ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠠᠪᠤᠳᠤᠭᠠᠷ ᠪᠦᠯᠦᠭ 1–3> Бүлжхэн хатан– [монгол] Дамбын Төрбат <тавдугаар бүлэг 1–3>
ᠪᠦᠯᠵᠢᠬᠢᠨ ᠬᠠᠲᠤᠨ–<ᠲᠠᠪᠤᠳᠤᠭᠠᠷ ᠪᠦᠯᠦᠭ 1–3>
《ᠲᠡᠮᠦᠵᠢᠨ ᠦᠭᠡ》 ᠨᠣᠶᠠᠨ ᠤ᠋ ᠲᠡᠷᠰᠯᠡᠭᠦᠦ ᠰᠤᠷᠠᠭ
᠁ ᠬᠠᠷᠠᠭ᠎ᠠ ᠶᠡᠬᠡᠲᠦ ᠲᠤᠭ ᠢ᠋ᠶ᠋ᠠᠨ ᠲᠠᠬᠢᠵᠤ
ᠬᠠᠷ᠎ᠠ ᠪᠤᠬᠠᠨ ᠤ᠋ ᠠᠷᠠᠰᠤ ᠪᠠᠷ ᠪᠦᠷᠢᠭᠰᠡᠨ
ᠬᠠᠷᠬᠢᠬᠤ ᠳᠠᠭᠤ ᠲᠠᠢ ᠬᠡᠩᠭᠡᠷᠭᠡ ᠪᠡᠨ ᠳᠡᠯᠡᠳᠴᠦ
ᠬᠠᠳᠠᠨ ᠪᠣᠯᠣᠳ ᠵᠢᠳᠠ ᠪᠠᠨ ᠪᠠᠷᠢᠵᠤ
ᠬᠠᠯᠬ᠎ᠠ ᠬᠤᠶᠠᠭᠲᠤ ᠳᠡᠪᠡᠯ ᠢ᠋ᠶ᠋ᠡᠨ ᠡᠮᠦᠰᠴᠦ
ᠬᠠᠳᠬᠤᠬᠤ ᠵᠠᠪᠠᠲᠤ ᠰᠤᠮᠤ ᠪᠠᠨ ᠣᠨᠢᠯᠠᠵᠤ
ᠬᠠᠷ᠎ᠠ ᠬᠣᠯᠠ ᠮᠣᠷᠢ ᠪᠠᠨ ᠤᠨᠤᠵᠤ
ᠬᠠᠮᠤᠭ ᠣᠯᠠᠨ ᠴᠡᠷᠢᠭ ᠢ᠋ᠶ᠋ᠡᠨ ᠳᠠᠭᠠᠭᠤᠯᠵᠤ
ᠬᠠᠳᠬᠤᠯᠳᠤᠨ ᠪᠠᠢᠯᠳᠤᠬᠤ ᠪᠠᠷ ᠮᠣᠷᠳᠠᠪᠠ ᠪᠢ
《ᠮᠣᠩᠭᠣᠯ ᠤ᠋ᠨ ᠨᠢᠭᠤᠴᠠ ᠲᠣᠪᠴᠢᠶᠠᠨ》
1
ᠨᠢᠭᠡᠨ ᠶᠡᠬᠡ ᠬᠠᠷ᠎ᠠ ᠪᠠᠷ᠎ᠠ ᠬᠡᠪ ᠭᠡᠨᠡᠳᠲᠡ ᠨᠡᠭᠦᠭᠡᠯᠲᠦᠨ ᠭᠠᠷᠴᠤ ᠢᠷᠡᠪᠡ᠃ ᠰᠠᠢᠨ ᠬᠠᠷᠠᠪᠠᠯ ᠦᠬᠡᠷ ᠮᠥᠨ ᠬᠡᠳᠦᠢ ᠴᠦ᠍ ᠬᠣᠯᠪᠣᠵᠤ ᠲᠠᠯᠪᠢᠭᠰᠠᠨ᠂ ᠡᠰᠡᠪᠡᠯ ᠠᠴᠢᠶ᠎ᠠ ᠪᠠᠨ ᠴᠢᠷᠦᠭᠰᠡᠨ ᠬᠣᠶᠠᠷ ᠤ᠋ᠨ ᠯᠠ ᠨᠢᠭᠡᠨ ᠪᠠᠢᠯᠲᠠᠢ ᠦᠬᠡᠷ ᠦᠬᠡᠷ ᠡᠴᠡ ᠡᠲᠡᠭᠡᠳ ᠨᠦᠰᠡᠷ ᠣᠪᠣᠷ ᠲᠠᠢ ᠦᠵᠡᠭᠳᠡᠬᠦ ᠪᠥᠯᠥᠭᠡ᠃ ᠲᠡᠢᠨ ᠠᠲᠠᠯ᠎ᠠ ᠪᠦᠳᠡᠭᠢ ᠵᠢᠮ ᠡᠴᠡ ᠦᠯᠦ ᠭᠠᠵᠢᠷᠠᠬᠤ ᠠᠭᠠᠳ ᠠᠯᠢ ᠪᠣᠢ ᠨᠢᠭᠡᠨ ᠬᠢᠵᠠᠭᠠᠷ ᠲᠤ᠌ ᠲᠡᠮᠡᠦᠯᠦᠨ ᠶᠠᠭᠠᠷᠠᠭᠰᠠᠨ ᠰᠢᠨᠵᠢ ᠣᠭᠲᠣᠬᠠᠨ ᠴᠤ᠌ ᠦᠭᠡᠢ ᠠᠵᠢ᠃ ᠣᠯᠠᠨ ᠳᠣᠣᠷ᠎ᠠ ᠠ᠋ᠴᠠ ᠬᠠᠯᠠᠭᠤᠨ ᠬᠠᠭᠠᠷᠢᠭᠤᠯ ᠮᠡᠲᠦ ᠲᠥᠭᠡᠨᠡᠬᠦ ᠰᠢᠷᠣᠢ᠂ ᠵᠤᠯᠠᠢ ᠳᠡᠭᠡᠷ᠎ᠡ ᠡᠴᠡ ᠵᠢᠩᠨᠡᠭᠦᠷ ᠦ᠋ᠨ ᠲᠠᠭ ᠮᠡᠲᠦ ᠴᠣᠷᠭᠢᠬᠤ ᠨᠠᠷᠠ ᠠᠯᠢ ᠠᠯᠢ ᠨᠢ ᠮᠥᠨᠥᠬᠡᠨ ᠦᠬᠡᠷ ᠢ᠋ ᠰᠢᠪᠠᠳᠠᠭᠤᠯᠵᠤ ᠦᠯᠦ ᠴᠢᠳᠠᠬᠤ ᠠᠪᠠᠢ᠃ ᠲᠠᠪᠠ ᠪᠠᠷ ᠢ᠋ᠶ᠋ᠠᠨ ᠬᠡᠯᠲᠦᠷᠢᠬᠦ ᠨᠢ ᠪᠠᠰᠠ ᠴᠤ᠌ ᠠᠷᠭ᠎ᠠ ᠦᠭᠡᠢ ᠰᠠᠨᠵᠠᠢ᠃ ᠰᠣᠯᠵᠢᠷ ᠤᠯᠠᠭᠴᠢᠨ ᠦᠨᠢᠶ᠎ᠡ ᠶ᠋ᠢ ᠲᠡᠷᠭᠡᠨ ᠳ᠋ᠦ᠍ ᠬᠥᠯᠯᠡᠭᠡᠳ ᠤᠳᠠᠭᠰᠠᠨ ᠶᠠᠩᠵᠤ ᠢᠯᠡᠷᠬᠡᠢ ᠪᠠᠢᠪᠠ᠃ ᠶᠠᠩᠭᠢᠶᠠᠨ ᠤ᠋ ᠲᠣᠬᠣᠮ ᠤ᠋ᠨ ᠵᠠᠪᠰᠠᠷ ᠢ᠋ᠶ᠋ᠠᠷ ᠬᠠᠲᠠᠭᠰᠠᠨ ᠬᠥᠯᠥᠰᠥᠨ ᠦ᠌ ᠣᠷᠣᠮ ᠪᠤᠷᠵᠢᠢᠵᠤ᠂ ᠡᠪᠬᠡᠵᠦ ᠣᠷᠬᠢᠭᠰᠠᠨ ᠲᠥᠷᠥ ᠨᠢ ᠨᠠᠷᠠ ᠰᠠᠯᠬᠢᠨ ᠳ᠋ᠤ᠌ ᠤᠩᠭᠤᠵᠤ ᠭᠠᠩᠳᠠᠵᠠᠢ᠃ ᠪᠠᠰᠠ ᠬᠦ᠌ ᠲᠡᠷᠭᠡᠨ ᠦ᠌ ᠭᠤᠶ᠎ᠠ ᠮᠣᠳᠣ ᠬᠥᠰᠡᠷᠡᠢ ᠥᠩᠭᠡ ᠲᠡᠢ ᠶ᠋ᠢ ᠪᠣᠳᠣᠬᠤ ᠳ᠋ᠤ᠌ ᠬᠥᠮᠦᠨ ᠦ᠌ ᠭᠠᠷ ᠬᠦᠷᠦᠯ ᠦᠭᠡᠢ ᠤᠳᠠᠭᠰᠠᠨ ᠬᠡᠷᠡᠭ ᠪᠢᠯᠡ᠃ ᠮᠥᠨᠥᠬᠡᠨ ᠤᠯᠠᠭᠴᠢᠨ ᠦᠨᠢᠶ᠎ᠡ ᠨᠢᠭᠤᠷ ᠨᠢᠳᠦ ᠦᠭᠡᠢ ᠰᠢᠪᠠᠬᠤ ᠬᠠᠷ᠎ᠠ ᠢᠯᠠᠭ᠎ᠠ ᠶ᠋ᠢ ᠲᠦᠪᠡᠭᠰᠢᠶᠡᠨ ᠰᠠᠵᠢᠯᠠᠵᠤ᠂ ᠰᠡᠭᠦᠯ ᠢ᠋ᠶ᠋ᠡᠷ ᠢ᠋ᠶ᠋ᠡᠨ ᠰᠢᠪᠬᠠᠴᠢᠨ ᠮᠠᠭᠤᠬᠠᠢ ᠠᠭᠠᠰᠢᠯᠠᠪᠠᠴᠤ ᠦᠷᠭᠦᠨ ᠬᠣᠯᠠᠳᠴᠤ ᠠᠮᠤᠷ ᠵᠠᠶᠠᠭ᠎ᠠ ᠦᠵᠡᠭᠦᠯᠬᠦ ᠰᠢᠨᠵᠢ ᠠᠯᠠᠭ᠎ᠠ᠃ ᠶᠡᠷᠦ ᠮᠣᠳᠣᠨ ᠲᠡᠷᠭᠡᠨ ᠳᠡᠭᠡᠷ᠎ᠡ ᠬᠠᠷ᠎ᠠ ᠢᠯᠠᠭ᠎ᠠ ᠠᠴᠢᠵᠤ ᠶᠠᠪᠤᠭ᠎ᠠ ᠶᠤᠮ ᠰᠢᠭ᠋ ᠪᠠᠭᠠᠷᠴᠠᠭᠯᠠᠵᠠᠢ᠃ ᠡᠢᠨ ᠬᠣᠯᠠ ᠠ᠋ᠴᠠ ᠬᠠᠷᠠᠬᠤ ᠳ᠋ᠤ᠌ ᠮᠥᠨᠥᠬᠡᠨ ᠲᠣᠮᠣ ᠲᠣᠮᠣ ᠨᠣᠭᠣᠭᠠᠨ ᠢᠯᠠᠭ᠎ᠠ ᠨᠤᠭᠤᠳ ᠪᠠᠷ᠎ᠠ ᠪᠦᠷ ᠨᠡᠮᠡᠳᠡᠭ ᠪᠠᠢᠵᠤ ᠴᠤ᠌ ᠮᠡᠳᠡᠬᠦ ᠪᠢᠯᠡ᠃ ᠶᠠᠭᠤ ᠲᠠᠢ ᠴᠤ᠌ ᠬᠤᠲᠤᠭᠲᠤ ᠮᠣᠩᠬᠣᠷ ᠲᠤ᠌ ᠨᠢᠭᠡ ᠦᠨᠢᠶ᠎ᠡ ᠬᠣᠶᠠᠷ ᠦᠬᠡᠷ ᠦ᠋ᠨ ᠳᠠᠢᠲᠠᠢ ᠬᠠᠷᠠᠭᠳᠠᠵᠠᠢ᠃ ᠲᠡᠷᠡ ᠪᠡᠷ ᠠᠢᠯ ᠤ᠋ᠨ ᠭᠠᠵᠠᠷ ᠲᠤ᠌ ᠬᠦᠯᠦᠭ ᠦ᠋ᠨ ᠢ᠋ᠶ᠋ᠡᠨ ᠵᠢᠯᠣᠭᠣ ᠲᠠᠲᠠᠵᠤ ᠬᠠᠯᠠᠭᠰᠠᠨ ᠠᠭᠠᠷ ᠲᠤ᠌ ᠨᠡᠭᠰᠢᠭᠰᠡᠨ ᠦᠨᠦᠷ ᠢ᠋ ᠰᠢᠩᠰᠢᠯᠡᠨ᠂
— ᠴᠢ ᠦᠵᠡᠭᠡᠳ ᠢᠷ᠎ᠡ! ᠭᠡᠮᠡᠨ ᠬᠥᠲᠥᠴᠢ ᠡᠪᠦᠭᠡᠨ ᠢ᠋ᠶ᠋ᠡᠨ ᠵᠠᠷᠤᠯ᠎ᠠ᠃ ᠨᠠᠰᠤᠵᠢᠬᠤ ᠡᠷ᠎ᠡ ᠮᠣᠷᠢ ᠪᠠᠨ ᠳᠠᠪᠢᠷᠠᠨ ᠲᠡᠪᠡᠷᠢᠪᠡᠴᠦ ᠦᠷᠭᠦᠨ ᠬᠤᠤᠬᠢᠷᠠᠭᠠᠳ ᠡᠰᠡ ᠣᠢᠷᠠᠲᠤᠭᠰᠠᠨ ᠲᠤᠯᠠ ᠠᠷᠭ᠎ᠠ ᠶᠠᠳᠠᠨ ᠪᠠᠭᠤᠵᠤ ᠣᠴᠢᠵᠠᠢ᠃ ᠴᠢᠩᠭᠢᠭᠡᠳ ᠲᠦᠭᠳᠦᠭ ᠲᠦᠭᠳᠦᠭ ᠠᠯᠬᠤᠯᠠᠨ ᠳᠥᠭᠥᠭᠰᠡᠨ ᠢ᠋ᠶ᠋ᠡᠨ ᠨᠢᠳᠤᠷᠭ᠎ᠠ ᠪᠠᠷ ᠢ᠋ᠶ᠋ᠠᠨ ᠬᠠᠮᠠᠷ ᠠᠮᠠ ᠪᠠᠨ ᠪᠥᠭᠯᠡᠨ ᠰᠡᠵᠢᠭᠯᠡᠭᠰᠡᠨ ᠪᠠᠢᠷᠢ ᠲᠠᠢ ᠵᠣᠭ ᠲᠤᠰᠤᠭᠰᠠᠨ ᠢ᠋ᠶ᠋ᠠᠨ ᠡᠷᠭᠢᠵᠦ ᠬᠠᠷᠠᠯ᠎ᠠ᠃ ᠬᠤᠲᠤᠭᠲᠤ ᠮᠣᠩᠬᠣᠷ ᠢᠯᠠᠭᠠᠷᠬᠠᠨ ᠲᠦᠬᠦᠭᠡᠯᠵᠡᠬᠦ ᠮᠣᠷᠢᠨ ᠤ᠋ ᠪᠠᠨ ᠠᠮᠠ ᠶ᠋ᠢ ᠲᠡᠳᠡᠨ ᠬᠥᠨᠳᠡᠯᠢᠰᠦᠭᠦᠯᠵᠦ᠂
— ᠦᠵᠡ᠂ ᠦᠵᠡ! ᠶᠠᠭᠤ ᠪᠠᠢᠨ᠎ᠠ? ᠭᠡᠬᠦ ᠳ᠋ᠦ᠍ ᠱᠠᠪᠢᠯᠬᠠᠨ ᠡᠷ᠎ᠡ ᠵᠣᠷᠢᠭᠯᠠᠨ ᠳᠥᠭᠥᠵᠦ ᠣᠴᠢᠪᠠᠯ ᠦᠷᠭᠦᠭᠰᠡᠨ ᠢᠯᠠᠭ᠎ᠠ ᠳᠠᠷᠬᠢᠨ ᠨᠢᠰᠬᠦ ᠨᠢ ᠨᠠᠷᠠ ᠬᠠᠷᠠᠩᠬᠠᠢᠯᠠᠬᠤ ᠰᠢᠭ᠋ ᠪᠣᠯᠵᠠᠢ᠃ ᠲᠡᠷᠡ ᠪᠡᠷ ᠢᠯᠠᠭ᠎ᠠ ᠦᠷᠭᠦᠭᠡᠵᠦ ᠪᠦᠲᠡᠭᠡᠯᠭᠡ ᠶᠠᠭᠤ ᠶ᠋ᠢ ᠨᠢ ᠰᠡᠬᠦᠨ ᠬᠠᠷᠠᠭᠰᠠᠨ ᠢ᠋ᠶ᠋ᠠᠨ ᠭᠡᠨᠡᠳᠲᠡ ᠡᠷᠭᠢᠨ ᠫᠡᠷ ᠫᠡᠷ ᠭᠦᠶᠦᠭᠰᠡᠭᠡᠷ ᠬᠤᠲᠤᠭᠲᠤ ᠮᠣᠩᠬᠣᠷ ᠤ᠋ᠨ ᠥᠯᠮᠡᠢ ᠶ᠋ᠢᠨ ᠳᠣᠣᠷ᠎ᠠ ᠰᠥᠬᠥᠷᠡᠨ ᠤᠨᠠᠪᠠ᠃ ᠬᠠᠩᠭᠠᠯ ᠬᠦᠯᠦᠭ ᠨᠠᠯᠮᠠᠭᠠᠰᠬᠢᠨ ᠰᠥᠭᠥᠳᠦᠭᠰᠡᠨ ᠡᠪᠦᠭᠡᠨ ᠡᠴᠡ ᠰᠣᠴᠢᠨ ᠲᠠᠪᠲᠤᠷ ᠠᠯᠳᠠᠬᠤ ᠳ᠋ᠤ᠌ ᠬᠠᠨ ᠬᠥᠪᠡᠭᠦᠨ ᠪᠠᠬᠠᠨ ᠳᠣᠭᠣᠭᠢᠯᠠᠩᠭᠤᠢ ᠳᠠᠭᠤ ᠪᠠᠷ᠂
— ᠵᠠ ᠶᠠᠭᠠᠬᠢᠪᠠ᠂ ᠶᠠᠭᠤ ᠦᠵᠡᠪᠡ? ᠬᠡᠯᠡᠭᠲᠦᠨ! ᠬᠡᠮᠡᠬᠦ ᠳ᠋ᠦ᠍ ᠡᠪᠦᠭᠡᠨ ᠠᠷᠭ᠎ᠠ ᠪᠠᠷᠠᠭᠳᠠᠭᠰᠠᠨ ᠬᠠᠷᠠᠴᠠ ᠪᠠᠷ ᠬᠠᠷᠠᠯ᠎ᠠ᠃ ᠲᠡᠭᠦᠨ ᠦ᠌ ᠲᠦᠮᠡᠨ ᠦᠷᠴᠢᠯᠡᠭᠡ ᠰᠢᠪᠠᠭᠰᠠᠨ ᠨᠢᠭᠤᠷᠤᠨ ᠳ᠋ᠤ᠌ ᠠᠶᠤᠳᠠᠰᠤ ᠰᠦᠮᠡᠯᠵᠡᠵᠦ᠂ ᠬᠣᠶᠠᠷ ᠤᠷᠲᠤ ᠭᠠᠷ ᠨᠢ ᠬᠡᠢ ᠶᠠᠭᠤᠮ᠎ᠠ ᠲᠡᠮᠲᠡᠴᠢᠨ ᠠᠮᠠ ᠨᠢ ᠠᠩᠭᠠᠯᠵᠠᠬᠤ ᠶ᠋ᠢ ᠦᠵᠡᠭᠡᠳ ᠬᠤᠲᠤᠭᠲᠤ ᠮᠣᠩᠬᠣᠷ ᠥᠪᠡᠷ ᠢ᠋ᠶ᠋ᠡᠨ ᠬᠠᠷ᠎ᠠ ᠠᠶᠠᠨ ᠳ᠋ᠠᠭᠠᠨ ᠲᠦᠭᠰᠢᠭᠦᠷᠢ ᠳ᠋ᠦ᠍ ᠠᠪᠲᠠᠨ᠂
— ᠶᠠᠭᠤ ᠪᠠᠢᠨ᠎ᠠ? ᠭᠡᠪᠡ᠃ ᠡᠪᠦᠭᠡᠨ ᠴᠡᠷᠢᠭ ᠤᠷᠤᠭᠰᠢ ᠮᠥᠯᠬᠥᠵᠦ᠂ ᠠᠮᠠ ᠨᠢ ᠠᠩᠭᠠᠯᠵᠠᠨ᠂ ᠨᠢᠳᠦ ᠨᠢ ᠪᠦᠯᠲᠡᠯᠵᠡᠨ ᠪᠠᠢᠭᠰᠠᠨ ᠢ᠋ᠶ᠋ᠠᠨ ᠭᠡᠨᠡᠳᠲᠡ ᠬᠠᠬᠠᠵᠤ ᠴᠡᠴᠡᠨ ᠠᠮᠢᠰᠬᠤᠭ᠎ᠠ ᠠᠪᠴᠤ᠂
— ᠲᠩᠷᠢ ᠮᠢᠨᠢ᠁ ᠬᠡᠮᠡᠭᠰᠡᠨ ᠢ᠋ᠶ᠋ᠡᠨ ᠤᠷᠤᠭᠰᠢ ᠠᠬᠢᠵᠤ ᠮᠥᠯᠬᠥᠨ᠂
— ᠡᠵᠡᠨ ᠲᠠ ᠥᠷᠥᠰᠢᠶᠡ! ᠲᠡᠷᠡ᠁ ᠲᠡᠷᠡ᠁ ᠭᠡᠳ ᠦᠬᠡᠷ ᠨᠢ ᠴᠢᠷᠦᠨ ᠵᠦᠩ ᠢ᠋ᠶ᠋ᠡᠷ ᠢ᠋ᠶ᠋ᠡᠨ ᠴᠠᠭᠠᠰᠢᠯᠠᠵᠤ ᠶᠠᠪᠤᠭ᠎ᠠ ᠲᠡᠷᠭᠡ ᠶ᠋ᠢ ᠵᠢᠭᠠᠨ᠂
— ᠲᠡᠷᠡ᠁ ᠲᠡᠷᠡ᠁ ᠭᠡᠮᠡᠨ ᠣᠳᠣ ᠬᠦᠷᠲᠡᠯ᠎ᠡ ᠠᠶᠤᠨ᠎ᠠ ᠪᠣᠯᠤᠯᠲᠠᠢ ᠬᠤᠲᠤᠭᠲᠤ ᠮᠣᠩᠬᠣᠷ ᠤᠷᠤᠭᠤ ᠬᠣᠶᠠᠷ ᠨᠢᠭᠡᠨ ᠮᠥᠯᠬᠥᠨ ᠳᠥᠭᠥᠵᠦ᠂
— ᠥᠬᠢᠨᠪᠠᠷᠬᠠᠭ᠁ ᠭᠡᠯᠡ᠃ ᠨᠠᠷᠠ ᠲᠠᠢ ᠲᠩᠷᠢ ᠡᠴᠡ ᠠᠶᠤᠩᠭ᠎ᠠ ᠪᠠᠭᠤᠭᠰᠠᠨ ᠮᠡᠲᠦ ᠰᠣᠨᠣᠰᠳᠠᠵᠠᠢ᠃ ᠡᠪᠦᠭᠡᠨ ᠴᠡᠷᠢᠭ ᠦ᠋ᠨ ᠮᠣᠷᠢ ᠪᠠᠷᠢᠵᠤ ᠦᠯᠡᠳᠡᠭᠰᠡᠨ ᠵᠠᠯᠠᠭᠤ ᠪᠠᠭᠠᠲᠤᠷ ᠬᠦᠷᠲᠡᠯ᠎ᠡ᠂
— ᠠᠩ⁈ ᠬᠡᠮᠡᠪᠡ᠃ ᠪᠤᠭᠤᠷᠤᠯ ᠡᠷ᠎ᠡ ᠰᠠᠶᠢ ᠯᠠ ᠰᠡᠭᠡᠭᠡ ᠠᠪᠴᠤ ᠬᠣᠷᠮᠣᠢ ᠬᠣᠳᠣ ᠪᠠᠨ ᠭᠦᠪᠢᠨ ᠪᠣᠰᠴᠤ ᠢᠷᠡᠭᠡᠳ᠂
— ᠥᠬᠢᠨᠪᠠᠷᠬᠠᠭ ᠨᠣᠶᠠᠨ ᠤ᠋ ᠱᠠᠷᠢᠯ ᠪᠠᠢᠵᠠᠢ ᠭᠡᠵᠦ ᠢᠲᠡᠭᠡᠯ ᠲᠡᠢ ᠥᠭᠦᠯᠡᠵᠡᠢ᠃ ᠬᠤᠲᠤᠭᠲᠤ ᠮᠣᠩᠬᠣᠷ ᠡᠬᠢᠯᠡᠭᠡᠳ ᠡᠪᠦᠭᠡᠨ ᠢ᠋᠂ ᠳᠠᠷᠠᠭ᠎ᠠ ᠨᠢ ᠵᠠᠯᠠᠭᠤ ᠴᠡᠷᠢᠭ ᠢ᠋᠂ ᠲᠡᠭᠡᠭᠡᠳ ᠪᠠᠷ᠎ᠠ ᠪᠣᠯᠵᠤ ᠶᠠᠪᠤᠭ᠎ᠠ ᠬᠦᠯᠦᠭ ᠪᠠᠭᠠᠲᠤᠷ ᠤ᠋ᠳ ᠢ᠋ᠶ᠋ᠠᠨ ᠲᠣᠭᠣᠷᠢᠭᠤᠯᠤᠨ ᠬᠠᠷᠠᠪᠠ᠃ ᠴᠢᠩᠭᠢᠭᠡᠳ ᠵᠢᠯᠣᠭᠣ ᠪᠠᠨ ᠪᠦᠭᠦᠷᠭᠡᠨ ᠳ᠋ᠡᠭᠡᠨ ᠰᠣᠢᠭᠰᠠᠨ ᠢ᠋ᠶ᠋ᠠᠨ ᠵᠥᠭᠡᠯᠡᠬᠡᠨ ᠪᠠᠭᠤᠵᠤ᠂ ᠴᠤᠯᠪᠤᠭᠤᠷ ᠢ᠋ᠶ᠋ᠠᠨ ᠡᠪᠦᠭᠡᠨ ᠬᠥᠲᠥᠴᠢ ᠳ᠋ᠡᠭᠡᠨ ᠠᠶᠠᠷᠬᠠᠨ ᠥᠭᠭᠦᠯ᠎ᠡ᠃ ᠬᠤᠲᠤᠭᠲᠤ ᠮᠣᠩᠬᠣᠷ ᠵᠠᠮ ᠤ᠋ᠨ ᠬᠠᠵᠠᠭᠤ ᠶ᠋ᠢᠨ ᠡᠪᠡᠰᠦ ᠭᠠᠭᠴᠠ ᠨᠢᠭᠡ ᠬᠠᠵᠠᠯᠠᠨ ᠰᠠᠵᠢᠯᠠᠬᠤ ᠦᠬᠡᠷ ᠦ᠋ᠨ ᠲᠥᠷᠥ ᠰᠢᠭᠦᠷᠡᠨ ᠠᠪᠤᠭᠰᠠᠨ ᠢ᠋ᠶ᠋ᠠᠨ ᠥᠪᠡᠷ ᠢ᠋ ᠨᠢ ᠠᠮᠢᠰᠬᠤᠭ᠎ᠠ ᠪᠠᠨ ᠳᠠᠷᠤᠨ ᠬᠠᠷᠠᠬᠤ ᠬᠦᠯᠦᠭ ᠡᠷᠡᠰ ᠢ᠋ᠶ᠋ᠡᠨ ᠨᠢᠭᠡᠨᠲᠡ ᠰᠢᠷᠳᠡᠪᠡ᠃ ᠲᠡᠭᠡᠭᠡᠳ ᠪᠠᠭᠠᠷᠴᠠᠭᠯᠠᠨ ᠰᠢᠪᠠᠭᠰᠠᠨ ᠬᠠᠷ᠎ᠠ ᠢᠯᠠᠭ᠎ᠠ ᠶ᠋ᠢ ᠰᠡᠪᠢᠵᠦ ᠦᠷᠭᠦᠭᠡᠨ᠂ ᠣᠩᠭᠣᠵᠤ ᠭᠠᠩᠳᠠᠭᠰᠠᠨ ᠰᠠᠰᠠᠷ ᠬᠣᠷᠭᠣᠢ ᠲᠡᠷᠯᠢᠭ ᠦ᠋ᠨ ᠬᠣᠷᠮᠣᠢ ᠰᠡᠬᠦᠨ ᠬᠠᠷᠠᠯ᠎ᠠ᠃ ᠣᠢ ᠭᠤᠲᠤᠮ᠎ᠠ ᠦᠮᠡᠬᠡᠢ ᠦᠨᠦᠷ ᠨᠢᠯ ᠬᠢᠨ ᠬᠠᠮᠠᠷ ᠴᠣᠷᠭᠢᠵᠤ᠂ ᠲᠦᠮᠡᠨ ᠥᠳᠥ ᠣᠯᠵᠠᠨ ᠳᠡᠭᠡᠷ᠎ᠡ ᠪᠡᠨ ᠣᠪᠣᠯᠵᠠᠵᠤ ᠬᠠᠷᠠᠭᠳᠠᠬᠤ ᠳ᠋ᠤ᠌ ᠡᠷᠬᠡ ᠦᠭᠡᠢ ᠣᠭᠢᠭᠤᠳᠠᠰᠤ ᠬᠦᠷᠴᠦ ᠪᠤᠰᠢᠭᠤᠬᠠᠨ ᠬᠤᠴᠢᠪᠠ᠃ ᠴᠢᠩᠭᠢᠭᠡᠳ ᠠᠬᠢᠨ ᠬᠠᠷᠠᠵᠤ ᠡᠰᠡ ᠴᠢᠳᠠᠨ᠂
— ᠲᠡᠷᠡ ᠮᠥᠨ ᠤᠤ? ᠭᠡᠵᠦ ᠰᠢᠪᠡᠨᠡᠨ ᠥᠪᠡᠷ ᠡᠴᠡ ᠪᠡᠨ ᠠᠰᠠᠭᠤᠭᠰᠠᠨ ᠬᠡᠳᠦᠢ ᠴᠦ᠍ ᠬᠥᠲᠥᠴᠢ ᠡᠪᠦᠭᠡᠨ᠂ ᠬᠦᠯᠦᠭ ᠪᠠᠭᠠᠲᠤᠷ ᠤ᠋ᠳ ᠰᠣᠨᠣᠰᠴᠠᠢ᠃
— ᠮᠥᠨ ᠠ᠋᠁ ᠮᠥᠨ᠁
— ᠴᠢ ᠶᠠᠭᠤ ᠪᠠᠷ ᠨᠢ ᠮᠢᠨᠦ ᠠᠬ᠎ᠠ ᠶ᠋ᠢ ᠭᠡᠮᠡᠨ ᠬᠡᠯᠡᠵᠦ ᠵᠢᠷᠦᠬᠡᠯᠡᠪᠡ᠃
— ᠡᠷᠬᠢᠮ ᠳᠡᠭᠡᠳᠦᠰ ᠮᠢᠨᠢ᠂ ᠥᠬᠢᠨᠪᠠᠷᠬᠠᠭ ᠨᠣᠶᠠᠨ ᠪᠠᠷᠠᠭᠤᠨ ᠭᠠᠷ ᠲᠠᠭᠠᠨ ᠲᠣᠮᠣ ᠠᠯᠲᠠᠨ ᠪᠠᠭᠤᠪᠴᠢ ᠵᠡᠭᠦᠳᠡᠭ ᠪᠢᠯᠡ᠃ ᠲᠡᠷᠡ ᠨᠢ ᠬᠡᠪ ᠢ᠋ᠶ᠋ᠡᠷ ᠢ᠋ᠶ᠋ᠡᠨ ᠪᠠᠢᠨ᠎ᠠ ᠯᠠᠢ᠁ ᠭᠡᠵᠦ ᠥᠭᠦᠯᠡᠬᠦ ᠳ᠋ᠦ᠍ ᠬᠤᠲᠤᠭᠲᠤ ᠮᠣᠩᠬᠣᠷ ᠥᠷᠥᠭᠡᠯᠳᠡᠵᠦ ᠨᠥᠮᠥᠷᠭᠡᠭᠰᠡᠨ ᠳᠡᠪᠡᠯ ᠦ᠋ᠨ ᠬᠢᠨᠢ ᠬᠣᠷᠮᠣᠢ ᠶ᠋ᠢ ᠰᠡᠮᠬᠡᠨ ᠰᠡᠬᠦᠵᠦ ᠦᠵᠡᠪᠡ᠃ ᠡᠪᠦᠭᠡᠨ ᠦᠨᠡᠨ ᠬᠡᠯᠡᠵᠡᠢ᠃ ᠯᠤᠤ ᠣᠷᠢᠶᠠᠯᠭᠠᠵᠤ ᠤᠷᠠᠯᠠᠭᠰᠠᠨ ᠰᠢᠵᠢᠷ ᠠᠯᠲᠠᠨ ᠪᠠᠭᠤᠪᠴᠢ ᠨᠢ ᠭᠢᠯᠠᠯᠵᠠᠨ ᠪᠠᠢᠯ᠎ᠠ᠃ ᠲᠡᠷᠡ ᠠᠩᠵᠠᠭᠠᠷᠠᠭ᠎ᠠ ᠦᠭᠡᠢ ᠶᠦᠮ ᠰᠠᠨᠵᠠᠢ᠃ ᠶᠢᠷᠲᠢᠨᠴᠦ ᠳ᠋ᠦ᠍ ᠬᠥᠮᠦᠨ ᠪᠣᠯᠵᠤ ᠲᠦᠷᠦᠭᠰᠡᠭᠡᠷ ᠳᠤᠲᠠᠭᠤ ᠶᠠᠭᠤᠮ᠎ᠠ ᠦᠭᠡᠢ ᠥᠰᠦᠭᠰᠡᠨ ᠬᠥᠮᠦᠨ ᠡᠷᠳᠡᠨᠢᠰ ᠦ᠋ᠨ ᠥᠩᠭᠡᠨ ᠳ᠋ᠦ᠍ ᠨᠢᠳᠦ ᠬᠤᠷᠢᠴᠠᠵᠤ ᠬᠠᠷᠠᠬᠤ ᠪᠠᠨ ᠪᠣᠯᠢᠳᠠᠭ ᠶᠤᠮ᠃ ᠬᠠᠷᠢᠨ ᠴᠠᠭ ᠤ᠋ᠨ ᠴᠠᠭ ᠲᠤ᠌ ᠥᠯᠥᠰᠴᠦ ᠵᠦᠳᠡᠵᠦ ᠶᠠᠪᠤᠭᠰᠠᠨ ᠬᠥᠮᠦᠨ ᠦ᠌ ᠨᠢᠳᠦ ᠥᠯᠥᠨ ᠪᠠᠢᠬᠤ ᠲᠤᠯᠠ ᠰᠢᠵᠢᠷ ᠠᠯᠲᠠᠨ ᠪᠠᠭᠤᠪᠴᠢ ᠶ᠋ᠢ ᠬᠠᠮᠤᠭ ᠤ᠋ᠨ ᠲᠦᠷᠦᠭᠦᠦ ᠣᠯᠵᠤ ᠬᠠᠷᠠᠵᠠᠢ᠃
— ᠲᠡᠢᠮᠦ ᠪᠠᠢᠨ᠎ᠠ ᠁
— ᠣᠳᠣ ᠶᠠᠭᠠᠬᠢᠬᠤ ᠪᠣᠢ᠂ ᠨᠣᠶᠠᠨᠲᠠᠨ ᠠ᠋?
— ᠬᠤᠷᠠᠯᠲᠠᠢ ᠳ᠋ᠤ᠌ ᠣᠴᠢᠨ᠎ᠠ ᠠ᠋᠃
— ᠡᠨᠡ ᠱᠠᠷᠢᠯ ᠢ᠋᠁
— ᠥᠬᠢᠨᠪᠠᠷᠬᠠᠭ ᠤᠤ? ᠲᠡᠷᠡ ᠲᠥᠷᠥ ᠶ᠋ᠢᠨ ᠬᠤᠷᠠᠯᠲᠠᠢ ᠳ᠋ᠤ᠌ ᠣᠷᠣᠯᠴᠠᠬᠤ ᠡᠷᠬᠡ ᠲᠡᠢ ᠠᠯᠲᠠᠨ ᠤᠷᠤᠭ ᠤ᠋ᠨ ᠬᠥᠮᠦᠨ᠂ ᠳᠠᠭᠠᠭᠤᠯᠤᠭᠠᠳ ᠶᠠᠪᠤᠶ᠎ᠠ ᠭᠡᠵᠦ ᠶᠡᠷᠦ ᠠᠮᠢᠳᠤ ᠬᠥᠮᠦᠨ ᠦ᠌ ᠲᠤᠬᠠᠢ ᠶᠠᠷᠢᠵᠤ ᠪᠣᠢ ᠮᠡᠲᠦ ᠬᠡᠪ ᠨᠢᠭᠡ ᠥᠭᠦᠯᠡᠵᠡᠢ᠃ ᠴᠢᠩᠭᠢᠭᠡᠳ ᠬᠠᠨ ᠬᠥᠪᠡᠭᠦᠨ ᠣᠮᠣᠭᠯᠠᠩ ᠬᠡᠭᠡᠷ ᠮᠣᠷᠢᠨ ᠳ᠋ᠠᠭᠠᠨ ᠤᠬᠤᠰᠬᠢᠨ ᠮᠣᠷᠳᠠᠭᠠᠳ ᠡᠪᠦᠭᠡᠨ ᠴᠡᠷᠢᠭ ᠲᠦ᠍᠂
— ᠲᠠ ᠬᠥᠲᠥᠯᠦᠭᠡᠳ ᠣᠷᠣ! ᠶᠡᠬᠡ ᠬᠤᠷᠠᠯᠲᠠᠢ ᠬᠣᠷᠬᠣᠨᠠᠭ ᠵᠢᠪᠤᠷ ᠲᠤ᠌ ᠪᠣᠯᠵᠤ ᠪᠣᠢ᠁ ᠭᠡᠳ ᠮᠣᠷᠢᠨ ᠳ᠋ᠠᠭᠠᠨ ᠲᠠᠰᠢᠭᠤᠷ ᠥᠭᠭᠦᠯ᠎ᠡ᠃ ᠬᠦᠰᠡᠭᠡ ᠦᠭᠡᠢ ᠠᠯᠪᠠᠨ ᠳ᠋ᠠᠭᠠᠨ ᠲᠣᠬᠣᠭᠠᠭᠳᠠᠵᠤ᠂ ᠠᠷᠠᠴᠢᠭ᠎ᠠ ᠦᠭᠡᠢ ᠰᠠᠨᠳᠤᠷᠤᠭᠰᠠᠨ ᠡᠪᠦᠭᠡᠨ ᠦ᠌ ᠨᠢᠳᠦᠨ ᠦ᠌ ᠡᠮᠦᠨᠡᠭᠦᠷ ᠬᠤᠢ ᠰᠠᠯᠬᠢ ᠰᠢᠭ᠋ ᠮᠣᠷᠢᠲᠠᠢ ᠡᠷᠡᠰ ᠳᠣᠪᠲᠣᠯᠭᠠᠨ ᠣᠳᠴᠠᠢ᠃ ᠵᠠᠶᠠᠭ᠎ᠠ ᠮᠠᠭᠤ ᠲᠠᠢ ᠡᠪᠦᠭᠡᠨ ᠬᠥᠲᠥᠴᠢ ᠨᠣᠮᠣᠬᠠᠨ ᠵᠡᠭᠡᠷᠳᠡ ᠮᠣᠷᠢ ᠪᠠᠨ ᠬᠠᠨᠢ ᠲᠡᠳᠡᠨ ᠮᠠᠩᠨᠠᠢ ᠶ᠋ᠢ ᠨᠢ ᠢᠯᠪᠢᠭᠰᠡᠨ ᠢ᠋ᠶ᠋ᠡᠨ ᠮᠣᠷᠳᠠᠵᠤ᠂ ᠴᠡᠴᠡᠷᠡᠭᠰᠡᠨ ᠬᠣᠭᠣᠯᠠᠢ ᠪᠠᠷ᠂
— ᠴᠥᠬᠥ᠁ ᠭᠡᠮᠡᠨ ᠲᠡᠷᠭᠡ ᠲᠡᠢ ᠦᠬᠡᠷ ᠢ᠋ ᠲᠠᠭᠤᠬᠤᠢᠴᠠ ᠪᠠᠨ ᠪᠣᠯᠪᠠ᠃
2
ᠬᠣᠷᠬᠤᠨᠤᠭ ᠵᠢᠪᠤᠷ ᠤ᠋ᠨ ᠬᠥᠨᠳᠡᠢ ᠳ᠋ᠦ᠍ ᠬᠦᠷᠢᠶ᠎ᠡ ᠡᠭᠦᠰᠬᠡᠨ ᠪᠠᠷᠢᠭᠰᠠᠨ ᠶᠡᠬᠡ ᠴᠠᠭᠠᠨ ᠥᠷᠭᠥᠭᠡ᠂ ᠨᠣᠮᠢᠨ ᠴᠡᠩᠬᠡᠷ ᠠᠰᠠᠷ᠂ ᠰᠣᠪᠤᠳᠤᠨ ᠴᠠᠪᠢᠳᠠᠷ ᠴᠠᠴᠠᠷ ᠠᠯᠠᠭᠯᠠᠨ ᠬᠠᠷᠠᠭᠳᠠᠨ᠎ᠠ᠃ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠴᠢᠳᠬᠤᠵᠤ ᠣᠷᠣᠭᠰᠠᠨ ᠬᠠᠷᠭᠤᠢ ᠵᠠᠮ ᠢ᠋ᠶ᠋ᠠᠷ ᠠᠯᠲᠠᠨ ᠤᠷᠤᠭ ᠤ᠋ᠨ ᠶᠡᠬᠡᠰ ᠳᠡᠭᠡᠳᠦᠰ ᠮᠣᠷᠢᠯᠠᠨ ᠠᠢᠰᠤᠢ ᠠᠵᠢ᠃ ᠵᠡᠭᠦᠨ ᠤᠷᠲᠤ ᠠ᠋ᠴᠠ ᠪᠠᠷᠳᠠᠨᠪᠠᠭᠠᠲᠤᠷ ᠬᠥᠪᠡᠭᠦᠳ ᠥᠬᠢᠳ ᠢ᠋ᠶ᠋ᠡᠨ ᠳᠠᠭᠠᠭᠤᠯᠤᠨ ᠴᠤᠪᠤᠪᠠ᠃ ᠮᠡᠩᠭᠢᠲᠦ ᠬᠢᠶ᠎ᠡ ᠡᠴᠢᠭᠡ ᠡᠴᠡ ᠪᠡᠨ ᠥᠨᠳᠥᠷ ᠡᠷ᠎ᠡ ᠪᠣᠯᠵᠤ ᠥᠰᠴᠡᠢ᠃ ᠲᠡᠭᠦᠨ ᠦ᠌ ᠤᠳᠠᠭ᠎ᠠ ᠬᠢ ᠨᠡᠭᠦᠨ ᠲᠠᠢᠵᠢ ᠰᠠᠶᠢᠬᠠᠨ ᠬᠣᠩᠭᠢᠷᠠᠳ ᠠ᠋ᠴᠠ ᠪᠠᠭᠤᠯᠭᠠᠵᠤ ᠠᠪᠤᠭᠰᠠᠨ ᠵᠠᠯᠠᠭᠤ ᠭᠡᠷᠭᠡᠢ ᠪᠡᠨ ᠨᠢᠳᠦ ᠶ᠋ᠢ ᠨᠢ ᠪᠦᠯᠲᠡᠷᠡᠲᠡᠯ᠎ᠡ ᠭᠤᠶᠤᠭᠰᠠᠨ ᠬᠠᠷᠠᠭᠳᠠᠨ᠎ᠠ᠃ ᠶᠡᠷᠦ ᠥᠪᠡᠷ ᠢ᠋ᠶ᠋ᠡᠨ ᠬᠡᠦᠬᠡᠳ ᠮᠡᠲᠦ ᠳᠡᠪᠡᠷᠡᠭᠦᠨ᠂ ᠬᠥᠭᠡᠷᠦᠦ ᠰᠡᠳᠬᠢᠯ ᠲᠡᠢ ᠬᠥᠮᠦᠨ ᠲᠤᠯᠠ ᠨᠢᠰᠴᠢᠬᠡᠬᠦ ᠠᠯᠲᠠᠨ ᠳᠡᠪᠡᠯᠵᠡᠵᠦ ᠶᠠᠪᠤᠪᠠ᠃ ᠶᠢᠰᠦᠭᠡᠢ ᠪᠠᠭᠠᠲᠤᠷ ᠰᠢᠳᠠᠷ ᠵᠠᠭᠤᠲᠤ ᠠᠬᠠᠯᠠᠨ ᠰᠠᠵᠢᠯᠠᠭᠤᠯᠵᠤ ᠶᠠᠪᠤᠬᠤ ᠳ᠋ᠠᠭᠠᠨ ᠪᠡᠷᠭᠡᠨ ᠡᠭᠡᠴᠢ ᠪᠡᠨ ᠬᠤᠯᠠᠭᠠᠢ ᠨᠢᠳᠦ ᠪᠡᠷ ᠬᠢᠯᠠᠮ ᠬᠢᠯᠠᠮᠬᠢᠨ ᠳᠣᠲᠣᠷ᠎ᠠ ᠰᠡᠳᠬᠢᠯ ᠳ᠋ᠡᠭᠡᠨ ᠪᠦᠯᠵᠢᠭᠡᠨ ᠬᠠᠲᠤᠨ ᠤ᠋ ᠪᠦᠳᠡᠭᠬᠡᠨ ᠳᠦᠷᠢ ᠶ᠋ᠢ ᠤᠷᠭᠤᠭᠤᠯᠤᠨ ᠳᠤᠷᠠᠰᠴᠤ ᠶᠠᠪᠤᠯ᠎ᠠ᠃ ᠮᠥᠨᠥᠬᠡᠨ ᠬᠣᠢᠯᠭᠠ ᠶ᠋ᠢᠨ ᠦᠶ᠎ᠡ ᠪᠡᠷ ᠨᠡᠭᠦᠨ ᠲᠠᠢᠵᠢ ᠬᠠᠯᠲᠤ ᠮᠦᠯᠲᠦᠬᠡᠨ ᠲᠠᠭᠠᠷᠠᠵᠤ᠂ ᠬᠥᠲᠥᠯᠦᠭᠡ ᠤᠨᠤᠭ᠎ᠠ ᠦᠭᠡᠢ ᠶ᠋ᠢᠨ ᠤᠴᠢᠷ ᠰᠤᠨᠳᠠᠯᠠᠭᠰᠠᠨ ᠭᠡᠮᠡᠨ ᠭᠠᠢᠬᠠᠭᠤᠯᠵᠤ ᠶᠠᠷᠢᠭᠰᠠᠨ ᠨᠢ ᠪᠣᠢ᠃ ᠴᠢᠩᠭᠢᠬᠦ ᠳ᠋ᠦ᠍ ᠵᠥᠭᠡᠯᠡᠨ ᠪᠤᠯᠪᠠᠷᠠᠢ ᠪᠡᠶ᠎ᠡ ᠨᠢ ᠬᠠᠯᠠᠭᠤ ᠳᠦᠦᠭᠡᠭᠦᠯᠵᠦ ᠂ ᠬᠣᠶᠠᠷ ᠲᠣᠮᠣ ᠬᠥᠬᠥ ᠨᠢ ᠰᠤᠯᠠᠬᠠᠨ ᠲᠡᠪᠡᠷᠢᠭᠰᠡᠨ ᠭᠠᠷ ᠤ᠋ᠨ ᠪᠠᠭᠤᠨ ᠳᠡᠭᠡᠷ᠎ᠡ ᠨᠢ ᠪᠤᠯᠬᠠᠭᠨᠠᠵᠤ ᠪᠠᠢᠭᠰᠠᠨ ᠭᠡᠵᠦ ᠲᠡᠰᠬᠡᠯ ᠠᠯᠳᠠᠲᠠᠯ᠎ᠠ ᠭᠠᠢᠬᠠᠭᠤᠯᠤᠭᠰᠠᠨ ᠨᠢ ᠪᠣᠢ᠃ ᠣᠳᠣ ᠥᠪᠡᠷ ᠦ᠋ᠨ ᠭᠡᠷᠭᠡᠢ ᠶ᠋ᠢᠨ ᠳᠡᠷᠭᠡᠳᠡ ᠬᠣᠨᠢ ᠰᠢᠭ᠋ ᠨᠣᠮᠣᠬᠠᠨ ᠠᠮᠢᠲᠠᠨ ᠰᠠᠵᠢᠯᠠᠵᠤ ᠶᠠᠪᠤᠭ᠎ᠠ ᠠᠵᠠᠢ᠃
ᠲᠠᠷᠢᠳᠠᠢ ᠣᠳᠴᠢᠬᠢᠨ ᠬᠡᠯᠡ ᠪᠡᠨ ᠬᠠᠵᠠᠭᠰᠠᠨ ᠡᠷᠬᠡ ᠬᠥᠮᠦᠨ ᠮᠤᠬᠤᠯᠠᠭ ᠲᠡᠷᠭᠡᠨ ᠳ᠋ᠦ᠍ ᠨᠠᠷᠠ ᠬᠠᠮᠪᠤ᠂ ᠨᠠᠨᠵᠢᠩ ᠴᠢᠪᠠᠭ᠎ᠠ ᠲᠡᠷᠢᠭᠦᠲᠡᠨ ᠮᠡᠮᠢᠷᠡᠨ ᠵᠠᠯᠠᠷᠠᠨ᠎ᠠ᠃ ᠪᠠᠷᠠᠭᠤᠨ ᠵᠦᠭ ᠡᠴᠡ ᠬᠣᠲᠣᠯᠠ ᠨᠣᠶᠠᠨ ᠠᠢᠰᠤᠢ ᠠᠵᠠᠢ᠃ ᠶᠡᠬᠡ ᠬᠠᠲᠤᠳ ᠮᠤᠬᠤᠯᠠᠭ ᠲᠡᠷᠭᠡᠨ ᠳ᠋ᠦ᠍ ᠵᠠᠯᠠᠷᠠᠵᠤ᠂ ᠪᠦᠯᠵᠢᠭᠡᠨ ᠭᠤᠸ᠎ᠠ ᠨᠣᠶᠠᠨ ᠲᠠᠢ ᠵᠢᠰᠦ ᠨᠡᠢᠯᠡᠭᠰᠡᠨ ᠬᠣᠯᠠ ᠮᠣᠷᠢ ᠪᠠᠷ ᠭᠤᠶᠤᠵᠠᠢ᠃ ᠲᠡᠭᠦᠨ ᠦ᠌ ᠭᠡᠳᠡᠰᠦ ᠮᠡᠳᠡᠭᠳᠡᠬᠦᠢᠴᠡ ᠲᠣᠮᠣᠷᠠᠵᠤ᠂ ᠴᠢᠷᠠᠢ ᠨᠢ ᠰᠢᠩᠭᠡᠷᠡᠨ ᠡᠭᠡᠯ ᠦᠭᠡᠢ ᠭᠤᠸ᠎ᠠ ᠦᠵᠡᠰᠬᠦᠯᠡᠩ ᠢ᠋ ᠣᠯᠵᠠᠢ᠃ ᠵᠣᠴᠢ᠂ ᠬᠠᠴᠢᠨᠤᠨ ᠬᠣᠶᠠᠷ ᠬᠠᠲᠤᠳ ᠤ᠋ᠨ ᠬᠠᠮᠲᠤ ᠵᠠᠯᠠᠷᠠᠵᠤ ᠠᠢᠰᠤᠢ᠃ ᠰᠢᠳᠠᠷ ᠵᠠᠭᠤᠲᠤ ᠶ᠋ᠢᠨ ᠲᠡᠷᠢᠭᠦᠨ ᠳ᠋ᠦ᠍ ᠪᠢᠴᠢᠬᠠᠨ ᠠᠯᠲᠠᠨ ᠳᠡᠷᠪᠡᠬᠦ ᠠᠭᠠᠳ ᠲᠡᠷᠡ ᠪᠡᠷ ᠬᠦ ᠬᠤᠶᠠᠭ ᠡᠮᠦᠰᠴᠦ ᠢᠯᠳᠦ ᠨᠤᠮᠤ ᠠᠭᠰᠠᠨ᠂ ᠪᠦᠷ ᠠᠯᠲᠠᠨ ᠵᠡᠪᠡ ᠲᠡᠢ ᠳᠤᠭᠤᠯᠠᠭ᠎ᠠ ᠡᠮᠦᠰᠦᠭᠰᠡᠨ ᠬᠡᠳᠦᠢ ᠴᠦ᠍ ᠬᠡᠦᠬᠡᠳ ᠴᠢᠭ ᠢ᠋ᠶ᠋ᠡᠷ ᠢ᠋ᠶ᠋ᠡᠨ ᠯᠡ ᠬᠠᠷᠠᠭᠳᠠᠬᠤ ᠪᠣᠯᠠᠢ᠃ ᠬᠠᠷᠢᠨ ᠬᠤᠲᠤᠭᠲᠤ ᠮᠣᠩᠬᠣᠷ ᠤ᠋ᠨ ᠪᠠᠷ᠎ᠠ ᠡᠰᠡ ᠦᠵᠡᠭᠳᠡᠵᠡᠢ᠃ ᠲᠡᠭᠦᠨ ᠢ᠋ ᠰᠡᠭᠦᠳᠡᠷ ᠮᠡᠲᠦ ᠳᠠᠭᠠᠬᠤ ᠲᠣᠭᠰᠢᠨ ᠬᠤᠯᠠᠨ᠂ ᠨᠣᠮᠣᠬᠠᠨ ᠲᠣᠳᠣᠢᠨ ᠬᠣᠶᠠᠷ ᠴᠠᠭ ᠤ᠋ᠨ ᠴᠠᠭ ᠲᠤ᠌ ᠠᠢᠯ ᠰᠠᠭᠠᠬᠠᠯᠲᠠ ᠶᠠᠪᠤᠬᠤ ᠲᠤᠯᠠ ᠬᠥᠰᠬᠡ ᠨᠢᠭᠡᠨ ᠠᠢᠰᠤᠢ᠃ ᠬᠤᠯᠠᠨ ᠮᠡᠷᠭᠢᠳ ᠬᠠᠲᠤᠨ ᠢ᠋ᠶ᠋ᠠᠨ ᠳᠠᠭᠠᠭᠤᠯᠵᠤ᠂ ᠲᠣᠳᠣᠢᠨ ᠨᠠᠢ᠍ᠮᠠᠨ ᠠᠨᠳᠠ ᠪᠠᠨ ᠠᠪᠴᠤ ᠭᠠᠷᠴᠠᠢ᠃ ᠬᠠᠮᠤᠭ ᠮᠣᠩᠭᠣᠯ ᠤ᠋ᠨ ᠬᠠᠪᠤᠯ ᠬᠠᠭᠠᠨ ᠤ᠋ ᠦᠷᠡᠰ ᠡᠢᠨ ᠡᠳᠦᠷ ᠦ᠋ᠨ ᠰᠠᠢᠨ ᠢ᠋ ᠥᠨᠵᠢᠨ ᠬᠦᠯᠢᠶᠡᠵᠦ ᠬᠣᠷᠬᠣᠨᠣᠭ ᠵᠢᠪᠦᠷ ᠦ᠋ᠨ ᠬᠥᠨᠳᠡᠢ ᠳ᠋ᠦ᠍ ᠬᠤᠷᠠᠨ ᠴᠢᠭᠤᠯᠪᠠ᠃ ᠬᠠᠷᠯᠢ ᠺᠤ ᠢᠵᠢᠢ ᠶᠡᠬᠡ ᠴᠠᠭᠠᠨ ᠦᠷᠭᠦᠭᠡᠨ ᠦ᠌ ᠡᠭᠦᠳᠡᠨ ᠳ᠋ᠦ᠍ ᠶᠢᠰᠦᠨ ᠠᠯᠲᠠ ᠤᠷᠲᠤ ᠴᠠᠭᠠᠨ ᠢᠰᠡᠭᠡᠢ ᠳᠡᠪᠢᠰᠦᠭᠦᠯᠦᠨ ᠤᠭᠲᠤᠵᠤ ᠠᠪᠤᠯ᠎ᠠ᠃ ᠬᠠᠷᠯᠢ ᠺᠤ ᠬᠠᠲᠤᠨ ᠠᠭᠤᠯᠠ ᠰᠢᠭ᠋ ᠬᠠᠩᠬᠠᠷ ᠡᠷᠡᠰ ᠢ᠋ᠶ᠋ᠡᠨ ᠥᠯᠮᠡᠢ ᠥᠨᠳᠡᠢᠵᠦ ᠦᠨᠦᠰᠪᠡ᠃ ᠴᠢᠩᠭᠢᠬᠦ ᠳ᠋ᠦ᠍ ᠲᠡᠭᠦᠨ ᠦ᠌ ᠶᠠᠭᠠᠨ ᠬᠠᠴᠠᠷ ᠳᠡᠭᠡᠭᠦᠷ ᠴᠠᠭᠠᠨ ᠰᠠᠨᠴᠢᠭ ᠨᠣᠷᠭᠠᠨ ᠬᠠᠷ᠎ᠠ ᠨᠢᠯᠪᠤᠰᠤ ᠤᠷᠤᠰᠴᠤ᠂
— ᠮᠠᠭᠤ ᠥᠬᠢᠨᠪᠳᠷᠬᠠᠭ ᠮᠢᠨᠢ᠁ ᠭᠡᠮᠡᠨ ᠥᠮᠥᠯᠵᠡᠵᠦ ᠪᠠᠢᠪᠠ᠃ ᠨᠢᠯᠪᠤᠰᠤ ᠪᠠᠨ ᠨᠢᠭᠤᠬᠤ ᠭᠡᠳ ᠡᠰᠡ ᠴᠢᠳᠠᠵᠠᠢ᠃ ᠬᠥᠪᠡᠭᠦᠳ ᠴᠠᠭᠠᠨ ᠰᠦᠯᠲᠠᠨ ᠳ᠋ᠤ᠌ ᠨᠢᠭᠡ᠂ ᠬᠠᠷ᠎ᠠ ᠰᠦᠯᠲᠠᠨ ᠳ᠋ᠤ᠌ ᠨᠢᠭᠡ ᠮᠥᠷᠭᠥᠵᠦ ᠦᠷᠭᠦᠭᠡᠨ ᠳ᠋ᠦ᠍ ᠣᠷᠣᠭᠰᠠᠨ ᠬᠣᠢᠨ᠎ᠠ᠂ ᠬᠠᠨ ᠬᠦᠦ ᠨᠦ᠍ᠭᠦᠳ ᠦ᠋ᠨ ᠭᠠᠯ ᠰᠠᠬᠢᠬᠤ ᠬᠠᠲᠤᠳ ᠶᠡᠬᠡ ᠭᠡᠷ ᠦ᠋ᠨ ᠭᠣᠯᠣᠮᠳᠠᠨ ᠳ᠋ᠤ᠌ ᠭᠤᠷᠪᠠ ᠭᠤᠷᠪᠠ ᠮᠥᠷᠭᠥᠵᠦ ᠠᠪᠠᠢ᠃ ᠬᠠᠷᠢᠨ ᠪᠦᠯᠵᠢᠭᠡᠨ ᠢ᠋ ᠡᠰᠡ ᠮᠥᠷᠭᠥᠭᠦᠯᠵᠡᠢ᠃ ᠲᠡᠭᠦᠨ ᠢ᠋ ᠥᠨᠥ ᠬᠢᠷᠢ ᠬᠠᠲᠤᠨ ᠳ᠋ᠤ᠌ ᠡᠰᠡ ᠲᠣᠭᠠᠴᠠᠭᠰᠠᠭᠠᠷ ᠪᠥᠯᠥᠭᠡ᠃ ᠪᠦᠰᠡᠭᠦᠢ ᠴᠡᠭᠡᠵᠢ ᠬᠥᠨᠳᠡᠭᠦᠷᠯᠡᠨ ᠨᠢᠯᠪᠤᠰᠤ ᠴᠢᠢᠯᠡᠵᠦ ᠬᠣᠲᠣᠯᠠ ᠶ᠋ᠢ ᠬᠠᠷᠠᠪᠠᠯ ᠨᠣᠶᠠᠨ ᠢᠨᠢᠶᠡᠮᠰᠦᠷᠡᠨ᠂
— ᠴᠢ ᠨᠠᠳᠠ ᠬᠦᠦ ᠲᠥᠷᠥᠭᠦᠯᠵᠦ ᠥᠭ! ᠭᠡᠮᠡᠨ ᠣᠭᠲᠣ ᠥᠭᠡᠷ᠎ᠡ ᠶ᠋ᠢ ᠬᠡᠯᠡᠨ ᠰᠠᠳᠤᠭᠠᠷᠠᠭᠤᠯᠵᠤ ᠠᠪᠠᠢ᠃ ᠲᠡᠳᠦᠢ ᠯᠡ ᠣᠯᠠᠨ ᠬᠤᠷᠠᠵᠤ ᠴᠢᠭᠤᠯᠵᠤ᠂ ᠶᠠᠷᠢᠵᠤ ᠬᠥᠭᠡᠷᠴᠦ ᠡᠰᠡ ᠵᠠᠪᠳᠤᠨ ᠨᠤᠲᠤᠭ ᠬᠥᠭᠡᠭᠡᠵᠦ ᠣᠳᠤᠭᠰᠠᠨ ᠬᠠᠨ ᠬᠥᠪᠡᠭᠦᠳ᠂ ᠮᠥᠨᠥᠬᠡᠨ ᠶᠢᠯᠦᠢ ᠳᠠᠰᠢ ᠶ᠋ᠢᠨ ᠮᠣᠷᠢᠯᠠᠨ ᠢᠷᠡᠳᠡᠭ ᠵᠢᠯ ᠯᠡ ᠨᠢᠭᠤᠷ ᠨᠢᠭᠤᠷ ᠢ᠋ᠶ᠋ᠠᠨ ᠬᠠᠷᠠᠨ ᠨᠢᠭᠡ ᠠᠭᠤᠯᠵᠠᠭᠰᠠᠨ ᠶᠠᠪᠤᠳᠠᠯ ᠪᠣᠢ᠃ ᠲᠡᠭᠦᠨ ᠡᠴᠡ ᠬᠣᠢᠰᠢ ᠡᠨᠡ ᠮᠡᠲᠦ ᠪᠠᠶᠠᠷ ᠬᠥᠷ ᠪᠣᠯᠤᠨ ᠤᠴᠠᠷᠠᠭᠰᠠᠨ ᠲᠣᠬᠢᠶᠠᠯ ᠦᠭᠡᠢ ᠪᠢᠯᠡ᠃ ᠬᠠᠭᠠᠨ ᠡᠴᠢᠭᠡ ᠶ᠋ᠢᠨ ᠬᠣᠢᠯᠭᠠ ᠶ᠋ᠢᠨ ᠨᠠᠢᠷ ᠲᠤ᠌ ᠬᠠᠷ᠎ᠠ ᠴᠠᠭᠠᠨ ᠳᠠᠭᠤ ᠦᠭᠡᠢ᠂ ᠵᠢᠰᠦ ᠵᠢᠰᠦ ᠪᠡᠨ ᠬᠠᠷᠠᠭᠠᠳ ᠯᠠ ᠥᠩᠭᠡᠷᠡᠵᠦ ᠠᠪᠠᠢ᠃ ᠡᠢᠨ ᠬᠤᠷᠠᠨ ᠢᠷᠡᠭᠰᠡᠨ ᠬᠥᠪᠡᠭᠦᠳ ᠬᠠᠲᠤᠨ ᠢᠵᠢᠢ ᠶ᠋ᠢᠨ ᠭᠠᠷ ᠤ᠋ᠨ ᠴᠠᠢ ᠶ᠋ᠢ ᠤᠤᠭᠤᠵᠤ᠂ ᠪᠠᠷᠠᠳᠠᠨᠪᠠᠭᠠᠲᠤᠷ ᠳᠤᠭᠤᠯᠠᠭ᠎ᠠ ᠪᠠᠨ ᠠᠪᠴᠤ ᠲᠤᠬᠠᠯᠠᠬᠤ ᠳ᠋ᠤ᠌ ᠮᠥᠷᠥ ᠪᠡᠨ ᠪᠦᠲᠡᠭᠡᠵᠦ ᠪᠠᠭᠤᠭᠰᠠᠨ ᠦᠰᠦ ᠨᠢ ᠴᠡᠯ ᠪᠤᠭᠤᠷᠤᠯ ᠪᠣᠯᠤᠭᠰᠠᠨ ᠢ᠋ ᠪᠦᠭᠦᠳᠡ ᠠᠩᠵᠠᠭᠠᠷᠠᠵᠠᠢ᠃ ᠣᠨ ᠴᠠᠭ ᠤᠷᠤᠰᠤᠨ ᠪᠣᠢ ᠨᠢ ᠡᠨᠡ ᠪᠥᠯᠥᠭᠡ᠃ ᠶᠡᠷᠦ ᠡᠯ᠎ᠡ ᠴᠠᠭᠠᠨ ᠦᠰᠦᠨ ᠡᠴᠡ ᠰᠣᠴᠢᠭᠰᠠᠨ ᠮᠡᠲᠦ ᠳᠣᠲᠣᠷ᠎ᠠ ᠰᠠᠷᠬᠢᠵᠤ ᠪᠡᠶ᠎ᠡ ᠪᠠᠶᠠᠨ ᠢ᠋ᠶ᠋ᠠᠨ ᠰᠡᠮᠬᠡᠨ ᠠᠵᠢᠭᠯᠠᠵᠤ ᠪᠢᠯᠡ᠃ ᠪᠠᠷᠳᠠᠨᠪᠠᠭᠠᠲᠤᠷ ᠤ᠋ᠨ ᠦᠰᠦ ᠴᠠᠢᠵᠤ᠂ ᠥᠳᠬᠡᠨ ᠬᠥᠮᠥᠰᠬᠡ ᠨᠢ ᠤᠪ ᠲᠣᠪ ᠪᠤᠭᠤᠷᠤᠯ ᠤᠨᠠᠨ ᠨᠠᠰᠤ ᠠᠬᠢᠬᠤ ᠲᠣᠰᠤᠮ ᠢ᠋ᠶ᠋ᠠᠨ ᠬᠠᠭᠠᠨ ᠡᠴᠢᠭᠡ ᠲᠡᠢ ᠪᠡᠨ ᠠᠳᠠᠯᠢ ᠪᠣᠯᠬᠤ ᠨᠢ ᠠ᠋᠃ ᠬᠠᠷᠯᠢ ᠺᠤ ᠬᠠᠩᠭᠢᠨᠠᠲᠠᠯ᠎ᠠ ᠰᠠᠨᠠᠭ᠎ᠠ ᠠᠯᠲᠠᠨ《᠁ ᠮᠢᠨᠦ ᠮᠠᠭᠤ ᠬᠦᠦ ᠪᠠᠢᠭᠰᠠᠨ ᠪᠣᠯ᠁》 ᠭᠡᠵᠦ ᠲᠠᠪᠤᠨ ᠰᠠᠢᠬᠠᠨ ᠬᠦᠦ ᠪᠡᠨ ᠪᠠᠢᠭᠰᠠᠭᠠᠷ ᠠᠲᠠᠯ᠎ᠠ ᠪᠠᠢᠬᠤ ᠦᠭᠡᠢ ᠥᠬᠢᠨᠪᠠᠷᠬᠠᠭ ᠢ᠋ᠶ᠋ᠠᠨ ᠰᠦᠷᠡᠬᠡᠢ ᠦᠭᠡᠢᠯᠡᠪᠡ᠃ ᠡᠳᠦᠢ ᠳ᠋ᠦ᠍ ᠠᠮᠢᠳᠤ ᠮᠡᠨᠳᠦ ᠪᠣᠯ ᠢᠷᠡᠮᠡᠷ ᠶᠦᠮ ᠠ᠋ ᠭᠡᠵᠦ ᠦᠭᠡᠢᠯᠡᠪᠡ᠃ ᠴᠢᠩᠭᠢᠭᠡᠳ ᠨᠠᠰᠤᠨ ᠤ᠋ ᠴᠡᠭᠡᠵᠢᠨ ᠳ᠋ᠦ᠍ ᠭᠠᠷᠬᠤ ᠶ᠋ᠢᠨ ᠴᠠᠭ ᠲᠤ᠌ ᠲᠩᠷᠢ ᠪᠣᠯᠤᠭᠠᠴᠢ ᠠᠪᠤ ᠲᠠᠢ ᠪᠠᠨ ᠤᠯᠠᠮ ᠯᠠ ᠠᠳᠠᠯᠢ ᠬᠠᠷᠠᠭᠳᠠᠬᠤ ᠬᠥᠪᠡᠭᠦᠳ ᠢ᠋ᠶ᠋ᠡᠨ ᠡᠩᠬᠦᠷᠡᠢᠯᠡᠵᠦ ᠠᠵᠢᠯᠠ᠃ ᠬᠣᠲᠣᠯᠠ ᠴᠢᠯᠭᠡᠷ ᠰᠠᠢᠬᠠᠨ ᠬᠡᠪ ᠢ᠋ᠶ᠋ᠡᠷ ᠠᠪᠠᠴᠤ ᠥᠷᠭᠡᠨ ᠮᠠᠩᠨᠠᠢ ᠳ᠋ᠤᠨᠢ ᠨᠢᠭᠡ ᠶ᠋ᠢᠨ ᠵᠡᠷᠭᠡ ᠦᠷᠴᠢᠯᠡᠭᠡ ᠰᠠᠭᠤᠵᠤ᠂ ᠭᠦᠷᠦᠮᠡᠯ ᠭᠡᠵᠢᠭᠡᠨ ᠦ᠌ ᠬᠢᠨᠢ ᠱᠠᠩᠬᠤᠨ ᠳ᠋ᠤ᠌ ᠡᠳᠦᠷ ᠦ᠋ᠨ ᠣᠳᠣ ᠰᠢᠭ᠋ ᠴᠠᠭᠠᠨ ᠦᠰᠦ ᠬᠠᠷᠠᠭᠳᠠᠨ᠎ᠠ᠃ ᠳᠣᠭᠰᠢᠨ ᠬᠤᠯᠠᠨ ᠬᠠᠷᠢᠨ ᠠᠬ᠎ᠠ ᠠ᠋ᠴᠠ ᠪᠠᠨ ᠢᠯᠡᠭᠦᠦ ᠣᠪᠣᠷ ᠲᠠᠢ ᠪᠣᠯᠵᠠᠢ᠃ ᠲᠡᠷᠡ ᠪᠡᠷ ᠢᠯᠳᠦ ᠠᠭᠰᠠᠵᠤ ᠲᠡᠢᠨ ᠪᠦᠬᠦᠨ ᠢ᠋ ᠮᠠᠩᠯᠠᠢᠯᠠᠬᠤ ᠲᠤᠯᠠ ᠵᠢᠳᠠ ᠰᠤᠮᠤᠨ ᠤ᠋ ᠰᠣᠷᠪᠢ ᠰᠢᠷᠬ᠎ᠠ ᠶᠡᠬᠡ ᠲᠡᠢ ᠶᠦᠮ᠃ ᠡᠨᠡ ᠨᠢ ᠨᠢᠭᠤᠷ ᠴᠢᠷᠠᠢ ᠶ᠋ᠢ ᠨᠢ ᠰᠦᠷᠯᠢᠭ ᠪᠣᠯᠭᠠᠬᠤ ᠬᠡᠳᠦᠢ ᠴᠦ᠍ ᠯᠠᠪᠲᠠᠶ᠎ᠠ ᠲᠠᠪᠤᠨ ᠨᠠᠰᠤ ᠪᠠᠷ ᠠᠬ᠎ᠠ ᠪᠣᠯᠭᠠᠨ᠎ᠠ ᠠᠵᠢ᠃ ᠬᠠᠷᠢᠨ ᠬᠤᠯᠠᠨ ᠪᠠᠭᠠᠲᠤᠷ ᠥᠪᠡᠷ ᠢ᠋ᠶ᠋ᠡᠨ᠂
— ᠰᠠᠢᠬᠠᠨ ᠰᠣᠷᠪᠢ ᠡᠷ᠎ᠡ ᠶ᠋ᠢᠨ ᠴᠢᠮᠡᠭ᠁ ᠭᠡᠮᠡᠨ ᠪᠠᠬᠠᠷᠬᠠᠬᠤ ᠪᠥᠯᠥᠭᠡ᠃ ᠨᠣᠮᠣᠬᠠᠨ ᠲᠣᠳᠣᠢᠨ ᠭᠠᠯ ᠤ᠋ᠨ ᠡᠵᠡᠨ ᠭᠡᠮᠡᠨ ᠬᠢᠯᠢ ᠶ᠋ᠢᠨ ᠳᠡᠭᠡᠰᠦ ᠠᠯᠬᠤᠵᠤ ᠠᠶᠠᠨ ᠲᠡᠢᠨ ᠳ᠋ᠦ᠍ ᠦᠯᠦ ᠶᠠᠪᠤᠬᠤ ᠪᠢᠯᠡ᠃ ᠭᠡᠷ ᠡᠴᠡ ᠭᠠᠷᠬᠤ ᠦᠭᠡᠢ᠂ ᠭᠡᠳᠡᠰᠦ ᠠᠯᠳᠠᠬᠤ ᠦᠭᠡᠢ ᠲᠤᠯᠠ ᠴᠢᠷᠠᠢ ᠵᠢᠰᠦ ᠥᠩᠭᠡᠯᠢᠭ ᠰᠠᠢᠬᠠᠨ ᠢ᠋ᠶ᠋ᠠᠷ ᠢ᠋ᠶ᠋ᠠᠨ ᠠᠵᠢ᠃ ᠬᠠᠷᠢᠨ ᠰᠠᠭᠤᠳᠠᠯ ᠲᠠᠷᠭᠤᠳᠠᠵᠤ ᠪᠠᠬᠠᠨ ᠭᠡᠳᠡᠰᠦ ᠰᠠᠭᠤᠬᠤ ᠶᠠᠩᠵᠤ ᠲᠠᠢ᠃《 ᠬᠤᠲᠤᠭᠲᠤ ᠮᠣᠩᠬᠣᠷ ᠮᠢᠨᠢ ᠶᠠᠭᠠᠬᠢᠴᠢᠬᠠᠪᠠ ᠳᠠ᠂ ᠪᠠᠢᠵᠠ᠁》 ᠭᠡᠮᠡᠨ ᠬᠠᠷᠯᠢ ᠺᠤ ᠡᠬᠡ ᠥᠨᠳᠡᠯᠵᠡᠬᠦ ᠳ᠋ᠦ᠍ ᠪᠠᠷᠳᠠᠨᠪᠠᠭᠠᠲᠤᠷ ᠨᠡᠯᠮᠡᠭᠡᠷ ᠪᠤᠭᠤᠷᠤᠯ ᠦᠰᠦ ᠪᠡᠨ ᠰᠠᠵᠢᠯᠠᠨ ᠰᠡᠭᠰᠦᠷᠴᠦ᠂
— ᠬᠠᠮᠢᠭ᠎ᠠ ᠠ᠋ᠴᠠ ᠬᠤᠢ ᠪᠣᠰᠤᠨ᠎ᠠ᠂ ᠲᠡᠨᠳᠡ ᠡᠴᠡ ᠯᠡ ᠬᠤᠲᠤᠭᠲᠤ ᠢᠷᠡᠨ᠎ᠡ ᠭᠡᠯᠡ᠃ ᠨᠡᠭᠡᠷᠡᠨ ᠯᠡ ᠴᠠᠭ ᠤ᠋ᠨ ᠴᠠᠭ ᠲᠤ᠌ ᠬᠤᠢ ᠰᠠᠯᠬᠢᠨ ᠮᠡᠲᠦ ᠬᠣᠢᠰᠠᠩᠨᠠᠨ ᠰᠢᠭᠤᠷᠴᠤ ᠶᠠᠪᠤᠳᠠᠭ ᠡᠷ᠎ᠡ ᠶᠦᠮ᠃ ᠬᠠᠷᠯᠢ ᠺᠤ ᠬᠠᠲᠤᠨ᠂
— ᠪᠠᠢᠭ᠂ ᠮᠢᠨᠦ ᠮᠠᠭᠤ ᠬᠦᠦ ᠶ᠋ᠢ᠁ ᠬᠡᠮᠡᠨ᠎ᠡ᠃ ᠳᠥᠴᠢ ᠭᠠᠷᠤᠭᠰᠠᠨ ᠡᠷ᠎ᠡ ᠴᠦ᠍ ᠭᠡᠯᠡ ᠡᠬᠡ ᠬᠠᠲᠤᠨ ᠳ᠋ᠤ᠌ ᠨᠢᠯᠬ᠎ᠠ ᠶ᠋ᠢᠨ ᠰᠡᠪᠡᠯᠭᠡ ᠲᠡᠢ᠂ ᠨᠢᠷᠠᠢ ᠪᠠᠭ᠎ᠠ ᠰᠢᠭ᠋ ᠢ᠋ᠶ᠋ᠡᠨ ᠪᠣᠳᠣᠭᠳᠠᠬᠤ ᠠᠵᠤᠭᠤ᠃ ᠡᠨᠡ ᠦᠶᠡᠰ ᠬᠣᠯᠠ ᠠ᠋ᠴᠠ ᠠᠢᠰᠤᠬᠤ ᠮᠣᠷᠢᠨ ᠲᠦᠪᠡᠷᠭᠡᠨ ᠴᠢᠬᠢᠨ ᠦ᠌ ᠦᠵᠦᠭᠦᠷ ᠲᠦ᠍ ᠰᠣᠨᠣᠰᠳᠠᠬᠤ ᠳ᠋ᠤ᠌ ᠬᠡᠪᠯᠡᠭᠦᠦ ᠲᠣᠳᠣᠢᠨ ᠣᠳᠴᠢᠬᠡᠨ᠂
— ᠡᠨᠡ ᠬᠤᠲᠤᠭᠲᠤ ᠮᠣᠩᠬᠣᠷ ᠮᠥᠨ ᠬᠡᠮᠡᠬᠦ ᠳ᠋ᠦ᠍ ᠬᠠᠷᠯᠢ ᠺᠤ ᠢᠵᠢᠢ ᠵᠠᠩᠳᠤᠷᠤᠭᠰᠠᠨ ᠢ᠋ᠶ᠋ᠠᠨ ᠤᠬᠤᠰᠬᠢᠨ ᠭᠠᠷᠴᠤ ᠲᠣᠰᠤᠭᠠᠳ᠂
— ᠦ᠂ ᠠᠮᠪᠠᠭᠠᠢ ᠬᠠᠭᠠᠨ ᠠᠢᠰᠤᠢ ᠭᠡᠵᠦ ᠰᠤᠯᠠᠬᠠᠨ ᠳᠤᠤᠭᠠᠷᠪᠠ᠃ ᠲᠠᠢᠴᠢᠭᠤᠳ ᠤ᠋ᠨ ᠠᠮᠪᠠᠭᠠᠢ ᠬᠠᠭᠠᠨ ᠲᠡᠷᠢᠭᠦᠨ ᠵᠠᠭᠤᠲᠤ ᠪᠠᠨ ᠳᠠᠭᠠᠭᠤᠯᠵᠤ᠂ ᠬᠥᠪᠡᠭᠦᠨ ᠬᠠᠲᠠᠭᠠᠨ ᠢ᠋ᠶ᠋ᠠᠨ ᠰᠢᠳᠠᠷᠯᠠᠨ ᠠᠪᠴᠤ ᠢᠷᠡᠯ᠎ᠡ᠃ ᠲᠡᠭᠦᠨ ᠦ᠌ ᠮᠣᠷᠢᠳ ᠤ᠋ᠨ ᠲᠣᠭᠣᠰᠣ ᠪᠣᠰᠤᠭ᠎ᠠ᠂ ᠵᠣᠪᠬᠢ ᠥᠭᠡᠳᠡ ᠪᠡᠨ ᠶᠡᠬᠡ ᠯᠡ ᠬᠡᠢᠮᠣᠷᠢᠯᠢᠭ ᠬᠠᠷᠠᠭᠳᠠᠨ᠎ᠠ᠃
— ᠠᠯᠲᠠᠨ ᠤᠷᠤᠭ ᠤ᠋ᠨ ᠠᠬᠠᠰ ᠶᠡᠬᠡᠰ ᠦ᠋ᠨ ᠠᠮᠤᠭᠤᠯᠠᠩ ᠢ᠋ ᠠᠢᠯᠠᠳᠬᠠᠶ᠎ᠠ!
— ᠠᠮᠤᠭᠤᠯᠠᠩ᠁ ᠳᠡᠭᠡᠭᠰᠢ ᠪᠡᠨ ᠮᠣᠷᠢᠯᠠ᠁ ᠥᠭᠡᠳᠡ ᠪᠡᠨ᠁ᠥᠭᠡᠳᠡ ᠪᠡᠨ᠁ ᠭᠡᠯᠴᠡᠨ ᠶᠡᠬᠡ ᠦᠷᠭᠦᠭᠡᠨ ᠦ᠌ ᠬᠣᠶᠠᠷ ᠲᠠᠯ᠎ᠠ ᠪᠠᠷ ᠡᠩᠨᠡᠵᠦ ᠰᠠᠭᠤᠭᠰᠠᠨ ᠨᠣᠶᠠᠳ ᠨᠣᠶᠠᠭᠲᠠᠢ ᠨᠠᠷ ᠬᠣᠷᠮᠣᠢ ᠬᠣᠳᠣ ᠪᠠᠨ ᠬᠤᠮᠢᠨ ᠵᠠᠢ ᠭᠠᠷᠭᠠᠵᠤ ᠵᠠᠯᠠᠪᠠ᠃ ᠠᠮᠪᠠᠭᠠᠢ ᠬᠠᠭᠠᠨ ᠴᠡᠭᠡᠵᠢᠨ ᠳ᠋ᠡᠭᠡᠨ ᠭᠠᠷ ᠢ᠋ᠶ᠋ᠠᠨ ᠲᠠᠯᠪᠢᠨ ᠮᠡᠬᠦᠯᠵᠡᠭᠰᠡᠭᠡᠷ ᠵᠡᠭᠦᠨ ᠡᠩᠨᠡᠭᠡ ᠲᠡᠷᠢᠭᠦᠯᠡᠵᠦ ᠰᠠᠭᠤᠯ᠎ᠠ᠃ ᠶᠡᠷᠦ ᠵᠠᠶᠢᠭ ᠲᠡᠢᠮᠦ ᠶᠦᠮ᠃ ᠬᠠᠮᠤᠭ ᠮᠣᠩᠭᠣᠯ ᠤ᠋ᠨ ᠬᠠᠭᠠᠨ ᠬᠠᠪᠤᠯ ᠶᠡᠬᠡ ᠲᠠᠯ᠎ᠠ ᠭᠡᠮᠡᠨ ᠪᠠᠷᠠᠭᠤᠨ ᠡᠩᠨᠡᠭᠡ ᠶ᠋ᠢ ᠲᠡᠷᠢᠭᠦᠯᠡᠵᠦ ᠰᠦᠷᠳᠡᠶ᠎ᠡ ᠵᠠᠯᠠᠷᠠᠳᠠᠭ ᠪᠠᠢᠭᠰᠠᠨ ᠪᠢᠯᠡ᠃ ᠥᠨᠥ ᠲᠡᠭᠦᠨ ᠦ᠌ ᠡᠵᠡᠭᠦᠢ ᠰᠠᠭᠤᠳᠠᠯ ᠣᠩᠭᠣᠢᠵᠤ᠂ ᠨᠥᠮᠥᠷᠢ ᠨᠥᠭᠡᠯᠭᠡ ᠨᠢ ᠬᠥᠮᠦᠨ ᠬᠥᠮᠦᠨ ᠳ᠋ᠦ᠍ ᠦᠭᠡᠢᠯᠡᠭᠳᠡᠵᠦ ᠪᠠᠢᠯ᠎ᠠ᠃ ᠲᠩᠷᠢ ᠳ᠋ᠦ᠍ ᠣᠳᠤᠭᠰᠠᠨ ᠬᠠᠭᠠᠨ ᠤ᠋ ᠳᠣᠣᠷ᠎ᠠ ᠮᠥᠷᠥ ᠳᠠᠷᠤᠵᠤ ᠰᠠᠭᠤᠳᠠᠭ ᠠᠭᠰᠠᠨ ᠣᠬᠢᠨᠪᠠᠷᠬᠠᠭ ᠠᠯᠠᠭ᠎ᠠ᠂ ᠲᠡᠷᠡ ᠪᠡᠷ ᠬᠣᠶᠠᠷ ᠲᠠᠯ᠎ᠠ ᠤᠷᠤᠭᠤ ᠪᠠᠨ ᠰᠢᠯᠪᠡᠯᠵᠡᠨ ᠬᠠᠩᠬᠠᠯᠵᠠᠵᠤ ᠰᠠᠭᠤᠳᠠᠭ ᠪᠥᠯᠥᠭᠡ᠃ ᠠᠮᠠ ᠨᠡᠭᠡᠭᠡᠬᠦ ᠪᠦᠷᠢ ᠳ᠋ᠡᠭᠡᠨ ᠮᠡᠷᠭᠡᠨ ᠰᠠᠨᠠᠭ᠎ᠠ ᠭᠠᠷᠭᠠᠵᠤ ᠴᠡᠴᠡᠨ ᠦᠭᠡ ᠣᠷᠣᠯᠳᠣᠭᠤᠯᠳᠠᠭ ᠭᠡᠪᠡᠯ ᠬᠤᠳᠠᠯ ᠴᠤ᠌ ᠬᠤᠷᠴᠠ ᠶᠠᠷᠢᠵᠤ ᠬᠤᠷᠳᠤᠨ ᠰᠢᠢᠳᠬᠦ ᠭᠡᠵᠦ ᠳᠦᠷᠡᠯᠵᠡᠨ ᠶᠠᠪᠤᠳᠠᠭ ᠨᠢᠭᠡᠨ ᠠᠪᠠᠢ᠃ ᠲᠡᠷᠡ ᠬᠥᠮᠦᠨ ᠥᠨᠥ ᠦᠭᠡᠢ ᠠᠵᠢ᠃ ᠦᠬᠦᠭᠰᠡᠨ᠂ ᠠᠮᠢᠳᠤ ᠶ᠋ᠢ ᠡᠰᠡ ᠮᠡᠳᠡᠨ᠎ᠡ᠃ ᠬᠠᠷᠯᠢ ᠺᠤ ᠬᠠᠲᠤᠨ ᠤ᠋ ᠨᠢᠳᠦ ᠠᠶᠠᠨᠳᠠᠭᠠᠨ ᠴᠢᠬᠢᠭᠳᠡᠨ ᠰᠢᠪᠡᠭᠴᠢᠨ ᠥᠬᠢᠨ ᠤᠷᠤᠭᠤ ᠬᠠᠷᠠᠵᠤ᠂
— ᠬᠤᠲᠤᠭᠲᠤ ᠬᠦᠦ ᠶ᠋ᠢᠨ ᠪᠠᠷ᠎ᠠ ᠬᠠᠷᠠᠭᠳᠠᠨ᠎ᠠ ᠪᠣᠯ ᠤᠤ᠁ ᠭᠡᠮᠡᠨ ᠳᠡᠭᠳᠡᠯᠡᠨᠡ᠃ ᠰᠢᠪᠡᠭᠴᠢᠨ ᠭᠣᠳᠬᠢᠨ ᠭᠠᠷᠴᠤ ᠬᠠᠷᠠᠭᠰᠠᠨ ᠢ᠋ᠶ᠋ᠠᠨ ᠳᠠᠭᠤᠨ ᠳ᠋ᠤᠨᠢ ᠪᠠᠶᠠᠷ ᠪᠠᠶᠠᠰᠬᠤᠯᠠᠩ ᠰᠢᠩᠭᠡᠵᠦ᠂
— ᠬᠠᠲᠤᠨ ᠠᠬᠠᠢ᠂ ᠬᠠᠨ ᠬᠥᠪᠡᠭᠦᠨ ᠢᠷᠡᠯ᠎ᠡ ᠬᠡᠮᠡᠪᠡ᠃ ᠪᠠᠷᠳᠠᠨ ᠬᠦᠦ ᠶ᠋ᠢᠨ ᠬᠢᠨᠢ ᠬᠡᠯᠡᠭᠰᠡᠨ ᠢ᠋ᠶ᠋ᠡᠷ ᠨᠡᠭᠡᠷᠡᠨ ᠯᠡ ᠤᠯᠠᠭᠠᠨ ᠲᠣᠭᠣᠰᠣ ᠲᠠᠢ ᠪᠠᠨ ᠠᠢᠰᠤᠢ ᠠᠵᠢ᠃ ᠬᠠᠷᠯᠢ ᠺᠤ ᠢᠵᠢᠢ ᠶ᠋ᠢᠨ ᠨᠢᠳᠦᠨ ᠳ᠋ᠦ᠍ ᠰᠦᠮᠡᠯᠵᠡᠵᠦ ᠪᠠᠢᠭᠰᠠᠨ ᠨᠢᠯᠪᠤᠰᠤ ᠵᠠᠳᠠᠭᠠᠢ ᠠᠰᠬᠠᠷᠠᠵᠤ᠂
— ᠳᠠᠩᠴᠤ ᠳᠠ᠂ ᠢᠩᠭᠢᠮᠡᠷ ᠳᠡ᠃ ᠠᠪᠴᠤ ᠳᠠᠭᠤᠰᠳᠠᠭ ᠪᠣᠯ ᠳᠠᠭᠤᠰᠬᠤ ᠪᠣᠯᠤᠮᠠᠷ ᠳᠠ ᠭᠡᠵᠦ ᠠᠮᠠᠨ ᠳ᠋ᠠᠭᠠᠨ ᠰᠢᠪᠡᠨᠡᠭᠰᠡᠨ ᠢ᠋ᠶ᠋ᠡᠨ ᠬᠠᠷ᠎ᠠ ᠴᠠᠭᠠᠨ ᠳᠠᠭᠤ ᠦᠭᠡᠢ ᠴᠠᠯᠠᠢᠭᠴᠢ ᠬᠥᠬᠡ ᠲᠩᠷᠢ ᠶ᠋ᠢ ᠰᠢᠷᠳᠡᠨ᠂
— ᠬᠥᠬᠡ ᠲᠩᠷᠢ ᠥᠷᠥᠰᠢᠶᠡ! ᠭᠡᠯᠡ᠃ ᠬᠤᠲᠤᠭᠲᠤ ᠮᠣᠩᠬᠣᠷ ᠬᠠᠷ᠎ᠠ ᠬᠤᠷᠳᠤ ᠪᠠᠷ ᠢ᠋ᠶ᠋ᠠᠨ ᠬᠦᠷᠴᠦ ᠢᠷᠡᠭᠰᠡᠨ ᠢ᠋ᠶ᠋ᠡᠨ ᠤᠶᠠᠭᠠᠨᠠ ᠲᠤᠯᠵᠤ ᠮᠣᠷᠢᠨ ᠤ᠋ ᠪᠠᠨ ᠠᠮᠠ ᠶ᠋ᠢ ᠠᠩᠭᠠᠢᠲᠠᠯ᠎ᠠ ᠲᠠᠲᠠᠬᠤ ᠳ᠋ᠤ᠌ ᠰᠠᠭᠠᠷᠠᠯ ᠲᠣᠭᠣᠰᠣ ᠭᠦᠢᠴᠡᠨ ᠢᠷᠡᠵᠦ ᠨᠥᠮᠥᠷᠦᠨ ᠠᠪᠤᠯ᠎ᠠ᠃ ᠬᠤᠲᠤᠭᠲᠤ ᠮᠣᠩᠬᠣᠷ ᠢᠯᠲᠠᠰᠤᠲᠤ ᠬᠤᠶᠠᠭ ᠢ᠋ᠶ᠋ᠠᠨ ᠬᠠᠷ ᠶᠠᠷ ᠬᠢᠯᠭᠡᠨ ᠪᠠᠭᠤᠵᠤ ᠱᠠᠯᠠᠮᠠᠭ ᠠᠯᠬᠤᠵᠤ ᠨᠠᠭᠠᠰᠢᠯᠠᠬᠤ ᠳ᠋ᠤ᠌᠂
— ᠮᠢᠨᠦ ᠬᠦᠦ᠂ ᠶᠠᠭᠠᠬᠢᠭᠰᠠᠨ ᠤᠳᠠᠨ᠎ᠠ ᠪᠣᠢ? ᠭᠡᠭᠰᠡᠭᠡᠷ ᠬᠠᠷᠯᠢ ᠺᠤ ᠤᠭᠲᠤᠯ᠎ᠠ᠃ ᠬᠤᠲᠤᠭᠲᠤ ᠮᠣᠩᠬᠣᠷ ᠨᠠᠷᠠ ᠰᠠᠯᠬᠢᠨ ᠳ᠋ᠤ᠌ ᠬᠣᠯᠴᠣᠷᠠᠤᠲᠤᠭᠰᠠᠨ ᠮᠠᠩᠨᠠᠢ ᠪᠠᠨ ᠬᠠᠲᠤᠨ ᠢᠵᠢᠢ ᠳ᠋ᠡᠭᠡᠨ ᠦᠨᠦᠷᠯᠡᠭᠦᠯᠦᠩᠭᠡᠨ᠂
— ᠪᠦᠭᠦᠳᠡ ᠢᠷᠡᠪᠡ ᠤᠤ᠂ ᠢᠵᠢᠢ ᠠ᠋? ᠭᠡᠬᠦ ᠳ᠋ᠦ᠍ ᠭᠣᠷᠢᠳᠠᠯ ᠲᠠᠰᠤᠷᠠᠭ᠎ᠠ ᠦᠭᠡᠢ ᠬᠠᠲᠤᠨ᠂
— ᠠᠬ᠎ᠠ ᠠ᠋ᠴᠠ ᠴᠢᠨᠢ ᠪᠤᠰᠤᠳ ᠨᠢ ᠢᠷᠡᠭᠰᠡᠨ ᠭᠡᠪᠡ᠃
— ᠶᠠᠮᠠᠷ ᠠᠬ᠎ᠠ?
— ᠥᠬᠢᠨᠪᠠᠷᠬᠠᠭ ᠠᠬ᠎ᠠ ᠴᠢᠨᠢ!
— ᠠᠩ᠁ ᠢᠵᠢᠢ ᠪᠡᠨ ᠨᠢᠭᠡ ᠶᠡᠬᠡ ᠰᠦᠷᠡᠬᠡᠢ ᠬᠠᠷᠠᠭᠠᠳ ᠠᠮᠠᠨ ᠳᠡᠭᠡᠷ᠎ᠡ ᠭᠠᠷᠤᠭᠰᠠᠨ ᠦᠭᠡ ᠪᠡᠨ ᠵᠠᠯᠭᠢᠨ ᠣᠷᠣᠭᠤᠯᠤᠯ᠎ᠠ᠃ ᠶᠡᠬᠡ ᠦᠷᠭᠦᠭᠡᠨ ᠳ᠋ᠦ᠍ ᠬᠤᠷᠠᠭᠰᠠᠨ ᠣᠯᠠᠨ ᠠᠮᠠ ᠠᠮᠠᠨ ᠳ᠋ᠠᠭᠠᠨ ᠠᠮᠤᠷ ᠮᠡᠨᠳᠦ ᠶ᠋ᠢᠨ ᠦᠭᠡ ᠬᠡᠯᠡᠯᠴᠡᠨ ᠬᠤᠲᠤᠭᠲᠤ ᠮᠣᠩᠬᠣᠷ ᠭᠣᠯᠣᠮᠲᠠ ᠶ᠋ᠢᠨ ᠪᠠᠷᠠᠭᠤᠨ ᠢ᠋ᠶ᠋ᠠᠷ ᠳᠡᠭᠡᠭᠰᠢ ᠥᠭᠰᠥᠵᠦ ᠵᠢᠭᠦᠷ ᠤᠳᠠᠭᠠᠯᠠᠵᠤ ᠰᠠᠭᠤᠪᠠ᠃ ᠴᠢᠩᠭᠢᠭᠡᠳ ᠬᠤᠷᠠᠵᠤ ᠴᠢᠭᠤᠯᠤᠭᠰᠠᠨ ᠣᠯᠠᠨ ᠢ᠋ ᠲᠣᠭᠣᠷᠢᠭᠤᠯᠤᠨ ᠬᠠᠷᠠᠵᠤ᠂
— ᠬᠤᠷᠠᠯᠲᠠᠢ ᠪᠠᠨ ᠡᠬᠢᠯᠡᠭᠦᠯᠪᠡᠯ ᠶᠠᠭᠠᠬᠢᠨ᠎ᠠ? ᠭᠡᠬᠦ ᠳ᠋ᠦ᠍ ᠪᠠᠷᠠᠳᠠᠨᠪᠠᠭᠠᠲᠤᠷ᠂
— ᠬᠣᠷᠴᠢ ᠶ᠋ᠢ ᠬᠦᠯᠢᠶᠡᠶ᠎ᠡ! ᠭᠡᠮᠡᠨ ᠥᠭᠦᠯᠡᠲᠡᠯᠡ᠂
— ᠲᠡᠷᠡ ᠮᠠᠨᠠᠭᠤᠬᠠᠢ ᠡᠨᠳᠡ ᠶᠠᠮᠠᠷ ᠬᠠᠮᠢᠶ᠎ᠠ ᠪᠠᠢᠨ᠎ᠠ᠃ ᠬᠠᠮᠢᠭ᠎ᠠ ᠭᠠᠵᠠᠷ ᠤ᠋ᠨ ᠡᠷᠡᠭᠦᠯ᠂ ᠡᠪᠡᠳᠴᠢᠲᠡᠢ ᠨᠢ ᠮᠡᠳᠡᠭᠳᠡᠬᠦ ᠦᠭᠡᠢ ᠠᠮᠢᠲᠠᠨ ᠤ᠋ ᠬᠡᠷᠡᠭ ᠶᠠᠭᠤ ᠪᠠᠢᠨ᠎ᠠ ᠭᠡᠯᠡ᠃ ᠬᠣᠲᠣᠯᠠ᠂ ᠠᠬ᠎ᠠ ᠪᠠᠨ ᠭᠠᠢᠬᠠᠨ ᠬᠠᠷᠠᠭᠰᠠᠨ ᠢ᠋ᠶ᠋ᠠᠨ᠂
— ᠲᠡᠷᠡ ᠴᠢᠨᠢ ᠲᠥᠷᠥ ᠶ᠋ᠢᠨ ᠬᠣᠷᠴᠢ ᠰᠢᠦ᠃ ᠬᠦᠯᠢᠶᠡᠶ᠎ᠡ! ᠬᠡᠮᠡᠪᠡ᠃ ᠬᠤᠲᠤᠭᠲᠤ ᠮᠣᠩᠬᠣᠷ ᠰᠦᠷ ᠲᠡᠢ ᠬᠠᠷᠠᠭᠰᠠᠨ ᠢ᠋ᠶ᠋ᠠᠨ ᠦᠯᠦ ᠳᠤᠤᠭᠠᠷᠤᠨ ᠭᠠᠯ ᠲᠠᠢ ᠲᠤᠯᠭ᠎ᠠ ᠰᠢᠷᠳᠡᠬᠦ ᠳ᠋ᠦ᠍ ᠬᠠᠮᠠᠷ ᠨᠢ ᠰᠡᠷᠲᠡᠯᠵᠡᠨ᠂ ᠴᠡᠭᠡᠵᠢ ᠨᠢ ᠲᠦᠬᠦᠯᠵᠡᠨ ᠪᠠᠢᠯ᠎ᠠ᠃
3
ᠪᠤᠷᠬᠠᠨ ᠬᠠᠯᠳᠤᠨ ᠤ᠋ ᠥᠪᠥᠷ ᠬᠥᠷᠯᠡᠬᠦ ᠳᠣᠲᠣᠷ᠎ᠠ ᠤᠷᠤᠰᠬᠤ ᠰᠡᠩᠬᠦᠷ ᠦ᠋ᠨ ᠭᠣᠣᠯ ᠥᠭᠰᠥᠨ ᠨᠢᠭᠡᠨ ᠪᠠᠷᠠᠭᠠᠨ ᠮᠣᠷᠢᠲᠠᠢ ᠬᠥᠮᠦᠨ ᠰᠠᠵᠢᠯᠠᠭᠤᠯᠵᠤ ᠶᠠᠪᠤᠯ᠎ᠠ᠃
— ᠴᠦ᠁ᠴᠦ᠁ ᠭᠡᠮᠡᠨ ᠮᠢᠩᠭᠠᠨᠲᠠ ᠳᠠᠪᠢᠷᠠᠵᠤ᠂ ᠲᠦᠮᠡᠨᠲᠡ ᠲᠠᠰᠢᠭᠤᠷᠳᠠᠪᠠᠴᠤ ᠬᠤᠷ ᠳᠡᠯ ᠲᠡᠢ ᠬᠣᠩᠭᠣᠷ ᠬᠠᠯᠵᠠᠨ ᠮᠣᠷᠢ ᠤᠷᠤᠭᠰᠢ ᠭᠢᠰᠬᠢᠬᠦ ᠲᠤᠩ ᠳᠤᠷ᠎ᠠ ᠦᠭᠡᠢ ᠠᠵᠢ᠃ ᠰᠠᠯᠬᠢ ᠦᠭᠡᠢ ᠪᠦᠭᠴᠢᠮ ᠡᠳᠦᠷ ᠡᠢᠨ ᠬᠡᠯᠲᠦᠷᠢᠬᠦ ᠲᠡᠭᠦᠨ ᠢ᠋ ᠢᠯᠠᠭ᠎ᠠ ᠰᠢᠮᠠᠭᠤᠯ ᠡᠯᠡᠭ ᠪᠠᠷᠢᠨ ᠲᠣᠯᠣᠭᠠᠢ ᠲᠦᠷᠦᠭᠦᠦ ᠶ᠋ᠢ ᠨᠢ ᠮᠥᠯᠵᠢᠨ ᠠᠯᠳᠠᠬᠤ ᠲᠤᠯᠠ ᠪᠠᠬᠠᠨ ᠲᠡᠪᠡᠳᠡᠭᠦᠦ ᠶᠠᠪᠤᠯ᠎ᠠ᠃
— ᠴᠦ᠁ᠴᠦ᠁ ᠭᠡᠮᠡᠨ ᠶᠠᠩᠭᠢᠶᠠᠨ ᠳᠡᠭᠡᠷ᠎ᠡ ᠣᠪᠣᠭᠠᠨᠠᠬᠤ ᠠᠪᠠᠴᠤ ᠰᠤᠯᠠᠳᠠᠵᠤ ᠶᠠᠳᠠᠷᠠᠭᠰᠠᠨ ᠬᠣᠩᠭᠣᠷ ᠬᠠᠯᠵᠠᠨ ᠮᠣᠷᠢ ᠳᠤᠷᠠᠲᠠᠢ ᠳᠤᠷ᠎ᠠ ᠦᠭᠡᠢ ᠬᠣᠶᠠᠷ ᠨᠢᠭᠡᠲᠡᠭᠡ ᠫᠦᠭ ᠫᠦᠭ ᠱᠣᠭᠰᠢᠭᠠᠳ ᠬᠡᠯᠲᠦᠷᠢᠬᠦ ᠪᠢᠯᠡ᠃ ᠪᠤᠭᠤᠷᠤᠯ ᠲᠡᠷᠢᠭᠦᠨ ᠲᠡᠢ᠂ ᠨᠢᠳᠦᠨ ᠳ᠋ᠦ᠍ ᠳᠤᠯᠠᠭᠠᠬᠠᠨ ᠨᠢᠷᠤᠭᠤᠯᠢᠭ ᠡᠷ᠎ᠡ ᠠᠷᠭ᠎ᠠ ᠲᠠᠰᠤᠷᠠᠨ ᠡᠢᠰᠢ ᠲᠡᠢᠰᠢ ᠬᠠᠷᠠᠭᠠᠴᠢᠯᠠᠬᠤ ᠳ᠋ᠤ᠌ ᠬᠢᠷᠥᠭᠡᠨ ᠦ᠌ ᠢᠷ ᠰᠢᠭ ᠬᠥᠬᠡ ᠠᠭᠤᠯᠠᠰ ᠰᠦᠮᠡᠯᠵᠡᠨ ᠳᠤᠨᠢᠶᠠᠷᠲᠤᠵᠤ᠂ ᠴᠠᠷᠴᠠᠭ᠎ᠠ ᠴᠠᠷᠭᠢᠬᠤ᠂ ᠲᠠᠷᠪᠠᠭ᠎ᠠ ᠬᠣᠰᠬᠢᠷᠠᠬᠤ ᠠ᠋ᠴᠠ ᠥᠭᠡᠷ᠎ᠡ ᠴᠢᠮᠡᠭᠡ ᠠᠨᠢᠷ ᠦᠭᠡᠢ ᠰᠠᠨᠵᠠᠢ᠃ ᠲᠡᠷᠡ ᠪᠡᠷ ᠵᠡᠭᠦᠷᠮᠡᠭᠯᠡᠨ ᠰᠦᠮᠡᠢᠬᠦ ᠬᠣᠯᠠ ᠶ᠋ᠢᠨ ᠠᠭᠤᠯᠠᠰ ᠢ᠋ ᠬᠠᠷᠠᠭᠰᠠᠭᠠᠷ ᠥᠪᠡᠷ ᠦ᠋ᠨ ᠡᠷᠬᠡ ᠦᠭᠡᠢ ᠨᠢᠳᠦ ᠠᠨᠢᠨ᠂ ᠮᠣᠷᠢᠨ ᠤ᠋ ᠶᠠᠪᠤᠳᠠᠯ ᠳ᠋ᠤ᠌ ᠪᠦᠪᠡᠢᠯᠡᠭᠳᠡᠨ ᠳᠣᠩᠬᠤᠩᠨᠠᠵᠤ ᠡᠬᠢᠯᠡᠪᠡ᠃ ᠮᠥᠨᠥᠬᠢ ᠡᠷ᠎ᠡ ᠶ᠋ᠢᠨ ᠴᠢᠬᠢᠨ᠎ᠡ ᠢᠯᠮ᠎ᠠ ᠬᠠᠲᠤᠨ ᠤ᠋ ᠨᠠᠮᠤᠭᠤᠬᠠᠨ ᠤᠶᠠᠩᠭᠠᠯᠢᠭ ᠳᠠᠭᠤᠨ ᠰᠣᠨᠣᠰᠳᠠᠵᠤ᠂
— ᠡᠯᠵᠢᠭᠡᠳᠡᠢ᠂ ᠬᠦᠦ ᠪᠠᠨ ᠯᠠ ᠣᠯᠴᠢᠬᠠᠬᠤ ᠶᠤᠮ ᠰᠠᠨ᠃ ᠲᠣᠷᠯᠣᠭ ᠲᠤᠭᠤᠷᠢᠯ ᠮᠢᠨᠢ ᠡᠨᠳᠡ ᠢᠳᠡᠭᠡᠰᠢᠪᠡᠯ ᠪᠢ ᠲᠠᠨ ᠤ᠋ ᠳᠡᠷᠭᠡᠳᠡ ᠳᠠᠰᠬᠤ ᠨᠢ ᠪᠠᠢᠨ᠎ᠠ ᠭᠡᠵᠦ ᠥᠭᠦᠯᠡᠭᠰᠡᠨ ᠨᠢ ᠰᠠᠨᠠᠭᠳᠠᠨ᠎ᠠ᠃ ᠢᠯᠮ᠎ᠠ ᠭᠤᠸ᠎ᠠ ᠦᠵᠢᠨ ᠬᠠᠮᠤᠭ ᠤ᠋ᠨ ᠰᠡᠭᠦᠯ ᠳ᠋ᠦ᠍ ᠡᠨᠡ ᠦᠭᠡ ᠶ᠋ᠢ ᠥᠭᠦᠯᠡᠨ ᠰᠠᠯᠵᠤ ᠪᠢᠯᠡ᠃ ᠲᠡᠭᠡᠬᠦ ᠳ᠋ᠦ᠍ ᠬᠠᠭᠠᠨ ᠴᠡᠴᠡᠷᠯᠢᠭ ᠦ᠋ᠨ ᠬᠥᠬᠡ ᠴᠠᠪᠢᠳᠠᠷ ᠮᠣᠳᠣᠳ ᠴᠢᠮᠡᠭᠡ ᠦᠭᠡᠢ ᠨᠠᠢᠭᠤᠵᠤ᠂ ᠲᠩᠷᠢ ᠶ᠋ᠢᠨ ᠰᠠᠷᠠᠨ ᠤ᠋ ᠮᠥᠩᠭᠥᠨ ᠲᠤᠶᠠᠭ᠎ᠠ ᠤᠶᠠᠷᠠᠩᠭᠤᠢ ᠮᠡᠯᠮᠡᠷᠡᠵᠦ ᠪᠠᠢᠭᠰᠠᠨ ᠪᠥᠯᠥᠭᠡ᠃ ᠢᠯᠮ᠎ᠠ ᠦᠵᠢᠨ ᠵᠥᠪ ᠡᠩᠭᠡᠷ ᠢ᠋ ᠨᠢ ᠬᠠᠯᠠᠭᠤ ᠳᠦᠦᠭᠡᠭᠦᠯᠦᠨ ᠲᠦᠰᠢᠵᠦ᠂ ᠬᠡᠭᠡᠨᠴᠢᠷ ᠰᠡᠭᠦᠳᠡᠷᠦᠪᠴᠢᠨᠡ ᠤᠳᠠᠲᠠᠯ᠎ᠠ ᠵᠣᠭᠰᠣᠭᠰᠠᠨ ᠨᠢ ᠪᠣᠢ᠃ ᠶᠡᠷᠦ ᠣᠯᠵᠠᠯᠠᠭᠳᠠᠨ ᠢᠷᠡᠵᠦ᠂ ᠣᠷᠳᠣᠨ ᠤ᠋ ᠵᠡᠭᠦᠨ ᠵᠢᠭᠦᠷ ᠦ᠋ᠨ ᠪᠠᠭ᠎ᠠ ᠬᠠᠷᠰᠢᠨ ᠳ᠋ᠤ᠌ ᠬᠣᠷᠢᠭᠳᠠᠭᠰᠠᠨ ᠲᠡᠷᠡ ᠡᠳᠦᠷ ᠡᠴᠡ ᠬᠣᠢᠰᠢ ᠡᠯᠵᠢᠭᠡᠳᠡᠢ ᠡᠴᠢᠨ᠎ᠡ ᠬᠠᠷᠠᠭᠠᠯᠵᠠᠨ ᠪᠠᠢᠬᠤ ᠡᠭᠦᠷᠭᠡ ᠬᠦᠯᠢᠶᠡᠵᠡᠢ᠃ ᠡᠬᠢᠨ ᠦ᠌ ᠬᠡᠳᠦᠨ ᠡᠳᠦᠷ ᠲᠣᠯᠣᠭᠠᠢ ᠳᠡᠭᠡᠭᠰᠢ ᠲᠠᠲᠠᠯ ᠦᠭᠡᠢ ᠤᠬᠢᠯᠠᠨ ᠪᠠᠢᠭᠰᠠᠨ ᠬᠠᠲᠤᠨ ᠶᠠᠪᠤᠭᠠᠨ ᠳ᠋ᠠᠭᠠᠨ ᠲᠠᠢᠳᠬᠤᠷᠠᠵᠤ᠂ ᠭᠠᠭᠴᠠ ᠬᠣᠶᠠᠷ ᠰᠠᠷ᠎ᠠ ᠪᠣᠯᠬᠤ ᠳ᠋ᠤ᠌ ᠦᠵᠢᠮᠡᠢ ᠬᠠᠭᠠᠨ ᠤ᠋ ᠭᠠᠷ ᠤ᠋ᠨ ᠲᠣᠭᠣᠭᠠᠴᠢ ᠨᠠᠷ ᠤ᠋ᠨ ᠬᠢᠭᠰᠡᠨ ᠨᠠᠷᠢᠨ ᠬᠣᠭᠣᠯᠠ᠂ ᠵᠢᠮᠢᠰ ᠵᠢᠮᠢᠰᠬᠡᠨ᠎ᠡ ᠬᠢᠭᠡᠳ ᠣᠷᠳᠣᠨ ᠤ᠋ ᠲᠠᠩᠰᠤᠭ ᠠᠮᠢᠳᠤᠷᠠᠯ ᠳ᠋ᠤ᠌ ᠶᠠᠪᠤᠭᠠᠨ ᠳ᠋ᠠᠭᠠᠨ ᠰᠠᠳᠠᠭᠠᠷᠠᠵᠤ ᠭᠤᠨᠢᠭ ᠭᠤᠲᠤᠷᠠᠯ ᠢ᠋ᠶ᠋ᠠᠨ ᠮᠠᠷᠲᠠᠩᠨᠠᠵᠤ ᠡᠬᠢᠯᠡᠭᠰᠡᠨ ᠪᠣᠯᠠᠢ᠃ ᠬᠠᠷᠢᠨ ᠬᠥᠪᠡᠭᠦᠨ ᠬᠡᠴᠡᠭᠦᠦ ᠬᠥᠮᠦᠨ ᠪᠠᠢᠪᠠ᠃ ᠲᠡᠷᠡ ᠪᠡᠷ ᠡᠬᠢᠨ ᠦ᠌ ᠬᠡᠳᠦᠨ ᠰᠠᠷ᠎ᠠ ᠣᠷᠳᠣᠨ ᠤ᠋ ᠲᠠᠢᠭᠠᠨ ᠨᠠᠷ ᠲᠠᠢ ᠲᠣᠭᠯᠠᠵᠤ ᠨᠠᠭᠠᠳᠤᠨ ᠶᠠᠭᠤ ᠴᠤ᠌ ᠡᠰᠡ ᠠᠩᠵᠠᠭᠠᠷᠠᠬᠤ ᠶᠠᠩᠵᠤ ᠲᠠᠢ ᠪᠠᠢᠭᠰᠠᠨ ᠢ᠋ᠶ᠋ᠠᠨ ᠠᠭᠠᠵᠢᠮ ᠳ᠋ᠠᠭᠠᠨ ᠨᠤᠲᠤᠭ ᠣᠷᠣᠨ ᠢ᠋ᠶ᠋ᠠᠨ ᠰᠠᠨᠠᠭᠠᠯᠵᠠᠭᠰᠠᠨ ᠰᠢᠨᠵᠢ ᠲᠣᠳᠣᠷᠠᠵᠤ᠂ ᠰᠡᠭᠦᠯ ᠰᠡᠭᠦᠯ ᠳ᠋ᠡᠭᠡᠨ ᠨᠠᠷᠠᠨ ᠵᠢᠷᠭᠠᠬᠤ ᠵᠦᠭ ᠵᠠᠯᠪᠠᠷᠢᠵᠤ ᠬᠣᠨᠣᠳᠠᠭ ᠪᠣᠯᠤᠭᠰᠠᠨ ᠠᠪᠠᠢ᠃ ᠬᠡᠭᠡᠷ᠎ᠡ ᠶ᠋ᠢᠨ ᠰᠠᠯᠬᠢ ᠴᠡᠴᠡᠭ ᠰᠡᠩᠭᠢᠨᠡᠭᠦᠯᠦᠨ ᠮᠣᠷᠢᠯᠠᠭᠰᠠᠨ ᠬᠠᠪᠤᠯ ᠬᠠᠭᠠᠨ ᠤ᠋ ᠠᠢᠯᠴᠢᠯᠠᠯ ᠤ᠋ᠨ ᠳᠠᠷᠠᠭ᠎ᠠ ᠲᠣᠷᠯᠣᠭ ᠲᠤᠭᠤᠷᠢᠯ ᠬᠥᠪᠡᠭᠦᠨ ᠦ᠌ ᠵᠠᠩ ᠡᠷᠡᠰ ᠥᠭᠡᠷ᠎ᠡ ᠪᠣᠯᠵᠤ᠂
— ᠨᠢᠭᠡ ᠯᠡ ᠡᠳᠦᠷ ᠤᠷᠭᠤᠨ᠎ᠠ ᠳᠠ ᠭᠡᠵᠦ ᠲᠣᠭᠯᠠᠭᠠᠮ ᠱᠣᠭᠯᠠᠭᠠᠮ ᠤ᠋ᠨ ᠵᠠᠪᠰᠠᠷ ᠥᠭᠦᠯᠡᠵᠦ᠂ ᠢᠵᠢᠢ ᠬᠠᠲᠤᠨ ᠨᠢ
— ᠵᠠ᠂ ᠨᠢᠭᠦᠯ! ᠭᠡᠮᠡᠨ ᠵᠠᠩᠳᠤᠷᠳᠠᠭ ᠪᠠᠢᠪᠠ᠃ ᠴᠢᠩᠭᠢᠲᠡᠯ᠎ᠡ ᠨᠢᠭᠡ ᠯᠡ ᠡᠳᠦᠷ ᠤᠰᠤᠨ ᠳ᠋ᠤ᠌ ᠬᠠᠶᠠᠭᠰᠠᠨ ᠴᠢᠯᠠᠭᠤ ᠮᠡᠲᠦ ᠠᠯᠠᠭ᠎ᠠ ᠪᠣᠯᠵᠠᠢ᠃ ᠦᠵᠢᠮᠡᠢ ᠬᠠᠲᠤᠨ ᠤ᠋ ᠶᠡᠬᠡ ᠣᠷᠳᠣᠨ ᠤ᠋ ᠲᠦᠮᠡᠨ ᠲᠠᠢᠭᠠᠨ ᠡᠷᠢᠭᠡᠳ ᠣᠯᠤᠭᠰᠠᠨ ᠦᠭᠡᠢ ᠪᠢᠯᠡ᠃ ᠢᠯᠮ᠎ᠠ ᠦᠵᠢᠨ᠂
— ᠨᠤᠲᠤᠭ᠂ ᠨᠤᠲᠤᠭ ᠦᠭᠡᠢ ᠪᠣᠯᠪᠠ᠃ ᠬᠦᠦ᠂ ᠬᠦᠦ ᠦᠭᠡᠢ ᠪᠣᠯᠪᠠ᠁ ᠭᠡᠮᠡᠨ ᠠᠰᠬᠠᠷᠠᠲᠠᠯ᠎ᠠ ᠤᠬᠢᠯᠠᠵᠤ᠂ ᠬᠠᠭᠠᠨ ᠴᠡᠴᠡᠷᠯᠢᠭ ᠢ᠋ ᠨᠡᠩᠵᠢᠭᠦᠯᠦᠨ ᠳᠠᠷᠠᠭ᠎ᠠ ᠨᠢ ᠬᠠᠭᠠᠨ ᠬᠣᠲᠠ ᠶ᠋ᠢ ᠣᠩᠭᠢᠴᠢᠭᠤᠯᠤᠭᠰᠠᠨ ᠪᠣᠯᠪᠠᠴᠤ ᠣᠯᠳᠠᠭᠰᠠᠨ ᠦᠭᠡᠢ᠃ ᠡᠢᠨ ᠭᠤᠷᠪᠠᠳᠠᠬᠢ ᠬᠣᠨᠣᠭ ᠤ᠋ᠨ ᠰᠥᠨᠢ ᠲᠡᠢ ᠤᠴᠠᠷᠠᠵᠤ ᠣᠯᠠᠨ ᠡᠳᠦᠷ ᠤᠬᠢᠯᠠᠭᠰᠠᠨ ᠤᠴᠢᠷ ᠶᠠᠩᠭᠢᠨᠠᠨ ᠡᠪᠡᠳᠬᠦ ᠲᠣᠯᠣᠭᠠᠢ ᠶ᠋ᠢᠨ ᠡᠪᠡᠳᠴᠢᠨ ᠨᠠᠮᠳᠠᠭᠤᠵᠠᠢ ᠭᠡᠮᠡᠨ ᠰᠠᠯᠬᠢᠯᠠᠵᠤ ᠠᠪᠠᠢ᠃ ᠲᠡᠢᠨ ᠵᠢᠮᠢᠰ ᠦ᠋ᠨ ᠲᠦᠭᠦᠯ ᠳ᠋ᠦ᠍ ᠵᠤᠭᠠᠯᠠᠵᠤ ᠠᠬᠤᠢ ᠳ᠋ᠠᠭᠠᠨ ᠵᠢᠩᠭᠢᠨᠡᠨ ᠱᠠᠷᠬᠢᠭᠴᠢ ᠮᠥᠩᠭᠥᠨ ᠬᠣᠩᠬᠣᠨ ᠤ᠋ ᠳᠠᠭᠤ ᠪᠠᠷ᠂
— ᠡᠯᠵᠢᠭᠡᠳᠡᠢ᠂ ᠬᠦᠦ ᠪᠡᠨ ᠣᠯᠬᠤ ᠶᠤᠮ ᠰᠠᠨ᠁ ᠭᠡᠵᠦ ᠥᠭᠦᠯᠡᠭᠡᠳ ᠰᠠᠯᠤᠭᠰᠠᠨ ᠪᠢᠯᠡ᠃ ᠴᠢᠩᠭᠢᠲᠡᠯ᠎ᠡ ᠦᠷ ᠦ᠋ᠨ ᠲᠠᠪᠤᠨ ᠵᠢᠩ ᠢ᠋ᠶ᠋ᠡᠷ ᠶᠡᠬᠡ ᠣᠷᠳᠣᠨ ᠲᠡᠷᠡ ᠠᠶ᠎ᠠ ᠪᠠᠷ ᠢ᠋ᠶ᠋ᠠᠨ ᠳᠦᠷᠬᠢᠷᠡᠨ ᠪᠣᠰᠴᠤ᠂
— ᠬᠡᠷᠡᠢᠳ ᠦ᠋ᠨ ᠢᠯᠮ᠎ᠠ ᠥᠵᠢᠨ᠂ ᠲᠣᠷᠯᠣᠭ ᠲᠤᠭᠤᠷᠢᠯ ᠬᠥᠪᠡᠭᠦᠨ ᠲᠡᠢ ᠪᠡᠨ ᠠᠯᠠᠭ᠎ᠠ ᠪᠣᠯᠪᠠ ᠭᠡᠮᠡᠨ ᠡᠷᠢᠭᠰᠡᠨ ᠬᠡᠳᠦᠢ ᠴᠦ᠍ ᠡᠰᠡ ᠣᠯᠵᠠᠢ᠃ ᠬᠠᠭᠠᠨ ᠴᠡᠴᠡᠷᠯᠢᠭ ᠢ᠋ ᠨᠡᠩᠵᠢᠭᠡᠳ ᠦᠯᠦ ᠣᠯᠳᠠᠪᠠ᠃ ᠦᠬᠦᠭᠰᠡᠨ ᠪᠣᠯ ᠱᠠᠷᠢᠯ ᠢ᠋ ᠨᠢ ᠠᠪᠴᠢᠷᠠ! ᠭᠡᠵᠦ ᠦᠵᠢᠮᠡᠢ ᠬᠠᠭᠠᠨ ᠵᠠᠷᠯᠢᠭ ᠪᠣᠯᠵᠠᠢ᠃ ᠬᠠᠭᠠᠨ ᠬᠣᠲᠠ ᠶ᠋ᠢ ᠣᠩᠭᠢᠴᠢᠭᠠᠳ ᠴᠤ᠌ ᠡᠰᠡ ᠣᠯᠳᠠᠪᠠ᠃ ᠠᠯᠲᠠᠨ ᠤᠯᠤᠰ ᠳᠠᠶᠠᠭᠠᠷ ᠵᠠᠷ ᠲᠦᠭᠡᠭᠡᠵᠦ ᠡᠷᠢᠵᠦ ᠰᠤᠷᠠᠭᠰᠠᠨ ᠴᠤ᠌ ᠣᠷᠣ ᠮᠥᠷ ᠦᠭᠡᠢ ᠪᠣᠯᠵᠤ ᠠᠪᠠᠢ᠃ ᠡᠨᠡ ᠤᠴᠠᠷᠠᠯ ᠶᠡᠬᠡ ᠬᠠᠭᠠᠨ ᠤ᠋ ᠢᠲᠡᠭᠡᠯᠲᠦ ᠰᠢᠳᠠᠷ ᠡᠯᠵᠢᠭᠡᠳᠡᠢ ᠨᠣᠶᠠᠨ ᠢ᠋ ᠵᠢᠷᠦᠬᠡ ᠦᠭᠡᠢ ᠬᠥᠨᠳᠡᠢ ᠴᠡᠭᠡᠵᠢ᠂ ᠰᠡᠳᠬᠢᠯ ᠦᠭᠡᠢ ᠮᠢᠬᠠᠨ ᠲᠣᠷᠬ᠎ᠠ ᠮᠡᠲᠦ ᠪᠣᠯᠭᠠᠨ ᠬᠤᠪᠢᠷᠠᠭᠠᠵᠠᠢ᠃ ᠲᠡᠷᠡ ᠡᠳᠦᠷ ᠰᠥᠨᠢ ᠶ᠋ᠢ ᠥᠩᠭᠡᠷᠡᠭᠡᠬᠦ ᠶ᠋ᠢᠨ ᠲᠤᠯᠠᠳᠠ ᠲᠥᠷᠥᠭᠰᠡᠨ ᠦᠯᠭᠡᠨ ᠰᠠᠯᠭᠠᠨ ᠠᠮᠢᠲᠠᠨ ᠯᠠ ᠪᠣᠯᠵᠤ ᠣᠷᠬᠢᠪᠠ᠃ ᠦᠵᠢᠮᠡᠢ ᠬᠠᠭᠠᠨ ᠠᠷᠭ᠎ᠠ ᠪᠠᠨ ᠪᠠᠷᠠᠵᠤ ᠭᠠᠪᠢᠶᠠᠲᠠᠨ ᠰᠠᠢᠳ ᠲᠠᠭᠠᠨ ᠭᠠᠷ ᠦᠯᠦ ᠲᠠᠲᠠᠨ᠎ᠠ᠃ ᠥᠪᠡᠷ ᠦ᠋ᠨ ᠲᠠᠲᠠᠪᠤᠷᠢ ᠡᠮᠡᠰ ᠡᠴᠡ ᠭᠤᠴᠢ ᠶ᠋ᠢ ᠥᠭᠴᠦ᠂ ᠰᠢᠳᠠᠷ ᠵᠦᠭ ᠦ᠋ᠨ ᠰᠠᠢᠳ ᠨᠠᠷ ᠤ᠋ᠨ ᠬᠦᠩᠵᠦᠰ ᠢ᠋ ᠦᠵᠡᠭᠦᠯᠵᠦ ᠠᠷᠭᠠᠳᠠᠭᠰᠠᠨ ᠴᠤ᠌ ᠲᠤᠰᠠ ᠶ᠋ᠢ ᠡᠰᠡ ᠣᠯᠵᠠᠢ᠃ ᠬᠠᠷᠢᠨ ᠴᠢᠩᠭᠢᠲᠡᠯ᠎ᠡ ᠶᠢᠰᠦᠨ ᠲᠠᠲ᠋ᠠᠷ ᠤ᠋ᠨ ᠵᠠᠯᠠᠭᠤ ᠵᠠᠩᠵᠤᠨ ᠲᠡᠮᠦᠵᠢᠨ ᠦᠭᠡ ᠨᠣᠶᠠᠨ ᠠ᠋ᠴᠠ《᠁ ᠨᠠᠢ᠍ᠮᠠᠨ ᠤ᠋ ᠶᠡᠬᠡ ᠬᠠᠲᠤᠨ ᠢᠯᠮ᠎ᠠ ᠥᠵᠢᠨ ᠥᠪᠡᠷ ᠦ᠋ᠨ ᠬᠥᠪᠡᠭᠦᠨ ᠲᠣᠷᠯᠣᠭ ᠲᠣᠭᠣᠷᠢᠯ ᠤ᠋ᠨ ᠬᠠᠮᠲᠤ ᠣᠯᠳᠠᠪᠠ》 ᠭᠡᠰᠡᠨ ᠬᠡᠯᠡ ᠢᠷᠡᠵᠦ ᠠᠪᠠᠢ᠃ ᠡᠯᠵᠢᠭᠡᠳᠡᠢ ᠨᠣᠶᠠᠨ ᠤ᠋ ᠪᠠᠶᠠᠷᠯᠠᠭᠰᠠᠨ ᠭᠡᠵᠦ ᠲᠣᠢᠮᠣ ᠦᠭᠡᠢ ᠪᠢᠯᠡ᠃ ᠦᠵᠢᠮᠡᠢ ᠴᠡᠴᠡᠨ ᠬᠠᠭᠠᠨ ᠴᠤ᠌ ᠨᠥᠬᠥᠷ ᠦ᠋ᠨ ᠰᠡᠳᠬᠢᠯ ᠦ᠋ᠨ ᠴᠡᠩᠭᠡᠯ ᠢ᠋ ᠣᠢᠰᠢᠶᠠᠨ ᠬᠤᠪᠢᠶᠠᠯᠴᠠᠵᠤ᠂
— ᠡᠯᠵᠢᠭᠡᠳᠡᠢ ᠨᠣᠶᠠᠨ ᠡᠬᠡᠨᠡᠷ ᠢ᠋ᠶ᠋ᠡᠨ ᠠᠯᠳᠠᠴᠢᠬᠠᠭᠠ ᠦᠭᠡᠢ ᠳᠡᠭᠡᠷ᠎ᠡ ᠪᠡᠨ ᠣᠯᠵᠤ ᠢᠷ᠎ᠡ! ᠭᠡᠮᠡᠨ ᠢᠯᠡᠭᠡᠭᠰᠡᠨ ᠶᠦᠮ ᠰᠠᠨᠵᠠᠢ᠃ ᠬᠠᠭᠠᠨ ᠤ᠋ ᠰᠢᠳᠠᠷ ᠲᠦᠮᠡᠲᠦ ᠡᠴᠡ ᠮᠢᠩᠭᠠᠲᠤ ᠴᠡᠷᠢᠭ ᠳᠠᠭᠠᠭᠤᠯᠤᠨ ᠳᠣᠪᠲᠣᠯᠭᠠᠵᠤ ᠶᠢᠰᠦᠨ ᠲᠠᠲ᠋ᠠᠷ ᠤ᠋ᠨ ᠨᠤᠲᠤᠭ ᠢ᠋ ᠵᠣᠷᠢᠵᠠᠢ᠃ ᠵᠦᠷᠴᠢᠳ ᠦ᠋ᠨ ᠠᠯᠲᠠᠨ ᠤᠯᠤᠰ ᠬᠠᠪᠤᠯ ᠬᠠᠭᠠᠨ ᠤ᠋ ᠴᠢᠷᠠᠢ ᠦᠵᠡᠭᠡᠳ ᠲᠠᠯ᠎ᠠ ᠵᠠᠰᠠᠵᠤ ᠢᠨᠢᠶᠡᠳᠦ ᠠᠯᠳᠠᠪᠠᠴᠤ ᠠᠷᠤ ᠬᠤᠳᠠᠷᠭ᠎ᠠ ᠪᠠᠷ ᠨᠢ ᠨᠢᠳᠤᠷᠭ᠎ᠠ ᠦᠭᠡᠢ ᠵᠠᠩᠨᠠᠵᠤ ᠪᠠᠷᠠᠭᠤᠨ ᠲᠠᠩᠭᠤᠳ ᠬᠢᠭᠡᠳ ᠪᠠᠷᠠᠭᠤᠨ ᠯᠢᠶᠣᠣ ᠤᠯᠤᠰ ᠢ᠋ ᠮᠣᠩᠭᠣᠯ ᠤ᠋ᠨ ᠡᠰᠡᠷᠭᠦ ᠨᠢᠭᠤᠷ ᠦᠭᠡᠢ ᠬᠦᠦ ᠪᠣᠯᠭᠠᠨ ᠲᠦᠯᠬᠢᠵᠦ ᠪᠠᠢᠭᠰᠠᠨ ᠦᠶ᠎ᠡ ᠪᠢᠯᠡ᠃ ᠡᠨᠡ ᠨᠢ ᠰᠠᠢᠬᠠᠨ ᠦᠵᠢᠮᠡᠢ ᠬᠠᠭᠠᠨ ᠤ᠋ ᠮᠠᠭᠤ ᠶᠠᠪᠤᠳᠠᠯ ᠪᠤᠰᠤ᠂ ᠨᠠᠩᠭᠢᠶᠠᠳ ᠤᠬᠠᠭᠠᠨ ᠢ᠋ᠶ᠋ᠠᠷ ᠴᠢᠭᠵᠢᠭᠰᠡᠨ ᠲᠥᠷᠥ ᠶ᠋ᠢᠨ ᠪᠣᠳᠣᠯᠭ᠎ᠠ ᠨᠢ ᠪᠠᠢᠯ᠎ᠠ᠃ ᠲᠡᠷᠡ ᠬᠦ᠌ ᠨᠡᠭᠦᠳᠡᠯ ᠦ᠋ᠨ ᠬᠥᠯ ᠳ᠋ᠦ᠍ ᠲᠦᠯᠬᠢᠭᠰᠡᠨ ᠬᠦᠦ ᠨᠦ᠍ᠭᠦᠳ ᠦ᠋ᠨ ᠨᠢᠭᠡ ᠨᠢ ᠶᠢᠰᠦᠨ ᠲᠠᠲ᠋ᠠᠷ ᠤ᠋ᠨ ᠬᠣᠯᠪᠣᠭ᠎ᠠ ᠪᠠᠢᠪᠠ᠃ ᠡᠢᠮᠦ ᠶ᠋ᠢᠨ ᠤᠴᠢᠷ ᠡᠯᠵᠢᠭᠡᠳᠡᠢ ᠨᠣᠶᠠᠨ ᠤ᠋ ᠮᠢᠩᠭᠠᠲᠤ ᠶᠡᠷᠦ ᠥᠪᠡᠷ ᠦ᠋ᠨ ᠨᠤᠲᠤᠭ ᠤᠰᠤᠨ ᠳ᠋ᠤ᠌ ᠪᠠᠢᠭ᠎ᠠ ᠮᠡᠲᠦ ᠳᠤᠷ᠎ᠠ ᠪᠠᠷ ᠢ᠋ᠶ᠋ᠠᠨ ᠳᠣᠷᠭᠢᠵᠤ ᠳᠤᠮᠳᠠ ᠴᠢᠮᠥᠭᠡ ᠪᠡᠷ ᠢ᠋ᠶ᠋ᠡᠨ ᠵᠢᠷᠭᠢᠵᠦ ᠶᠠᠪᠤᠭᠰᠠᠨ ᠠᠪᠠᠢ᠃ ᠡᠢᠨ ᠪᠤᠢᠷ ᠨᠠᠭᠤᠷ ᠣᠢᠷᠠᠲᠤᠭᠰᠠᠨ ᠢ᠋ ᠢᠯᠡᠳᠬᠡᠨ ᠰᠠᠯᠬᠢᠨ ᠤ᠋ ᠦᠵᠦᠭᠦᠷ ᠲᠦ᠍ ᠳᠠᠯᠠᠢ ᠦᠨᠦᠷᠲᠦᠬᠦ ᠭᠠᠵᠠᠷ ᠲᠤ᠌ ᠢᠷᠡᠪᠡ᠃ ᠵᠣᠭᠰᠣᠭ᠎ᠠ ᠵᠠᠢ ᠦᠭᠡᠢ ᠣᠯᠠᠨ ᠬᠣᠨᠣᠭ ᠳᠣᠪᠲᠣᠯᠭᠠᠭᠰᠠᠨ ᠬᠦᠯᠦᠭ ᠦ᠋ᠨ ᠵᠢᠯᠣᠭᠣ ᠲᠡᠳᠡᠨ ᠠᠮᠢᠰᠬᠤᠭ᠎ᠠ ᠳᠠᠷᠤᠬᠤ ᠦᠶᠡᠰ ᠳᠣᠲᠣᠷ᠎ᠠ ᠰᠡᠷᠢᠭᠦᠦ ᠲᠠᠲᠠᠭᠰᠠᠨ ᠴᠢᠭᠢᠭ ᠪᠤᠰᠤ᠂ ᠬᠠᠮᠠᠷ ᠬᠣᠷᠣᠰᠬᠠᠨ ᠤᠲᠤᠭ᠎ᠠ ᠬᠠᠩᠬᠤᠯᠵᠠᠢ᠃
— ᠶᠠᠭᠤᠨ ᠬᠢᠷᠪᠤᠰᠤ ᠪᠢᠯᠡ᠃
— ᠬᠠᠷᠢᠨ᠁
— ᠶᠢᠰᠦᠨ ᠲᠠᠲ᠋ᠠᠷ ᠢ᠋ ᠮᠣᠩᠭᠣᠯᠴᠤᠳ ᠬᠦᠢᠰᠦ ᠲᠡᠮᠲᠡᠷᠢᠭᠰᠡᠨ ᠪᠤᠰᠤ ᠤᠤ? ᠡᠨᠡ ᠰᠢᠲᠠᠭᠰᠠᠨ ᠢᠰᠡᠭᠡᠢ ᠶ᠋ᠢᠨ ᠦᠨᠦᠷ ᠪᠠᠢᠨ᠎ᠠ᠁ᠭᠡᠯᠴᠡᠬᠦ ᠳ᠋ᠦ᠍ ᠰᠠᠨᠳᠤᠷᠴᠤ ᠲᠡᠪᠡᠳᠡᠭᠰᠡᠨ ᠡᠯᠵᠢᠭᠡᠳᠡᠢ ᠲᠠᠰᠢᠭᠤᠷ ᠥᠭᠭᠦᠨ ᠤᠬᠤᠰᠬᠢᠯᠡ᠃ ᠣᠯᠠᠨ ᠵᠢᠯ ᠦ᠋ᠨ ᠨᠠᠷᠠ ᠰᠠᠯᠬᠢᠨ ᠳ᠋ᠤ᠌ ᠤᠩᠭᠤᠵᠤ ᠭᠠᠩᠳᠠᠲᠠᠯᠠ ᠪᠠᠨ ᠳᠠᠢᠳᠤᠭᠰᠠᠨ ᠬᠠᠰᠢᠷ ᠳᠠᠢᠴᠢᠳ ᠦᠨᠡᠨ ᠬᠡᠯᠡᠵᠡᠢ᠃ ᠡᠷᠭᠦᠨ᠎ᠡ ᠭᠣᠣᠯ ᠤ᠋ᠨ ᠰᠠᠯᠬᠢᠨ ᠳᠣᠣᠷ᠎ᠠ᠂ ᠬᠥᠯᠥᠨ ᠪᠤᠢᠷ ᠤ᠋ᠨ ᠬᠠᠶᠠᠭ᠎ᠠ ᠲᠦᠰᠢᠵᠦ ᠥᠷᠭᠥᠭᠡᠯᠡᠭᠰᠡᠨ ᠶᠢᠰᠦᠨ ᠲᠠᠲ᠋ᠠᠷ ᠤ᠋ᠨ ᠬᠠᠨᠯᠢᠭ ᠤ᠋ᠨ ᠤᠷᠲᠤ ᠤᠯᠠᠭᠠᠨ ᠲᠦᠢᠮᠡᠷ ᠳᠦᠷᠡᠯᠵᠡᠵᠦ ᠪᠠᠢᠪᠠ᠃
— ᠠ᠋᠂ ᠲᠩᠷᠢ ᠮᠢᠨᠢ᠁
— ᠮᠣᠩᠭᠣᠯᠴᠤᠳ ᠢᠷᠡᠭᠡᠳ ᠪᠤᠴᠠᠵᠠᠢ ᠃
— ᠲᠡᠢᠮᠦ ᠰᠢᠭ ᠪᠠᠢᠨ᠎ᠠ᠃ ᠴᠦ᠁ ᠭᠡᠮᠡᠨ ᠳᠣᠪᠲᠣᠯᠭᠠᠭᠰᠠᠭᠠᠷ ᠣᠴᠢᠬᠤ ᠳ᠋ᠤ᠌ ᠰᠢᠲᠠᠵᠤ ᠨᠤᠷᠠᠭᠰᠠᠨ ᠦᠨᠡᠰᠦ ᠨᠤᠷᠮᠠᠨ ᠳᠣᠲᠣᠷ᠎ᠠ ᠠ᠋ᠴᠠ ᠡᠷ᠎ᠡ ᠡᠮ᠎ᠡ ᠦᠭᠡᠢ ᠤᠢᠯᠠᠯᠳᠤᠨ ᠰᠢᠷᠠᠭᠳᠠᠨ ᠡᠷᠡᠰ᠂ ᠲᠦᠯᠡᠭᠳᠡᠭᠰᠡᠨ ᠨᠢᠯᠬᠠᠰ ᠵᠥᠭᠡᠭᠡᠵᠦ ᠪᠠᠢᠯ᠎ᠠ᠃ ᠲᠡᠷᠡ ᠪᠦᠭᠦᠳᠡ ᠥᠪᠡᠷ ᠲᠤᠨᠢ ᠣᠭᠲᠣ ᠬᠠᠮᠢᠶ᠎ᠠ ᠦᠭᠡᠢ ᠮᠡᠲᠦ ᠮᠣᠳᠣᠨ ᠲᠡᠷᠭᠡᠨ ᠦ᠌ ᠭᠤᠶ᠎ᠠ ᠰᠠᠨᠳᠠᠢᠯᠠᠨ ᠰᠠᠭᠤᠭᠠᠳ ᠠᠯᠤᠰ ᠢ᠋ ᠰᠠᠨᠠᠭᠠᠰᠢᠷᠠᠨ ᠰᠢᠷᠲᠡᠬᠦ ᠵᠠᠯᠠᠭᠤ ᠡᠷ᠎ᠡ ᠶ᠋ᠢ ᠡᠯᠵᠢᠭᠡᠳᠡᠢ ᠬᠠᠷᠠᠭᠤᠳᠠ ᠲᠠᠨᠢᠵᠠᠢ᠃ ᠲᠡᠭᠦᠨ ᠦ᠌ ᠣᠮᠣᠭᠯᠠᠩ ᠲᠥᠷᠬᠦ᠂ ᠣᠮᠣᠭᠷᠠᠬᠠᠤ ᠬᠢᠯᠢᠩᠲᠦ ᠬᠠᠷᠠᠴᠠ ᠮᠥᠨᠥᠬᠡᠨ ᠨᠡᠷ᠎ᠡ ᠳ᠋ᠦ᠍ ᠭᠠᠷᠤᠭᠰᠠᠨ ᠲᠡᠮᠦᠵᠢᠨ ᠦᠭᠡ ᠨᠣᠶᠠᠨ ᠮᠥᠨ ᠭᠡᠮᠡᠨ ᠲᠠᠨᠢᠯ᠎ᠠ᠃
— ᠠᠮᠤᠷ ᠪᠠᠢᠨ᠎ᠠ ᠤᠤ? ᠲᠠ᠃
— ᠮᠡᠨᠳᠦ ᠠ᠋᠂ ᠠᠮᠤᠷ ᠤᠤ᠁ ᠭᠡᠵᠦ ᠤᠷᠢᠶᠠᠯᠢᠭᠬᠠᠨ ᠮᠡᠨᠳᠦᠯᠡᠭᠰᠡᠨ ᠬᠡᠳᠦᠢ ᠴᠦ᠍ ᠡᠯᠵᠢᠭᠡᠳᠡᠢ ᠨᠣᠶᠠᠨ ᠤᠷᠤᠭᠤ ᠬᠠᠷᠠᠭᠰᠠᠨ ᠦᠭᠡᠢ ᠪᠣᠯᠠᠢ᠃ ᠰᠢᠩᠭᠡᠬᠦ ᠨᠠᠷᠠᠨ ᠤ᠋ ᠲᠤᠶᠠᠭᠠᠨ ᠳᠣᠣᠭᠤᠷ ᠰᠢᠷᠭᠠᠯᠲᠤᠨ ᠴᠡᠯᠡᠢᠬᠦ ᠶᠡᠬᠡ ᠲᠠᠯ᠎ᠠ ᠤᠷᠤᠭᠤ ᠬᠠᠷᠠᠭ᠎ᠠ ᠪᠡᠯᠴᠢᠭᠡᠨ ᠰᠠᠭᠤᠬᠤ ᠪᠥᠯᠥᠭᠡ᠃ ᠡᠯᠵᠢᠭᠡᠳᠡᠢ ᠨᠣᠶᠠᠨ ᠮᠣᠷᠢᠨ ᠠ᠋ᠴᠠ ᠪᠠᠨ ᠪᠠᠭᠤᠵᠤ ᠳᠡᠷᠭᠡᠳᠡ ᠨᠢ ᠣᠴᠢᠨ᠂
— ᠶᠠᠭᠤ ᠪᠣᠯᠤᠭ᠎ᠠ ᠪᠣᠢ? ᠬᠡᠮᠡᠪᠡᠯ ᠶᠠᠭᠤ ᠪᠣᠯᠤᠭᠰᠠᠨ ᠢ᠋ ᠨᠢ ᠬᠠᠷᠠᠬᠤ ᠦᠭᠡᠢ ᠪᠠᠢᠨ᠎ᠠ ᠤᠤ ᠭᠡᠬᠦ ᠰᠢᠭ ᠳᠦᠷᠯᠡᠢᠲᠡᠯᠡ ᠲᠣᠮᠣ ᠬᠠᠷᠠᠭᠰᠠᠨ ᠢ᠋ᠶ᠋ᠠᠨ᠂
— ᠡᠯᠵᠢᠭᠡᠳᠡᠢ ᠨᠣᠶᠠᠨ ᠤᠤ? ᠭᠡᠬᠦ ᠳ᠋ᠦ᠍ ᠪᠤᠭᠤᠷᠤᠯ ᠡᠷ᠎ᠡ ᠶ᠋ᠢᠨ ᠦᠵᠢᠮᠡᠢ ᠬᠠᠭᠠᠨ ᠤ᠋ ᠡᠮᠦᠨ᠎ᠡ ᠴᠡᠴᠡᠷᠡᠳᠡᠭ ᠦᠭᠡᠢ ᠡᠪᠦᠳᠦᠭ ᠨᠢ ᠬᠣᠷᠮᠣᠢ ᠳᠡᠷᠭᠡᠭᠦᠯᠬᠦ ᠰᠢᠭ ᠪᠣᠯᠵᠤ᠂
— ᠵᠠ ᠲᠡᠢᠮᠦ ᠠ᠋᠂ ᠪᠢ ᠡᠯᠵᠢᠭᠡᠳᠡᠢ ᠭᠡᠪᠡᠯ ᠵᠠᠯᠠᠭᠤ ᠵᠠᠩᠵᠤᠨ ᠨᠠᠷᠠᠨ ᠰᠢᠩᠭᠡᠬᠦ ᠵᠦᠭ ᠲᠦ᠍ ᠠᠪᠴᠠᠭ᠎ᠠ ᠲᠠᠢ ᠬᠠᠷᠠᠵᠤ᠂
— ᠢᠯᠮ᠎ᠠ ᠬᠠᠲᠤᠨ ᠢ᠋ ᠠᠪᠤᠭᠠᠳ ᠶᠠᠪᠤᠴᠢᠬᠠᠯ᠎ᠠ ᠭᠡᠵᠦ ᠥᠭᠦᠯᠡᠪᠡ᠃ ᠡᠯᠵᠢᠭᠡᠳᠡᠢ ᠨᠣᠶᠠᠨ ᠠᠷᠭ᠎ᠠ ᠮᠤᠬᠤᠷᠳᠠᠵᠤ᠂ ᠥᠪᠡᠷ ᠦ᠋ᠨ ᠴᠡᠷᠢᠭ ᠢ᠋ ᠬᠤᠸᠠᠷᠠᠩᠨᠠᠭᠤᠯᠤᠨ ᠪᠠᠭᠤᠯᠭᠠᠵᠤ᠂ ᠶᠢᠰᠦᠨ ᠲᠠᠲ᠋ᠠᠷ ᠤ᠋ᠨ ᠬᠦᠷᠢᠶ᠎ᠡ ᠶ᠋ᠢ ᠥᠭᠡᠳᠡ ᠲᠠᠲᠠᠬᠤ ᠦᠢᠯᠡᠰ ᠲᠦ᠍ ᠬᠦᠴᠦᠨ ᠵᠢᠳᠬᠦᠭᠦᠯᠬᠦ ᠵᠠᠷᠯᠢᠭ ᠪᠣᠯᠭᠠᠪᠠ᠃ ᠮᠢᠩᠭᠠᠲᠤ ᠠᠬᠠᠯᠠᠵᠤ ᠮᠣᠷᠳᠠᠭᠰᠠᠨ ᠨᠣᠶᠠᠨ ᠦᠵᠢᠮᠡᠢ ᠬᠠᠭᠠᠨ ᠳ᠋ᠤ᠌ ᠡᠯᠴᠢ ᠪᠡᠷ ᠢᠯᠡᠭᠡᠭᠡᠳ ᠬᠡᠩᠰᠢᠭᠦᠦ ᠦᠨᠦᠷᠲᠦᠵᠦ᠂ ᠬᠢᠷᠪᠤᠰᠤ ᠬᠠᠩᠬᠤᠯᠤᠭᠰᠠᠨ ᠪᠠᠭᠤᠷᠢᠨ ᠳᠡᠭᠡᠷ᠎ᠡ ᠬᠠᠷᠢᠭᠤ ᠬᠦᠯᠢᠶᠡᠵᠦ ᠠᠷᠪᠠᠭᠠᠳ ᠬᠣᠨᠣᠵᠠᠢ᠃ ᠲᠡᠮᠦᠵᠢᠨ ᠦᠭᠡ ᠲᠦᠯᠡᠭᠳᠡᠭᠰᠡᠨ ᠰᠢᠷᠣᠢ᠂ ᠬᠤᠢᠬᠠᠯᠠᠭᠳᠠᠭᠰᠠᠨ ᠬᠣᠵᠤᠤᠯ᠎ᠠ ᠳᠤᠮᠳᠠ ᠠ᠋ᠴᠠ ᠨᠡᠭᠦᠬᠦ ᠭᠡᠵᠦ ᠶᠠᠭᠠᠷᠠᠭᠰᠠᠨ ᠦᠭᠡᠢ᠃
— ᠭᠠᠯ ᠤ᠋ᠨ ᠳᠥᠯᠥ ᠥᠭᠡᠳᠡ ᠪᠡᠨ! ᠡᠨᠳᠡ ᠪᠡᠨ ᠵᠤᠰᠠ ᠭᠡᠮᠡᠨ ᠬᠠᠭᠠᠨ ᠤ᠋ ᠬᠦᠷᠢᠶᠡᠨ ᠡᠴᠡ ᠭᠠᠭᠴᠠ ᠠᠢᠯ ᠴᠦ᠍ ᠭᠠᠷᠭᠠᠭᠰᠠᠨ ᠦᠭᠡᠢ ᠠᠪᠠᠢ᠃ ᠡᠢᠨ ᠬᠠᠷ᠎ᠠ ᠬᠢᠷᠪᠤᠰᠤ᠂ ᠰᠠᠭᠠᠷᠠᠯ ᠤᠲᠤᠭᠠᠨ ᠤ᠋ ᠳᠤᠮᠳᠠ ᠲᠦᠮᠡᠨ ᠴᠡᠷᠢᠭ᠂ ᠮᠢᠩᠭᠠᠭᠠᠳ ᠡᠷᠦᠬᠡ ᠠᠢᠯ ᠦᠭᠡ ᠪᠡᠨ ᠪᠠᠷᠠᠵᠤ ᠭᠦᠢᠴᠡᠵᠡᠢ᠃ ᠬᠡᠳᠦᠨ ᠮᠠᠯ ᠴᠦ᠍ ᠪᠡᠯᠴᠢᠭᠡᠷ ᠬᠥᠭᠡᠭᠡᠵᠦ᠂ ᠶᠠᠪᠠᠭᠠᠨ ᠢ᠋ᠶ᠋ᠠᠷ ᠬᠠᠷᠢᠭᠤᠯᠬᠤ ᠳ᠋ᠤ᠌ ᠪᠡᠷᠬᠡ ᠪᠣᠯᠵᠤ ᠡᠬᠢᠯᠡᠬᠦ ᠳ᠋ᠦ᠍ ᠡᠮᠡᠭᠡᠳ ᠬᠡᠦᠬᠡᠨ ᠨᠦ᠍ᠭᠦᠳ ᠦᠭᠡ ᠪᠡᠨ ᠪᠠᠷᠠᠵᠤ᠂ ᠳᠠᠷᠠᠭ᠎ᠠ ᠨᠢ ᠬᠠᠷᠠᠴᠤᠤᠯ᠂ ᠪᠦᠷ ᠴᠡᠷᠢᠭ ᠦ᠋ᠳ ᠲᠡᠪᠴᠢᠶᠡᠷᠢ ᠪᠡᠨ ᠪᠠᠷᠠᠯ᠎ᠠ᠃ ᠡᠯᠵᠢᠭᠡᠳᠡᠢ ᠨᠣᠶᠠᠨ ᠡᠯ᠎ᠡ ᠲᠦᠭᠰᠢᠭᠦᠷᠢᠲᠦ ᠬᠠᠷ᠎ᠠ ᠡᠳᠦᠷ ᠦ᠋ᠳ ᠢ᠋ ᠴᠢᠮᠡᠭᠡ ᠦᠭᠡᠢ ᠠᠵᠢᠭᠯᠠᠵᠤ ᠪᠠᠢᠪᠠ᠃ ᠴᠢᠩᠭᠢᠲᠡᠯ᠎ᠡ ᠶᠢᠰᠦᠳᠡᠬᠢ ᠡᠳᠦᠷ ᠦ᠋ᠨ ᠦᠷ ᠢ᠋ᠶ᠋ᠡᠷ ᠲᠦᠮᠡᠲᠦ ᠶ᠋ᠢᠨ ᠭᠤᠷᠪᠠᠨ ᠨᠣᠶᠠᠨ ᠲᠡᠮᠦᠵᠢᠨ ᠦᠭᠡ ᠳ᠋ᠦ᠍ ᠪᠠᠷᠠᠯᠬᠠᠵᠠᠢ᠃ ᠡᠨᠡ ᠨᠢ ᠲᠡᠭᠦᠨ ᠦ᠌ ᠤᠨᠲᠠᠵᠤ ᠠᠭᠰᠠᠨ ᠬᠠᠰᠠᠭ ᠲᠡᠷᠭᠡᠨ ᠦ᠌ ᠳᠡᠷᠭᠡᠳᠡ ᠣᠴᠢᠨ᠎ᠠ ᠭᠡᠰᠡᠨ ᠦᠭᠡ ᠶᠦᠮ᠃ ᠲᠡᠳᠡ ᠲᠠᠪᠤᠨ ᠤᠨᠠᠭᠠᠨ ᠤ᠋ ᠵᠠᠯᠠᠨ ᠳᠡᠢᠲᠠᠢ ᠣᠴᠢᠲᠠᠯ᠎ᠠ ᠲᠡᠮᠦᠵᠢᠨ ᠦᠭᠡ ᠤᠬᠤᠰᠬᠢᠨ ᠪᠣᠰᠬᠤ ᠳ᠋ᠤ᠌ ᠮᠥᠨᠥᠬᠡᠨ ᠭᠤᠷᠪᠠᠨ ᠨᠣᠶᠠᠨ ᠪᠦᠨᠲᠦᠭᠡᠰᠬᠢᠲᠡᠯᠡ ᠴᠣᠴᠢᠵᠠᠢ᠃
— ᠲᠠ ᠨᠠᠷ ᠶᠠᠭᠠᠬᠢᠬᠤ ᠨᠢ ᠪᠣᠢ?
— ᠠᠢᠯᠠᠳᠬᠠᠯ ᠪᠠᠢᠨ᠎ᠠ᠃
— ᠨᠠᠭᠠᠨ᠎ᠠ ᠠ᠋ᠴᠠ ᠪᠠᠨ ᠬᠡᠯᠡ!
— ᠨᠣᠶᠠᠨᠲᠠᠨ ᠮᠢᠨᠢ᠂ ᠡᠨᠡ ᠬᠢᠷᠪᠤᠰᠤ᠂ ᠬᠡᠩᠰᠢᠭᠦᠨ ᠳᠤᠮᠳᠠ ᠠ᠋ᠴᠠ ᠨᠡᠭᠦᠮᠡᠷ ᠪᠠᠢᠨ᠎ᠠ᠃
— ᠪᠢ ᠰᠢᠲᠠᠭᠠᠭᠠ ᠦᠭᠡᠢ᠃ ᠮᠣᠩᠭᠣᠯᠴᠤᠳ ᠰᠢᠲᠠᠭᠠᠭᠰᠠᠨ! ᠲᠡᠳᠡᠨ ᠡᠴᠡ ᠣᠴᠢᠵᠤ ᠠᠰᠠᠭᠤ!
— ᠣᠯᠠᠨ ᠬᠢᠯᠢᠩᠨᠡᠪᠡᠯ᠁
— ᠨᠠᠳᠠ ᠳ᠋ᠤ᠌ ᠪᠢᠰᠢ᠂ ᠬᠠᠮᠤᠭ ᠮᠣᠩᠭᠣᠯ ᠤ᠋ᠨ ᠬᠣᠲᠣᠯᠠ ᠨᠣᠶᠠᠨ ᠳ᠋ᠤ᠌ ᠬᠢᠯᠢᠩᠨᠡ! ᠭᠡᠳ ᠳᠡᠪᠡᠯ ᠢ᠋ᠶ᠋ᠡᠨ ᠲᠣᠯᠣᠭᠠᠢ ᠳᠡᠭᠡᠭᠦᠷ ᠢ᠋ᠶ᠋ᠡᠨ ᠨᠥᠮᠥᠷᠦᠨ ᠬᠡᠪᠲᠡᠭᠡᠳ ᠥᠭᠴᠡᠢ᠃ ᠲᠦᠮᠡᠲᠦ ᠶ᠋ᠢᠨ ᠨᠣᠶᠠᠳ ᠬᠡᠯᠡᠬᠦ ᠦᠭᠡ ᠡᠰᠡ ᠣᠯᠵᠤ ᠪᠡᠶ᠎ᠡ ᠪᠡᠶ᠎ᠡ ᠶ᠋ᠢ ᠮᠡᠯᠡᠷᠡᠨ ᠬᠠᠷᠠᠭᠰᠠᠨ ᠢ᠋ᠶ᠋ᠠᠨ ᠥᠯᠮᠡᠢ ᠳᠡᠭᠡᠷ᠎ᠡ ᠪᠡᠨ ᠭᠡᠲᠡᠨ ᠪᠤᠴᠠᠵᠤ ᠠᠪᠠᠢ᠃ ᠶᠡᠷᠦ ᠨᠢᠳᠦ ᠪᠡᠷ ᠣᠯᠵᠠᠯᠠᠬᠤ ᠡᠷ᠎ᠡ ᠪᠢᠰᠢ ᠶᠦ᠍ᠮ᠃ ᠨᠠᠰᠤ ᠪᠠᠭ᠎ᠠ ᠴᠤ᠌ ᠣᠯᠵᠠᠨ ᠳ᠋ᠤ᠌ ᠪᠠᠢᠭᠰᠠᠨ ᠭᠤᠲᠤᠮᠰᠢᠭᠲᠤ ᠡᠳᠦᠷ ᠬᠣᠨᠣᠭ ᠤ᠋ᠳ ᠲᠡᠭᠦᠨ ᠳ᠋ᠦ᠍ ᠤᠬᠠᠭᠠᠨ ᠰᠠᠭᠤᠯᠭᠠᠵᠤ᠂ ᠬᠠᠳᠠ ᠨᠡᠮᠡᠵᠡᠢ᠃ ᠵᠣᠪᠠᠯᠠᠩ ᠬᠥᠮᠦᠨ ᠢ᠋ ᠬᠥᠮᠦᠨ ᠪᠣᠯᠭᠠᠳᠠᠭ ᠪᠢᠯᠡ᠃ ᠡᠯᠵᠢᠭᠡᠳᠡᠢ ᠨᠣᠶᠠᠨ ᠶᠢᠰᠦᠨ ᠲᠠᠲ᠋ᠠᠷ ᠤ᠋ᠨ ᠲᠡᠷᠢᠭᠦᠨ ᠵᠠᠩᠵᠤᠨ ᠢ᠋ ᠰᠦᠷᠡᠬᠡᠢ ᠦᠨᠡᠯᠡᠵᠡᠢ᠃ ᠡᠨᠡ ᠬᠢᠷᠢ ᠦᠵᠢᠮᠡᠢ ᠨᠣᠶᠠᠨ ᠳ᠋ᠤ᠌ ᠢᠯᠡᠭᠡᠭᠰᠡᠨ ᠡᠯᠴᠢ ᠢᠷᠡᠵᠦ᠂
— ᠮᠢᠩᠭᠠᠲᠤ ᠴᠡᠷᠢᠭ ᠢ᠋ ᠶᠢᠰᠦᠨ ᠲᠠᠲ᠋ᠠᠷ ᠤ᠋ᠨ ᠮᠠᠲᠠᠯ ᠳ᠋ᠤ᠌ ᠣᠷᠭᠢ! ᠡᠯᠵᠢᠭᠡᠳᠡᠢ ᠨᠣᠶᠠᠨ ᠲᠠᠨ ᠢ᠋ ᠥᠪᠡᠷ ᠦ᠋ᠨ ᠪᠡᠶ᠎ᠡ ᠪᠡᠷ ᠣᠴᠢᠵᠤ ᠢᠯᠮ᠎ᠠ ᠬᠠᠲᠤᠨ ᠲᠠᠢ ᠠᠭᠤᠯᠵᠠᠬᠤ ᠶ᠋ᠢ ᠬᠠᠭᠠᠨ ᠰᠣᠶᠣᠷᠬᠠᠪᠠ ᠭᠡᠵᠡᠢ᠃ ᠡᠯ᠎ᠡ ᠥᠷᠥᠰᠢᠶᠡᠩᠭᠦᠢ ᠵᠠᠷᠯᠢᠭ ᠦᠵᠢᠮᠡᠢ ᠬᠠᠭᠠᠨ ᠤ᠋ ᠬᠣᠯᠠ ᠶ᠋ᠢᠨ ᠪᠣᠳᠣᠯ ᠲᠠᠢ ᠪᠤᠲᠠ ᠬᠠᠶᠠᠭᠰᠠᠨ ᠨᠡᠭᠦᠳᠡᠯ ᠪᠠᠢᠵᠤ ᠠᠪᠠᠢ᠃ ᠭᠡᠪᠡᠴᠦ ᠥᠨᠥ ᠬᠢᠷᠢ ᠡᠳᠦᠷ ᠦ᠋ᠨ ᠪᠣᠳᠣᠯ᠂ ᠰᠥᠨᠢ ᠶ᠋ᠢᠨ ᠵᠡᠭᠦᠳᠦᠨ ᠪᠣᠯᠤᠭᠰᠠᠨ ᠢᠯᠮ᠎ᠠ ᠬᠠᠲᠤᠨ ᠳ᠋ᠠᠭᠠᠨ ᠶᠠᠭᠠᠷᠠᠨ ᠪᠢᠯᠡ᠃ ᠬᠢᠰᠠᠯᠠᠩ ᠪᠣᠯᠬᠤ ᠳ᠋ᠤ᠌ ᠶᠠᠳᠠᠷᠠᠭᠰᠠᠨ ᠮᠣᠷᠢ ᠨᠢ ᠣᠷᠣᠭᠰᠢ ᠪᠠᠨ ᠭᠢᠰᠬᠢᠬᠦ ᠶᠠᠩᠵᠤ ᠠᠯᠠᠭ᠎ᠠ ᠠᠵᠢ᠃ᠡᠢᠨ ᠶᠠᠭᠠᠷᠠᠭᠰᠠᠨ ᠰᠡᠳᠬᠢᠯ ᠳᠣᠭᠳᠣᠯᠵᠤ᠂ ᠰᠤᠯᠠᠳᠠᠭᠰᠠᠨ ᠮᠣᠷᠢ ᠰᠠᠵᠢᠯᠠᠵᠤ ᠪᠠᠢᠲᠠᠯ᠎ᠠ ᠰᠣᠯᠣᠭᠠᠢ ᠭᠠᠷ ᠲᠠᠯ᠎ᠠ ᠠ᠋ᠴᠠ ᠵᠠᠮ ᠣᠭᠲᠣᠯᠤᠨ ᠨᠢᠭᠡᠨ ᠶᠡᠬᠡ ᠬᠠᠷ᠎ᠠ ᠪᠠᠷ᠎ᠠ ᠠᠢᠰᠤᠨ ᠢᠷᠡᠭᠰᠡᠨ ᠠᠪᠠᠢ᠃ ᠡᠯᠵᠢᠭᠡᠳᠡᠢ ᠨᠣᠶᠠᠨ ᠬᠥᠮᠦᠨ ᠦ᠌ ᠪᠠᠷ᠎ᠠ ᠬᠠᠷᠠᠭᠰᠠᠨ ᠳ᠋ᠠᠭᠠᠨ ᠣᠯᠵᠠᠭᠤᠷᠬᠠᠨ ᠮᠣᠷᠢᠨ ᠠ᠋ᠴᠠ ᠪᠠᠭᠤᠵᠤ᠂ ᠴᠤᠯᠪᠤᠭᠤᠷ ᠢ᠋ᠶ᠋ᠠᠷ ᠢᠯᠠᠭ᠎ᠠ ᠦᠷᠭᠦᠭᠡᠨ ᠬᠦᠯᠢᠶᠡᠵᠦ ᠵᠣᠭᠰᠣᠲᠠᠯ᠎ᠠ ᠶᠡᠷᠦ ᠪᠤᠰᠤ ᠶ᠋ᠢᠨ ᠳᠦᠩᠭᠢᠨᠡᠬᠦ ᠴᠢᠮᠡᠭᠡ ᠨᠠᠭᠠᠰᠢᠯᠠᠨ᠂ ᠮᠥᠨᠥᠬᠢ ᠮᠣᠷᠢᠲᠠᠢ ᠡᠪᠦᠭᠡᠨ᠂ ᠲᠡᠭᠦᠨ ᠦ᠌ ᠬᠥᠲᠥᠯᠦᠭᠰᠡᠨ ᠲᠡᠷᠭᠡᠨ ᠦ᠌ ᠠᠴᠢᠶᠠᠨ ᠳᠡᠭᠡᠭᠦᠷ ᠨᠡᠭᠦᠬᠦ ᠡᠭᠦᠯᠡ ᠮᠡᠲᠦ ᠬᠠᠷ᠎ᠠ ᠪᠠᠭᠠᠷᠴᠠᠭ ᠢᠯᠠᠭ᠎ᠠ ᠠᠢᠰᠤᠢ᠃ ᠡᠯᠵᠢᠭᠡᠳᠡᠢ ᠨᠣᠶᠠᠨ ᠤᠴᠢᠷ ᠦᠭᠡᠢ ᠭᠠᠢᠬᠠᠨ ᠬᠠᠷᠠᠪᠠᠯ᠂ ᠨᠢᠭᠤᠷ ᠨᠢ ᠴᠠᠢᠵᠤ᠂ ᠨᠢᠳᠦ ᠨᠢ ᠭᠥᠯᠢᠢᠭᠰᠡᠨ ᠱᠠᠪᠢᠯᠬᠠᠨ ᠡᠪᠦᠭᠡᠨ ᠠᠮᠢᠰᠬᠤᠭ᠎ᠠ ᠲᠠᠢ ᠲᠡᠳᠦᠢ ᠠᠭᠠᠳ᠂
— ᠰᠠᠢᠨ ᠤᠤ? ᠭᠡᠬᠦ ᠰᠣᠨᠣᠰᠳᠠᠬᠤ ᠲᠡᠳᠦᠢ ᠮᠡᠨᠳᠦ ᠰᠣᠯᠢᠪᠠ᠃ ᠳᠠᠭᠤ ᠨᠢ ᠴᠠᠭᠠᠰᠢ ᠪᠠᠨ ᠣᠷᠣᠵᠤ᠂ ᠰᠦᠷ ᠰᠦᠯᠳᠡ ᠨᠢ ᠬᠡᠢᠰᠦᠨ ᠣᠳᠤᠭᠰᠠᠨ ᠬᠥᠮᠦᠨ ᠰᠠᠨᠵᠠᠢ᠃
~~ ᠦᠷᠭᠦᠯᠵᠢᠯᠡᠯ ᠪᠣᠢ ~~
