ᠮᠣᠩᠭᠣᠯ ᠶᠠᠲᠤᠭ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡMongol yatgaМонгол ятга
ᠮᠣᠩᠭᠣᠯ ᠶᠠᠲᠤᠭ᠎ᠠ
ᠦᠭᠡ᠄ ᠡ᠊ · ᠲᠤᠭᠠᠷ
ᠠᠶ᠎ᠠ᠄ ᠷᠠᠰᠢᠭᠡᠸᠨ
ᠳᠠᠭᠤᠴᠢᠨ᠄ ᠰᠡᠴᠡᠨ
ᠽᠠᠨᠳᠠᠨ ᠮᠣᠳᠣᠨ ᠪᠠᠶᠠᠨ ᠳᠡᠭᠡᠷ᠎ᠡ ᠨᠢ
ᠡᠭᠦᠯᠡᠨ ᠬᠤᠸᠠᠷ ᠤ᠋ᠨ ᠴᠢᠮᠡᠭ ᠲᠡᠢ ᠶᠧ ᠬᠦ
ᠵᠠᠩᠵᠤᠨ ᠴᠡᠷᠢᠭ ᠦ᠋ᠨ ᠵᠢᠭᠰᠠᠭᠠᠯ ᠰᠢᠭ᠋
ᠠᠷᠪᠠᠨ ᠬᠣᠶᠠᠷ ᠳᠡᠪᠬᠡ ᠲᠡᠢ ᠶᠧ ᠬᠦ᠃
ᠤᠶᠠᠩᠭᠠᠯᠢᠭ ᠰᠠᠢᠬᠠᠨ ᠶᠠᠲᠤᠭ᠎ᠠ ᠶ᠋ᠢᠨ ᠮᠢᠨᠢ ᠡᠭᠡᠰᠢᠭ
ᠤᠷᠠᠨ ᠰᠠᠨᠠᠭᠠᠨ ᠤ᠋ ᠮᠢᠨᠢ ᠪᠠᠶᠠᠰᠤᠯ ᠶᠤᠮ ᠠ᠋ ᠬᠦ᠃
ᠤᠶᠠᠩᠭᠠᠯᠢᠭ ᠰᠠᠢᠬᠠᠨ ᠶᠠᠲᠤᠭ᠎ᠠ ᠶ᠋ᠢᠨ ᠮᠢᠨᠢ ᠡᠭᠡᠰᠢᠭ
ᠤᠷᠠᠨ ᠰᠠᠨᠠᠭᠠᠨ ᠤ᠋ ᠮᠢᠨᠢ ᠪᠠᠶᠠᠰᠤᠯ ᠶᠤᠮ ᠠ᠋ ᠬᠦ᠃
ᠤᠷᠤᠭ ᠰᠠᠳᠤᠨ ᠢ᠋ᠶ᠋ᠠᠷ ᠢ᠋ᠶ᠋ᠠᠨ ᠨᠠᠢᠷᠯᠠᠬᠤ ᠰᠢᠭ᠋
ᠠᠶᠠᠯᠭᠤ ᠳᠠᠭᠤᠤ ᠨᠢ ᠨᠠᠷᠭᠢᠶᠠᠨ ᠲᠠᠢ ᠶᠧ ᠬᠦ
ᠤᠨᠠᠭ᠎ᠠ ᠳᠠᠭ᠎ᠠ ᠲᠣᠭᠯᠠᠬᠤ ᠰᠢᠭ᠋
ᠠᠯᠢᠶ᠎ᠠ ᠳᠡᠭᠵᠢᠨ ᠴᠣᠬᠢᠯᠭ᠎ᠠ ᠲᠠᠢ ᠶᠧ ᠬᠦ᠃
ᠤᠶᠠᠩᠭᠠᠯᠢᠭ ᠰᠠᠢᠬᠠᠨ ᠶᠠᠲᠤᠭ᠎ᠠ ᠶ᠋ᠢᠨ ᠮᠢᠨᠢ ᠡᠭᠡᠰᠢᠭ
ᠤᠷᠠᠨ ᠰᠠᠨᠠᠭᠠᠨ ᠤ᠋ ᠮᠢᠨᠢ ᠪᠠᠶᠠᠰᠤᠯ ᠶᠤᠮ ᠠ᠋ ᠬᠦ᠃
ᠤᠶᠠᠩᠭᠠᠯᠢᠭ ᠰᠠᠢᠬᠠᠨ ᠶᠠᠲᠤᠭ᠎ᠠ ᠶ᠋ᠢᠨ ᠮᠢᠨᠢ ᠡᠭᠡᠰᠢᠭ
ᠤᠷᠠᠨ ᠰᠠᠨᠠᠭᠠᠨ ᠤ᠋ ᠮᠢᠨᠢ ᠪᠠᠶᠠᠰᠤᠯ ᠶᠤᠮ ᠠ᠋ ᠬᠦ᠃
ᠤᠷᠭᠠᠴᠢᠨ ᠵᠠᠯᠠᠭᠤ ᠶ᠋ᠢᠨ ᠢᠰᠬᠡᠷᠦᠯ ᠰᠢᠭ
ᠤᠶᠠᠬᠠᠨ ᠢᠷᠠᠭᠤ ᠡᠭᠡᠰᠢᠭ ᠲᠡᠢ ᠶᠧ ᠬᠦ
ᠤᠭᠠᠯᠵᠠᠨ ᠭᠣᠣᠯ ᠤ᠋ᠨ ᠤᠷᠤᠰᠬᠠᠯ ᠰᠢᠭ᠋
ᠣᠷᠭᠢᠯᠤᠮ᠎ᠠ ᠴᠠᠯᠭᠢᠮ᠎ᠠ ᠴᠤᠤᠷᠢᠶ᠎ᠠ ᠲᠠᠢ ᠶᠧ ᠬᠦ᠃
ᠮᠣᠩᠭᠣᠯ ᠶᠠᠲᠤᠭ᠎ᠠ ᠪᠠᠨ ᠴᠢᠪᠬᠠᠳᠠᠨ ᠰᠠᠭᠤᠭᠠᠳ
ᠮᠠᠨᠳᠤᠬᠤ ᠡᠷᠡᠨ ᠢ᠋ᠶ᠋ᠡᠨ ᠳᠠᠭᠤᠯᠠᠶ᠎ᠠ ᠳᠠ ᠬᠦ
ᠮᠣᠩᠭᠣᠯ ᠶᠠᠲᠤᠭ᠎ᠠ ᠪᠠᠨ ᠴᠢᠪᠬᠠᠳᠠᠨ ᠰᠠᠭᠤᠭᠠᠳ
ᠮᠠᠨᠳᠤᠬᠤ ᠡᠷᠡᠨ ᠢ᠋ᠶ᠋ᠡᠨ ᠳᠠᠭᠤᠯᠠᠶ᠎ᠠ ᠳᠠ ᠬᠦ
ᠮᠠᠨᠳᠤᠬᠤ ᠡᠷᠡᠨ ᠢ᠋ᠶ᠋ᠡᠨ ᠳᠠᠭᠤᠯᠠᠶ᠎ᠠ ᠳᠠ ᠬᠦ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
