ᠠᠵᠢᠨᠠᠢ ᠬᠦᠯᠦᠭ - ᠵᠣᠬᠢᠶᠠᠭᠴᠢ᠄ ᠬᠠᠰᠠᠠᠭᠤᠯᠠ Ажнай хүлэг - зохиогч᠄ Хасуул
ᠠᠵᠢᠨᠠᠢ ᠬᠦᠯᠦᠭ
ᠵᠣᠬᠢᠶᠠᠭᠴᠢ᠄ ᠬᠠᠰᠠᠠᠭᠤᠯᠠ
ᠡᠷᠲᠡᠨ ᠦ᠌ ᠪᠤᠭᠤᠷᠤᠯ ᠲᠡᠦᠬᠡ ᠶ᠋ᠢ
ᠠᠴᠢᠶᠠᠯᠠᠨ ᠳᠠᠪᠬᠢᠭᠰᠠᠨ ᠠᠷᠭᠤᠮᠠᠭ ᠬᠦᠯᠦᠭ
ᠡᠩ ᠳᠡᠯᠡᠬᠡᠢ ᠶ᠋ᠢᠨ ᠬᠠᠭᠤᠳᠠᠰᠤᠨ ᠳ᠋ᠤ᠌
ᠠᠯᠳᠠᠷ ᠢ᠋ᠶ᠋ᠠᠨ ᠡᠷᠭᠦᠭᠰᠡᠨ ᠣᠮᠣᠭᠯᠠᠩ ᠬᠦᠯᠦᠭ
ᠨᠠᠷᠠᠯᠠᠭ ᠰᠠᠢᠬᠠᠨ ᠬᠣᠷᠸ᠎ᠠ ᠶ᠋ᠢ
ᠨᠠᠷᠠᠨ ᠰᠠᠷᠠᠨ ᠪᠦᠭᠦᠷᠭᠡᠨ ᠳ᠋ᠦ᠍ ᠪᠡᠨ ᠪᠠᠭᠲᠠᠭᠠᠭᠰᠠᠨ
ᠨᠠᠢ᠍ᠮᠠᠨ ᠵᠠᠭᠤᠨ ᠤ᠋ ᠲᠤᠤᠯᠢᠰ ᠢ᠋
ᠨᠠᠮᠢᠷᠠᠭᠰᠠᠨ ᠳᠡᠯ ᠳ᠋ᠦ᠍ ᠪᠡᠨ ᠬᠤᠷᠤᠢᠯᠠᠭᠰᠠᠨ
ᠡᠵᠡᠨ ᠨᠤᠲᠤᠭ ᠬᠣᠶᠠᠷ ᠢ᠋ᠶ᠋ᠠᠨ
ᠡᠭᠡᠨᠡᠭᠰᠢᠵᠦ ᠬᠠᠮᠠᠭᠠᠯᠠᠭᠰᠠᠨ ᠭᠠᠪᠢᠶᠠᠲᠠᠨ
ᠡᠲᠡᠭᠡᠳ ᠠᠯᠤᠰ ᠲᠢᠪ ᠢ᠋
ᠡᠪᠬᠡᠵᠦ ᠳᠣᠪᠲᠣᠯᠤᠭᠰᠠᠨ ᠵᠢᠳᠬᠦᠯᠲᠡᠨ
ᠵᠢᠯᠣᠭᠣ ᠰᠤᠩᠭᠠᠬᠤ ᠳ᠋ᠤ᠌ ᠲᠠᠷ ᠢ᠋ᠶ᠋ᠠᠨ ᠠᠯᠳᠠᠷᠰᠢᠭᠤᠯᠤᠭᠰᠠᠨ
ᠴᠠᠬᠢᠯᠵᠤ ᠭᠢᠯᠠᠯᠵᠠᠭᠰᠠᠨ ᠲᠩᠷᠢ ᠶ᠋ᠢᠨ ᠴᠠᠬᠢᠯᠭᠠᠨ
ᠳᠥᠷᠥᠭᠡ ᠵᠢᠭᠢᠯᠭᠡᠬᠦ ᠳ᠋ᠦ᠍ ᠬᠤᠷᠳᠤ ᠪᠠᠨ ᠭᠠᠢᠬᠠᠭᠤᠯᠤᠭᠰᠠᠨ
ᠴᠡᠩᠬᠡᠷ ᠲᠠᠮᠠᠭ᠎ᠠ ᠲᠠᠢ ᠭᠠᠵᠠᠷ ᠤ᠋ᠨ ᠰᠢᠭᠤᠷᠭ᠎ᠠ
ᠤᠨᠤᠭᠰᠠᠨ ᠡᠵᠡᠨ ᠦ᠌ ᠪᠡᠨ ᠵᠢᠭᠦᠷ ᠪᠣᠯᠤᠭᠰᠠᠨ
ᠨᠠᠷᠠᠨ ᠤ᠋ ᠦᠨᠦᠷ ᠲᠡᠢ ᠦᠰᠦ ᠲᠡᠢ ᠵᠡᠪᠡ
ᠠᠶᠤᠯ ᠲᠤᠯᠭᠠᠷᠠᠭᠰᠠᠨ ᠲᠦᠭᠰᠢᠭᠦᠷᠢᠲᠦ ᠮᠥᠴᠡ ᠳ᠋ᠦ᠍
ᠨᠢᠩᠵᠢᠨ ᠰᠡᠳᠬᠢᠯ ᠲᠡᠢ ᠳᠡᠯ ᠲᠡᠢ ᠰᠤᠮᠤ
ᠬᠠᠷᠢ ᠶ᠋ᠢᠨ ᠳᠠᠢᠰᠤᠨ ᠢ᠋ ᠳᠠᠭᠠᠷᠢᠨ ᠣᠷᠣᠬᠤ ᠳ᠋ᠤ᠌
ᠴᠤᠴᠠᠯᠲᠠ ᠦᠭᠡᠢ ᠰᠦᠷ ᠵᠢᠪᠬᠤᠯᠠᠩᠲᠤ
ᠬᠠᠮᠲᠤ ᠴᠣᠭᠴᠠ ᠶ᠋ᠢᠨ ᠳᠠᠢᠴᠢᠨ ᠬᠦᠴᠦᠨ ᠳ᠋ᠦ᠍
ᠴᠣᠪᠬᠣᠴᠢᠨ ᠳᠠᠪᠬᠢᠬᠤ ᠰᠦᠯᠳᠡ ᠣᠮᠣᠭᠲᠤ
ᠳᠤᠭᠵᠢᠷᠠᠬᠤ ᠨᠣᠢᠷ ᠠ᠋ᠴᠠ ᠳᠠᠭᠤᠳᠠᠨ ᠰᠡᠷᠡᠭᠡᠬᠦ
ᠠᠵᠢᠨᠠᠢ ᠬᠦᠯᠦᠭ ᠦ᠋ᠨ ᠳᠣᠭᠰᠢᠨ ᠴᠤᠤᠷᠢᠶ᠎ᠠ
ᠲᠡᠷᠭᠡᠯ ᠬᠦᠰᠡᠯ ᠦ᠋ᠨ ᠵᠡᠭᠦᠳᠦ ᠶ᠋ᠢ ᠠᠴᠢᠬᠤ
ᠠᠯᠤᠰ ᠢᠷᠡᠭᠡᠳᠦᠢ ᠶ᠋ᠢᠨ ᠰᠡᠳᠬᠢᠯ ᠦ᠋ᠨ ᠲᠠᠮᠢᠷ
ᠤᠯᠠᠷᠢᠬᠤ ᠣᠨ ᠤ᠋ ᠤᠷᠤᠰᠬᠠᠯ ᠢ᠋ ᠰᠥᠷᠴᠦ
ᠤᠷᠤᠭᠰᠢ ᠲᠡᠮᠡᠦᠯᠦᠭᠰᠡᠨ ᠵᠢᠳᠬᠦᠯ ᠦ᠋ᠨ ᠵᠠᠪᠢ
ᠮᠥᠬᠥᠵᠦ ᠰᠥᠨᠥᠰᠢ ᠦᠭᠡᠢ ᠰᠦᠨᠡᠰᠦ ᠶ᠋ᠢ ᠳᠠᠯᠠᠯᠤᠭᠰᠠᠨ
ᠮᠥᠩᠬᠡ ᠬᠡᠢᠮᠣᠷᠢ ᠶ᠋ᠢᠨ ᠡᠩᠬᠡ ᠶ᠋ᠢᠨ ᠬᠤᠷᠤᠢ
ᠠᠵᠠ ᠵᠢᠷᠭᠠᠯ ᠢ᠋ᠶ᠋ᠠᠨ ᠳᠠᠭᠤᠯᠠᠭᠰᠠᠨ ᠠᠶᠠᠰ ᠪᠣᠯᠭᠠᠨ ᠳ᠋ᠤ᠌
ᠠᠷᠭᠤᠮᠠᠭ ᠬᠦᠯᠦᠭ ᠦ᠋ᠨ ᠦᠨᠦᠷ ᠪᠣᠯᠤᠨ ᠠᠮᠲᠠ ᠪᠣᠢ
ᠡᠷᠬᠢᠮ ᠰᠣᠶᠣᠯ ᠢ᠋ᠶ᠋ᠠᠨ ᠠᠴᠢᠶᠠᠯᠠᠨ ᠳᠠᠪᠬᠢᠭᠰᠠᠨ ᠵᠠᠮᠨᠠᠯ ᠪᠦᠬᠦᠨ ᠳ᠋ᠦ᠍
ᠡᠷᠳᠡᠨᠢᠲᠦ ᠬᠦᠯᠦᠭ ᠦ᠋ᠨ ᠬᠦᠴᠦ ᠪᠣᠯᠤᠨ ᠬᠥᠯᠥᠰᠥ ᠪᠣᠢ
ᠲᠦᠮᠡᠨ ᠠᠭᠲᠠ ᠶ᠋ᠢᠨ ᠲᠠᠴᠢᠭᠢᠨᠠᠭᠰᠠᠨ ᠲᠦᠪᠡᠷᠭᠡᠨ
ᠲᠩᠷᠢ ᠶ᠋ᠢ ᠪᠡᠶᠡᠰᠲᠡᠯᠡ ᠬᠠᠩᠭᠢᠨᠠᠭᠰᠠᠨ ᠡᠭᠡᠰᠢᠭ
ᠭᠠᠢᠬᠠᠮᠰᠢᠭᠲᠤ ᠬᠦᠯᠦᠭ ᠦ᠋ᠨ ᠲᠣᠷᠭᠠᠨ ᠭᠦᠶᠦᠳᠡᠯ
ᠭᠠᠵᠠᠷ ᠢ᠋ ᠤᠶᠠᠰᠲᠠᠯᠠ ᠴᠢᠪᠬᠠᠳᠠᠭᠰᠠᠨ ᠤᠶᠠᠩᠭ᠎ᠠ
ᠰᠢᠯᠢᠳᠡᠭ ᠤᠯᠠᠮᠵᠢᠯᠠᠯᠲᠤ ᠠᠵᠢᠨᠠᠢ ᠬᠦᠯᠦᠭ ᠦ᠋ᠨ
ᠰᠢᠨᠳᠠᠰᠤ ᠬᠠᠲᠠᠭᠤ ᠵᠣᠷᠢᠭ ᠰᠠᠨᠠᠭ᠎ᠠ ᠪᠠᠷ
ᠰᠢᠨ᠎ᠡ ᠡᠷᠢᠨ ᠦ᠌ ᠠᠶᠠᠨ ᠤ᠋ ᠳᠥᠷᠦᠭᠡᠨ ᠳ᠋ᠦ᠍
ᠰᠢᠨᠲᠠᠷᠠᠰᠢ ᠦᠭᠡᠢ ᠲᠡᠮᠡᠴᠡᠨ ᠤᠷᠤᠭᠰᠢᠯᠠᠶ᠎ᠠ
ᠢᠷᠡᠬᠦ ᠮᠠᠷᠭᠠᠰᠢ ᠶ᠋ᠢᠨ ᠡᠷᠢᠯ ᠬᠦᠰᠡᠯ ᠢ᠋
ᠢᠲᠡᠭᠡᠯ ᠳᠦᠭᠦᠷᠡᠩ ᠡᠪᠦᠷᠯᠡᠵᠦ
ᠬᠥᠬᠡ ᠲᠩᠷᠢ ᠶ᠋ᠢᠨ ᠨᠠᠷᠠᠨ ᠵᠦᠭ
ᠬᠦᠯᠦᠭ ᠦ᠋ᠨ ᠦᠦᠷᠰᠡᠭᠡ ᠲᠡᠢ ᠨᠢᠰᠦᠨ ᠳᠡᠭᠦᠯᠢᠶ᠎ᠡ!
ᠦᠰᠦᠭ ᠬᠠᠲᠠᠭᠴᠢ᠄ ᠰᠤᠪᠤᠳ
ᠦᠰᠦᠭ ᠠᠮᠢᠯᠠᠭᠤᠯᠤᠭᠴᠢ᠄ ᠪᠣᠷᠵᠢᠭᠢᠨ ᠰᠡᠴᠡᠨᠬᠦᠦ
ᠬᠢᠨᠠᠭᠴᠢ᠄ ᠪᠤᠤ· ᠰᠠᠷᠠᠨ᠎ᠠ
