ᠰᠢᠨᠠᠯᠠᠶ᠎ᠠ -ᠭᠦᠩᠭᠠᠷShanaaliya- GüngarШанаалъя- Гүнгар
ᠰᠢᠨᠠᠯᠠᠶ᠎ᠠ
ᠵᠣᠬᠢᠶᠠᠭᠴᠢ᠄ ᠭᠦᠩᠭᠠᠷ
ᠤᠶᠠᠩᠭᠠᠯᠠᠭᠴᠢ᠄ ᠰᠡᠳᠮᠠᠨᠢ
ᠡᠴᠢᠭᠡ ᠰᠢᠭ᠌ ᠲᠦᠰᠢᠭᠲᠦ ᠲᠩᠷᠢ ᠳ᠋ᠦ᠍ ᠪᠡᠨ ᠳᠠᠭᠠᠳᠬᠠᠨ ᠳᠠᠭᠠᠳᠬᠠᠨ ᠰᠢᠨᠠᠯᠠᠶ᠎ᠠ
ᠡᠬᠡ ᠰᠢᠭ᠌ ᠡᠨᠡᠷᠢᠯᠲᠦ ᠭᠠᠵᠠᠷ ᠲᠤ᠌ ᠪᠠᠨ ᠮᠥᠷᠭᠥᠨ ᠮᠥᠷᠭᠥᠨ ᠰᠢᠨᠠᠯᠠᠶ᠎ᠠ
ᠡᠵᠡᠨᠲᠦ ᠮᠣᠩᠭᠣᠯ ᠤ᠋ᠨ ᠭᠣᠯᠣᠮᠲᠠ ᠪᠠᠨ ᠪᠠᠳᠠᠷᠠᠭᠠᠨ ᠪᠠᠳᠠᠷᠠᠭᠠᠨ ᠰᠢᠨᠡᠯᠡᠶ᠎ᠡ
ᠡᠷᠳᠡᠨᠢᠲᠦ ᠰᠦᠷᠦᠭ ᠦ᠋ᠨ ᠬᠡᠰᠢᠭ ᠢ᠋ᠶ᠋ᠡᠨ ᠬᠤᠷᠤᠢᠯᠠᠨ ᠬᠤᠷᠤᠢᠯᠠᠨ ᠰᠢᠨᠡᠯᠡᠶ᠎ᠡ ᠠ᠋!
ᠦᠷ ᠦ᠋ᠨ ᠭᠡᠭᠡ ᠰᠤᠪᠤᠷᠠᠬᠤ ᠪᠠᠷ ᠰᠠᠴᠤᠯᠢ ᠪᠠᠨ ᠡᠷᠭᠦᠵᠦ ᠰᠢᠨᠡᠯᠡᠶ᠎ᠡ
ᠦᠳᠡᠯᠦᠭᠡ ᠪᠤᠭᠤᠷᠤᠯ ᠲᠣᠮᠣᠭᠠᠲᠠᠳ ᠲᠤ᠌ ᠪᠠᠨ ᠬᠦᠷᠴᠦ ᠣᠴᠢᠭᠠᠳ ᠰᠢᠨᠠᠯᠠᠶ᠎ᠠ
ᠥᠯᠵᠡᠢᠲᠦ ᠴᠠᠭᠠᠨ ᠰᠠᠷ᠎ᠠ ᠳ᠋ᠤ᠌ ᠪᠠᠨ ᠬᠡᠢᠮᠣᠷᠢ ᠯᠤᠩᠳᠠ ᠲᠠᠢ ᠰᠢᠨᠡᠯᠡᠶ᠎ᠡ
ᠥᠭᠡᠳᠡ ᠡᠰᠡᠷᠡᠭ ᠠᠮᠢᠳᠤᠷᠠᠯ ᠢ᠋ᠶ᠋ᠠᠨ ᠴᠣᠭᠴᠠᠯᠠᠨ ᠴᠣᠭᠴᠠᠯᠠᠨ ᠰᠢᠨᠡᠯᠡᠶ᠎ᠡ ᠠ᠋!
ᠠᠴᠢᠷ ᠦᠷ᠎ᠡ ᠪᠡᠨ ᠳᠠᠭᠠᠭᠤᠯᠤᠭᠠᠳ ᠠᠪᠤ ᠡᠵᠢ ᠳ᠋ᠦ᠍ ᠪᠡᠨ ᠰᠢᠨᠡᠯᠡᠶ᠎ᠡ
ᠠᠯᠲᠠ ᠲᠣᠷᠭᠠᠨ ᠬᠠᠳᠠᠭ ᠢ᠋ᠶ᠋ᠠᠷ ᠢ᠋ᠶ᠋ᠠᠨ ᠰᠢᠨ᠎ᠡ ᠬᠦᠷᠭᠡᠵᠦ ᠰᠢᠨᠠᠯᠠᠶ᠎ᠠ
ᠠᠰᠠᠷᠠᠵᠤ ᠥᠰᠬᠡᠭᠰᠡᠨ ᠠᠴᠢᠨ ᠳ᠋ᠤ᠌ ᠨᠢ ᠲᠣᠯᠣᠭᠠᠢ ᠮᠥᠷᠭᠥᠵᠦ ᠰᠢᠨᠡᠯᠡᠶ᠎ᠡ
ᠠᠯᠲᠠᠨ ᠮᠠᠨᠤᠬᠤᠨ ᠬᠦᠬᠦᠷ ᠢ᠋ᠶ᠋ᠡᠷ ᠢ᠋ᠶ᠋ᠡᠨ ᠠᠮᠤᠷ ᠠᠢᠯᠠᠳᠬᠠᠵᠤ ᠰᠢᠨᠡᠯᠡᠶ᠎ᠡ ᠠ᠋!
ᠰᠠᠨᠴᠢᠭ ᠪᠤᠭᠤᠷᠤᠯ ᠨᠠᠰᠤᠲᠠᠳ ᠢ᠋ᠶ᠋ᠠᠨ ᠰᠠᠭᠠᠳᠠᠭᠤᠯᠤᠨ ᠰᠠᠭᠠᠳᠠᠭᠤᠯᠤᠨ ᠰᠢᠨᠠᠯᠠᠶ᠎ᠠ
ᠰᠠᠷ᠎ᠠ ᠰᠢᠨ᠎ᠡ ᠶ᠋ᠢᠨ ᠳᠡᠭᠡᠵᠢ ᠪᠡᠨ ᠫᠢᠯᠠᠯᠠᠨ ᠫᠢᠯᠠᠯᠠᠨ ᠰᠢᠨᠡᠯᠡᠶ᠎ᠡ
ᠰᠢᠷ᠎ᠠ ᠲᠣᠰᠣᠨ ᠢᠳᠡᠭᠡ ᠪᠡᠨ ᠠᠮᠰᠠᠭᠤᠯᠤᠨ ᠠᠮᠰᠠᠭᠤᠯᠤᠨ ᠰᠢᠨᠠᠯᠠᠶ᠎ᠠ
ᠰᠠᠢᠬᠠᠨ ᠮᠣᠩᠭᠣᠯ ᠵᠠᠩᠰᠢᠯ ᠢ᠋ᠶ᠋ᠠᠨ ᠥᠪᠯᠡᠨ ᠥᠪᠯᠡᠨ ᠰᠢᠨᠠᠯᠠᠶ᠎ᠠ ᠠ᠋!
ᠬᠤᠲᠤᠭ ᠨᠡᠮᠡᠷᠢᠯᠡᠭᠰᠡᠨ ᠨᠠᠰᠤᠨ ᠳ᠋ᠤ᠌ ᠨᠢ ᠥᠯᠵᠡᠢ ᠳᠡᠮᠪᠡᠷᠢᠯ ᠲᠡᠢ ᠰᠢᠨᠠᠯᠠᠶ᠎ᠠ
ᠬᠣᠢᠮᠣᠷ ᠳᠦᠭᠦᠷᠭᠡᠭᠰᠡᠨ ᠪᠤᠭᠤᠷᠤᠯ ᠤ᠋ᠳ ᠲᠤ᠌ ᠪᠠᠨ ᠬᠤᠪᠢ ᠪᠡᠯᠡᠭ ᠲᠡᠢ ᠰᠢᠨᠡᠯᠡᠶ᠎ᠡ
ᠬᠤᠭᠤᠷ ᠬᠥᠭᠵᠢᠮ ᠢ᠋ᠶ᠋ᠡᠨ ᠡᠭᠦᠰᠬᠡᠨ ᠨᠠᠢᠷ ᠳᠠᠭᠤᠤ ᠲᠠᠢ ᠰᠢᠨᠡᠯᠡᠶ᠎ᠡ ᠠ᠋!
ᠠᠢᠯᠴᠢᠨ ᠭᠡᠢᠴᠢᠨ ᠪᠦᠭᠦᠳᠡᠭᠡᠷ ᠢ᠋ᠶ᠋ᠡᠨ ᠨᠠᠷᠭᠢᠨ ᠨᠠᠷᠭᠢᠨ ᠰᠢᠨᠡᠯᠡᠶ᠎ᠡ
ᠠᠢᠮᠠᠭ ᠬᠣᠲᠠᠯᠠ ᠳᠠᠶᠠᠭᠠᠷ ᠢ᠋ᠶ᠋ᠠᠨ ᠬᠤᠷᠠᠨ ᠬᠤᠷᠠᠨ ᠰᠢᠨᠡᠯᠡᠶ᠎ᠡ
ᠠᠮᠪᠠᠨ ᠬᠣᠨᠢᠨ ᠤ᠋ ᠰᠢᠭᠦᠰᠦ ᠪᠡᠨ ᠲᠠᠪᠠᠭᠯᠠᠨ ᠲᠠᠪᠠᠭᠯᠠᠨ ᠰᠢᠨᠡᠯᠡᠶ᠎ᠡ
ᠠᠷᠪᠠᠨ ᠵᠦᠭ ᠦ᠋ᠨ ᠪᠤᠶᠠᠨ ᠢ᠋ᠶ᠋ᠠᠨ ᠪᠡᠯᠭᠡᠳᠡᠨ ᠪᠡᠯᠭᠡᠳᠡᠨ ᠰᠢᠨᠡᠯᠡᠶ᠎ᠡ ᠠ᠋!
ᠠᠮᠢᠳᠤ ᠪᠤᠷᠬᠠᠨ ᠪᠤᠭᠤᠷᠤᠯ ᠤ᠋ᠳ ᠢ᠋ᠶ᠋ᠠᠨ ᠬᠦᠨᠳᠦᠯᠡᠨ ᠬᠦᠨᠳᠦᠯᠡᠨ ᠰᠢᠨᠠᠯᠠᠶ᠎ᠠ
ᠠᠯᠲᠠ ᠠ᠋ᠴᠠ ᠦᠨᠡᠲᠡᠢ ᠰᠤᠷᠭᠠᠯ ᠢ᠋ ᠨᠢ ᠰᠣᠨᠣᠰᠤᠨ ᠰᠣᠨᠣᠰᠤᠨ ᠰᠢᠨᠠᠯᠠᠶ᠎ᠠ
ᠪᠣᠰᠤᠭ᠎ᠠ ᠮᠣᠩᠭᠣᠯ ᠰᠣᠶᠣᠯ ᠢ᠋ᠶ᠋ᠠᠨ ᠤᠯᠠᠮᠵᠢᠯᠠᠨ ᠤᠯᠠᠮᠵᠢᠯᠠᠨ ᠰᠢᠨᠠᠯᠠᠶ᠎ᠠ
ᠪᠤᠮᠠᠨ ᠴᠠᠭᠠᠨ ᠢᠷᠦᠭᠡᠯ ᠢ᠋ ᠨᠢ ᠲᠣᠭᠲᠠᠭᠠᠨ ᠲᠣᠭᠲᠠᠭᠠᠨ ᠰᠢᠨᠠᠯᠠᠶ᠎ᠠ ᠠ᠋!
ᠨᠠᠢᠵᠠ ᠨᠥᠬᠥᠳ ᠬᠠᠮᠲᠤ ᠪᠠᠷ ᠢ᠋ᠶ᠋ᠠᠨ ᠨᠠᠭᠠᠳᠴᠤ ᠲᠣᠭᠯᠠᠵᠤ ᠰᠢᠨᠡᠯᠡᠶ᠎ᠡ
ᠨᠠᠢᠷ ᠲᠠᠢ ᠬᠥᠭ ᠲᠡᠢ ᠡᠷᠢᠨ ᠳ᠋ᠦ᠍ ᠪᠡᠨ ᠨᠠᠢᠷᠠᠭ ᠤᠶᠠᠩᠭᠠᠯᠠᠵᠤ ᠰᠢᠨᠡᠯᠡᠶ᠎ᠡ
ᠨᠠᠷᠮᠠᠢ ᠦᠢᠯᠡᠰ ᠦ᠋ᠨ ᠬᠥᠭᠵᠢᠯᠲᠡ ᠳ᠋ᠦ᠍ ᠪᠡᠨ ᠵᠣᠷᠢᠭ ᠬᠥᠪᠴᠢᠯᠡᠵᠦ ᠰᠢᠨᠠᠯᠠᠶ᠎ᠠ
ᠨᠠᠮ ᠵᠠᠰᠠᠭ ᠤ᠋ᠨ ᠢᠪᠡᠭᠡᠯ ᠳ᠋ᠦ᠍ ᠪᠡᠨ ᠲᠠᠯᠠᠷᠬᠠᠯ ᠳᠡᠪᠰᠢᠭᠦᠯᠵᠦ ᠰᠢᠨᠡᠯᠡᠶ᠎ᠡ ᠠ᠋!
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
