ᠵᠣᠨᠣᠩ ᠬᠣᠩᠭᠣᠷ᠂ ᠬᠥᠭᠰᠢᠨ ᠬᠣᠣᠬᠣᠩ᠂ ᠣᠲᠣᠷ ᠤ᠋ᠨ ᠠᠳᠤᠭᠤᠴᠢᠨЖонон хонгор,Хөгшин хоохон,Отрын адуучин
2026 ᠣᠨ ᠤ᠋ ᠨᠠᠰᠤᠲᠠᠢᠴᠤᠳ ᠤ᠋ᠨ ᠴᠠᠭᠠᠨ ᠰᠠᠷ᠎ᠠ ᠶ᠋ᠢᠨ ᠦᠳᠡᠰᠢᠯᠡᠭᠡ
ᠵᠣᠨᠣᠩ ᠬᠣᠩᠭᠣᠷ
ᠵᠣᠨᠣᠩ ᠬᠣᠩᠭᠣᠷ ᠮᠣᠷᠢ ᠮᠢᠨᠢ ᠬᠦ
ᠵᠢᠯᠣᠭᠣ ᠠᠯᠳᠠᠭᠤᠯᠤᠨ ᠲᠡᠮᠡᠦᠯᠦᠨ᠎ᠡ ᠬᠦ
ᠵᠢᠭᠠᠬᠠᠨ ᠴᠢᠨᠦᠬᠢ ᠪᠡᠨ ᠠᠭᠠᠰᠢᠨ ᠳ᠋ᠤ᠌ ᠨᠢ ᠬᠦ
ᠵᠢᠷᠭᠠᠬᠤ ᠪᠠᠷ ᠪᠢ ᠴᠢᠨᠢ ᠲᠡᠮᠡᠦᠯᠦᠨ᠎ᠡ ᠳᠧ ᠬᠦ
ᠵᠢᠭᠠᠬᠠᠨ ᠴᠢᠨᠦᠬᠢ ᠪᠡᠨ ᠠᠭᠠᠰᠢᠨ ᠳ᠋ᠤ᠌ ᠨᠢ ᠬᠦ
ᠵᠢᠷᠭᠠᠬᠤ ᠪᠠᠷ ᠪᠢ ᠴᠢᠨᠢ ᠲᠡᠮᠡᠦᠯᠦᠨ᠎ᠡ ᠳᠧ ᠬᠦ᠃
ᠬᠥᠭᠰᠢᠨ ᠬᠤᠤᠬᠤᠩ
ᠤᠨᠠᠭᠠᠨ ᠠ᠋ᠴᠠ ᠪᠠᠨ ᠤᠶᠠᠭᠠᠲᠠᠢ
ᠳᠠᠭ᠎ᠠ ᠠ᠋ᠴᠠ ᠪᠠᠨ ᠳᠠᠪᠬᠢᠭ᠎ᠠ ᠲᠠᠢ
ᠳᠠᠯᠠᠢ ᠶᠡᠬᠡ ᠨᠠᠢᠷ ᠲᠠᠭᠠᠨ
ᠳᠠᠯᠠᠨ ᠭᠤᠷᠪᠠ ᠲᠥᠷᠥᠭᠦᠯᠵᠡᠢ᠃
ᠪᠠᠶᠠᠨ ᠥᠨᠳᠥᠷ ᠲᠦ᠍ ᠨᠤᠲᠤᠭ ᠲᠠᠢ
ᠪᠠᠷᠠᠭᠤᠨ ᠪᠤᠯᠠᠭ ᠤ᠋ᠨ ᠤᠮᠳᠠ ᠲᠠᠢ
ᠪᠠᠲᠤ ᠴᠠᠭᠠᠨ ᠰᠦᠷᠦᠭ ᠦ᠋ᠨ
ᠪᠠᠢᠳᠠᠰᠤᠨ ᠭᠡᠭᠦᠦ ᠶ᠋ᠢᠨ ᠤᠨᠠᠭ᠎ᠠ᠃
ᠣᠲᠣᠷ ᠤ᠋ᠨ ᠠᠳᠤᠭᠤᠴᠢᠨ
ᠤᠳᠤᠮ ᠤ᠋ᠨ ᠬᠤᠷᠳᠤᠨ ᠬᠦᠯᠦᠭ ᠦ᠋ᠨ ᠳᠠᠪᠬᠢᠭ᠎ᠠ
ᠤᠷᠭ᠎ᠠ ᠶ᠋ᠢᠨ ᠦᠵᠦᠭᠦᠷ ᠱᠤᠤᠭᠢᠨ ᠢᠰᠬᠡᠷᠦᠨ᠎ᠡ
ᠠᠭᠤᠯᠠ ᠶ᠋ᠢᠨ ᠨᠢᠷᠤᠭᠤ ᠶ᠋ᠢᠨ ᠡᠪᠡᠰᠦ ᠨᠢ ᠰᠤᠭᠰᠤᠷᠤᠭᠠᠳ
ᠳᠥᠷᠦᠭᠡᠨ ᠲᠠᠪᠠᠭ ᠱᠦᠷᠭᠦᠨ ᠪᠠᠢᠨ᠎ᠠ
ᠠᠳᠤᠭᠤ ᠮᠢᠨᠢ ᠵᠢᠰᠦ ᠪᠡᠷ ᠢ᠋ᠶ᠋ᠡᠨ ᠰᠠᠢᠬᠠᠨ ᠪᠠᠢᠨ᠎ᠠ ᠳᠠ
ᠠᠳᠤᠭᠤᠴᠢᠨ ᠪᠢ ᠵᠢᠷᠭᠠᠵᠤ ᠶᠠᠪᠤᠨ᠎ᠠ᠃
ᠠᠳᠤᠭᠤ ᠮᠢᠨᠢ ᠵᠢᠰᠦ ᠪᠡᠷ ᠢ᠋ᠶ᠋ᠡᠨ ᠰᠠᠢᠬᠠᠨ ᠪᠠᠢᠨ᠎ᠠ ᠳᠠ
ᠠᠳᠤᠭᠤᠴᠢᠨ ᠪᠢ ᠵᠢᠷᠭᠠᠵᠤ ᠶᠠᠪᠤᠨ᠎ᠠ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
