ᠦᠵᠡᠰᠬᠦᠯᠡᠩᠲᠦ ᠰᠠᠢᠬᠠᠨ ᠮᠢᠨᠦ ᠨᠤᠲᠤᠭ-ᠮᠠᠨᠳᠤᠬᠤ ᠪᠠᠭᠰᠢ ᠶ᠋ᠢᠨ ᠤᠷᠠᠨ ᠪᠢᠴᠢᠯᠭᠡÜzesgelent saikhan minii nutagҮзэсгэлэнт сайхан миний нутаг
ᠦᠵᠡᠰᠬᠦᠯᠡᠩᠲᠦ ᠰᠠᠢᠬᠠᠨ ᠮᠢᠨᠦ ᠨᠤᠲᠤᠭ
ᠦᠭᠡ ᠄ᠾᠦᠸᠧ ᠬᠤᠸᠠ
ᠠᠶ᠎ᠠ᠄ ᠠᠯᠲᠠᠨ᠌ᠠ᠋ᠭᠤᠯᠠ
ᠳᠠᠭᠤᠴᠢᠨ ᠄ ᠳᠠᠳᠮ᠎ᠠ ᠂ ᠵᠢᠨᠬᠤᠸᠠᠷ᠂ ᡀᠠᠰᠦ᠋ᠷᠦᠩ
ᠦᠵᠡᠰᠬᠦᠯᠡᠩᠲᠦ ᠰᠠᠢᠬᠠᠨ ᠮᠢᠨᠦ ᠨᠤᠲᠤᠭ
ᠥᠩᠭᠡ ᠶ᠋ᠢᠨ ᠴᠡᠴᠡᠭ ᠰᠣᠯᠣᠩᠭᠠᠷᠠᠨ᠎ᠠ
ᠤᠷᠠᠨ ᠪᠣᠯᠵᠣᠮᠣᠷ ᠵᠢᠷᠭᠢᠨ ᠳᠣᠩᠭᠣᠳᠤᠭᠠᠳ
ᠤᠰᠤᠨ ᠪᠣᠯᠣᠷ ᠭᠣᠣᠯ ᠳᠣᠨᠣᠯᠵᠠᠨ᠎ᠠ
ᠠᠷᠳᠠᠭ ᠲᠠᠷᠭᠤᠨ ᠠᠳᠤᠭᠤᠳ ᠳᠠᠪᠬᠢᠯᠳᠤᠭᠠᠳ
ᠠᠰᠬᠠᠭᠰᠠᠨ ᠰᠤᠪᠤᠳ ᠰᠢᠭ᠋ ᠬᠣᠨᠢᠳ ᠪᠡᠯᠴᠢᠨ᠎ᠡ᠃
ᠠ ᠬᠠ ᠬᠥ
ᠬᠣᠨᠢᠴᠢᠨ ᠬᠡᠦᠬᠡᠨ ᠦ᠌ ᠤᠶᠠᠩᠭᠠᠲᠤ ᠳᠠᠭᠤᠤ
ᠬᠥᠳᠡᠭᠡ ᠲᠠᠯ᠎ᠠ ᠳ᠋ᠤ᠌ ᠬᠠᠩᠭᠢᠨᠠᠨ ᠴᠤᠤᠷᠢᠶᠠᠲᠤᠨ᠎ᠠ
ᠬᠣᠨᠢᠴᠢᠨ ᠬᠡᠦᠬᠡᠨ ᠦ᠌ ᠤᠶᠠᠩᠭᠠᠲᠤ ᠳᠠᠭᠤᠤ
ᠬᠥᠳᠡᠭᠡ ᠲᠠᠯ᠎ᠠ ᠳ᠋ᠤ᠌ ᠬᠠᠩᠭᠢᠨᠠᠨ ᠴᠤᠤᠷᠢᠶᠠᠲᠤᠨ᠎ᠠ᠃
ᠥᠨᠢᠷ ᠠᠭᠤᠳᠠᠮ ᠨᠤᠲᠤᠭ ᠪᠡᠯᠴᠢᠭᠡᠷ ᠢ᠋ᠶ᠋ᠡᠨ
ᠦᠨᠡᠨ ᠰᠡᠳᠬᠢᠯ ᠡᠴᠡ ᠪᠡᠨ ᠪᠢ ᠬᠠᠢᠷᠠᠯᠠᠨ᠎ᠠ
ᠴᠡᠯᠡᠭᠡᠷ ᠲᠠᠯ᠎ᠠ ᠮᠢᠨᠢ ᠰᠠᠷᠠᠭᠤᠯᠬᠠᠨ ᠲᠡᠨᠡᠢᠭᠡᠳ
ᠴᠢᠨᠳᠠᠭᠠᠨ ᠴᠠᠭᠠᠨ ᠭᠡᠷ ᠬᠠᠷᠠᠭᠳᠠᠨ᠎ᠠ
ᠬᠥᠳᠡᠭᠡ ᠨᠤᠲᠤᠭ ᠢ᠋ᠶ᠋ᠠᠨ ᠴᠣᠭᠴᠠᠯᠠᠨ ᠪᠠᠢᠭᠤᠯᠤᠭᠠᠳ
ᠬᠥᠭᠵᠢᠯᠲᠦ ᠰᠠᠢᠬᠠᠨ ᠣᠷᠣᠨ ᠪᠣᠯᠭᠠᠨ᠎ᠠ᠃
ᠠ ᠬᠠ ᠬᠥ
ᠬᠣᠨᠢᠴᠢᠨ ᠬᠡᠦᠬᠡᠨ ᠦ᠌ ᠤᠶᠠᠩᠭᠠᠲᠤ ᠳᠠᠭᠤᠤ
ᠬᠥᠳᠡᠭᠡ ᠲᠠᠯ᠎ᠠ ᠳ᠋ᠤ᠌ ᠬᠠᠩᠭᠢᠨᠠᠨ ᠴᠤᠤᠷᠢᠶᠠᠲᠤᠨ᠎ᠠ
ᠬᠣᠨᠢᠴᠢᠨ ᠬᠡᠦᠬᠡᠨ ᠦ᠌ ᠤᠶᠠᠩᠭᠠᠲᠤ ᠳᠠᠭᠤᠤ
ᠬᠥᠳᠡᠭᠡ ᠲᠠᠯ᠎ᠠ ᠳ᠋ᠤ᠌ ᠬᠠᠩᠭᠢᠨᠠᠨ ᠴᠤᠤᠷᠢᠶᠠᠲᠤᠨ᠎ᠠ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
