ᠮᠠᠭᠲᠠᠶ᠎ᠠ -ᠰᠣᠳᠣᠪᠠᠲᠤ ᠬᠣᠩᠭᠤᠷᠬᠠᠨ ᠥᠷᠭᠡᠨᠵᠤᠯᠠMagtiya-Sodovt Khongorkhon ÖrgönzulМагтъя-Содовт Хонгорхон Өргөнзул
ᠮᠠᠭᠲᠠᠶ᠎ᠠ
ᠦᠭᠡ ᠠᠶ᠎ᠠ᠄ ᠥᠷᠭᠡᠨᠵᠤᠯᠠ
ᠳᠠᠭᠤᠴᠢᠨ᠄ ᠰᠣᠳᠣᠪᠠᠲᠤ᠂ ᠬᠣᠩᠭᠣᠷᠬᠠᠨ᠂ ᠥᠷᠭᠡᠨᠵᠤᠯᠠ
ᠣᠷᠳᠣᠰ ᠬᠣᠲᠠ ᠶ᠋ᠢᠨ ᠮᠧᠢ ᠬᠣᠩ ᠰᠢᠶᠠᠩ ᠤᠷᠠᠯᠢᠭ ᠤ᠋ᠨ ᠰᠤᠷᠭᠠᠯᠲᠠ ᠶ᠋ᠢᠨ ᠲᠥᠪ᠂ ᠢ ᠰᠢᠦ ᠪᠡᠶᠡᠯᠡᠭᠡ ᠤᠷᠠᠯᠢᠭ ᠤ᠋ᠨ ᠰᠤᠷᠭᠠᠯᠲᠠ ᠶ᠋ᠢᠨ ᠲᠥᠪ ᠡᠴᠡ ᠪᠥᠵᠢᠭᠯᠡᠨ᠎ᠡ
ᠮᠥᠷ ᠪᠠᠳᠠᠭ ᠢ ᠨᠢ ᠲᠠᠭᠠᠷᠠᠭᠤᠯᠵᠤ
ᠦᠭᠡ ᠶ᠋ᠢᠨ ᠰᠣᠨᠳᠣᠷ ᠬᠡᠯᠬᠢᠵᠦ
ᠥᠰᠴᠦ ᠲᠥᠷᠥᠭᠰᠡᠨ ᠨᠤᠲᠤᠭ ᠢ᠋ᠶ᠋ᠠᠨ
ᠥᠭᠡᠳᠡ ᠨᠢ ᠡᠷᠭᠦᠵᠦ ᠮᠠᠭᠲᠠᠶ᠎ᠠ
ᠤᠶᠠᠩᠭᠠᠲᠤ ᠬᠤᠭᠤᠷ ᠢ᠋ᠶ᠋ᠠᠨ ᠬᠥᠭᠯᠡᠵᠦ
ᠤᠷᠠᠨ ᠪᠥᠵᠢᠭ ᠢ᠋ᠶ᠋ᠡᠨ ᠪᠥᠵᠢᠵᠦ
ᠠᠭᠤᠳᠠᠮ ᠲᠡᠨᠢᠭᠡᠷ ᠨᠤᠲᠤᠭ ᠢ᠋ᠶ᠋ᠠᠨ
ᠠᠶᠠᠯᠤᠨ ᠳᠠᠭᠤᠯᠠᠵᠤ ᠮᠠᠭᠲᠠᠶ᠎ᠠ ᠮᠠᠭᠲᠠᠶ᠎ᠠ
ᠦᠭᠡ ᠶ᠋ᠢᠨ ᠰᠣᠨᠳᠣᠷ ᠬᠡᠯᠬᠢᠵᠦ
ᠨᠢᠭᠡᠨ ᠮᠠᠭᠲᠠᠭᠠᠯ ᠬᠡᠯᠡᠶ᠎ᠡ
ᠥᠰᠴᠦ ᠲᠥᠷᠥᠭᠰᠡᠨ ᠨᠤᠲᠤᠭ ᠢ᠋ᠶ᠋ᠠᠨ
ᠥᠭᠡᠳᠡ ᠨᠢ ᠡᠷᠭᠦᠵᠦ ᠮᠠᠭᠲᠠᠶ᠎ᠠ
ᠤᠶᠠᠩᠭᠠᠲᠤ ᠬᠤᠭᠤᠷ ᠢ᠋ᠶ᠋ᠠᠨ ᠭᠥᠭᠯᠡᠵᠦ
ᠨᠢᠭᠡᠨ ᠮᠠᠭᠲᠠᠭᠠᠯ ᠳᠠᠭᠤᠯᠠᠶ᠎ᠠ
ᠠᠭᠤᠳᠠᠮ ᠲᠡᠨᠢᠭᠡᠷ ᠨᠤᠲᠤᠭ ᠢ᠋ᠶ᠋ᠠᠨ
ᠠᠶᠠᠯᠤᠨ ᠳᠠᠭᠤᠯᠠᠵᠤ ᠮᠠᠭᠲᠠᠶ᠎ᠠ
ᠮᠠᠭᠲᠠᠶ᠎ᠠ ᠮᠠᠭᠲᠠᠶ᠎ᠠ ᠮᠠᠭᠲᠠᠶ᠎ᠠ
ᠥᠰᠴᠦ ᠲᠥᠷᠥᠭᠰᠡᠨ ᠨᠤᠲᠤᠭ ᠢ᠋ᠶ᠋ᠠᠨ
ᠥᠭᠡᠳᠡ ᠪᠡᠨ ᠡᠷᠭᠦᠵᠦ ᠮᠠᠭᠲᠠᠶ᠎ᠠ
ᠥᠨᠳᠥᠷ ᠲᠩᠷᠢ ᠳ᠋ᠦ᠍ ᠵᠠᠯᠪᠠᠷᠢᠵᠤ
ᠡᠪᠦᠭᠡᠳ ᠦ᠋ᠨ ᠠᠯᠳᠠᠷ ᠢ ᠡᠷᠭᠦᠶ᠎ᠡ
ᠥᠪ ᠰᠣᠶᠣᠯ ᠢ᠋ᠶ᠋ᠠᠨ ᠳᠡᠭᠡᠳᠦᠯᠡᠵᠦ
ᠲᠦᠮᠡᠨ ᠢ᠋ᠶ᠋ᠡᠨ ᠮᠠᠭᠲᠠᠶ᠎ᠠ
ᠭᠠᠵᠠᠷ ᠳᠡᠯᠡᠬᠡᠢ ᠶ᠋ᠢ ᠬᠠᠢᠷᠠᠯᠠᠵᠤ
ᠭᠠᠢᠬᠠᠮᠰᠢᠭ ᠣᠯᠠᠨ ᠢ᠋ ᠪᠦᠲᠦᠭᠡᠶ᠎ᠡ
ᠭᠠᠭᠴᠠ ᠵᠠᠶᠠᠭᠠᠲᠤ ᠨᠤᠲᠤᠭ ᠢ᠋ᠶ᠋ᠠᠨ
ᠭᠠᠢᠬᠠᠭᠤᠯᠵᠤ ᠰᠢᠲᠦᠵᠦ ᠳᠡᠭᠡᠳᠦᠯᠡᠶ᠎ᠡ
ᠮᠠᠭᠲᠠᠶ᠎ᠠ ᠮᠠᠭᠲᠠᠶ᠎ᠠ ᠮᠠᠭᠲᠠᠶ᠎ᠠ
ᠮᠠᠨᠳᠤᠬᠤ ᠨᠠᠷᠠ ᠰᠢᠭ᠋ ᠨᠤᠲᠤᠭ ᠢ᠋ᠶ᠋ᠠᠨ
ᠮᠠᠭᠲᠠᠨ ᠳᠠᠭᠤᠯᠠᠵᠤ ᠪᠥᠵᠢᠶᠡ
ᠮᠠᠭᠲᠠᠶ᠎ᠠ ᠮᠠᠭᠲᠠᠶ᠎ᠠ ᠮᠠᠭᠲᠠᠶ᠎ᠠ ᠮᠠᠭᠲᠠᠶ᠎ᠠ
ᠮᠥᠷ ᠪᠠᠳᠠᠭ ᠢ ᠨᠢ ᠲᠠᠭᠠᠷᠠᠭᠤᠯᠵᠤ
ᠨᠢᠭᠡᠨ ᠮᠠᠭᠲᠠᠭᠠᠯ ᠬᠡᠯᠡᠶ᠎ᠡ
ᠦᠭᠡ ᠶ᠋ᠢᠨ ᠰᠣᠨᠳᠣᠷ ᠬᠡᠯᠬᠢᠵᠦ
ᠨᠢᠭᠡᠨ ᠮᠠᠭᠲᠠᠭᠠᠯ ᠳᠠᠭᠤᠯᠠᠶ᠎ᠠ
ᠲᠣᠷᠭᠠᠨ ᠴᠡᠩᠬᠡᠷ ᠲᠩᠷᠢ ᠪᠡᠨ ᠮᠠᠭᠲᠠᠶ᠎ᠠ
ᠲᠣᠭᠣᠨᠣᠲᠤ ᠮᠣᠩᠭᠣᠯ ᠭᠡᠷ ᠢ᠋ᠶ᠋ᠡᠨ ᠮᠠᠭᠲᠠᠶ᠎ᠠ
ᠲᠤᠯᠭᠠᠨ ᠳ᠋ᠤ᠌ ᠳᠦᠷᠡᠯᠵᠡᠬᠦ ᠭᠠᠯ ᠢ᠋ᠶ᠋ᠠᠨ ᠮᠠᠭᠲᠠᠶ᠎ᠠ
ᠲᠤᠭᠤᠷᠠᠢᠲᠤ ᠬᠦᠯᠦᠭ ᠦ᠋ᠨ ᠬᠡᠢᠮᠣᠷᠢ ᠶ᠋ᠢ ᠮᠠᠭᠲᠠᠶ᠎ᠠ
ᠲᠠᠯ᠎ᠠ ᠬᠠᠩᠭᠠᠢ ᠭᠣᠪᠢ ᠪᠠᠨ ᠮᠠᠭᠲᠠᠶ᠎ᠠ
ᠲᠠᠪᠤᠨ ᠬᠣᠰᠢᠭᠤ ᠮᠠᠯ ᠢ᠋ᠶ᠋ᠠᠨ ᠮᠠᠭᠲᠠᠶ᠎ᠠ
ᠠᠭᠤᠯᠠ ᠲᠤᠯᠤᠭᠠᠳ ᠬᠥᠪᠴᠢ ᠪᠡᠨ ᠮᠠᠭᠲᠠᠶ᠎ᠠ
ᠤᠷᠤᠰᠬᠤ ᠮᠥᠷᠡᠨ ᠭᠣᠣᠯ ᠢ᠋ᠶ᠋ᠠᠨ ᠮᠠᠭᠲᠠᠶ᠎ᠠ
ᠨᠤᠷᠠᠭᠰᠠᠨ ᠡᠯᠡᠰᠦ ᠨᠢᠭᠤᠭᠳᠠᠭᠰᠠᠨ ᠪᠣᠷᠣᠭ᠎ᠠ
ᠨᠤᠲᠤᠭ ᠢ᠋ᠶ᠋ᠠᠨ ᠰᠠᠬᠢᠭᠰᠠᠨ ᠪᠤᠭᠤᠷᠤᠯ ᠢ᠋ᠶ᠋ᠠᠨ ᠮᠠᠭᠲᠠᠶ᠎ᠠ
ᠠᠢᠷᠠᠭ ᠲᠠᠷᠠᠭ ᠴᠡᠬᠡ ᠠᠶᠠᠯᠭᠤ ᠳᠠᠭᠤᠤ ᠪᠠᠨ
ᠮᠠᠭᠲᠠᠶ᠎ᠠ ᠮᠠᠭᠲᠠᠶ᠎ᠠ ᠮᠠᠭᠲᠠᠶ᠎ᠠ ᠮᠠᠭᠲᠠᠶ᠎ᠠ
ᠥᠰᠴᠦ ᠲᠥᠷᠥᠭᠰᠡᠨ ᠨᠤᠲᠤᠭ ᠢ᠋ᠶ᠋ᠠᠨ
ᠥᠭᠡᠳᠡ ᠪᠡᠨ ᠡᠷᠭᠦᠵᠦ ᠮᠠᠭᠲᠠᠶ᠎ᠠ
ᠮᠠᠭᠲᠠᠶ᠎ᠠ ᠮᠠᠭᠲᠠᠶ᠎ᠠ ᠮᠠᠭᠲᠠᠶ᠎ᠠ ᠮᠠᠭᠲᠠᠶ᠎ᠠ
ᠮᠠᠨᠳᠤᠬᠤ ᠨᠠᠷᠠ ᠰᠢᠭ᠋ ᠨᠤᠲᠤᠭ ᠢ᠋ᠶ᠋ᠠᠨ
ᠮᠠᠭᠲᠠᠨ ᠳᠠᠭᠤᠯᠠᠵᠤ ᠪᠥᠵᠢᠶᠡ ᠪᠥᠵᠢᠶᠡ
ᠮᠠᠭᠲᠠᠶ᠎ᠠ ᠮᠠᠭᠲᠠᠶ᠎ᠠ ᠮᠠᠭᠲᠠᠶ᠎ᠠ ᠮᠠᠭᠲᠠᠶ᠎ᠠ
ᠦᠰᠦᠭ ᠠᠮᠢᠯᠠᠭᠤᠯᠤᠭᠴᠢ᠄ ᠲᠣᠳᠣᠭᠡᠷᠡᠯ
ᠬᠢᠨᠠᠭᠴᠢ᠄ ᠢᠷᠡᠭᠡᠳᠦᠢ
