ᠰᠢᠨ᠎ᠡ ᠶ᠋ᠢᠨ ᠳᠤᠷᠠᠰᠤᠮᠵᠢ-ᠨᠠ᠂ ᠬᠥᠬᠡᠰᠢᠭᠤᠢShiniin dursamj-Na,KhiishuguiШинийн дурсамж-На,Хийшугуй

ᠰᠢᠨ᠎ᠡ ᠶ᠋ᠢᠨ ᠳᠤᠷᠠᠰᠤᠮᠵᠢ
ᠨᠠ᠂ ᠬᠥᠬᠡᠰᠢᠭᠤᠢ
ᠰᠢᠨᠠᠯᠠᠨ᠎ᠠ ᠭᠡᠵᠦ ᠮᠠᠨ ᠤ᠋ ᠪᠠᠭ᠎ᠠ ᠨᠠᠰᠤᠨ ᠳ᠋ᠤ᠌ ᠬᠠᠮᠤᠭ ᠤ᠋ᠨ ᠪᠠᠶᠠᠷ ᠲᠠᠢ᠂ ᠲᠤᠢᠯ ᠤ᠋ᠨ ᠵᠢᠷᠭᠠᠯ ᠲᠠᠢ᠂ ᠶᠡᠬᠡᠬᠡᠨ ᠮᠥᠷᠥᠭᠡᠳᠦᠯ ᠳᠤᠷᠠᠰᠤᠯ ᠲᠠᠢ ᠡᠳᠦᠷ ᠬᠣᠨᠣᠭ ᠪᠠᠢᠵᠤ ᠪᠢᠯᠡ᠃
ᠮᠢᠨᠦ ᠲᠥᠷᠥᠭᠰᠡᠨ ᠨᠤᠲᠤᠭ ᠶᠠᠭᠷᠠᠢ ᠣᠢ ᠰᠢᠭᠤᠢ ᠶ᠋ᠢᠨ ᠲᠠᠯᠠᠪᠠᠢ ᠭᠡᠵᠦ ᠬᠣᠷᠢᠭᠠᠳ ᠡᠷᠦᠬᠡ ᠲᠡᠢ ᠬᠠᠶᠠᠭ᠎ᠠ ᠬᠠᠶᠠᠭ᠎ᠠ ᠪᠠᠨ ᠨᠡᠢᠯᠡᠵᠦ ᠰᠠᠭᠤᠭᠰᠠᠨ ᠡᠯᠢᠭᠡ ᠨᠢᠭᠡᠲᠡᠢ ᠬᠣᠲᠣᠭᠣᠷ ᠤ᠋ᠨ ᠠᠢᠯ ᠪᠢᠯᠡ᠃ ᠳᠠᠭᠤᠴᠢᠨ ᠲᠡᠭᠷᠢ ᠶ᠋ᠢᠨ ᠳᠠᠭᠤᠨ ᠳ᠋ᠤ᠌ 《ᠲᠡᠷᠡ ᠦᠶ᠎ᠡ ᠶ᠋ᠢᠨ ᠬᠥᠮᠦᠨ ᠴᠥᠭᠡᠨ᠂ ᠲᠡᠷᠡ ᠦᠶ᠎ᠡ ᠶ᠋ᠢᠨ ᠬᠥᠮᠦᠨ ᠳᠣᠲᠣᠨᠣ 》ᠭᠡᠳᠡᠭ ᠢ᠋ᠶ᠋ᠡᠷ ᠮᠠᠨ ᠤ᠋ ᠠᠢᠯ ᠤ᠋ᠨ ᠬᠥᠮᠦᠰ ᠬᠡᠨ ᠠᠯᠢᠨ ᠳ᠋ᠠᠭᠠᠨ ᠮᠠᠰᠢ ᠡᠯᠢᠭᠡᠰᠡᠭ᠂ ᠬᠣᠭᠣᠷᠣ ᠬᠣᠭᠣᠷᠣᠨᠳᠣ ᠪᠠᠨ ᠲᠤᠩ ᠡᠶ᠎ᠡ ᠨᠠᠢᠷᠲᠠᠢ ᠶᠠᠪᠤᠯᠴᠠᠳᠠᠭ ᠢ᠋ ᠨᠢ ᠣᠳᠣ ᠡᠷᠭᠢᠴᠡᠭᠦᠯᠬᠦ ᠳ᠋ᠦ᠍ ᠴᠦ᠍ ᠰᠡᠳᠬᠢᠯ ᠳ᠋ᠦ᠍ ᠮᠠᠰᠢ ᠲᠠᠭᠠᠯᠠᠮᠵᠢᠲᠠᠢ ᠰᠠᠨᠠᠭᠳᠠᠨ᠎ᠠ᠃
ᠵᠢᠷᠠᠭᠠᠳ ᠣᠨ ᠤ᠋ ᠲᠥᠯ ᠪᠣᠯᠤᠭᠰᠠᠨ ᠪᠣᠯᠬᠣᠷ ᠮᠠᠨ ᠤ᠋ ᠲᠤᠬᠠᠢ ᠶ᠋ᠢᠨ ᠦᠶ᠎ᠡ ᠶ᠋ᠢᠨ ᠠᠮᠢᠳᠤᠷᠠᠯ ᠲᠡᠢᠮᠦ ᠪᠠᠶᠠᠯᠢᠭ ᠪᠢᠰᠢ᠃ ᠶᠠᠭᠤᠮ᠎ᠠ ᠪᠦᠬᠦᠨ ᠢ᠋ ᠪᠦᠷ ᠬᠡᠮᠵᠢᠶ᠎ᠡ ᠲᠡᠢ ᠬᠠᠩᠭᠠᠵᠤ ᠪᠠᠢᠭᠰᠠᠨ ᠴᠠᠭ ᠲᠤᠯᠠ ᠨᠦᠬᠡᠴᠢᠯᠡᠮᠡᠷ ᠪᠠᠷᠠᠭ᠎ᠠ᠂ ᠬᠠᠳᠠᠭᠠᠯᠠᠮᠠᠷ ᠪᠣᠳᠠᠰ ᠭᠡᠵᠦ ᠪᠠᠷᠤᠭ ᠪᠠᠢᠬᠤ ᠦᠭᠡᠢ᠃ ᠰᠢᠨᠠᠯᠠᠨ᠎ᠠ ᠯᠠ ᠭᠡᠪᠡᠯ ᠰᠠᠶᠢ ᠬᠡᠳᠦᠨ ᠵᠢᠩ ᠴᠠᠭᠠᠨ ᠭᠤᠯᠢᠷ᠂ ᠬᠡᠳᠦᠨ ᠵᠢᠩ ᠲᠤᠲᠤᠷᠭ᠎ᠠ᠂ ᠬᠡᠳᠦᠨ ᠵᠢᠩ ᠲᠣᠰᠣ ᠣᠯᠵᠤ ᠬᠤᠪᠢᠶᠠᠨ᠎ᠠ ᠭᠡᠳᠡᠭ ᠢ᠋ ᠣᠳᠣ ᠬᠡᠯᠡᠬᠦ ᠳ᠋ᠦ᠍ ᠢᠲᠡᠭᠡᠮᠡᠷ ᠦᠭᠡᠢ ᠪᠣᠯᠪᠠᠴᠤ ᠪᠢᠳᠡ ᠶᠠᠭ ᠲᠡᠢᠮᠦ ᠴᠠᠭ ᠦᠶ᠎ᠡ ᠶ᠋ᠢ ᠪᠡᠶ᠎ᠡ ᠪᠡᠷ ᠢ᠋ᠶ᠋ᠡᠨ ᠥᠩᠭᠡᠷᠡᠭᠦᠯᠵᠦ ᠢᠷᠡᠭᠰᠡᠨ ᠶᠦ᠍ᠮ᠃
ᠬᠥᠬᠡᠭᠡ ᠰᠠᠷ᠎ᠠ ᠣᠷᠣᠭᠰᠠᠭᠠᠷ ᠭᠡᠷ ᠪᠣᠯᠭᠠᠨ ᠪᠣᠷᠳᠣᠭᠠᠨ ᠭᠠᠬᠠᠢ ᠪᠠᠨ ᠠᠯᠠᠵᠤ᠂ ᠰᠢᠨ᠎ᠡ ᠶ᠋ᠢᠨ ᠮᠢᠬ᠎ᠠ ᠪᠠᠨ ᠪᠡᠯᠡᠳᠬᠡᠳᠡᠭ᠃ ᠮᠠᠨ ᠤ᠋ ᠪᠠᠭ᠎ᠠ ᠨᠠᠰᠤᠨ ᠳ᠋ᠤ᠌ ᠬᠤᠸᠠᠷ ᠫᠤᠤᠵᠢᠩ ᠭᠡᠰᠡᠨ ᠶᠠᠭᠤᠮ᠎ᠠ ᠪᠠᠢᠭᠰᠠᠨ ᠡᠰᠡᠬᠦ ᠶ᠋ᠢ ᠮᠡᠳᠡᠬᠦ ᠦᠭᠡᠢ᠃ ᠨᠢᠭᠡ ᠬᠣᠶᠠᠷ ᠬᠡᠯᠬᠢᠶ᠎ᠡ ᠪᠢᠶᠠᠨ ᠫᠤᠤᠵᠢᠩ ᠣᠯᠵᠤ ᠲᠠᠯᠪᠢᠬᠤ ᠴᠢᠨᠢ ᠬᠦᠰᠡᠭᠡᠳ ᠣᠯᠳᠠᠬᠤ ᠦᠭᠡᠢ ᠪᠠᠶᠠᠷᠲᠤ ᠶᠠᠪᠤᠳᠠᠯ ᠭᠡᠵᠦ ᠮᠡᠳᠡ᠃ ᠪᠠᠭ᠎ᠠ ᠳ᠋ᠠᠭᠠᠨ ᠪᠢᠳᠡ ᠭᠠᠬᠠᠢ ᠶ᠋ᠢᠨ ᠵᠣᠭᠳᠣᠷ ᠢ᠋ᠶ᠋ᠠᠨ ᠴᠤᠭᠯᠠᠭᠤᠯᠵᠤ᠂ ᠬᠠᠩᠭᠠᠯᠭ᠎ᠠ ᠶ᠋ᠢᠨ ᠬᠣᠷᠰᠢᠶᠠᠨ ᠳ᠋ᠤ᠌ ᠣᠴᠢᠵᠤ ᠵᠣᠭᠣᠰ ᠪᠣᠯᠭᠠᠭᠠᠳ ᠫᠤᠤᠵᠢᠩ ᠬᠤᠳᠠᠯᠳᠤᠨ ᠠᠪᠳᠠᠭ ᠪᠠᠢᠭᠰᠠᠨ ᠶᠤᠮ᠃ ᠰᠤᠷ ᠨᠢ ᠬᠡᠳᠦᠢ ᠥᠨᠳᠥᠷ᠂ ᠥᠩᠭᠡ ᠨᠢ ᠬᠡᠳᠦᠢ ᠭᠢᠯᠠᠭᠠᠷ ᠪᠣᠯ ᠲᠡᠳᠦᠢ ᠵᠣᠭᠣᠰ ᠬᠦᠷᠳᠡᠭ᠃ ᠴᠠᠭᠠᠨ ᠭᠠᠬᠠᠢ ᠶ᠋ᠢᠨ ᠵᠣᠭᠳᠣᠷ ᠨᠢ ᠬᠠᠷ᠎ᠠ ᠭᠠᠬᠠᠢ ᠶ᠋ᠢᠨ ᠵᠣᠭᠳᠣᠷ ᠤ᠋ᠨ ᠵᠡᠷᠭᠡ ᠦᠨ᠎ᠡ ᠳ᠋ᠦ᠍ ᠬᠦᠷᠳᠡᠭ ᠦᠭᠡᠢ᠃ ᠳᠡᠭᠡᠭᠰᠢ ᠲᠡᠢᠷᠬᠦ ᠬᠣᠶᠠᠷ ᠳᠤᠤᠭᠠᠷᠬᠤ ᠫᠤᠤᠵᠢᠩ ᠢ᠋ ᠬᠡᠳᠦ ᠶ᠋ᠢ ᠣᠯᠤᠭᠠᠳ ᠠᠪᠤᠪᠠᠯ ᠬᠥᠯ ᠭᠠᠵᠠᠷ ᠬᠦᠷᠬᠦ ᠦᠭᠡᠢ ᠪᠠᠶᠠᠷᠯᠠᠳᠠᠭ ᠰᠠᠨ᠃
ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠪᠣᠯᠤᠭᠰᠠᠭᠠᠷ ᠪᠢᠳᠡ ᠦᠶ᠎ᠡ ᠬᠤᠷᠠᠭ ᠢ᠋ᠶ᠋ᠠᠷ ᠢ᠋ᠶ᠋ᠠᠨ ᠨᠡᠢᠯᠡᠵᠦ᠂ ᠡᠷᠦᠬᠡ ᠳᠠᠷᠠᠭᠠᠯᠠᠨ ᠠᠢᠯ ᠤ᠋ᠨ ᠨᠠᠰᠤᠲᠠᠳ ᠲᠠᠭᠠᠨ ᠰᠢᠨ᠎ᠡ ᠶ᠋ᠢᠨ ᠵᠣᠯᠭᠠᠯᠲᠠ ᠬᠢᠵᠦ ᠶᠠᠪᠤᠳᠠᠭ᠃ ᠠᠢᠯ ᠤ᠋ᠨ ᠡᠪᠦᠭᠡ ᠡᠮᠡᠭᠡ ᠨᠠᠷ ᠤ᠋ᠨ ᠢᠷᠦᠭᠡᠯ ᠢ᠋ ᠰᠣᠨᠣᠰᠴᠤ᠂ ᠠᠮᠲᠠᠲᠠᠢ ᠰᠢᠬᠢᠷ ᠢ᠋ ᠨᠢ ᠣᠯᠵᠤ ᠬᠦᠷᠲᠡᠬᠦ ᠨᠢ ᠮᠠᠨ ᠤ᠋ ᠪᠠᠭ᠎ᠠ ᠨᠠᠰᠤᠨ ᠤ᠋ ᠪᠠᠯ ᠪᠤᠷᠠᠮ ᠮᠡᠲᠦ ᠠᠮᠢᠳᠤᠷᠠᠯ ᠪᠠᠢᠵᠠᠢ᠃ ᠲᠤᠬᠠᠢ ᠶ᠋ᠢᠨ ᠦᠶ᠎ᠡ ᠶ᠋ᠢᠨ ᠠᠢᠯ ᠤ᠋ᠨ ᠠᠬᠠᠮᠠᠳ ᠶᠠᠭᠠᠬᠢᠭᠰᠠᠨ ᠲᠡᠭᠡᠵᠦ ᠰᠠᠢᠬᠠᠨ ᠢᠷᠥᠭᠡᠳᠡᠭ ᠢ᠋ ᠮᠡᠳᠡᠬᠦ ᠦᠭᠡᠢ᠃ 《ᠨᠠᠷᠠᠨ ᠳ᠋ᠤ᠌ ᠠᠳᠠᠯᠢ ᠰᠠᠴᠤᠷᠠᠵᠤ ᠶᠠᠪᠤ᠂ ᠨᠠᠮᠠᠭᠠᠨ ᠳ᠋ᠤ᠌ ᠠᠳᠠᠯᠢ ᠳᠡᠯᠭᠡᠷᠡᠵᠦ ᠶᠠᠪᠤ 》ᠭᠡᠵᠦ ᠡᠬᠢᠯᠡᠭᠡᠳ ᠠᠪᠤᠪᠠᠯ ᠬᠡᠳᠦᠨ ᠮᠢᠨᠦ᠋ᠲ ᠢ᠋ᠶ᠋ᠡᠷ ᠢᠷᠦᠭᠡᠭᠡᠳ ᠵᠣᠭᠰᠣᠬᠤ ᠦᠭᠡᠢ᠃ ᠣᠳᠣ ᠪᠣᠳᠣᠪᠠᠯ ᠠᠢᠯ ᠤ᠋ᠨ ᠡᠪᠦᠭᠡ ᠡᠮᠡᠭᠡ ᠨᠠᠷ ᠤ᠋ᠨ ᠲᠡᠷᠡ ᠰᠠᠢᠬᠠᠨ ᠢᠷᠦᠭᠡᠯ ᠴᠢᠨᠢ ᠲᠡᠷᠡ ᠴᠢᠭ ᠢ᠋ᠶ᠋ᠡᠷ ᠢ᠋ᠶ᠋ᠡᠨ ᠪᠣᠳᠠᠰ ᠤ᠋ᠨ ᠪᠤᠰᠤ ᠰᠣᠶᠣᠯ ᠤ᠋ᠨ ᠥᠪ ᠪᠠᠢᠭᠰᠠᠨ ᠳᠠ᠃
ᠪᠠᠭ᠎ᠠ ᠨᠠᠰᠤᠨ ᠤ᠋ ᠰᠢᠨ᠎ᠡ ᠶ᠋ᠢᠨ ᠳᠤᠷᠠᠰᠤᠮᠵᠢ ᠳ᠋ᠤ᠌ ᠪᠠᠰᠠ ᠨᠢᠭᠡᠨ ᠲᠡᠮᠳᠡᠭᠯᠡᠭᠦᠰᠢᠲᠡᠢ ᠶᠠᠪᠤᠳᠠᠯ ᠭᠡᠪᠡᠯ ᠰᠢᠨ᠎ᠡ ᠱᠠᠬᠠᠢ ᠣᠯᠵᠤ ᠡᠮᠦᠰᠦᠨ᠎ᠡ ᠭᠡᠳ ᠡᠵᠢ ᠶ᠋ᠢ ᠪᠡᠨ ᠰᠢᠬᠠᠮᠳᠠᠭᠤᠯᠵᠤ ᠪᠠᠢᠭᠰᠠᠨ ᠶᠠᠪᠤᠳᠠᠯ ᠪᠣᠯᠤᠨ᠎ᠠ᠃ ᠰᠢᠨᠡᠯᠡᠬᠦ ᠪᠡᠯᠡᠳᠬᠡᠯ ᠳ᠋ᠦ᠍ ᠡᠭᠦᠷᠲᠦᠵᠦ ᠪᠠᠢᠭᠰᠠᠨ ᠡᠵᠢ ᠮᠢᠨᠢ ᠡᠭᠡᠴᠢ ᠳᠡᠭᠦᠦ ᠭᠤᠷᠪᠠᠭᠤᠯᠠ ᠳ᠋ᠤ᠌ ᠰᠢᠨ᠎ᠡ ᠱᠠᠬᠠᠢ ᠡᠮᠦᠰᠬᠡᠨᠡ ᠭᠡᠵᠦ ᠰᠥᠨᠢ ᠶ᠋ᠢᠨ ᠭᠦᠨ ᠪᠣᠯᠲᠠᠯ᠎ᠠ ᠲᠣᠰᠣᠨ ᠳ᠋ᠧᠩ ᠦ᠋ᠨ ᠳᠣᠣᠷ᠎ᠠ ᠤᠯᠠ ᠱᠠᠭᠯᠠᠵᠤ ᠰᠠᠭᠤᠳᠠᠭ ᠪᠠᠢᠭᠰᠠᠨ ᠨᠢ ᠣᠳᠣ ᠪᠣᠯᠲᠠᠯ᠎ᠠ ᠨᠢᠳᠦᠨ ᠳ᠋ᠦ᠍ ᠦᠵᠡᠭᠳᠡᠵᠦ ᠪᠠᠢᠮᠠᠷ ᠰᠠᠨᠠᠭᠳᠠᠨ᠎ᠠ᠃ ᠪᠢᠲᠡᠭᠦᠨ ᠰᠢᠨ᠎ᠡ ᠶ᠋ᠢᠨ ᠨᠢᠭᠡᠨ ᠦᠭᠡᠢ ᠡᠵᠢ ᠶ᠋ᠢ ᠪᠡᠨ ᠠᠮᠠᠷᠠᠭᠤᠯᠬᠤ ᠦᠭᠡᠢ ᠦᠢᠯᠡ ᠤᠲᠠᠰᠤᠨ ᠳ᠋ᠤ᠌ ᠶᠠᠭᠠᠷᠠᠭᠤᠯᠵᠤ ᠪᠠᠢᠭᠰᠠᠨ ᠮᠢᠨᠢ ᠴᠠᠭᠠᠨ ᠰᠠᠷ᠎ᠠ ᠳ᠋ᠠᠭᠠᠨ ᠰᠢᠨ᠎ᠡ ᠱᠠᠬᠠᠢ ᠣᠯᠵᠤ ᠡᠮᠦᠰᠦᠭᠡᠳ ᠠᠢᠯ ᠤ᠋ᠨ ᠬᠡᠦᠬᠡᠳ ᠲᠦ᠍ ᠭᠠᠢᠬᠠᠭᠤᠯᠬᠤ ᠭᠡᠰᠡᠨ ᠨᠡᠷᠡᠯᠬᠡᠭ ᠪᠣᠳᠣᠯ ᠴᠤ᠌ ᠪᠠᠢᠪᠠᠤ ᠳᠠ᠃ ᠰᠢᠨ᠎ᠡ ᠣᠶᠣᠭᠰᠠᠨ ᠱᠠᠬᠠᠢ ᠳ᠋ᠠᠭᠠᠨ ᠡᠵᠢ ᠮᠢᠨᠢ ᠨᠣᠢᠲᠠᠨ ᠬᠤᠮᠠᠭ ᠨᠦᠳᠦᠭᠡᠳ ᠬᠥᠯ ᠦ᠋ᠨ ᠬᠡᠪ ᠣᠷᠣᠭᠤᠯᠵᠤ ᠪᠠᠢᠭᠰᠠᠨ ᠨᠢ ᠥᠴᠥᠭᠡᠳᠦᠷ ᠰᠢᠭ ᠰᠠᠨᠠᠭᠳᠠᠪᠠᠴᠤ ᠥᠩᠭᠡᠷᠡᠭᠡᠳ ᠶᠠᠭ ᠬᠠᠭᠠᠰ ᠵᠠᠭᠤᠨ ᠪᠣᠯᠵᠤ ᠪᠠᠢᠨ᠎ᠠ ᠠ᠋᠃ 《ᠲᠡᠨᠦᠭᠦᠯ ᠬᠦᠦ ᠶ᠋ᠢᠨ ᠪᠡᠶ᠎ᠡ ᠳ᠋ᠦ᠍ ᠡᠮᠦᠰᠦᠭᠰᠡᠨ ᠬᠤᠪᠴᠠᠰᠤ᠂ ᠲᠡᠭᠷᠢ ᠡᠵᠢ ᠶ᠋ᠢᠨ ᠭᠠᠷ ᠳᠣᠣᠷᠠᠬᠢ ᠤᠲᠠᠰᠤ 》ᠭᠡᠰᠡᠨ ᠬᠢᠲᠠᠳ ᠰᠢᠯᠦᠭ ᠶᠠᠭᠠᠬᠢᠵᠤ ᠴᠤ᠌ ᠣᠯᠵᠤ ᠬᠡᠯᠡᠭᠰᠡᠨ ᠢ᠋ ᠮᠡᠳᠡᠬᠦ ᠦᠭᠡᠢ᠃
《ᠰᠢᠩᠭᠡᠯᠡᠭᠰᠡᠭᠡᠷ ᠰᠢᠩᠭᠡᠯᠡᠭᠰᠡᠭᠡᠷ ᠥᠳᠬᠡᠷᠡᠵᠦ᠂ ᠰᠢᠨᠡᠯᠡᠭᠰᠡᠭᠡᠷ ᠰᠢᠨᠡᠯᠡᠭᠰᠡᠭᠡᠷ ᠬᠠᠭᠤᠴᠢᠷᠠᠪᠠ》 ᠭᠡᠳᠡᠭ ᠢ᠋ᠶ᠋ᠡᠷ ᠨᠢᠭᠡ ᠮᠡᠳᠡᠬᠦ ᠳ᠋ᠦ᠍ ᠪᠢ ᠴᠢᠨᠢ ᠵᠠᠵᠢᠨ ᠦᠰᠦ ᠴᠠᠢᠭᠠᠳ ᠵᠠᠬ᠎ᠠ ᠶ᠋ᠢᠨ ᠠᠷᠠᠭ᠎ᠠ ᠰᠡᠢᠭᠡᠭᠰᠡᠨ ᠵᠢᠷᠠᠨ ᠨᠠᠰᠤ ᠲᠠᠢ ᠬᠤᠸᠠᠩᠯᠢ ᠪᠣᠯᠴᠢᠬᠠᠯ᠎ᠠ᠃ ᠣᠨ ᠵᠢᠯ ᠭᠡᠵᠦ ᠥᠪᠡᠷ ᠦ᠋ᠨ ᠵᠢᠮ᠎ᠡ ᠪᠡᠷ ᠢ᠋ᠶ᠋ᠡᠨ ᠤᠷᠤᠰᠤᠨ ᠣᠳᠤᠨ᠎ᠠ᠃ ᠡᠷᠭᠢᠴᠡᠭᠦᠯᠦᠯ ᠳᠤᠷᠠᠰᠤᠯ ᠭᠡᠵᠦ ᠥᠷᠥᠴᠡ ᠵᠢᠷᠦᠬᠡᠨ ᠳ᠋ᠦ᠍ ᠲᠤᠨᠤᠨ ᠦᠯᠡᠳᠡᠨ᠎ᠡ᠃
ᠴᠠᠭ ᠰᠢᠨᠡᠳᠴᠦ᠂ ᠨᠡᠢᠭᠡᠮ ᠬᠥᠭᠵᠢᠭᠡᠳ ᠴᠠᠭᠯᠠᠰᠢ ᠦᠭᠡᠢ ᠵᠢᠷᠭᠠᠯ ᠳ᠋ᠤ᠌ ᠪᠢᠳᠡ ᠮᠠᠷᠭᠤᠰᠢ ᠦᠭᠡᠢ ᠱᠤᠩᠪᠠᠵᠤ ᠪᠠᠢᠨ᠎ᠠ᠃ ᠭᠡᠲᠡᠯ᠎ᠡ ᠲᠠᠪᠢᠭᠠᠳ ᠵᠢᠯ ᠦ᠋ᠨ ᠡᠮᠦᠨᠡᠬᠢ ᠴᠠᠭᠠᠨ ᠰᠠᠷ᠎ᠠ ᠬᠣᠷᠢᠭᠠᠳ ᠡᠷᠦᠬᠡ ᠲᠡᠢ ᠬᠣᠲᠣᠭᠣᠷ ᠤ᠋ᠨ ᠠᠢᠯ ᠤ᠋ᠨ ᠰᠢᠨ᠎ᠡ ᠵᠢᠯ ᠶᠠᠭᠠᠬᠢᠬᠤ ᠳ᠋ᠠᠭᠠᠨ ᠮᠢᠨᠦ ᠰᠡᠳᠬᠢᠯ ᠳ᠋ᠦ᠍ ᠢᠩᠭᠢᠵᠦ ᠡᠩᠰᠡᠷᠡᠲᠡᠯ᠎ᠡ ᠡᠷᠢᠭᠳᠡᠬᠦ ᠶ᠋ᠢ ᠪᠦᠦ ᠮᠡᠳᠡ᠃ 《ᠨᠤᠲᠤᠭ ᠭᠡᠵᠦ ᠵᠠᠯᠠᠭᠤ ᠪᠠᠭ᠎ᠠ ᠨᠠᠰᠤᠨ ᠳ᠋ᠠᠭᠠᠨ ᠰᠠᠯᠤᠶ᠎ᠠ ᠭᠡᠳ ᠰᠠᠯᠵᠤ ᠣᠷᠬᠢᠭᠰᠠᠨ ᠣᠷᠣᠨ᠂ ᠨᠤᠲᠤᠭ ᠭᠡᠵᠦ ᠵᠠᠭᠠᠯ ᠪᠤᠭᠤᠷᠤᠯ ᠦᠶ᠎ᠡ ᠳ᠋ᠦ᠍ ᠪᠡᠨ ᠬᠠᠷᠢᠶ᠎ᠠ ᠭᠡᠳ ᠬᠠᠷᠢᠵᠤ ᠳᠡᠢᠯᠬᠦ ᠦᠭᠡᠢ ᠭᠠᠵᠠᠷ 》 ᠭᠡᠳᠡᠭᠴᠢᠯᠡᠨ ᠥᠲᠡᠯᠬᠦ ᠶ᠋ᠢᠨ ᠦᠵᠦᠭᠦᠷ ᠪᠠᠭ᠎ᠠ ᠨᠠᠰᠤᠨ ᠤ᠋ ᠴᠠᠭᠠᠨ ᠰᠠᠷ᠎ᠠ ᠶᠠᠭᠠᠬᠢᠬᠤ ᠶ᠋ᠢᠨ ᠠᠷᠭ᠎ᠠ ᠦᠭᠡᠢ ᠳᠤᠷᠠᠰᠤᠭᠳᠠᠵᠤ᠂ ᠬᠥᠭᠰᠢᠷᠡᠬᠦ ᠶ᠋ᠢᠨ ᠴᠠᠭ ᠬᠥᠳᠡᠭᠡ ᠠᠢᠯ ᠤ᠋ᠨ ᠰᠢᠨᠠᠯᠠᠵᠤ ᠪᠢᠲᠡᠭᠦᠯᠡᠬᠦ ᠥᠪᠡᠷ ᠦ᠋ᠨ ᠡᠷᠬᠡ ᠦᠭᠡᠢ ᠡᠷᠢᠭᠳᠡᠨ᠎ᠡ ᠠ᠋ ᠁ (2026·2·14)
ᠢᠷᠡᠯᠲᠡ ᠄ ᠲᠦᠩᠯᠢᠶᠣᠣ ᠬᠣᠲᠠ ᠶ᠋ᠢᠨ ᠬᠠᠮ ᠵᠠᠭᠤᠴᠢᠯᠠᠭᠤᠷ ᠤ᠋ᠨ ᠲᠥᠪ
ᠦᠰᠦᠭ ᠠᠮᠢᠯᠠᠭᠤᠯᠤᠭᠰᠠᠨ ᠨᠢ ᠄ ᠭᠠᠸᠠ
ᠬᠢᠨᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ
