ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠬᠣᠶᠠᠷ> Хүлэг баатар буурч - Б. Өлзийсүрэн <Тэргүүн бүлэг-2> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠬᠣᠶᠠᠷ> Хүлэг баатар буурч - Б. Өлзийсүрэн <Тэргүүн бүлэг-2>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠬᠣᠶᠠᠷ> Хүлэг баатар буурч - Б. Өлзийсүрэн <Тэргүүн бүлэг-2>

ᠠᠩᠭᠢᠯᠠᠯ:ᠲᠤᠭᠤᠵᠢ ᠷᠣᠮᠠᠨ
2026-02-22

85

ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ

ᠬᠣᠶᠠᠷ


               ᠬᠣᠶᠠᠷ
                  ᠬᠣᠯᠠ ᠶ᠋ᠢᠨ ᠬᠣᠶᠠᠷ ᠣᠳᠣ 
                  ᠲᠣᠬᠢᠬᠤ ᠤᠴᠢᠷ ᠪᠣᠢ 
                  ᠬᠠᠢᠷ᠎ᠠ ᠶ᠋ᠢᠨ ᠬᠣᠶᠠᠷ ᠰᠡᠳᠬᠢᠯ 
                  ᠢᠵᠢᠯ ᠢ᠋ᠶ᠋ᠡᠨ ᠣᠯᠬᠤ ᠶᠣᠰᠣᠨ ᠪᠣᠢ 

       ᠵᠤᠨ ᠤ᠋ ᠡᠬᠢᠨ ᠰᠠᠷ᠎ᠠ ᠶ᠋ᠢᠨ ᠠᠷᠪᠠᠳ ᠭᠠᠷᠴᠤ ᠪᠠᠷᠤᠭ ᠳᠤᠮᠳᠠ ᠪᠠᠨ ᠣᠷᠣᠵᠠᠢ᠃ 
       ᠪᠣᠭᠣᠷᠴᠤ ᠥᠷᠯᠥᠭᠡᠭᠦᠷ ᠠᠳᠤᠭᠤ ᠪᠠᠨ ᠤᠰᠤᠯᠠᠭᠠᠳ ᠤᠨᠠᠭ᠎ᠠ᠂ ᠮᠣᠷᠢᠳ ᠢ᠋ᠶ᠋ᠠᠨ ᠪᠠᠷᠢᠵᠤ ᠤᠶᠠᠬᠤ ᠪᠠᠷ ᠴᠢᠯᠠᠭᠤᠨ ᠬᠠᠰᠢᠯᠭ᠎ᠠ ᠲᠠᠢ ᠪᠢᠴᠢᠬᠠᠨ ᠬᠤᠳᠳᠤᠭ ᠳᠡᠭᠡᠷ᠎ᠡ ᠬᠥᠭᠡᠭᠡᠵᠦ ᠠᠪᠴᠢᠷᠠᠭᠠᠳ ᠠᠳᠬᠤ ᠳᠦᠭᠦᠷᠡᠩ ᠮᠣᠳᠣᠨ ᠡᠰᠢ ᠲᠡᠢ ᠬᠣᠪᠣᠭᠣ ᠪᠠᠷ ᠤᠰᠤ ᠲᠡᠳᠡᠨ ᠮᠣᠳᠣᠨ ᠣᠩᠭᠣᠴᠠ ᠤᠷᠤᠭᠤ ᠴᠠᠯᠭᠢᠭᠤᠯᠤᠨ ᠠᠰᠬᠠᠷᠠᠭᠤᠯᠤᠨ ᠬᠢᠵᠦ᠂ ᠠᠳᠤᠭᠤ ᠰᠢᠬᠠᠯᠴᠠᠯᠳᠤᠨ ᠤᠰᠤ ᠵᠠᠯᠭᠢᠯᠠᠨ ᠨᠢᠭᠡ ᠬᠡᠰᠡᠭ ᠨᠢ ᠭᠠᠷᠴᠤ ᠪᠠᠢᠪᠠ᠃ ᠬᠤᠳᠳᠤᠭ ᠤᠰᠤ ᠡᠯᠪᠡᠭ ᠲᠡᠢ᠂ ᠲᠤᠩᠭᠠᠯᠠᠭ ᠬᠦᠢᠲᠡᠨ ᠠᠵᠤᠭᠤ᠃ ᠭᠡᠲᠡᠯ᠎ᠡ ᠬᠡᠰᠡᠭ ᠠᠳᠤᠭᠤ ᠬᠥᠭᠡᠭᠡᠭᠰᠡᠨ ᠬᠥᠮᠦᠨ ᠢᠷᠡᠪᠡ᠃ ᠬᠠᠷᠠᠪᠠᠯ ᠪᠦᠰᠡᠭᠦᠢ ᠬᠥᠮᠦᠨ ᠠᠵᠢ᠃ ᠪᠠᠰᠠ ᠤᠷᠭ᠎ᠠ ᠪᠠᠷᠢᠵᠤ ᠰᠤᠨᠤᠯᠵᠠᠭᠤᠯᠤᠭᠰᠠᠨ ᠨᠢ ᠰᠣᠨᠢᠨ᠃ ᠠᠳᠤᠭᠤᠨ ᠰᠦᠷᠦᠭ ᠬᠣᠰᠢᠭᠤᠷᠠᠨ ᠣᠩᠭᠣᠴᠠ ᠤᠷᠤᠭᠤ ᠣᠷᠣᠬᠤ ᠳ᠋ᠤ᠌ ᠪᠦᠬᠦᠨ ᠦ᠌ ᠮᠠᠩᠯᠠᠢ ᠠᠵᠢᠷᠭ᠎ᠠ ᠨᠢ ᠬᠠᠵᠠᠭᠤ ᠬᠠᠪᠢᠷᠭ᠎ᠠ ᠤᠷᠤᠭᠤ ᠪᠠᠨ ᠬᠤᠯᠮᠠᠯᠵᠠᠨ ᠠᠶᠤᠯᠭᠠᠵᠤ ᠬᠠᠮᠤᠭ ᠤ᠋ᠨ ᠲᠦᠷᠦᠭᠦᠦ ᠬᠣᠰᠢᠭᠤ ᠪᠠᠨ ᠤᠰᠤᠨ ᠳ᠋ᠤ᠌ ᠰᠢᠷᠭᠤᠭᠤᠯᠤᠨ᠎ᠠ᠃ ᠶᠠᠭ ᠠᠵᠢᠷᠭᠠᠨ ᠤ᠋ ᠬᠤᠰᠢᠭᠤᠨ ᠲᠤᠰ ᠭᠠᠵᠠᠷ ᠵᠢᠵᠢᠭᠬᠡᠨ ᠰᠠᠷᠠᠯ ᠪᠠᠢᠳᠠᠰᠤ ᠬᠣᠰᠢᠭᠤ ᠰᠢᠷᠭᠤᠭᠤᠯᠤᠨ ᠤᠰᠤ ᠵᠠᠯᠭᠢᠯᠠᠵᠤ ᠪᠠᠢᠭᠰᠠᠨ ᠢ᠋ᠶ᠋ᠠᠨ ᠲᠣᠯᠣᠭᠠᠢ ᠡᠷᠭᠦᠵᠦ ᠤᠰᠤ ᠳᠤᠰᠤᠯᠠᠭᠤᠯᠤᠨ ᠡᠷᠭᠢᠵᠦ ᠬᠡᠳᠦ ᠪᠠᠯᠭᠤᠭᠠᠳ ᠴᠣᠣᠷᠠᠢᠲᠠᠯ᠎ᠠ ᠪᠠᠨ ᠴᠠᠳᠤᠭᠰᠠᠨ ᠪᠣᠯᠤᠯᠲᠠᠢ ᠲᠠᠮᠰᠢᠯᠵᠠᠨ ᠤᠬᠤᠷᠢᠬᠤ ᠳ᠋ᠤ᠌ ᠠᠵᠢᠷᠭ᠎ᠠ ᠲᠣᠯᠣᠭᠠᠢ ᠡᠷᠭᠦᠨ ᠰᠣᠷᠲᠠᠢᠵᠦ ᠪᠠᠢᠳᠠᠰᠤ ᠶ᠋ᠢ ᠰᠦᠷᠡᠬᠡᠢ ᠠᠵᠢᠭᠰᠠᠨ ᠢ᠋ᠶ᠋ᠠᠨ ᠬᠠᠮᠠᠷ ᠢ᠋ᠶ᠋ᠠᠷ ᠢ᠋ᠶ᠋ᠠᠨ ᠵᠥᠭᠡᠯᠡᠬᠡᠨ ᠦᠦᠷᠰᠡᠵᠦ ᠲᠡᠭᠦᠨ ᠢ᠋ ᠦᠨᠦᠷᠯᠡᠪᠡ᠃ ᠪᠠᠢᠳᠠᠰᠤ ᠤᠬᠤᠷᠢᠨ ᠤᠬᠤᠷᠢᠭᠰᠠᠭᠠᠷ ᠣᠩᠭᠣᠴᠠᠨ ᠠ᠋ᠴᠠ ᠵᠠᠢᠯᠠᠵᠤ ᠰᠢᠭᠡᠯ᠎ᠡ᠃ ᠬᠤᠯᠠᠨ ᠬᠣᠩᠭᠣᠷ ᠠᠵᠢᠷᠭ᠎ᠠ ᠠᠮᠠ ᠬᠠᠮᠠᠷ ᠢ᠋ᠶ᠋ᠠᠨ ᠰᠠᠷᠲᠠᠯᠵᠠᠭᠤᠯᠤᠨ ᠦᠦᠷᠰᠡᠵᠦ᠂ ᠬᠤᠶᠠᠯᠢ ᠲᠠᠴᠢᠶᠠᠯ ᠨᠢ ᠬᠥᠳᠡᠯᠦᠭᠰᠡᠨ ᠪᠣᠯᠤᠯᠲᠠᠢ ᠠᠷᠤᠭᠰᠢ ᠤᠬᠤᠷᠢᠨ ᠠᠳᠤᠭᠤᠨ ᠤ᠋ ᠠᠷᠤ ᠪᠠᠷ ᠲᠣᠭᠣᠷᠢᠵᠤ ᠰᠡᠬᠡᠭ ᠰᠡᠬᠡᠭ ᠬᠢᠲᠡᠯ᠎ᠡ ᠰᠡᠪᠡᠯᠵᠡᠨ ᠳᠡᠭᠦᠯᠢᠬᠦ ᠶᠠᠩᠵᠤᠲᠠᠢ ᠪᠠᠢᠳᠠᠰᠤ ᠤᠷᠤᠭᠤ ᠰᠡᠭᠡᠷ ᠬᠦᠵᠦᠭᠦᠦ ᠪᠡᠨ ᠥᠨᠳᠥᠷ ᠡᠷᠭᠦᠵᠦ ᠣᠴᠢᠭᠠᠳ ᠠᠷᠤ ᠠ᠋ᠴᠠ ᠨᠢ ᠦᠨᠦᠷᠯᠡᠯ᠎ᠡ᠃ 
       ᠡᠨᠡ ᠵᠠᠪᠰᠠᠷ ᠮᠣᠷᠢ ᠪᠠᠨ ᠲᠤᠱᠠᠭᠠᠳ ᠢᠷᠡᠭᠰᠡᠨ ᠪᠦᠰᠡᠭᠦᠢ ᠬᠠᠨᠴᠤᠢ ᠪᠠᠨ ᠰᠢᠮᠡᠯᠡᠵᠦ ᠪᠣᠭᠣᠷᠴᠢ ᠳᠦᠭᠦᠷᠳᠦᠭᠦᠭᠡᠨ ᠤᠳᠬᠤᠵᠤ ᠰᠠᠯᠠᠩᠳᠦᠭᠤᠬᠠᠨ ᠤᠰᠤᠨ ᠤ᠋ ᠣᠩᠭᠣᠴᠠ ᠤᠷᠤᠭᠤ ᠬᠢᠵᠦ ᠪᠠᠢᠭ᠎ᠠ ᠬᠣᠪᠣᠭᠣ ᠶ᠋ᠢ ᠦᠭᠡ ᠬᠡᠯᠡ ᠦᠭᠡᠢ ᠰᠢᠭᠦᠷᠡᠨ ᠠᠪᠴᠤ ᠬᠤᠳᠳᠤᠭ ᠤᠷᠤᠭᠤ ᠫᠥᠯ ᠬᠢᠲᠡᠯ᠎ᠡ ᠬᠢᠭᠡᠳ ᠭᠠᠭᠴᠠᠬᠠᠨ ᠠᠯᠳᠠᠯᠠᠵᠤ ᠲᠡᠳᠡᠨ ᠭᠠᠷᠭᠠᠵᠤ ᠣᠩᠭᠣᠴᠠ ᠤᠷᠤᠭᠤ ᠴᠦᠯ ᠬᠢᠲᠡᠯ᠎ᠡ ᠶᠡᠭᠦᠯᠡᠬᠦ  ᠳ᠋ᠦ᠍ᠨᠢ ᠪᠣᠭᠣᠷᠴᠢ ᠭᠠᠢᠬᠠᠨ ᠬᠠᠷᠠᠵᠤ ᠥᠪᠡᠷ ᠢ᠋ᠶ᠋ᠡᠨ ᠶᠠᠭᠠᠬᠢᠵᠤ ᠪᠣᠢᠲᠣᠭᠯᠠᠵᠤ ᠪᠠᠢᠭᠰᠠᠨ ᠢ᠋ᠶ᠋ᠠᠨ ᠪᠣᠳᠣᠬᠤ ᠳ᠋ᠤ᠌ ᠢᠴᠢᠮᠡᠷ ᠴᠦ᠍ ᠰᠢᠭ᠂ ᠪᠡᠶ᠎ᠡ ᠵᠠᠷᠠᠯᠵᠠᠭᠠᠳ ᠶᠠᠪᠤᠴᠢᠬᠠᠯ᠎ᠠ᠃ ᠪᠦᠰᠡᠭᠦᠢ ᠠᠵᠢᠭ ᠴᠦ᠍ ᠦᠭᠡᠢ ᠤᠰᠤ ᠲᠡᠳᠡᠨ ᠴᠦᠯ ᠴᠦᠯ ᠬᠢᠯᠭᠡᠬᠦ ᠵᠠᠭᠤᠷ᠎ᠠ ᠲᠡᠨᠳᠡ ᠪᠠᠢᠳᠠᠰᠤ ᠣᠷᠣᠯᠳᠣᠭᠰᠠᠨ ᠠᠵᠢᠷᠭ᠎ᠠ ᠬᠦᠵᠦᠭᠦᠦ ᠪᠡᠨ ᠰᠤᠩᠭᠠᠵᠤ ᠡᠭᠡᠷᠡᠨ ᠬᠥᠰᠢᠵᠦ ᠤᠷᠳᠤᠭᠤᠷ ᠨᠢ ᠨᠢᠭᠡ ᠣᠷᠣᠵᠤ ᠲᠣᠭᠣᠷᠢᠭᠠᠳ ᠬᠠᠤᠭᠢᠴᠢᠨ ᠦᠦᠷᠰᠡᠵᠦ ᠠᠷᠤ ᠠ᠋ᠴᠠ ᠨᠢ ᠦᠰᠦᠷᠦᠨ ᠮᠣᠷᠳᠠᠬᠤ ᠭᠡᠲᠡᠯ᠎ᠡ ᠪᠠᠢᠳᠠᠰᠤᠨ ᠭᠡᠭᠦᠦ ᠰᠦᠷᠡᠬᠡᠢ ᠠᠭᠤᠷᠰᠠᠵᠤ᠂ ᠬᠠᠵᠠᠬᠠᠯᠠᠬᠤ ᠶᠠᠩᠵᠤᠲᠠᠢ ᠲᠠᠩᠭᠠᠷᠬᠤ ᠶ᠋ᠢ ᠡᠰᠡ ᠲᠣᠭᠣᠨ ᠨᠥᠭᠥᠭᠡᠬᠢ ᠬᠦᠴᠦᠷᠬᠡᠭ ᠠᠮᠢᠲᠠᠨ ᠰᠡᠭᠦᠯ ᠦ᠋ᠨ ᠬᠢᠨᠢ ᠤᠭ ᠠ᠋ᠴᠠ ᠬᠠᠵᠠᠨ ᠨᠢᠭᠡ ᠴᠢᠷᠠᠯᠠᠭᠤᠯᠤᠭᠠᠳ ᠦᠰᠦᠷᠬᠢᠭᠡᠳ ᠮᠣᠷᠳᠠᠴᠢᠬᠠᠪᠠ᠃ ᠠᠰᠤᠷᠤ ᠬᠦᠨᠳᠦ ᠪᠠᠶᠠᠨ ᠳ᠋ᠤ᠌ ᠪᠥᠭᠰᠡᠨ ᠪᠡᠶ᠎ᠡ ᠪᠡᠨ ᠡᠵᠡᠯᠡᠭᠦᠯᠦᠭᠰᠡᠨ ᠪᠠᠢᠳᠠᠰᠤ ᠶᠠᠭᠠᠬᠢᠬᠤ ᠴᠦ᠍ ᠠᠷᠭ᠎ᠠ ᠦᠭᠡᠢ ᠲᠡᠭᠦᠨ ᠦ᠌ ᠡᠷᠬᠡᠨ ᠳ᠋ᠦ᠍ ᠣᠷᠣᠵᠤ ᠬᠥᠳᠡᠯᠬᠦ ᠴᠢᠳᠠᠯ ᠮᠤᠬᠤᠷᠳᠠᠪᠠ ᠭᠡᠯᠲᠡᠢ᠃  
       ᠠᠵᠢᠷᠭᠠᠨ ᠤ᠋ ᠴᠠᠪᠢᠨ ᠠ᠋ᠴᠠ ᠠᠰᠤᠷᠤ ᠤᠷᠲᠤ ᠶᠠᠭᠤᠮ᠎ᠠ ᠰᠣᠨᠣᠵᠣ ᠨᠥᠭᠦᠭᠡ ᠡᠵᠡᠯᠡᠭᠳᠡᠭᠰᠡᠨ ᠠᠮᠢᠲᠠᠨ ᠤ᠋ ᠪᠥᠭᠰᠡᠨ ᠤᠷᠤᠭᠤ ᠬᠠᠳᠬᠤᠴᠢᠬᠠᠬᠤ ᠨᠢ ᠵᠠᠢ ᠵᠠᠪᠰᠠᠷ ᠦᠭᠡᠢ᠃ ᠰᠡᠭᠦᠯ ᠦ᠋ᠨ ᠤᠭ ᠳᠣᠣᠷᠠᠬᠢ ᠬᠣᠶᠠᠷ ᠬᠠᠰᠠ ᠮᠢᠬᠠᠨ ᠤ᠋ ᠵᠠᠪᠰᠠᠷ ᠬᠠᠪᠴᠢᠭᠤᠯᠤᠭᠳᠠᠵᠤ ᠨᠢᠭᠤᠭᠳᠠᠨ ᠰᠢᠭᠢᠳᠦᠭᠰᠡᠨ ᠱᠥᠪᠥᠭᠡᠷ ᠬᠣᠰᠢᠭᠤ ᠲᠠᠢ ᠨᠠᠷᠢᠬᠠᠨ ᠵᠤᠷᠪᠤᠰ ᠲᠡᠳᠦᠢ ᠶᠠᠭᠤᠮᠠᠨ ᠳ᠋ᠤ᠌ ᠤᠨᠤᠵᠤ ᠣᠷᠣᠬᠤ ᠭᠡᠳᠡᠭ ᠴᠦ᠍ ᠡᠳᠦᠢ ᠳᠡ ᠭᠡᠮᠡᠷ ᠠᠵᠢᠷᠭ᠎ᠠ ᠴᠥᠬᠥᠷᠡᠰᠢ ᠦᠭᠡᠢ ᠬᠠᠳᠬᠤᠵᠤ ᠵᠠᠢᠮᠠᠴᠢᠭᠤᠯᠤᠨ ᠲᠦᠯᠬᠢᠬᠦ ᠳ᠋ᠦ᠍ ᠲᠡᠨᠳᠡ ᠴᠥᠮᠥᠷᠡᠭᠡᠳ ᠦᠵᠦᠭᠦᠷ ᠨᠢ ᠶᠠᠭᠠᠬᠢᠬᠤ ᠠᠷᠭ᠎ᠠ ᠦᠭᠡᠢ ᠰᠢᠷᠭᠤᠮᠠᠭᠴᠠ ᠨᠥᠭᠥᠭᠡᠬᠢ ᠳᠡᠭᠡᠷᠡᠬᠢ ᠠᠮᠢᠲᠠᠨ ᠤ᠋ ᠰᠢᠨᠤᠯ ᠤᠯᠠᠮ ᠬᠥᠳᠡᠯᠵᠦ ᠬᠣᠢᠲᠤ ᠬᠣᠶᠠᠷ ᠬᠥᠯ ᠢ᠋ᠶ᠋ᠡᠨ ᠣᠷᠣᠭᠰᠢ ᠵᠥᠭᠡᠭᠡᠨ ᠴᠡᠭᠡᠵᠢᠨ ᠪᠡᠶ᠎ᠡ ᠪᠡᠨ ᠥᠨᠳᠡᠰᠬᠢᠯᠭᠡᠨ ᠤᠷᠢᠳᠤ ᠬᠣᠶᠠᠷ ᠬᠥᠯ ᠢ᠋ᠶ᠋ᠡᠨ ᠤᠷᠤᠭᠰᠢᠯᠠᠭᠤᠯᠤᠨ ᠲᠠᠯᠤᠨ ᠤ᠋ ᠬᠢᠨᠢ ᠠᠷᠤ ᠪᠠᠷ ᠬᠠᠪᠴᠢᠨ ᠲᠦᠯᠬᠢᠬᠦ ᠪᠦᠷᠢ ᠪᠠᠢᠳᠠᠰᠤᠨ ᠭᠡᠭᠦᠦ ᠰᠥᠬᠥᠷᠡᠵᠦ ᠣᠢᠴᠢᠬᠤ ᠦᠭᠡᠢ ᠶ᠋ᠢᠨ ᠡᠷᠬᠡᠨ ᠳ᠋ᠦ᠍ ᠤᠷᠢᠳᠤ ᠬᠣᠶᠠᠷ ᠬᠥᠯ ᠢ᠋ᠶ᠋ᠡᠨ ᠣᠷᠣᠭᠰᠢ ᠵᠢᠭᠢᠨ ᠬᠣᠢᠲᠤ ᠬᠣᠶᠠᠷ ᠬᠥᠯ ᠦ᠋ᠨ ᠲᠤᠭᠤᠷᠠᠢ ᠪᠠᠨ ᠭᠠᠵᠠᠷ ᠲᠤ᠌ ᠰᠢᠭᠢᠳᠬᠡᠨ ᠥᠰᠥᠭᠡᠢ ᠪᠡᠨ ᠥᠨᠳᠡᠢᠯᠭᠡᠵᠦ ᠠᠯᠴᠠᠢᠬᠤ ᠮᠠᠶᠢᠭ ᠲᠠᠢ ᠲᠡᠰᠴᠦ ᠵᠣᠭᠰᠣᠨ᠎ᠠ᠃ ᠠᠵᠢᠷᠭ᠎ᠠ ᠤᠯᠠᠮ ᠤᠯᠠᠮ ᠰᠢᠨᠤᠯᠰᠠᠵᠤ ᠤᠷᠤᠭᠰᠢ ᠲᠦᠯᠬᠢᠬᠦ ᠳ᠋ᠦ᠍ ᠭᠡᠭᠦᠦ ᠰᠦᠯᠦᠯᠵᠠᠨ ᠭᠡᠳᠡᠢᠵᠦ ᠬᠣᠰᠢᠭᠤ ᠪᠠᠨ ᠴᠣᠷᠪᠣᠢᠨ ᠠᠷᠤ ᠳᠠᠰᠢ ᠬᠠᠵᠠᠬᠤ ᠮᠠᠶᠢᠭ ᠦᠵᠡᠭᠦᠯᠬᠦ ᠳ᠋ᠦ᠍ ᠠᠵᠢᠷᠭᠠᠨ ᠳ᠋ᠤ᠌ ᠵᠠᠪᠰᠢᠶᠠᠨ ᠪᠣᠯᠵᠤ ᠬᠣᠶᠠᠷ ᠬᠣᠰᠢᠭᠤ ᠱᠦᠷᠭᠦᠯᠴᠡᠭᠡᠳ ᠠᠪᠤᠪᠠ᠃ ᠠᠵᠢᠷᠭ᠎ᠠ ᠬᠠᠤᠬᠢᠴᠢᠨ ᠲᠦᠯᠬᠢᠨ ᠪᠦᠬᠦᠢ ᠲᠡᠭᠦᠨ ᠦ᠌ ᠬᠣᠶᠠᠷ ᠵᠠᠰᠠᠭᠠᠨ ᠤ᠋ ᠡᠮᠦᠨᠡᠬᠢ ᠬᠠᠮᠤᠭ ᠶᠠᠭᠤᠮ᠎ᠠ ᠶ᠋ᠢ ᠨᠢᠭᠤᠨ ᠬᠠᠳᠠᠭᠠᠯᠠᠵᠤ ᠪᠠᠢᠳᠠᠭ ᠬᠤᠤᠬᠢᠨᠠᠭ ᠤ᠋ᠨ ᠨᠢᠳᠤᠷᠭᠠᠨ ᠠᠮᠠᠰᠠᠷ ᠪᠦᠬᠦᠨ ᠢ᠋ ᠬᠠᠭᠠᠵᠤ ᠬᠠᠯᠬᠠᠯᠠᠨ ᠦᠵᠡᠭᠳᠡᠵᠦ ᠬᠠᠷᠠᠭᠳᠠᠬᠤ ᠶᠠᠭᠤᠮ᠎ᠠ ᠶᠠᠭᠤ ᠴᠦ᠍ ᠦᠭᠡᠢ ᠪᠣᠯᠭᠠᠵᠠᠢ᠃ ᠠᠵᠢᠷᠭ᠎ᠠ ᠤᠯᠠᠮ ᠬᠡᠳᠦ ᠲᠦᠯᠬᠢᠭᠡᠳ ᠬᠠᠮᠤᠭ ᠬᠦᠴᠦ ᠨᠢ ᠪᠠᠭᠤᠷᠠᠭᠰᠠᠨ ᠪᠤᠯᠲᠠᠢ ᠪᠠᠢᠳᠠᠰᠤᠨ ᠭᠡᠭᠦᠦ ᠶ᠋ᠢᠨ ᠬᠦᠵᠦᠭᠦᠨ ᠦ᠌ ᠬᠠᠵᠠᠭᠤ ᠪᠠᠷ ᠲᠣᠯᠣᠭᠠᠢ ᠪᠠᠨ ᠤᠨᠵᠢᠭᠤᠯᠤᠨ ᠭᠣᠯᠰᠠᠵᠤ ᠪᠠᠭᠤᠪᠠ᠃ ᠲᠡᠷᠡ ᠮᠥᠴᠡ ᠳ᠋ᠦ᠍ ᠠᠵᠢᠷᠭᠠᠨ ᠤ᠋ ᠰᠤᠨᠤᠭᠰᠠᠨ ᠬᠦᠴᠦᠲᠡᠢ ᠡᠷᠬᠡᠲᠡᠨ ᠨᠡᠯᠢᠶᠡᠳ ᠪᠦᠳᠦᠭᠦᠷᠡᠨ ᠠᠭᠰᠢᠵᠤ ᠴᠠᠭᠠᠷᠢᠬᠯᠠᠰᠬᠢᠨ ᠤᠨᠵᠢᠭᠠᠳ ᠱᠥᠮᠪᠥᠭᠡᠷ ᠱᠣᠪᠬᠣ ᠦᠵᠦᠭᠦᠷ ᠨᠢ ᠬᠠᠷ᠎ᠠ ᠮᠥᠬᠥᠨ ᠦ᠌ ᠲᠣᠯᠣᠭᠠᠢ ᠰᠢᠭ᠋ ᠳᠠᠯᠪᠠᠢᠨ ᠪᠠᠢᠭᠰᠠᠨ ᠢ᠋ᠶ᠋ᠠᠨ ᠬᠦᠴᠦᠲᠡᠢ ᠬᠥᠪᠴᠢᠷᠡᠨ ᠴᠢᠩᠭᠠᠷᠠᠬᠤ ᠳ᠋ᠤ᠌ ᠰᠢᠨᠠᠭ᠎ᠠ ᠰᠢᠨᠠᠭ᠎ᠠ ᠪᠠᠷ ᠥᠳᠬᠡᠨ ᠴᠠᠭᠠᠨ ᠢᠯᠳᠡᠰᠦ ᠬᠠᠷᠪᠤᠨ ᠰᠠᠴᠤᠷᠠᠵᠤ ᠭᠠᠵᠠᠷ ᠨᠡᠪᠲᠡᠯᠪᠡ᠃ ᠢᠯᠡ ᠭᠠᠷᠤᠭᠠᠳ ᠡᠨᠡ ᠠᠵᠢᠷᠭ᠎ᠠ ᠶ᠋ᠢᠨ ᠠᠰᠬᠠᠵᠤ ᠪᠠᠢᠭ᠎ᠠ ᠪᠠᠷ ᠪᠣᠳᠣᠪᠠᠯ ᠳᠣᠲᠣᠷ᠎ᠠ ᠨᠢ ᠯᠠᠪᠲᠠᠢᠶ᠎ᠠ ᠬᠤᠪᠢᠩ ᠶᠠᠭᠤᠮ᠎ᠠ ᠦᠯᠡᠳᠡᠭᠡ ᠪᠢᠵᠡ ᠭᠡᠯᠲᠡᠢ᠃ 
       ᠡᠨᠡ ᠠᠭᠱᠠᠨ ᠳ᠋ᠤ᠌ ᠪᠣᠭᠣᠷᠴᠢ ᠶ᠋ᠢᠨ ᠠᠮᠢ ᠨᠢᠭᠡᠨ ᠪᠣᠯᠵᠤ ᠬᠦᠴᠦᠲᠡᠢ ᠶᠠᠭᠤᠮ᠎ᠠ ᠳᠣᠲᠣᠭᠤᠷ ᠨᠢ ᠭᠦᠶᠦᠵᠦ᠂ ᠬᠤᠯᠠᠭᠠᠢ ᠨᠢᠳᠦ ᠪᠡᠷ ᠨᠥᠭᠦᠭᠡ ᠬᠠᠵᠠᠭᠤᠳᠠᠬᠢ ᠪᠦᠰᠡᠭᠦᠢ ᠶ᠋ᠢ ᠬᠠᠷᠠᠪᠠᠯ ᠲᠡᠷᠡ ᠪᠡᠷ ᠪᠠᠰᠠ ᠲᠡᠭᠦᠨ ᠲᠡᠰᠢ ᠬᠠᠷᠠᠵᠤ ᠪᠠᠢᠭᠰᠠᠨ ᠢ᠋ᠶ᠋ᠠᠨ ᠨᠢᠭᠤᠷ ᠪᠤᠷᠤᠭᠤᠯᠠᠪᠠ᠃ ᠠᠵᠢᠷᠭ᠎ᠠ ᠳᠤᠷᠠᠲᠠᠢ ᠳᠤᠷ᠎ᠠ ᠦᠭᠡᠢᠬᠡᠨ ᠠᠳᠤᠭᠤᠨ ᠲᠠᠰᠢ ᠪᠠᠨ ᠱᠣᠭᠰᠢᠵᠤ ᠪᠠᠢᠳᠠᠰᠤᠨ ᠭᠡᠭᠦᠦ《ᠶᠠᠭᠤ ᠭᠡᠭᠴᠢ? ᠶᠠᠭᠠᠬᠢᠴᠢᠬᠠᠪᠠ?》 ᠭᠡᠬᠦ ᠰᠢᠭ ᠠᠷᠤ ᠠ᠋ᠴᠠ ᠨᠢ ᠠᠵᠢᠬᠤ ᠠᠪᠠᠢ᠃ ᠲᠡᠷᠡ ᠮᠥᠴᠡ ᠳ᠋ᠦ᠍ ᠪᠣᠭᠣᠷᠴᠢ ᠬᠠᠵᠠᠭᠤᠳᠠᠬᠢ ᠪᠦᠰᠡᠭᠦᠢ ᠪᠡᠨ ᠰᠤᠭᠤᠳᠠᠬᠤ ᠭᠡᠲᠡᠯ᠎ᠡ ᠴᠠᠭᠠᠳᠤᠬᠢ ᠨᠢ ᠭᠠᠷ ᠢ᠋ᠶ᠋ᠠᠨ ᠰᠤᠭᠤ ᠲᠠᠲᠠᠵᠤ ᠠᠪᠬᠤ ᠳ᠋ᠤᠨᠢ ᠮᠥᠴᠡᠭᠡ ᠪᠡᠨ ᠥᠭᠬᠦ ᠦᠭᠡᠢ ᠭᠡᠰᠡᠨ ᠳ᠋ᠡᠭᠡᠨ ᠯᠠᠪᠬᠠᠨ ᠪᠠᠷᠢᠭᠠᠳ ᠬᠤᠳᠳᠤᠭ ᠤ᠋ᠨ ᠰᠠᠢᠷ ᠠ᠋ᠴᠠ ᠭᠠᠷᠴᠤ ᠶᠠᠪᠤᠭᠠᠳ ᠳᠠᠷᠤᠵᠤ ᠠᠪᠬᠤ ᠶᠠᠭᠤᠮ᠎ᠠ ᠪᠣᠯᠪᠠ᠃ ᠲᠡᠭᠡᠲᠡᠯ᠎ᠡ ᠨᠥᠭᠦᠭᠡ ᠪᠦᠰᠡᠭᠦᠢ ᠴᠢᠨᠢ ᠪᠠᠷᠢᠯᠳᠤᠬᠤ ᠶᠠᠭᠤᠮ᠎ᠠ ᠪᠣᠯᠵᠤ᠂ ᠪᠣᠭᠣᠷᠴᠢ ᠲᠡᠭᠡᠬᠦ ᠳ᠋ᠦ᠍ ᠨᠢ ᠰᠣᠯᠣᠭᠠᠢ ᠭᠠᠷ ᠢ᠋ᠶ᠋ᠠᠷ ᠢ᠋ᠶ᠋ᠠᠨ ᠪᠥᠰᠡᠨ ᠡᠴᠡ ᠨᠢ ᠲᠠᠲᠠᠵᠤ ᠪᠠᠷᠢᠭᠠᠳ ᠪᠠᠷᠠᠭᠤᠨ ᠭᠠᠷ ᠢ᠋ᠶ᠋ᠠᠷ ᠢ᠋ᠶ᠋ᠠᠨ ᠲᠡᠪᠡᠷᠢᠵᠦ ᠠᠪᠬᠤ ᠭᠡᠵᠦ ᠣᠷᠣᠯᠳᠣᠪᠠ᠃ ᠳᠠᠩ ᠫᠠᠩᠰᠠᠨ ᠳᠡᠪᠡᠯ ᠡᠴᠡ ᠨᠢ ᠪᠠᠷᠤᠭ ᠳᠣᠲᠣᠷ᠎ᠠ ᠪᠡᠶ᠎ᠡ ᠨᠢ ᠨᠡᠪᠲᠡ ᠬᠠᠷᠠᠭᠳᠠᠮ᠎ᠠ ᠪᠦᠰᠡᠭᠦᠢ ᠡᠴᠡ ᠥᠭᠡᠷ᠎ᠡ ᠪᠠᠷᠢᠬᠤ ᠭᠠᠵᠠᠷ ᠣᠯᠳᠠᠬᠤ ᠴᠤ᠌ ᠦᠭᠡᠢ ᠠᠵᠢ᠃ ᠲᠡᠭᠡᠲᠡᠯ᠎ᠡ ᠨᠥᠭᠦᠭᠡ ᠪᠦᠰᠡᠭᠦᠢ ᠴᠢᠨᠢ ᠪᠣᠭᠣᠷᠴᠢ ᠶ᠋ᠢᠨ ᠳᠠᠯᠤ ᠮᠥᠷᠦᠨ ᠳᠡᠭᠡᠷ᠎ᠡ ᠡᠴᠡ ᠯᠠᠪ ᠭᠡᠭᠴᠢ ᠨᠢ ᠠᠳᠬᠤᠵᠤ ᠠᠪᠤᠭᠠᠳ ᠪᠠᠷᠠᠭᠤᠨ ᠲᠠᠰᠢᠶ᠎ᠠ ᠪᠠᠷ ᠢ᠋ᠶ᠋ᠠᠨ ᠲᠣᠩᠭᠣᠷᠴᠤ ᠣᠷᠬᠢᠲᠠᠯ᠎ᠠ ᠪᠣᠭᠣᠷᠴᠢ ᠶᠠᠭᠠᠬᠢᠬᠤ ᠠᠷᠭ᠎ᠠ ᠦᠭᠡᠢ ᠭᠡᠳᠡᠷᠭᠦ ᠬᠠᠷᠠᠨ ᠳᠠᠷᠠᠢᠯ᠎ᠠ᠃ ᠡᠨᠡ ᠵᠠᠪᠰᠠᠷ ᠪᠣᠭᠣᠷᠴᠢ ᠳ᠋ᠤ᠌ ᠡᠷᠴᠢ ᠬᠦᠴᠦ ᠦᠭᠭᠦᠭᠰᠡᠨ ᠶᠠᠭᠤᠮ᠎ᠠ ᠴᠤ᠌ ᠠᠯᠠᠭ᠎ᠠ ᠪᠣᠯᠵᠠᠢ᠃ ᠨᠥᠭᠦᠭᠡ ᠪᠦᠰᠡᠭᠦᠢ ᠱᠠᠯᠠᠮᠠᠭ ᠭᠡᠭᠴᠢ ᠪᠡᠷ ᠤᠨᠠᠵᠤ ᠰᠠᠨᠳᠤᠷᠤᠭᠰᠠᠨ ᠪᠢᠴᠢᠬᠠᠨ ᠡᠷ᠎ᠡ ᠶ᠋ᠢᠨ ᠬᠣᠶᠠᠷ ᠬᠠᠨᠴᠤᠢ ᠠ᠋ᠴᠠ ᠰᠣᠯᠣᠭᠠᠢ ᠭᠠᠷ ᠢ᠋ᠶ᠋ᠠᠷ ᠢ᠋ᠶ᠋ᠠᠨ ᠬᠣᠯᠪᠣᠵᠤ ᠪᠠᠷᠢᠭᠠᠳ ᠬᠥᠯ ᠳᠡᠭᠡᠭᠦᠷ ᠨᠢ ᠬᠥᠯ ᠢ᠋ᠶ᠋ᠡᠨ ᠲᠠᠯᠪᠢᠵᠤ ᠪᠠᠷᠤᠭ ᠮᠣᠷᠳᠠᠬᠤ ᠰᠢᠬᠠᠮ ᠪᠣᠯᠵᠤ᠂ ᠬᠣᠨᠢ ᠲᠥᠬᠥᠭᠡᠷᠡᠬᠦ ᠰᠢᠭ ᠥᠮᠥᠳᠥᠨ ᠬᠢᠨᠢ ᠵᠠᠬᠠᠨ ᠳᠣᠣᠭᠤᠷ ᠭᠠᠷ ᠢ᠋ᠶ᠋ᠠᠨ ᠴᠢᠬᠢᠵᠦ ᠰᠢᠷᠭᠤᠭᠤᠯᠤᠨ ᠨᠥᠭᠦᠭᠡ ᠬᠦᠴᠦ ᠣᠷᠣᠭᠤᠯᠤᠭᠰᠠᠨ ᠶᠠᠭᠤᠮ᠎ᠠ ᠤᠷᠤᠭᠤ ᠨᠢ ᠬᠦᠷᠴᠦ ᠦᠵᠡᠭᠡᠳ᠄
       — ᠪᠠᠢᠬᠤ ᠦᠭᠡᠢ ᠶᠦᠮ ᠰᠢᠪ ᠳᠡ ᠭᠡᠵᠦ ᠱᠣᠣᠯᠠᠬᠤ ᠮᠠᠶᠢᠭᠲᠠᠢ ᠢᠨᠢᠶᠡᠭᠡᠳ ᠭᠠᠷ ᠢ᠋ᠶ᠋ᠠᠨ ᠠᠪᠤᠪᠠ᠃ ᠪᠢᠴᠠ ᠠᠳᠬᠤᠭᠤᠯᠴᠢᠬ᠎ᠠ ᠦᠭᠡᠢ ᠨᠢ ᠯᠡ ᠶᠡᠬᠡ ᠶᠠᠭᠤᠮ᠎ᠠ ᠪᠣᠯᠤᠯ᠎ᠠ᠃ ᠨᠥᠭᠥᠭᠡᠬᠢ ᠴᠢᠨᠢ ᠮᠣᠷᠢ ᠪᠠᠨ ᠤᠰᠤᠯᠠᠯ᠎ᠠ᠃ ᠪᠣᠭᠣᠷᠴᠢ ᠶ᠋ᠢᠨ ᠮᠣᠷᠢ ᠴᠤ᠌ ᠪᠠᠰᠠ ᠤᠰᠤ ᠤᠷᠤᠭᠤ ᠬᠣᠷᠤᠬᠠᠢᠬᠰᠠᠨ ᠳᠥᠭᠥᠬᠦ ᠶᠠᠩᠵᠤᠲᠠᠢ᠃ ᠲᠡᠭᠡᠬᠦᠯᠡᠷ ᠮᠣᠷᠢ ᠪᠠᠨ ᠪᠠᠰᠠ ᠤᠰᠤᠯᠠᠪᠠ᠃ ᠪᠦᠰᠡᠭᠦᠢ ᠶ᠋ᠢᠨ ᠨᠢᠭᠤᠷ ᠢ᠋ ᠬᠠᠷᠠᠬᠤ ᠠᠷᠭ᠎ᠠ ᠠᠯᠠᠭ᠎ᠠ᠃  ᠵᠢᠰᠢᠭᠦᠦ ᠬᠠᠷᠠᠵᠤ ᠭᠥᠯᠢᠯᠵᠡᠨ ᠵᠣᠭᠰᠣᠵᠤ ᠮᠣᠷᠢ ᠪᠠᠨ ᠤᠰᠤᠯᠠᠵᠤ ᠪᠠᠢᠲᠠᠯ᠎ᠠ ᠨᠥᠭᠥᠭᠡᠳᠡᠬᠢ ᠴᠢᠨᠢ ᠠᠰᠢᠭᠦᠢ ᠮᠣᠷᠳᠠᠭᠠᠳ ᠠᠳᠤᠭᠤ ᠪᠠᠨ ᠡᠯᠳᠡᠨ ᠠᠯᠠᠭ᠎ᠠ ᠪᠣᠯᠤᠯ᠎ᠠ᠃ 
       — ᠠᠰᠢᠭᠦᠢ ᠳᠡ᠂ ᠡᠨᠡ ᠶᠠᠪᠤᠵᠤ᠂ ᠰᠡᠳᠬᠢᠯ ᠠᠮᠠᠷᠠᠯ᠎ᠠ᠃ ᠳᠠᠬᠢᠵᠤ ᠶᠠᠭᠠᠬᠢᠪᠠᠯ ᠠᠭᠤᠯᠵᠠᠬᠤ ᠦᠭᠡᠢ ᠪᠠᠢᠬᠤ ᠪᠣᠢ? ᠡᠳᠡᠨᠡᠢᠬᠢ ᠪᠠᠰᠠ ᠭᠡᠭᠦᠦ ᠪᠡᠨ ᠰᠠᠭᠠᠵᠤ᠂ ᠮᠣᠷᠢ ᠪᠠᠨ ᠤᠶᠠᠳᠠᠭ ᠪᠠᠢᠯᠭᠦᠢ᠃ ᠠᠵᠢᠷᠭ᠎ᠠ ᠨᠢ ᠰᠠᠢᠬᠠᠨ ᠠᠮᠢᠲᠠᠨ ᠶᠤᠮ᠃ ᠤᠶᠠᠳᠠᠭ ᠴᠤ᠌ ᠪᠠᠢᠵᠤ ᠮᠠᠭᠠᠳ ᠦᠭᠡᠢ᠃  ᠮᠠᠭᠤ ᠪᠠᠢᠳᠠᠰᠤ ᠶ᠋ᠢ ᠮᠢᠨᠢ ᠠᠷᠠᠢ ᠬᠡᠲᠦᠷᠡᠭᠦᠯᠴᠢᠬᠡᠪᠡ ᠤᠤ ᠭᠡᠵᠦ ᠶᠠᠳᠠᠵᠤ ᠪᠠᠢᠵᠤ ᠢᠨᠢᠶᠡᠬᠦ ᠴᠦ᠍ ᠠᠶᠠᠳᠠᠪᠠ᠃  
       ᠠᠳᠤᠭᠤ ᠪᠠᠨ ᠠᠪᠠᠴᠢᠵᠤ ᠮᠣᠷᠢᠳ ᠢ᠋ᠶ᠋ᠠᠨ ᠪᠠᠷᠢᠵᠤ᠂ ᠤᠨᠠᠭ᠎ᠠ ᠪᠠᠨ ᠤᠶᠠᠪᠠ᠃ ᠠᠪᠤ ᠨᠢ ᠮᠣᠷᠳᠠᠭᠠᠳ ᠶᠠᠪᠤᠴᠢᠬᠠᠯ᠎ᠠ᠃ ᠦᠯᠡᠳᠡᠭᠰᠡᠨ ᠭᠤᠷᠪᠠ ᠮᠣᠷᠢᠳ ᠢ᠋ᠶ᠋ᠠᠨ ᠭᠢᠰᠬᠢᠭᠦᠯᠵᠦ ᠭᠡᠭᠦᠦ ᠪᠡᠨ ᠰᠠᠭᠠᠵᠤ᠂ ᠰᠤᠷᠤᠭᠰᠠᠨ ᠳᠠᠳᠤᠭᠰᠠᠨ ᠠᠵᠢᠯ ᠢ᠋ᠶ᠋ᠠᠷ ᠡᠳᠦᠷ ᠢ᠋ ᠥᠩᠭᠡᠷᠡᠭᠦᠯᠪᠡ᠃ ᠮᠠᠷᠭᠠᠰᠢ ᠨᠢ ᠮᠣᠷᠢᠳ ᠢ᠋ᠶ᠋ᠠᠨ ᠪᠠᠷᠢᠵᠤ ᠤᠶᠠᠯ᠎ᠠ᠃ ᠠᠳᠤᠭᠤ ᠪᠠᠨ ᠪᠡᠯᠴᠢᠭᠡᠷ ᠲᠤᠨᠢ ᠪᠠᠢᠯᠭᠠᠵᠤ᠂ ᠨᠥᠭᠥᠭᠡᠳᠦᠷ ᠨᠢ ᠪᠣᠯᠬᠤ ᠪᠠᠷ ᠥᠷᠯᠥᠭᠡ ᠠᠳᠤᠭᠤ ᠪᠠᠨ ᠤᠰᠤᠯᠠᠯᠭᠦᠢ ᠡᠷᠲᠡ ᠠᠪᠴᠢᠷᠠᠬᠤ ᠳ᠋ᠤᠨᠢ᠄   
       — ᠠᠳᠤᠭᠤ ᠪᠠᠨ ᠤᠰᠤᠯᠠᠪᠠᠤ? ᠭᠡᠵᠦ ᠡᠴᠢᠭᠡ ᠶ᠋ᠢᠨ ᠢ᠋ᠶ᠋ᠡᠨ ᠠᠰᠠᠭᠤᠬᠤ ᠳ᠋ᠤ᠌᠄ 
       — ᠦᠭᠡᠢ᠂ ᠣᠷᠣᠢ ᠤᠰᠤᠯᠠᠭᠰᠠᠨ ᠨᠢ ᠳᠡᠭᠡᠷ᠎ᠡ ᠭᠡᠳ ᠠᠪᠤᠭᠠᠳ ᠢᠷᠡᠯ᠎ᠡ ᠭᠡᠪᠡ᠃ ᠤᠭ ᠲᠠᠭᠠᠨ ᠨᠥᠭᠥᠭᠡᠬᠢ ᠡᠴᠡ ᠵᠥᠷᠢᠭᠦᠯᠬᠦ ᠪᠣᠳᠣᠯᠲᠠᠢ ᠡᠢᠨ ᠰᠡᠳᠬᠢᠭᠰᠡᠨ ᠶᠦᠮ᠃ 
       — ᠵᠠ ᠵᠠ᠂ ᠪᠣᠯᠤᠨ᠎ᠠ ᠯᠠ ᠳᠠ ᠭᠡᠵᠦ ᠡᠴᠢᠭᠡ ᠨᠢ ᠬᠡᠯᠡᠪᠡ᠃ 
       ᠣᠷᠣᠢ ᠨᠠᠷᠠ ᠵᠢᠷᠭᠠᠬᠤ ᠠ᠋ᠴᠠ ᠡᠮᠦᠨᠡᠬᠡᠨ ᠭᠡᠭᠦᠦ ᠪᠡᠨ ᠰᠠᠭᠠᠵᠤ᠂ ᠤᠨᠠᠭ᠎ᠠ᠂ ᠮᠣᠷᠢᠳ ᠢ᠋ᠶ᠋ᠠᠨ ᠲᠠᠯᠪᠢᠭᠠᠳ ᠠᠳᠤᠭᠤ ᠪᠠᠨ ᠡᠯᠳᠡᠨ ᠬᠤᠳᠳᠤᠭ ᠤᠷᠤᠭᠤ ᠣᠴᠢᠭᠰᠠᠨ ᠴᠢᠨᠢ ᠨᠥᠭᠥᠭᠡᠳᠡᠬᠢ ᠵᠥᠷᠢᠬᠦ ᠭᠡᠰᠡᠨ ᠪᠦᠰᠡᠭᠦᠢ ᠠᠳᠤᠭᠤ ᠪᠠᠨ ᠤᠰᠤᠯᠠᠭᠠᠳ ᠪᠠᠢᠵᠤ ᠪᠠᠢᠬᠤ ᠠᠵᠢ᠃ ᠠᠳᠤᠭᠤ ᠨᠢ ᠤᠰᠤ ᠤᠤᠭᠤᠭᠠᠳ ᠭᠠᠷᠴᠤ ᠬᠤᠳᠳᠤᠭ ᠰᠤᠯᠠᠷᠠᠵᠤ ᠪᠠᠢᠨ᠎ᠠ᠃ ᠨᠥᠭᠥᠭᠡᠬᠢ ᠴᠢᠨᠢ ᠣᠩᠭᠣᠴᠠ ᠳᠦᠭᠦᠷᠭᠡᠴᠢᠬᠡᠵᠡᠢ᠃ ᠠᠳᠤᠭᠤ ᠴᠦ᠍ ᠤᠰᠤ ᠵᠠᠯᠭᠢᠯᠠᠨ᠂ ᠪᠣᠭᠣᠷᠴᠢ ᠮᠣᠷᠢ ᠪᠠᠨ ᠲᠤᠱᠠᠭᠠᠳ ᠣᠴᠢᠵᠤ ᠬᠣᠪᠣᠭᠣ ᠠᠪᠤᠪᠠ᠃ ᠮᠣᠩᠭᠢᠨᠠᠵᠤ ᠲᠤᠶᠠᠯᠵᠠᠭᠤᠯᠤᠨ ᠬᠡᠳᠦᠨ ᠬᠣᠪᠣᠭᠣ ᠤᠰᠤ ᠤᠳᠬᠤᠬᠤ ᠵᠠᠭᠤᠷ᠎ᠠ ᠨᠥᠭᠥᠭᠡᠬᠢ ᠬᠠᠵᠠᠭᠤᠳᠠᠬᠢ ᠪᠠᠨ ᠭᠢᠯᠠᠪ ᠬᠢᠨ ᠬᠠᠷᠠᠪᠠᠯ ᠵᠡᠭᠦᠨ ᠭᠠᠷ ᠢ᠋ᠶ᠋ᠠᠷ ᠢ᠋ᠶ᠋ᠠᠨ ᠲᠠᠰᠢᠶ᠎ᠠ ᠪᠠᠨ ᠲᠤᠯᠤᠭᠠᠳ ᠢᠯᠠᠭᠰᠠᠨ ᠪᠠᠭᠠᠲᠤᠷ ᠰᠢᠭ᠋ ᠵᠣᠭᠰᠣᠵᠤ ᠪᠠᠢᠭᠰᠠᠨ ᠢ᠋ᠶ᠋ᠠᠨ᠄ 
       — ᠠᠯᠢᠪ᠂ ᠥᠭ ᠳᠡ ᠭᠡᠵᠦ ᠠᠶᠠᠯᠠᠭᠤᠨ ᠢᠯᠳᠠᠮ ᠬᠡᠯᠡᠵᠦ ᠭᠠᠷ ᠢ᠋ᠶ᠋ᠠᠨ ᠲᠣᠰᠤᠯ᠎ᠠ᠃ 
       ᠪᠣᠭᠣᠷᠴᠢ ᠴᠤ᠌ ᠬᠣᠪᠣᠭᠣ ᠪᠠᠨ ᠥᠭᠭᠦᠯ᠎ᠡ᠃《ᠫᠥᠯ᠂ ᠴᠦᠯ》 ᠬᠢᠯᠭᠡᠨ ᠣᠩᠭᠣᠴᠠ ᠳᠦᠭᠦᠷᠭᠡᠴᠢᠬᠡᠪᠡ᠃ ᠠᠳᠤᠭᠤ ᠤᠤᠭᠤᠵᠤ ᠴᠠᠳᠤᠭᠠᠳ ᠤᠩᠭᠠᠰᠤ ᠪᠠᠭᠠᠰᠤ ᠠᠯᠲᠠᠨ ᠪᠡᠯᠴᠢᠭᠡᠷᠯᠡᠬᠦ ᠠᠪᠠᠢ᠃ ᠬᠣᠶᠠᠷ ᠬᠡᠯᠡ ᠦᠭᠡᠢ ᠮᠣᠷᠢᠳ ᠢ᠋ᠶ᠋ᠠᠨ ᠤᠰᠤᠯᠠᠬᠤ ᠵᠠᠭᠤᠷ᠎ᠠ ᠬᠡᠯᠡ ᠣᠷᠣᠵᠤ᠄ 
       — ᠴᠢᠮ᠎ᠠ ᠶ᠋ᠢ ᠬᠡᠨ ᠭᠡᠳᠡᠭ ᠪᠣᠢ? ᠭᠡᠵᠦ ᠠᠰᠠᠭᠤᠬᠤ ᠳ᠋ᠤᠨᠢ᠄ 
       — ᠨᠠᠮ᠎ᠠ ᠶ᠋ᠢ ᠪᠣᠭᠣᠷᠴᠢ ᠭᠡᠳᠡᠭ᠂ ᠴᠢᠮ᠎ᠠ ᠶ᠋ᠢ? ᠭᠡᠵᠦ ᠰᠦᠷᠭᠦᠨ ᠠᠰᠠᠭᠤᠯ᠎ᠠ ᠃
       — ᠬᠡᠷᠦᠯᠳᠵᠢᠨ ᠭᠡᠯ᠎ᠡ᠃ 
       ᠮᠣᠷᠢᠳ ᠴᠠᠳᠴᠤ ᠡᠪᠰᠢᠶᠡᠬᠦ ᠳ᠋ᠦ᠍ ᠨᠢ ᠬᠣᠶᠠᠭᠤᠯᠠ ᠤᠷᠤᠭᠤᠯ ᠰᠢᠲᠦᠨ ᠵᠠᠪᠰᠠᠷ ᠢ᠋ᠶ᠋ᠠᠷ ᠰᠢᠪᠰᠢᠷᠡᠨ ᠮᠣᠷᠢᠳ ᠲᠠᠢ ᠪᠠᠨ《ᠶᠠᠷᠢᠯᠴᠠᠪᠠ》᠃ ᠶᠡᠷᠦ ᠨᠢ ᠪᠦᠭᠦᠳᠡ ᠬᠡᠯᠡ ᠳ᠋ᠦ᠍ ᠣᠷᠣᠵᠠᠭᠠᠬᠤ ᠨᠢ ᠠ᠋᠂ ᠶᠠᠩᠵᠤ ᠨᠢ᠃ ᠬᠡᠷᠦᠯᠦᠨᠵᠢᠨ᠄ 
       — ᠪᠣᠭᠣᠷᠴᠢ ᠠ᠋᠂ ᠬᠣᠶᠠᠭᠤᠯᠠ ᠪᠠᠨ ᠲᠡᠰᠢ ᠪᠡᠨ ᠣᠴᠢᠵᠤ ᠵᠢᠭᠠᠬᠠᠨ ᠰᠠᠭᠤᠬᠤ ᠤᠤ? ᠲᠡᠭᠡᠬᠦ ᠤᠤ? ᠭᠡᠯ᠎ᠡ᠃ ᠪᠣᠭᠣᠷᠴᠢ ᠠᠶ᠎ᠠ ᠶ᠋ᠢ ᠨᠢ ᠳᠠᠭᠠᠵᠤ ᠨᠣᠭᠣᠭᠠᠨ ᠲᠠᠪᠠᠴᠠᠭ ᠳᠡᠭᠡᠷ᠎ᠡ ᠵᠡᠷᠭᠡᠴᠡᠨ ᠰᠠᠭᠤᠬᠤ ᠳ᠋ᠤ᠌ ᠬᠡᠷᠦᠯᠦᠨᠵᠢᠨ᠄  
       — ᠴᠢ ᠨᠠᠳᠠᠳᠤ ᠭᠣᠮᠣᠳᠠᠭᠰᠠᠨ ᠤᠤ? ᠪᠢ ᠴᠢᠮ᠎ᠠ ᠶ᠋ᠢ ᠭᠣᠮᠣᠳᠠᠭᠠᠶ᠎ᠠ ᠬᠡ ᠥᠬᠡᠢ ᠶᠦᠮ ᠠ᠋᠃ ᠬᠤᠳᠳᠤᠭ ᠳᠡᠭᠡᠷ᠎ᠡ ᠬᠥᠮᠦᠨ ᠢᠷᠡᠨ᠎ᠡ ᠭᠡᠵᠦ ᠵᠣᠪᠠᠬᠤ ᠳ᠋ᠠᠭᠠᠨ ᠯᠠ ᠲᠡᠭᠡᠭᠰᠡᠨ ᠶᠦᠮ᠃  
       — ᠳᠡᠭᠡᠯ ᠦᠭᠡᠢ ᠶᠠᠭᠠᠬᠢᠬᠤᠪ᠂ ᠪᠣᠳᠣᠭᠠᠳ ᠪᠠᠢᠬᠤᠯ᠎ᠠ ᠮᠢᠨᠦ ᠯᠡ ᠪᠤᠷᠤᠭᠤ ᠃ 
       — ᠬᠣᠶᠠᠭᠤᠯᠠ ᠡᠨᠡ ᠬᠣᠢᠲᠤ ᠱᠣᠪᠣᠭᠣᠷ ᠲᠣᠯᠣᠭᠠᠢ ᠶ᠋ᠢᠨ ᠬᠠᠪᠢ ᠪᠠᠷ ᠵᠢᠭᠠᠬᠠᠨ ᠵᠤᠭᠠᠯᠠᠵᠤ᠂ ᠴᠢᠮᠠᠲᠤ ᠭᠠᠵᠠᠷ ᠦᠵᠡᠭᠦᠯᠦᠶ᠎ᠡ ᠭᠡᠳ ᠮᠣᠷᠳᠠᠵᠤ ᠳᠥᠷᠥᠭᠡ ᠬᠠᠷᠰᠢᠭᠤᠯᠤᠨ ᠢᠨᠢᠶᠡᠯᠳᠦᠵᠦ ᠳᠠᠪᠬᠢᠨ ᠲᠣᠯᠣᠭᠠᠢ ᠶ᠋ᠢᠨ ᠡᠩᠭᠡᠷ ᠲᠦ᠍ ᠣᠴᠢᠭᠠᠳ ᠨᠢᠭᠡ ᠪᠣᠰᠤᠭ᠎ᠠ ᠴᠢᠯᠠᠭᠤ ᠦᠵᠡᠭᠦᠯᠵᠦ᠄  
       — ᠬᠥᠮᠦᠨ ᠴᠢᠯᠠᠭᠤ ᠭᠡᠳᠡᠭ ᠶᠦ᠍ᠮ᠃ ᠶᠡᠬᠡ ᠯᠡ ᠡᠷᠲᠡᠨ ᠦ᠌ ᠶᠠᠭᠤᠮ᠎ᠠ ᠭᠡᠨ᠎ᠡ ᠯᠧ᠃ ᠮᠤᠨᠳᠠᠭ ᠪᠠᠭᠠᠲᠤᠷ᠂ ᠴᠢ ᠴᠦ᠍ ᠪᠠᠭᠠᠲᠤᠷ ᠪᠣᠯᠬᠤ ᠶᠤᠮ ᠪᠢᠯᠢᠤ? ᠭᠡᠵᠦ ᠢᠨᠢᠶᠡᠨ ᠵᠡᠭᠦᠨ ᠲᠡᠰᠢ ᠳᠠᠪᠬᠢᠭᠠᠳ ᠨᠢᠭᠡ ᠬᠦᠮᠦᠭ ᠬᠥᠩᠬᠥᠢ ᠳ᠋ᠦ᠍ ᠣᠴᠢᠵᠤ᠄ 
       — ᠡᠨᠳᠡ ᠨᠢᠭᠤᠭᠳᠠᠵᠤ ᠲᠣᠭᠯᠠᠵᠤ ᠪᠣᠯᠤᠨ᠎ᠠ ᠭᠡᠵᠦ ᠮᠣᠷᠢᠨ ᠤ᠋ ᠪᠠᠨ ᠠᠮᠠ ᠶ᠋ᠢ ᠲᠠᠲᠠᠵᠤ᠄ 
       — ᠡᠨᠳᠡ ᠵᠢᠭᠠᠬᠠᠨ ᠰᠠᠭᠤᠬᠤ ᠤᠤ? ᠭᠡᠳ ᠮᠣᠷᠢᠨ ᠠ᠋ᠴᠠ ᠪᠠᠨ ᠪᠠᠭᠤᠵᠤ ᠴᠤᠯᠪᠤᠭᠤᠷ ᠢ᠋ᠶ᠋ᠠᠷ ᠢ᠋ᠶ᠋ᠠᠨ ᠲᠤᠱᠠᠬᠤ ᠳ᠋ᠤ᠌ ᠪᠣᠭᠣᠷᠴᠢ ᠪᠠᠭᠤᠵᠤ ᠮᠣᠷᠢ ᠪᠠᠨ ᠬᠡᠷᠦᠯᠦᠨᠵᠢᠨ ᠦ᠌ ᠮᠣᠷᠢᠨ ᠳ᠋ᠤ᠌ ᠬᠣᠯᠪᠣᠵᠤ᠂ ᠪᠦᠰᠡᠭᠦᠢ ᠶ᠋ᠢ ᠪᠠᠷᠢᠵᠤ ᠬᠣᠶᠠᠭᠤᠯᠠ ᠲᠡᠪᠡᠷᠢᠯᠳᠦᠨ ᠰᠢᠪᠡᠭᠡᠨ ᠨᠣᠭᠣᠭᠠᠨ ᠳᠡᠭᠡᠭᠦᠷ ᠳᠡᠭᠡᠷ᠎ᠡ ᠳᠣᠣᠷ᠎ᠠ ᠪᠠᠨ ᠣᠷᠣᠨ ᠪᠥᠮᠪᠥᠷᠢᠯᠳᠦᠵᠦ᠂ ᠠᠮᠢᠰᠬᠤᠭᠠᠳᠠᠨ ᠢᠨᠢᠶᠡᠯᠳᠦᠵᠦ ᠵᠡᠷᠭᠡᠴᠡᠨ ᠰᠠᠭᠤᠬᠤ ᠭᠡᠰᠡᠨ ᠢ᠋ᠶ᠋ᠡᠨ ᠪᠣᠭᠣᠷᠴᠤ ᠭᠡᠨᠡᠳᠲᠡ ᠨᠢᠭᠡ ᠶᠠᠭᠤᠮ᠎ᠠ ᠰᠠᠨᠠᠬᠤ ᠰᠢᠭ᠋ ᠪᠣᠰᠤᠨ ᠬᠠᠷᠠᠢᠵᠤ ᠮᠣᠷᠢ ᠤᠷᠤᠭᠤ ᠪᠠᠨ ᠣᠴᠢᠭᠠᠳ ᠡᠮᠡᠭᠡᠯ ᠳᠡᠭᠡᠷ᠎ᠡ ᠪᠡᠨ ᠡᠪᠬᠡᠵᠦ ᠪᠦᠭᠲᠡᠷᠡᠨ ᠳᠠᠷᠤᠭᠤᠯᠤᠭᠰᠠᠨ ᠨᠥᠮᠥᠷᠭᠡ ᠠᠪᠴᠢᠷᠴᠤ ᠳᠡᠪᠢᠰᠬᠦ ᠳ᠋ᠦ᠍ ᠬᠡᠷᠦᠯᠳᠵᠢᠨ ᠲᠤᠰᠠᠯᠠᠵᠤ ᠡᠪᠲᠡᠢ ᠪᠣᠯᠭᠠᠭᠠᠳ ᠵᠡᠷᠭᠡᠴᠡᠨ ᠰᠠᠭᠤᠵᠤ ᠭᠡᠳᠡᠷᠭᠦ ᠪᠡᠨ ᠬᠠᠷᠠᠨ ᠰᠤᠨᠵᠤ ᠬᠡᠪᠲᠡᠨ ᠪᠣᠭᠣᠷᠴᠢ ᠬᠡᠷᠦᠯᠦᠨᠵᠢᠨ ᠢ᠋ ᠲᠡᠪᠡᠷᠢᠨ ᠠᠰᠠᠬᠤᠢ ᠳ᠋ᠤ᠌ ᠪᠦᠰᠡᠭᠦᠢ᠄ 
       — ᠵᠢᠭᠠᠬᠠᠨ ᠬᠦᠯᠢᠶᠡ ᠭᠡᠳ ᠪᠣᠰᠴᠤ ᠬᠤᠪᠴᠠᠰᠤ ᠪᠠᠨ ᠲᠠᠢᠴᠢᠭᠠᠳ ᠡᠪᠬᠡᠵᠦ ᠲᠠᠯᠪᠢᠨ ᠳᠡᠪᠡᠯ ᠢ᠋ᠶ᠋ᠡᠨ ᠵᠠᠳᠠᠭᠠᠢ ᠨᠥᠮᠥᠷᠴᠦ ᠬᠡᠪᠲᠡᠬᠦ ᠳ᠋ᠦ᠍ᠨᠢ ᠪᠣᠭᠣᠷᠴᠢ ᠪᠠᠰᠠ ᠳᠠᠭᠤᠷᠢᠶᠠᠨ ᠬᠣᠶᠠᠭᠤᠯᠠ ᠲᠡᠪᠡᠷᠢᠯᠴᠡᠨ᠄  
       — ᠨᠢᠭᠤᠭᠳᠠᠵᠤ ᠲᠣᠭᠯᠠᠬᠤ ᠤᠤ? ᠭᠡᠯᠴᠡᠯ᠎ᠡ᠃ ᠬᠡᠰᠡᠭ ᠵᠠᠭᠤᠷ᠎ᠠ《ᠨᠢᠭᠤᠭᠳᠠᠭᠠᠳ》 ᠬᠣᠶᠠᠭᠤᠯᠠ ᠠᠮᠢᠰᠬᠤᠭᠠᠳᠠᠨ ᠬᠥᠯᠪᠡᠷᠢᠵᠦ ᠭᠡᠳᠡᠷᠭᠦ ᠬᠠᠷᠠᠨ ᠪᠠᠷᠤᠭ ᠨᠢᠴᠦᠭᠦᠨ ᠱᠠᠯᠳᠠᠩ ᠬᠡᠪᠲᠡᠬᠦ ᠳ᠋ᠦ᠍ ᠬᠥᠬᠡ ᠣᠭᠲᠠᠷᠭᠤᠢ ᠳ᠋ᠤ᠌ ᠲᠦᠷᠦᠭᠦᠴᠢ ᠶ᠋ᠢᠨ ᠣᠳᠣᠳ ᠲᠦᠭᠡᠨ ᠭᠠᠷᠴᠤ ᠵᠢᠷᠪᠢᠯᠵᠡᠬᠦ ᠨᠢ ᠦᠵᠡᠰᠬᠦᠯᠡᠩᠲᠡᠢ ᠭᠣᠶᠣ᠃ ᠲᠡᠷᠡ ᠬᠡᠴᠢᠨᠡᠨ ᠣᠯᠠᠭᠤᠯᠠ ᠦᠵᠡᠭᠰᠡᠨ(ᠪᠣᠯᠪᠠᠴᠤ)  ᠴᠤ᠌ ᠬᠡᠨ ᠳ᠋ᠦ᠍ ᠬᠡᠯᠡᠬᠦ ᠦᠭᠡᠢ᠂ ᠲᠡᠷᠡ ᠴᠦ᠍ ᠪᠤᠤ ᠬᠡᠯᠡ ᠳᠡᠷᠭᠡᠳᠡ ᠡᠵᠡᠳ ᠢ᠋ᠶ᠋ᠡᠨ ᠬᠠᠷᠠᠵᠤ ᠵᠣᠭᠰᠣᠬᠤ ᠬᠣᠶᠠᠷ ᠮᠣᠷᠢᠳ ᠪᠦᠭᠦᠳᠡ ᠶ᠋ᠢ ᠦᠵᠡᠭᠰᠡᠨ ᠴᠦ᠍ ᠬᠡᠨ ᠳ᠋ᠦ᠍ ᠴᠦ᠍ ᠬᠣᠪ ᠬᠡᠯᠡᠬᠦ ᠦᠭᠡᠢ᠂ ᠦᠨᠡᠬᠡᠷ ᠨᠢᠭᠤᠴᠠ ᠲᠣᠭᠯᠠᠭᠠᠮ ᠠᠵᠢ᠃  
       ᠲᠡᠷᠡ ᠬᠣᠶᠠᠷ ᠳᠠᠬᠢᠨ ᠲᠡᠪᠡᠷᠢᠯᠴᠡᠵᠦ ᠪᠡᠶ᠎ᠡ ᠪᠡᠶ᠎ᠡ ᠪᠡᠨ ᠡᠩᠬᠦᠷᠡᠢᠯᠡᠭᠡᠳ ᠪᠣᠰᠴᠤ ᠬᠤᠪᠴᠠᠰᠤ ᠪᠠᠨ ᠡᠮᠦᠰᠴᠦ ᠮᠣᠷᠳᠠᠯ᠎ᠠ᠃ ᠬᠠᠷᠠᠩᠭᠤᠢ ᠪᠦᠷᠦᠢ ᠴᠦ᠍ ᠪᠣᠯᠤᠯ᠎ᠠ᠃ 
       — ᠣᠷᠣᠢ ᠪᠦᠷᠢ ᠠᠳᠤᠭᠤ ᠪᠠᠨ ᠤᠰᠤᠯᠠᠵᠤ ᠪᠠᠢᠶ᠎ᠠ ᠬᠡᠯᠡᠴᠡᠨ ᠲᠣᠬᠢᠷᠠᠵᠤ ᠦᠳᠡᠰᠢ ᠶ᠋ᠢᠨ ᠪᠦᠷᠦᠩᠬᠦᠢ ᠳ᠋ᠦ᠍ ᠵᠤᠭᠠᠯᠠᠨ ᠶᠠᠪᠤᠵᠤ ᠨᠡᠯᠢᠶᠡᠳ ᠴᠠᠭ ᠥᠩᠭᠡᠷᠡᠭᠡᠭᠡᠳ ᠬᠣᠶᠠᠭᠤᠯᠠ ᠬᠣᠶᠠᠷ ᠳᠠᠰᠢ ᠶᠠᠪᠤᠭᠰᠠᠨ ᠢ᠋ᠶ᠋ᠠᠨ ᠵᠡᠷᠭᠡ ᠡᠷᠭᠢᠭᠡᠳ ᠬᠠᠷᠠᠴᠢᠬᠠᠵᠤ ᠁ ᠡᠷᠭᠢᠵᠦ ᠢᠨᠢᠶᠡᠯᠳᠦᠨ ᠠᠭᠤᠯᠵᠠᠭᠠᠳ᠄ 
       — ᠵᠠ ᠮᠠᠷᠭᠠᠰᠢ ᠣᠷᠣᠢ᠃ ᠣᠳᠣ ᠬᠣᠶᠠᠭᠤᠯᠠ ᠡᠷᠭᠢᠵᠦ ᠪᠤᠴᠠᠬᠤ ᠦᠭᠡᠢ ᠰᠢᠦ ᠭᠡᠳ《ᠴᠥᠬᠥ》 ᠭᠡᠵᠦ ᠬᠣᠶᠠᠷ ᠲᠡᠰᠢ ᠳᠠᠪᠬᠢᠨ ᠣᠳᠪᠠ᠃ ᠪᠣᠭᠣᠷᠴᠢ ᠳ᠋ᠤ᠌ ᠭᠣᠶᠣ ᠰᠢᠭ᠋᠂ ᠪᠦᠬᠦᠨ ᠢ᠋ ᠡᠵᠡᠩᠨᠡᠭᠡᠳ ᠠᠪᠴᠢᠬᠠᠭᠰᠠᠨ ᠴᠦ᠍ ᠶᠤᠮ ᠰᠢᠭ᠋!