ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠨᠢᠭᠡ> Хүлэг баатар буурч - Б. Өлзийсүрэн <Тэргүүн бүлэг-1> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠨᠢᠭᠡ> Хүлэг баатар буурч - Б. Өлзийсүрэн <Тэргүүн бүлэг-1>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠲᠡᠷᠢᠭᠦᠨ ᠪᠦᠯᠦᠭ - ᠨᠢᠭᠡ> Хүлэг баатар буурч - Б. Өлзийсүрэн <Тэргүүн бүлэг-1>

ᠠᠩᠭᠢᠯᠠᠯ:ᠲᠤᠭᠤᠵᠢ ᠷᠣᠮᠠᠨ
2026-02-21

150

ᠬᠣᠷᠸ᠎ᠠ ᠲᠠᠢ ᠤᠴᠠᠷᠠᠨ ᠲᠠᠨᠢᠯᠴᠠᠵᠤ ᠪᠠᠶᠠᠷ ᠭᠤᠨᠢᠭ ᠠᠮᠰᠠᠭᠰᠠᠨ ᠲᠡᠷᠢᠭᠦᠨ ᠪᠦᠯᠦᠭ

ᠨᠢᠭᠡ᠂ ᠠᠶᠠᠨ ᠤ᠋ ᠴᠠᠢ ᠠᠭᠠᠭ ᠲᠠᠢ ᠬᠡᠭᠡᠷ᠎ᠡ ᠶ᠋ᠢᠨ ᠬᠣᠭᠣᠯᠠ ᠰᠢᠮ᠎ᠡ ᠲᠡᠢ

   
       ᠬᠦᠷᠳᠦᠨ ᠭᠤᠷᠪᠠᠨ ᠪᠦᠷᠢᠳᠦ ᠡᠴᠡ ᠨᠢᠭᠡ ᠵᠠᠭᠤᠨ ᠲᠠᠪᠢ ᠬᠢᠷᠢ ᠶ᠋ᠢᠨ ᠮᠣᠳᠣ ᠭᠠᠵᠠᠷ ᠬᠡᠷᠦᠯᠦᠨ ᠮᠥᠷᠡᠨ ᠢ᠋ ᠭᠡᠲᠦᠯᠵᠦ ᠭᠤᠷᠪᠠᠨ ᠲᠠᠷᠭᠤᠨ ᠠᠭᠤᠯᠠ ᠶ᠋ᠢ ᠠᠷᠤᠯᠠᠨ ᠥᠩᠭᠡᠷᠡᠭᠡᠳ ᠰᠢᠨ᠎ᠡ ᠢᠰᠡᠭᠡᠢ ᠪᠡᠷ ᠪᠦᠷᠢᠭᠰᠡᠨ ᠪᠡᠰᠡᠷᠡᠭᠬᠡᠨ ᠭᠡᠷ ᠢ᠋ᠶ᠋ᠡᠨ ᠪᠠᠷᠢᠵᠤ ᠨᠤᠲᠤᠭ ᠰᠠᠭᠤᠷᠢᠰᠢᠬᠤ ᠪᠢᠴᠢᠬᠠᠨ ᠨᠡᠭᠦᠳᠡᠯ ᠪᠠᠭᠤᠪᠠ᠃ ᠠᠷᠤᠯᠠᠳ ᠤ᠋ᠨ ᠨᠠᠬᠤ ᠪᠠᠶᠠᠨ ᠬᠡᠮᠡᠭᠴᠢ ᠨᠢ ᠬᠥᠪᠡᠭᠦᠨ ᠪᠣᠭᠤᠷᠴᠢ ᠶ᠋ᠢ ᠳᠠᠭᠠᠭᠤᠯᠤᠨ ᠮᠣᠷᠢᠨ ᠤ᠋ ᠬᠣᠶᠠᠷ ᠬᠡᠦᠬᠡᠳ ᠲᠡᠢ ᠳᠥᠷᠪᠡᠨ ᠠᠮᠠ ᠪᠦᠯᠢ ᠪᠡᠷ ᠶᠠᠪᠤᠭ᠎ᠠ ᠨᠢ ᠡᠨᠡ ᠠᠵᠠᠢ᠃  
       ᠲᠡᠳᠡ ᠬᠠᠨ᠎ᠠ ᠪᠠᠨ ᠳᠤᠭᠤᠢᠯᠠᠵᠤ ᠭᠡᠷ ᠢ᠋ᠶ᠋ᠡᠨ ᠪᠠᠷᠢᠬᠤ ᠵᠠᠭᠤᠷ᠎ᠠ ᠡᠨᠡ ᠲᠡᠷᠡ ᠶ᠋ᠢ ᠬᠥᠭᠵᠢᠯᠳᠦᠨ ᠶᠠᠷᠢᠵᠤ᠂ ᠲᠡᠷᠲᠡᠭᠡ ᠪᠠᠷᠠᠭᠤᠨ ᠲᠩᠷᠢ ᠶ᠋ᠢᠨ ᠬᠠᠶᠠᠭᠠᠨ᠎ᠠ ᠴᠡᠩᠬᠡᠷᠯᠡᠬᠦ ᠤᠨᠢᠶᠠᠷ ᠳᠤᠮᠳᠠ ᠪᠦᠲᠡᠢᠨ ᠪᠠᠢᠭ᠎ᠠ ᠭᠦᠪᠳᠦᠷᠦᠦ ᠲᠡᠳᠦᠢ ᠦᠵᠡᠭᠳᠡᠨ ᠪᠣᠢ ᠳᠦᠷᠰᠦ ᠶ᠋ᠢ ᠵᠢᠭᠠᠵᠤ᠄ 
       — ᠲᠡᠷᠡ ᠪᠣᠯ ᠲᠣᠭᠣᠨᠣ ᠠᠭᠤᠯᠠ᠂ ᠮᠣᠩᠭᠣᠯ ᠤᠭᠰᠠᠭᠠᠲᠠᠨ ᠤ᠋ ᠲᠥᠪ ᠨᠤᠲᠤᠭ ᠲᠡᠨᠳᠡ ᠡᠴᠡ ᠡᠬᠢᠯᠡᠳᠡᠭ ᠭᠡᠯᠴᠡᠳᠡᠭ᠃ ᠲᠡᠭᠡᠭᠡᠳ ᠴᠦ᠍ 《ᠲᠣᠭᠣᠨᠣ》 ᠭᠡᠰᠡᠨ ᠪᠠᠢᠬ᠎ᠠ ᠭᠡᠵᠦ ᠨᠠᠬᠤ ᠠᠪᠤ ᠥᠭᠦᠯᠡᠭᠡᠳ᠄ 
       — ᠲᠦᠮᠡᠨ ᠲᠥᠪᠬᠡᠨ ᠦ᠌ ᠨᠠᠭᠠᠳᠤᠮ ᠲᠤᠯᠤᠭᠠᠳ ᠢᠷᠡᠬᠦ ᠴᠢᠴᠠᠤ ᠳᠠᠰᠢ ᠨᠡᠭᠦᠵᠦ ᠲᠡᠷᠡ ᠬᠠᠢᠷᠬᠠᠨ ᠠᠭᠤᠯᠠ ᠶ᠋ᠢ ᠨᠠᠷᠠ ᠵᠥᠪ ᠲᠣᠭᠣᠷᠢᠵᠤ ᠬᠣᠨᠣᠭᠠᠳ ᠮᠣᠷᠢᠳ ᠢ᠋ᠶ᠋ᠠᠨ ᠣᠷᠣᠯᠳᠣᠨ᠎ᠠ ᠳᠠ ᠭᠡᠯ᠎ᠡ᠃  
       — ᠴᠠᠭᠠᠨ᠎ᠠ ᠨᠢ ᠶᠠᠮᠠᠷ ᠤᠯᠤᠰ ᠪᠠᠢᠳᠠᠭ ᠪᠣᠯ? ᠭᠡᠵᠦ ᠪᠣᠭᠤᠷᠴᠢ ᠡᠴᠢᠭᠡ ᠡᠴᠡ ᠪᠡᠨ ᠰᠣᠨᠢᠭᠤᠴᠢᠷᠬᠠᠨ ᠠᠰᠠᠭᠤᠬᠤ ᠳ᠋ᠤ᠌᠄ 
       — ᠵᠦᠷᠬᠢᠨ ᠦ᠌ ᠬᠢᠨ ᠭᠡᠵᠦ ᠨᠡᠯᠢᠶᠡᠳ ᠬᠥᠭᠡᠷᠦᠦ ᠰᠥᠰᠥᠲᠡᠢ ᠤᠯᠤᠰ ᠪᠠᠢᠳᠠᠭ ᠭᠡᠯᠴᠡᠳᠡᠭ᠃ ᠲᠡᠳᠡ ᠴᠦ᠍ ᠡᠳᠡᠨ ᠦ᠌ ᠨᠠᠭᠠᠳᠤᠮ ᠳ᠋ᠤ᠌ ᠢᠷᠡᠵᠦ ᠮᠣᠷᠢ ᠤᠷᠤᠯᠳᠤᠵᠤ ᠯᠠ ᠲᠠᠭᠠᠷᠠᠨ᠎ᠠ ᠭᠡᠯ᠎ᠡ᠃ 
       ᠲᠤᠯᠤᠮ ᠳ᠋ᠤ᠌ ᠬᠠᠳᠠᠭᠠᠯᠠᠭᠰᠠᠨ ᠤᠰᠤ᠂ ᠥᠷᠯᠥᠭᠡ ᠠᠢᠯ ᠠ᠋ᠴᠠ ᠠᠪᠤᠭᠰᠠᠨ ᠰᠦ ᠪᠡᠷ ᠢ᠋ᠶ᠋ᠡᠨ ᠴᠠᠢ ᠴᠢᠨᠠᠵᠤ᠂ ᠲᠠᠷᠭᠤᠨ ᠠᠭᠤᠯᠠ᠂ ᠬᠡᠷᠦᠯᠦᠨ ᠮᠥᠷᠡᠨ ᠳ᠋ᠡᠭᠡᠨ ᠵᠠᠯᠪᠠᠷᠢᠨ ᠡᠷᠭᠦᠭᠡᠳ ᠴᠠᠢ ᠳ᠋ᠠᠭᠠᠨ ᠱᠤᠤᠵᠠ ᠬᠢᠵᠦ ᠬᠣᠭᠣᠯᠠ ᠴᠢᠭ᠂ ᠴᠠᠢ ᠴᠢᠭ ᠪᠣᠯᠭᠠᠨ ᠲᠡᠳᠡ ᠣᠭᠣᠴᠢᠯᠠᠬᠤ ᠵᠠᠭᠤᠷ᠎ᠠ ᠡᠴᠢᠭᠡ ᠠᠶᠠᠨ ᠤ᠋ ᠬᠣᠯᠪᠣᠭ᠎ᠠ ᠪᠠᠨ ᠠᠭᠤᠳᠠᠯᠵᠤ ᠬᠡᠦᠬᠡᠳ ᠦ᠋ᠳ ᠲᠡᠭᠡᠨ ᠨᠠᠨᠵᠢᠩ ᠴᠢᠪᠠᠭ᠎ᠠ ᠲᠡᠷᠢᠭᠦᠲᠡᠨ ᠠᠮᠲᠠᠲᠠᠨ ᠢ᠋ ᠥᠭᠴᠦ᠂ ᠥᠪᠡᠷ ᠢ᠋ᠶ᠋ᠡᠨ ᠬᠠᠲᠠᠭᠤ ᠬᠠᠷ᠎ᠠ ᠠᠷᠠᠵᠠ ᠵᠠᠳᠠᠯᠤᠨ ᠠᠭᠤᠯᠠ ᠤᠰᠤ ᠨᠠᠷᠠᠯᠠᠨ ᠢᠨᠴᠠᠳᠠᠵᠤ ᠪᠠᠯᠭᠤᠭᠠᠳ ᠯᠣᠩᠬᠣ ᠲᠠᠢ ᠪᠠᠨ ᠳᠠᠯᠳᠠ ᠬᠢᠬᠦ ᠵᠠᠭᠤᠷ᠎ᠠ᠄ 
       — ᠵᠠ ᠬᠡᠦᠬᠡᠳ᠂ ᠥᠨᠥᠳᠥᠷ ᠢᠩᠭᠢᠭᠡᠳ ᠥᠨᠵᠢᠶ᠎ᠡ᠂ ᠮᠠᠷᠭᠠᠰᠢ ᠥᠷᠯᠥᠭᠡ ᠬᠡᠳᠦᠨ ᠤᠨᠠᠭ᠎ᠠ ᠪᠠᠨ ᠵᠡᠯᠡᠯᠡᠵᠦ᠁ ᠨᠢᠭᠡ ᠬᠤᠰᠠᠷᠠᠩ ᠲᠠᠢ ᠳᠣᠯᠣᠭᠠᠨ ᠭᠡᠭᠦᠦ ᠶ᠋ᠢᠨ ᠰᠠᠭᠠᠮ᠎ᠠ ᠪᠢᠳᠡ ᠳᠥᠷᠪᠡ ᠳ᠋ᠦ᠍ ᠨᠢᠭᠡ ᠥᠨᠵᠢᠵᠦ ᠰᠠᠭᠠᠬᠤ ᠳ᠋ᠤ᠌ ᠬᠦᠷᠬᠦ ᠪᠠᠢᠬ᠎ᠠ᠃ ᠲᠡᠭᠡᠬᠦᠯᠡᠷ ᠨᠢᠭᠡ ᠥᠨᠵᠢᠵᠦ ᠤᠨᠠᠭ᠎ᠠ ᠪᠠᠨ ᠤᠶᠠᠨ᠎ᠠ ᠪᠢᠵᠡ ᠭᠡᠯ᠎ᠡ᠃  
       — ᠮᠣᠷᠢᠳ ᠢ᠋ᠶ᠋ᠠᠨ ᠶᠠᠭᠠᠬᠢᠬᠤ ᠪᠣᠢ? ᠭᠡᠵᠦ ᠪᠣᠭᠣᠷᠴᠢ ᠶ᠋ᠢ ᠠᠰᠠᠭᠤᠬᠤ ᠳ᠋ᠤ᠌᠄ 
       — ᠨᠥᠭᠥᠭᠡᠳᠦᠷ ᠶᠡᠬᠡ ᠪᠡᠯᠭᠡ ᠲᠡᠢ ᠰᠠᠢᠨ ᠡᠳᠦᠷ᠁ ᠲᠡᠷᠡ ᠡᠳᠦᠷ ᠯᠡ ᠤᠶᠠᠨ᠎ᠠ ᠳᠠ᠃ ᠲᠡᠳᠡ᠄ 
       — ᠵᠠ᠂ ᠵᠠ ᠭᠡᠬᠦ ᠡᠴᠡ ᠥᠭᠡᠷ᠎ᠡ ᠶᠠᠭᠤ ᠬᠡᠯᠡᠬᠦ ᠪᠣᠢ? ᠡᠴᠢᠭᠡ ᠦᠭᠡ ᠪᠡᠨ ᠦᠷᠭᠦᠯᠵᠢᠯᠡᠭᠦᠯᠦᠨ᠄  
       — ᠵᠠ ᠪᠠᠢᠵᠠ᠂ ᠪᠢ ᠮᠣᠷᠳᠠᠭᠠᠳ ᠡᠨᠡ ᠣᠢᠷ᠎ᠠ ᠬᠠᠪᠢ ᠶ᠋ᠢ ᠵᠢᠭᠠᠬᠠᠨ ᠲᠠᠩᠳᠠᠭᠠᠳ(ᠳᠠᠩᠨᠠᠭᠠᠳ᠂ ᠮᠡᠳᠡᠭᠡᠳ) ᠢᠷᠡᠶ᠎ᠡ᠃ ᠶᠠᠮᠠᠷ ᠠᠢᠯ ᠰᠠᠭᠠᠬᠠᠯᠲᠠ ᠤ᠋ᠳ ᠪᠠᠢᠨ᠎ᠠ ᠪᠣᠢ? ᠠᠷᠠᠯᠵᠢᠶ᠎ᠠ ᠮᠠᠢᠮᠠᠢ ᠶᠠᠭᠤ ᠪᠠᠢᠨ᠎ᠠ ᠭᠡᠳ ᠲᠡᠷᠡ ᠪᠡᠷ ᠵᠢᠭᠠᠬᠠᠨ ᠪᠣᠳᠣᠯᠭᠠᠰᠢᠷᠠᠭᠰᠠᠨ ᠢ᠋ᠶ᠋ᠠᠨ᠄ 
       — ᠪᠢᠳᠡ ᠪᠤᠴᠠᠬᠤ ᠳ᠋ᠠᠭᠠᠨ ᠠᠴᠢᠶ᠎ᠠ ᠪᠠᠨ ᠬᠥᠩᠭᠡᠯᠡᠨ᠎ᠡ᠃ ᠬᠣᠶᠠᠷ ᠲᠡᠷᠭᠡ ᠪᠡᠨ᠂ ᠭᠡᠷ ᠢ᠋ᠶ᠋ᠡᠨ ᠵᠠᠷᠤᠴᠢᠬᠠᠨ᠎ᠠ ᠰᠢᠦ ᠳᠡ᠃ ᠶᠠᠭᠠᠬᠢᠵᠤ ᠰᠢᠦ ᠥᠭᠴᠦ ᠪᠣᠯᠤᠮᠠᠷ ᠪᠠᠢᠨ᠎ᠠ ᠭᠡᠳᠡᠭ ᠢ᠋ ᠪᠠᠭᠴᠠᠭ᠎ᠠ ᠠᠪᠤᠶ᠎ᠠ᠃ ᠮᠣᠳᠣ ᠬᠣᠪᠣᠷ ᠲᠠᠢ ᠭᠠᠵᠠᠷ ᠠᠪᠴᠤ ᠯᠠ ᠲᠠᠭᠠᠷᠠᠨ᠎ᠠ ᠭᠡᠬᠦ ᠳ᠋ᠦ᠍ ᠪᠣᠭᠤᠷᠴᠢ ᠠᠪᠤ ᠶ᠋ᠢ ᠪᠡᠨ ᠴᠠᠭᠠᠰᠢᠯᠠᠭᠤᠯᠵᠤ᠄  
       — ᠬᠣᠶᠠᠷ ᠲᠡᠮᠡᠭᠡ᠂ ᠮᠣᠷᠢᠳ᠂ ᠠᠳᠤᠭᠤ ᠪᠠᠨ ᠶᠠᠭᠠᠬᠢᠬᠤ ᠪᠣᠢ? 
       — ᠵᠠᠷᠤᠴᠢᠬᠠᠨ᠎ᠠ᠂ ᠶᠠᠭᠠᠬᠢᠬᠤ ᠪᠣᠢ ᠳᠠ᠃ ᠬᠤᠷᠳᠤ ᠰᠠᠢᠲᠠᠢ ᠭᠠᠵᠠᠷ ᠠ᠋ᠴᠠ ᠬᠥᠯ ᠴᠢᠩᠭᠠᠲᠠᠢ ᠦᠷᠢᠶ᠎ᠡ ᠠᠪᠠᠴᠢᠵᠤ ᠠᠵᠢᠷᠭ᠎ᠠ ᠲᠠᠯᠪᠢᠬᠤ ᠰᠠᠨᠠᠭ᠎ᠠ ᠪᠠᠢᠨ᠎ᠠ᠃ ᠦᠵᠡᠵᠦ ᠠᠯᠳᠠᠨ᠎ᠠ ᠳᠠ᠃ ᠲᠡᠭᠦᠨ ᠳ᠋ᠦ᠍ ᠯᠡ ᠬᠠᠮᠤᠭ ᠢ᠋ᠶ᠋ᠠᠨ ᠶᠡᠭᠦᠯᠡᠴᠢᠬᠡᠳᠡᠭ ᠪᠣᠯᠪᠠ ᠤᠤ ᠭᠡᠳ ᠰᠠᠷᠪᠠᠯᠵᠠᠲᠠᠯ᠎ᠠ ᠠᠯᠬᠤᠭᠠᠳ ᠭᠠᠷᠴᠤ ᠶᠠᠪᠤᠭᠰᠠᠨ ᠢ᠋ᠶ᠋ᠠᠨ᠄  
       — ᠬᠣᠶᠠᠷ ᠲᠡᠮᠡᠭᠡ ᠪᠡᠨ ᠰᠠᠯᠬᠢᠳᠠᠭᠤᠯᠴᠢᠬᠠᠪᠠ! ᠭᠡᠪᠡ᠃