡᠷ ᠨᠡᠭᠦᠵᠦ ᠬᠥᠳᠡᠯᠪᠡ᠃ ᠡᠨᠡ ᠪᠣᠯ ᠪᠤᠭᠤᠷᠴᠢ ᠳ᠋ᠤ᠌ ᠭᠤᠨᠢᠭ ᠲᠠᠢ ᠴᠤ᠌ ᠨᠠᠭᠠᠳᠤᠮ ᠤ᠋ᠨ ᠳᠤᠮᠳᠠᠭᠤᠷ《ᠠᠭᠤᠯᠵᠠᠨ᠎ᠠ》 ᠭᠡᠰᠡᠨ ᠭᠡᠷᠦᠯᠦᠨᠵᠢᠨ ᠦ᠌ ᠦᠭᠡ ᠲᠡᠭᠦᠨ ᠦ᠌ ᠤᠷᠮ᠎ᠠ ᠶ᠋ᠢ ᠰᠡᠷᠭᠦᠭᠡᠨ᠎ᠡ᠃ ᠲᠡᠳᠡᠨ ᠦ᠌ ᠬᠣᠯᠠ ᠬᠣᠩᠭᠣᠷ ᠠᠵᠢᠷᠭ᠎ᠠ ᠪᠣᠭᠣᠨᠢ ᠰᠤᠩᠭᠠᠭ᠎ᠠ ᠳ᠋ᠤ᠌ ᠲᠥᠷᠥᠭᠦᠯᠵᠦ ᠬᠤᠷᠳᠤ ᠪᠠᠨ ᠭᠠᠢᠬᠠᠭᠤᠯᠤᠭᠰᠠᠨ᠃ ᠲᠡᠷᠡ ᠨᠢ ᠪᠣᠭᠤᠷᠴᠢ ᠳ᠋ᠤ᠌ ᠪᠣᠯ ᠬᠥᠯ ᠨᠢ ᠭᠠᠵᠠᠷ ᠬᠦᠷᠬᠦ ᠦᠭᠡᠢ ᠬᠥᠪᠴᠦ ᠪᠠᠢᠭ᠎ᠠ ᠰᠢᠭ᠋ ᠰᠠᠨᠠᠭᠳᠠᠭᠰᠠᠨ᠃ ᠲᠡᠷᠡ ᠮᠢᠨᠦ ᠬᠤᠸᠠ ᠬᠣᠩᠭᠣᠷ ᠠᠵᠢᠷᠭ᠎ᠠ ᠶ᠋ᠢᠨ ᠲᠣᠭᠣᠰᠣ ᠶ᠋ᠢ ᠦᠵᠡᠬᠦ ᠪᠡᠷ ᠯᠠᠪᠲᠠᠢ ᠢᠷᠡᠨ᠎ᠡ ᠭᠡᠵᠦ ᠪᠣᠳᠣᠭᠳᠠᠨ᠎ᠠ᠃
ᠲᠡᠳᠡ ᠨᠠᠷᠠ ᠨᠡᠯᠢᠶᠡᠳ ᠳᠡᠭᠡᠷ᠎ᠡ ᠬᠥᠭᠡᠷᠦᠭᠡᠳ ᠢᠷᠡᠮᠡᠭᠴᠡ ᠪᠠᠭᠤᠵᠤ ᠤᠨᠠᠭ᠎ᠠ᠂ ᠮᠣᠷᠢᠳ ᠢ᠋ᠶ᠋ᠠᠨ ᠪᠠᠷᠢᠵᠤ ᠤᠶᠠᠯᠠ᠃ ᠥᠨᠵᠢᠭᠰᠡᠨ ᠠᠢᠷᠠᠭ ᠠ᠋ᠴᠠ ᠪᠠᠨ ᠤᠤᠭᠤᠵᠤ᠂ ᠲᠥᠰᠦᠷᠬᠡᠨ ᠠᠪᠴᠤ ᠲᠥᠬᠥᠭᠡᠷᠡᠭᠰᠡᠨ ᠬᠣᠨᠢᠨ ᠤ᠋ ᠣᠳᠤᠭᠰᠠᠨ ᠮᠢᠬ᠎ᠠ ᠰᠢᠷᠠᠵᠤ ᠢᠳᠡᠭᠡᠳ ᠴᠢᠭ ᠴᠢᠭ ᠦ᠋ᠨ ᠠᠵᠢᠯ ᠳ᠋ᠠᠭᠠᠨ ᠣᠷᠣᠪᠠ᠃ ᠨᠠᠬᠤ ᠡᠴᠢᠭᠡ ᠮᠣᠷᠳᠠᠭᠠᠳ ᠨᠢᠭᠡ ᠳᠠᠰᠢ ᠪᠠᠨ ᠶᠠᠪᠤᠯ᠎ᠠ᠃ ᠲᠡᠭᠦᠨ ᠳ᠋ᠦ᠍ ᠰᠠᠭᠤᠳᠠᠯ ᠭᠡᠵᠦ ᠶᠡᠷᠦ ᠦᠭᠡᠢ᠃ ᠮᠣᠷᠢᠨ ᠤ᠋ ᠬᠣᠶᠠᠷ ᠬᠦᠦ ᠨᠢᠭᠡ ᠨᠢᠭᠡ ᠮᠣᠷᠢ ᠤᠨᠤᠵᠤ᠂ ᠪᠤᠰᠤᠳ ᠮᠣᠷᠢᠳ ᠢ᠋ᠶ᠋ᠠᠨ ᠬᠥᠲᠥᠯᠦᠭᠡᠳ ᠤᠶᠠᠭ᠎ᠠ ᠪᠠᠨ ᠲᠣᠭᠣᠷᠢᠨ《ᠭᠢᠩᠭᠣᠣ》 ᠶ᠋ᠢ ᠠᠶᠠᠯᠬᠤ ᠠᠵᠢ᠃
ᠬᠣᠶᠠᠷ ᠬᠡᠦᠬᠡᠳ ᠦ᠋ᠨ ᠬᠣᠭᠣᠯᠠᠢ ᠨᠡᠢᠯᠡᠭᠦᠯᠦᠭᠰᠡᠨ ᠠᠶᠠᠯᠭᠤ ᠡᠬᠢᠨ ᠦ᠌ ᠬᠢᠨᠢ ᠦᠭᠡ ᠨᠢ ᠲᠣᠳᠣ ᠠ᠋ᠴᠠ ᠲᠣᠳᠣ ᠰᠣᠨᠣᠰᠳᠠᠭᠠᠳ ᠰᠡᠭᠦᠯ ᠰᠡᠭᠦᠯ ᠳ᠋ᠡᠭᠡᠨ ᠤᠶᠠᠩᠭᠠᠷᠠᠨ ᠵᠠᠮᠬᠠᠷᠠᠵᠤ ᠬᠣᠭᠣᠯᠠᠢ ᠨᠤᠭᠤᠷᠠᠨ《ᠭᠢᠩᠭᠣᠣ》 ᠨᠢ ᠲᠣᠳᠣ ᠳᠠᠪᠲᠠᠭᠳᠠᠨᠠ᠃
ᠬᠦᠯᠦᠭ ᠮᠢᠨᠦ᠂ ᠬᠦᠯᠦᠭ ᠮᠢᠨᠦ
ᠬᠤᠷᠳᠤᠯᠠᠭᠠᠷᠠᠢ᠂ ᠬᠤᠷᠳᠤᠯᠠᠭᠠᠷᠠᠢ
ᠭᠢᠡᠭ ᠭᠣᠭ— ᠭᠣᠭ᠂
ᠭᠢᠡᠭ ᠭᠣᠭ᠂ ᠭᠣᠭ
ᠲᠦᠮᠡᠨ(DUMEN) ᠮᠢᠨᠦ᠂ ᠲᠦᠮᠡᠨ ᠮᠢᠨᠦ
ᠳᠡᠭᠦᠯᠢᠭᠡᠷᠡᠢ᠂ ᠳᠡᠭᠦᠯᠢᠭᠡᠷᠡᠢ
ᠭᠢᠩ ᠭᠣᠭ᠂ ᠭᠣᠭ
ᠭᠢᠩ ᠭᠣᠭ᠂ ᠭᠣᠭ
ᠬᠠᠷᠢᠶᠠᠴᠠᠢ ᠮᠢᠨᠦ ᠬᠠᠷᠢᠶᠠᠴᠠᠢ ᠮᠢᠨᠦ
ᠬᠠᠯᠢᠭᠠᠷᠠᠢ᠂ ᠬᠠᠯᠢᠭᠠᠷᠠᠢ
ᠭᠢᠡᠭ ᠭᠣᠭ᠂ ᠭᠣᠭ
ᠬᠠᠷᠴᠠᠭᠠᠢ ᠮᠢᠨᠢ᠂ ᠬᠠᠷᠴᠠᠭᠠᠢ ᠮᠢᠨᠢ
ᠲᠠᠭᠠᠷᠢᠭᠠᠷᠠᠢ᠂ ᠲᠠᠭᠠᠷᠢᠭᠠᠷᠠᠢ
ᠭᠢᠩᠭᠣᠣ᠂ ᠭᠣᠣ— ᠭᠣᠣ— ᠭᠣᠣ— ᠭᠣᠣ
ᠡᠨᠡ ᠪᠣᠯ ᠮᠣᠷᠢᠳ ᠲᠠᠢ ᠪᠠᠨ ᠶᠠᠷᠢᠵᠤ ᠪᠠᠢᠭ᠎ᠠ ᠶᠠᠷᠢᠶ᠎ᠠ᠃
ᠤᠷᠤᠯᠳᠤᠭᠠᠨ ᠤ᠋ ᠪᠠᠷᠢᠶᠠᠨ ᠳ᠋ᠤ᠌ ᠣᠷᠣᠬᠤ ᠦᠶ᠎ᠡ ᠳ᠋ᠦ᠍ ᠪᠣᠯ ᠪᠦᠷ ᠴᠦ᠍《ᠭᠣᠣ᠂ ᠭᠣᠣ᠂ ᠭᠢᠩᠭᠣᠣ》 ᠭᠡᠬᠦ ᠨᠢ ᠮᠣᠷᠢᠨ ᠳ᠋ᠠᠭᠠᠨ ᠡᠷᠴᠢ ᠬᠦᠴᠦ ᠥᠭᠭᠦᠨ᠎ᠡ᠃ ᠶᠡᠷᠦ ᠨᠢ ᠮᠠᠯ ᠪᠦᠬᠦᠨ ᠲᠡᠢ ᠶᠠᠷᠢᠬᠤ ᠦᠭᠡ᠂ ᠠᠶᠠᠯᠭᠤ ᠪᠣᠢ ᠪᠣᠭᠤᠷᠴᠢ ᠭᠡᠷ ᠦ᠋ᠨ ᠬᠠᠵᠠᠭᠤ ᠪᠠᠷ ᠤᠷᠤᠰᠬᠤ ᠳᠠᠵᠢᠷᠬᠠᠨ ᠳᠡᠷᠪᠡᠯᠵᠡᠬᠦ ᠤᠷᠤᠰᠬᠠᠯ ᠲᠠᠢ ᠪᠤᠯᠠᠭ ᠤᠷᠤᠭᠤ ᠣᠴᠢᠪᠠ᠃ ᠠᠳᠤᠭᠤ ᠤᠰᠤᠯᠠᠬᠤ ᠭᠡᠵᠦ ᠠᠵᠢᠯ ᠦᠭᠡᠢ᠃《ᠠᠵᠢᠯ》 ᠪᠢᠰᠢ ᠨᠠᠷᠭᠢᠶᠠᠨ ᠨᠠᠭᠠᠳᠤᠮ᠂ ᠪᠣᠭᠣᠷᠴᠢ ᠭᠤᠷᠪᠠᠳᠠᠬᠢ ᠡᠳᠦᠷ ᠡᠴᠡ ᠬᠣᠢᠰᠢ ᠬᠡᠷᠦᠯᠦᠨᠵᠢᠨ ᠰᠢᠭ ᠬᠣᠪᠣᠭᠣ ᠲᠠᠲᠠᠬᠤ ᠪᠣᠯᠵᠤ᠂ ᠴᠠᠭᠠᠳᠤᠬᠢ ᠨᠢ᠄
— ᠶᠠᠮᠠᠷ ᠮᠤᠨᠳᠠᠭ ᠶᠤᠮ ᠪᠣᠢ? ᠭᠡᠵᠦ ᠲᠣᠬᠣᠭᠤᠷᠬᠠᠨ ᠢᠨᠢᠶᠡᠬᠦ ᠳ᠋ᠦ᠍ᠨᠢ᠄
— ᠴᠢ ᠯᠡ ᠨᠠᠮᠠᠶ᠋ᠢ ᠮᠤᠨᠳᠠᠭ ᠪᠣᠯᠭᠠᠴᠢᠬᠠᠯᠠ ᠭᠡᠵᠦ ᠮᠥᠴᠡᠭᠡ ᠥᠴᠢᠨ ᠢᠨᠢᠶᠡᠯᠳᠦᠵᠦ ᠮᠣᠷᠢᠲᠠᠢ ᠬᠥᠮᠦᠨ ᠢᠷᠡᠵᠦ ᠶᠠᠪᠤᠭ᠎ᠠ ᠶ᠋ᠢ ᠬᠠᠷᠠᠭᠠᠳ᠄
— ᠮᠠᠨ ᠤ᠋ ᠠᠪᠤ ᠭᠡᠮᠡᠨ ᠬᠡᠷᠦᠯᠦᠨᠵᠢᠨ ᠰᠢᠪᠡᠨᠡᠵᠦ ᠪᠢᠯᠡ᠃ ᠬᠠᠮᠢᠭ᠎ᠠ ᠬᠣᠯᠠ ᠶᠠᠪᠤᠭ᠎ᠠ ᠲᠡᠷᠡ ᠬᠥᠮᠦᠨ ᠰᠢᠪᠡᠨᠡᠭᠰᠡᠨ᠂ ᠰᠢᠪᠡᠨᠡᠭᠡ ᠦᠭᠡᠢ᠂ ᠶᠠᠭᠤ ᠲᠤᠭᠤᠯᠬᠤ ᠪᠣᠢ ᠳᠠ᠃ ᠭᠡᠬᠦ ᠳ᠋ᠡᠭᠡᠨ ᠯᠡ ᠰᠢᠪᠡᠨᠡᠵᠦ ᠬᠡᠯᠡᠯ᠎ᠡ᠃ ᠡᠨᠡ ᠤᠳᠠᠭ᠎ᠠ ᠪᠣᠭᠤᠷᠴᠢ ᠬᠣᠶᠠᠷ ᠲᠡᠮᠡᠭᠡ ᠪᠡᠨ ᠤᠰᠤᠯᠠᠵᠤ ᠤᠰᠤ ᠠᠪᠬᠤ᠂ ᠬᠡᠷᠦᠯᠦᠨᠵᠢᠨ ᠬᠣᠨᠢ ᠪᠠᠨ ᠤᠰᠤᠯᠠᠬᠤ ᠪᠠᠷ ᠢᠷᠡᠭᠰᠡᠨ ᠨᠢ ᠡᠢᠬᠦ ᠬᠤᠳᠳᠤᠭ ᠳᠡᠭᠡᠷ᠎ᠡ ᠪᠡᠨ ᠡᠳᠦᠷ ᠠᠭᠤᠯᠵᠠᠬᠤ ᠠᠵᠠ ᠲᠠᠭᠠᠷᠠᠬᠤ ᠯᠠ ᠳᠠ᠃
ᠮᠣᠷᠢᠲᠠᠢ ᠬᠥᠮᠦᠨ ᠶᠥᠷᠭᠡᠭᠦᠯᠦᠭᠡᠳ ᠶᠠᠭᠠᠬᠢᠬᠤ ᠴᠦ᠍ ᠵᠠᠪ ᠦᠭᠡᠢ ᠢᠷᠡᠪᠡ᠃ ᠲᠡᠭ ᠳᠥᠷᠪᠡᠯᠵᠢᠨ ᠭᠡᠮᠡᠷ ᠪᠡᠶ᠎ᠡ ᠲᠡᠢ᠂ ᠲᠦᠰᠢᠨ ᠵᠤᠵᠠᠭᠠᠨ ᠲᠡᠷᠡ ᠬᠥᠮᠦᠨ ᠮᠣᠷᠢᠨ ᠠ᠋ᠴᠠ ᠪᠠᠨ ᠪᠠᠭᠤᠵᠤ ᠪᠣᠭᠤᠷᠴᠢ ᠲᠠᠢ ᠮᠡᠨᠳᠦᠯᠡᠭᠡᠳ ᠬᠥᠮᠥᠰᠬᠡ ᠰᠣᠯᠪᠢᠨ᠄
— ᠤᠷᠢᠳᠠ ᠦᠵᠡᠭᠳᠡᠵᠦ ᠬᠠᠷᠠᠭᠳᠠᠭ᠎ᠠ ᠦᠭᠡᠢ ᠠᠯᠢ ᠭᠠᠵᠠᠷ ᠤ᠋ᠨ ᠬᠥᠮᠦᠨ ᠬᠠᠮᠢᠭ᠎ᠠ ᠬᠦᠷᠴᠦ ᠶᠠᠪᠤᠨ᠎ᠠ ᠪᠣᠢ? ᠭᠡᠵᠦ ᠠᠰᠠᠭᠤᠭᠠᠳ ᠬᠠᠷᠢᠭᠤ ᠥᠭᠬᠦ ᠬᠣᠭᠣᠷᠣᠨᠳᠣ ᠭᠡᠨᠡᠳᠲᠡ ᠶᠠᠭᠤᠮ᠎ᠠ ᠰᠠᠨᠠᠬᠤ ᠰᠢᠭ᠋᠄
— ᠠ᠂ ᠮᠥᠨ ᠮᠥᠨ᠂ ᠨᠠᠬᠤ ᠶ᠋ᠢᠨ ᠬᠦᠦ ᠪᠣᠯᠬᠤ ᠨᠢ ᠠ᠋ ᠳᠠ ᠶᠠᠩᠵᠤ ᠨᠢ᠁ ᠭᠡᠬᠦ ᠳ᠋ᠦ᠍ᠨᠢ ᠪᠣᠭᠤᠷᠴᠢ᠄
— ᠲᠡᠢᠮᠦ ᠠ᠋᠂ ᠲᠡᠢᠮᠦ ᠭᠡᠬᠦ ᠡᠴᠡ ᠥᠭᠡᠷ᠎ᠡ ᠶᠠᠭᠤᠮ᠎ᠠ ᠬᠡᠯᠡᠭᠰᠡᠨ ᠦᠭᠡᠢ᠃ ᠬᠡᠷᠦᠯᠦᠨᠵᠢᠨ ᠦ᠌ ᠠᠪᠤ ᠬᠣᠪᠣᠭᠣ ᠠᠪᠴᠤ ᠤᠰᠤ ᠲᠠᠲᠠᠵᠤ ᠣᠩᠭᠣᠴᠠ ᠤᠷᠤᠭᠤ ᠬᠢᠬᠦ ᠳ᠋ᠦ᠍ ᠲᠡᠷᠡ ᠲᠡᠢ ᠲᠡᠷᠡ ᠦᠭᠡᠢ ᠳᠦᠭᠦᠷᠦᠭᠰᠡᠨ ᠣᠩᠭᠣᠴᠠ ᠪᠢᠯᠬᠠᠨ ᠴᠠᠯᠭᠢᠪᠠ᠃
ᠬᠤᠳᠳᠤᠭ ᠳᠡᠭᠡᠷ᠎ᠡ ᠢᠷᠡᠭᠰᠡᠨ ᠬᠥᠮᠦᠨ ᠬᠣᠪᠣᠭᠣ ᠲᠠᠲᠠᠬᠤ ᠶᠣᠰᠣ ᠭᠦᠢᠴᠡᠳᠬᠡᠵᠦ ᠪᠠᠢᠭ᠎ᠠ ᠨᠢ ᠡᠨᠡ ᠠᠵᠢ᠃
— ᠥᠨᠥᠳᠥᠷ ᠰᠦᠷᠡᠬᠡᠢ ᠬᠠᠯᠠᠭᠤᠨ ᠡᠳᠦᠷ ᠪᠣᠯᠤᠯ᠎ᠠ᠃ ᠢᠩᠭᠢᠰᠬᠢᠭᠡᠳ ᠬᠣᠨᠢ ᠪᠠᠨ ᠭᠡᠷ ᠤᠷᠤᠭᠤ ᠪᠠᠨ ᠳᠥᠭᠥᠭᠦᠯ·ᠰᠠᠭᠠᠬᠤ ᠴᠤ᠌ ᠪᠣᠯᠤᠨ᠎ᠠ ᠭᠡᠵᠦ ᠭᠠᠭᠴᠠᠭᠠᠷ ᠬᠡᠳᠦ ᠭᠤᠷᠪᠠᠨ ᠦᠭᠡ ᠪᠤᠪᠠᠲᠤᠨᠠᠭᠠᠳ ᠶᠠᠪᠤᠪᠠ᠃
ᠠᠪᠤ ᠶ᠋ᠢ ᠪᠡᠨ ᠶᠠᠪᠤᠮᠠᠭᠴᠠ ᠬᠡᠷᠦᠯᠳᠵᠢᠨ ᠪᠤᠭᠤᠷᠴᠢ ᠬᠣᠶᠠᠷ ᠬᠠᠷᠠᠭ᠎ᠠ ᠲᠣᠰᠴᠤ ᠵᠤᠤᠮᠠᠯᠵᠠᠨ ᠢᠨᠢᠶᠡᠪᠬᠢᠯᠡᠭᠡᠳ᠂ ᠪᠠᠶᠠᠷ ᠲᠠᠢ ᠨᠢ ᠠᠷᠭ᠎ᠠ ᠦᠭᠡᠢ ᠦᠯᠡᠲᠡᠯ᠎ᠡ᠃ ᠲᠡᠷᠡ ᠬᠣᠶᠠᠷ ᠣᠷᠣᠢ ᠨᠢ ᠠᠳᠤᠭᠤ ᠪᠠᠨ ᠤᠰᠤᠯᠠᠬᠤ ᠭᠡᠵᠦ ᠰᠠᠢᠬᠠᠨ ᠶᠠᠭᠤᠮ᠎ᠠ ᠪᠣᠢ ᠭᠡᠵᠦ ᠪᠣᠳᠣᠭᠰᠠᠭᠠᠷ ᠬᠣᠶᠠᠭᠤᠯᠠ ᠬᠣᠶᠠᠷ ᠳᠠᠰᠢ ᠣᠳᠤᠭᠰᠠᠨ᠃ ᠡᠨᠡ ᠶᠠᠪᠤᠳᠠᠯ ᠪᠤᠭᠤᠷᠴᠢ ᠶ᠋ᠢᠨ ᠰᠡᠳᠬᠢᠯ ᠳ᠋ᠦ᠍ ᠣᠷᠣᠵᠤ《ᠬᠡᠷᠦᠯᠳᠵᠢᠨ ᠮᠢᠨᠢ᠂ ᠬᠡᠷᠤᠯᠤᠨᠵᠢᠨ ᠮᠢᠨᠢ᠂ ᠤᠰᠤ ᠬᠤᠤᠳᠤᠭ ᠳᠡᠭᠡᠷ᠎ᠡ ᠬᠣᠨᠢ ᠪᠠᠨ ᠤᠰᠤᠯᠠᠵᠤ ᠪᠠᠢᠭ᠎ᠠ ᠪᠣᠯᠪᠠᠤ?》 ᠭᠡᠵᠦ ᠪᠣᠳᠣᠭᠳᠠᠨ᠎ᠠ᠃
ᠪᠣᠭᠣᠷᠴᠢ ᠪᠢᠴᠢᠬᠠᠨ ᠲᠠᠷᠪᠠᠯᠵᠠᠬᠤ ᠤᠷᠤᠰᠬᠠᠯ ᠤ᠋ᠨ ᠬᠠᠵᠠᠭᠤ ᠪᠠᠷ ᠶᠠᠪᠤᠵᠤ ᠪᠠᠢᠭᠠᠳ ᠥᠰᠬᠦᠯᠦᠨ ᠤᠷᠭᠤᠭᠰᠠᠨ ᠥᠷᠭᠡᠰᠦᠨ ᠡᠴᠡ ᠬᠠᠷᠠᠵᠤ ᠬᠠᠷᠠᠵᠤ ᠬᠣᠶᠠᠷ ᠮᠣᠷᠢ ᠲᠠᠰᠤᠯᠤᠨ ᠠᠪᠤᠯ᠎ᠠ᠃ ᠨᠢᠭᠡ ᠨᠢ ᠴᠤᠬᠤᠷᠳᠡᠤ ᠴᠤ᠌ ᠶᠤᠮ ᠰᠢᠭ᠋᠂ ᠲᠡᠭᠦᠨ ᠢ᠋ ᠨᠢ ᠬᠡᠷᠤᠯᠤᠨᠵᠢᠨ ᠤ᠋ ᠭᠡᠵᠦ ᠨᠠᠷᠠᠯᠠᠪᠠ᠃ ᠥᠷᠥᠭᠡᠰᠦᠨ ᠦ᠌ ᠡᠨᠡ ᠬᠣᠶᠠᠷ ᠦᠷ᠎ᠡ ᠶ᠋ᠢ《ᠭᠢᠡᠭ ᠭᠣᠭ》 ᠭᠡᠵᠦ ᠭᠣᠷᠣᠬᠠᠨ ᠳ᠋ᠤ᠌ ᠲᠠᠯᠪᠢᠭᠠᠳ ᠥᠪᠡᠷ ᠢ᠋ᠶ᠋ᠡᠨ ᠳᠣᠷᠣᠭᠰᠢ ᠭᠦᠶᠦᠵᠦ ᠪᠢᠴᠢᠬᠠᠨ ᠡᠷᠭᠢ ᠰᠠᠨᠳᠠᠢᠯᠠᠨ ᠬᠦᠯᠢᠶᠡᠨ ᠰᠠᠭᠤᠯ᠎ᠠ᠃ ᠲᠡᠷᠡ ᠬᠣᠶᠠᠷ ᠵᠢᠷᠪᠢᠭᠢᠨᠡᠬᠦ ᠤᠷᠤᠰᠬᠠᠯ ᠳ᠋ᠤ᠌ ᠬᠠᠷᠠᠭᠳᠠᠵᠤ ᠪᠠᠢᠵᠤ᠂ ᠳᠡᠭᠡᠭᠰᠢ ᠳᠣᠭᠣᠭᠰᠢ ᠳᠡᠭᠡᠭ ᠳᠣᠭᠣᠩ ᠭᠡᠭᠰᠡᠭᠡᠷ ᠭᠦᠶᠦᠭᠡᠳ ᠢᠷᠡᠯ᠎ᠡ᠃ ᠬᠡᠷᠤᠯᠤᠨᠵᠢᠨ ᠤ᠋ ᠴᠣᠬᠣᠷ ᠶᠠᠭᠠᠬᠢᠬᠤ ᠠᠷᠭ᠎ᠠ ᠦᠭᠡᠢ ᠲᠦᠷᠦᠭᠦᠯᠡᠭᠡᠳ ᠢᠷᠡᠬᠦ ᠳ᠋ᠦ᠍ᠨᠢ ᠰᠢᠭᠦᠷᠡᠵᠦ ᠠᠪᠤᠭᠠᠳ᠄
— ᠬᠡᠷᠤᠯᠤᠨᠵᠢᠨ ᠮᠢᠨᠢ ᠳᠡ᠂ ᠬᠡᠷᠤᠯᠤᠨᠵᠢᠨ ᠮᠢᠨᠢ ᠭᠡᠵᠦ ᠬᠠᠴᠠᠷ ᠳᠠᠭᠠᠨ ᠨᠠᠭᠠᠭᠠᠳ᠄
— ᠲᠠᠩᠳᠠ ᠯᠠ ᠴᠢ ᠨᠠᠮᠠᠶ᠋ᠢ ᠲᠠᠢᠯᠵᠤ ᠪᠠᠢᠬᠤ ᠶᠤᠮ ᠭᠡᠪᠡ᠃ ᠪᠠᠷᠠᠭᠤᠨ ᠲᠡᠰᠢ ᠬᠠᠷᠠᠬᠤ ᠳ᠋ᠤ᠌ ᠲᠣᠭᠣᠨᠣ ᠠᠭᠤᠯᠠ ᠲᠣᠪᠣᠷᠤᠤ ᠲᠡᠳᠦᠢ ᠪᠢᠰᠢ᠂ ᠲᠣᠮᠣ ᠠ᠋ᠴᠠ ᠲᠣᠮᠣ ᠠᠭᠤᠯᠠ ᠬᠠᠷᠠᠭᠳᠠᠨ᠎ᠠ᠃ ᠬᠠᠷᠢᠨ ᠡᠷᠭᠢᠭᠡᠳ ᠬᠠᠷᠠᠪᠠᠯ ᠭᠤᠷᠪᠠᠨ ᠲᠠᠷᠭᠤᠨ ᠠᠭᠤᠯᠠ ᠭᠣᠷᠢᠪ ᠵᠢᠷᠢᠪ ᠲᠡᠳᠦᠢ ᠡᠷᠴᠢᠯᠡᠭᠡᠰᠦ ᠪᠣᠯᠤᠨ ᠬᠤᠪᠢᠷᠠᠵᠠᠢ᠃ ᠪᠤᠭᠤᠷᠴᠢ ᠮᠣᠷᠢᠨ ᠤ᠋ ᠬᠡᠦᠬᠡᠳ ᠢ᠋ᠶ᠋ᠡᠨ ᠪᠠᠭᠤᠯᠭᠠᠵᠤ᠂ ᠭᠡᠭᠦᠦ ᠪᠡᠨ ᠰᠠᠭᠠᠬᠤ ᠵᠡᠷᠭᠡ ᠡᠨᠡ ᠲᠡᠷᠡᠬᠡᠨ ᠠᠵᠢᠯ ᠢ᠋ᠶ᠋ᠠᠨ ᠠᠮᠵᠢᠭᠤᠯᠵᠤ ᠡᠳᠦᠷ ᠢ᠋ ᠥᠩᠭᠡᠷᠡᠭᠡᠪᠡ᠃
