ᠴᠠᠬᠠᠷ ᠨᠠᠢ᠍ᠮᠠᠨ ᠬᠣᠰᠢᠭᠤ- ᠤᠷᠭᠤᠮᠠᠯ᠂ ᠪᠠᠶᠠᠯᠢᠭ᠋᠂ ᠪᠣᠯᠣᠷ᠂ ᠤᠷᠠᠯᠢᠭ᠋ Цахар найман хошуу ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠬᠠᠷ ᠨᠠᠢ᠍ᠮᠠᠨ ᠬᠣᠰᠢᠭᠤ- ᠤᠷᠭᠤᠮᠠᠯ᠂ ᠪᠠᠶᠠᠯᠢᠭ᠋᠂ ᠪᠣᠯᠣᠷ᠂ ᠤᠷᠠᠯᠢᠭ᠋ Цахар найман хошуу

ᠴᠠᠬᠠᠷ ᠨᠠᠢ᠍ᠮᠠᠨ ᠬᠣᠰᠢᠭᠤ- ᠤᠷᠭᠤᠮᠠᠯ᠂ ᠪᠠᠶᠠᠯᠢᠭ᠋᠂ ᠪᠣᠯᠣᠷ᠂ ᠤᠷᠠᠯᠢᠭ᠋ Цахар найман хошуу

2026-02-19

208

ᠴᠠᠬᠠᠷ ᠨᠠᠢ᠍ᠮᠠᠨ ᠬᠣᠰᠢᠭᠤ

           
  ᠠᠷᠠᠳ ᠤ᠋ᠨ ᠳᠠᠭᠤᠤ 
    ᠳᠠᠭᠤᠴᠢᠨ ᠄ ᠤᠷᠭᠤᠮᠠᠯ᠂ ᠪᠠᠶᠠᠯᠢᠭ᠂ ᠪᠣᠯᠣᠷ᠂ ᠤᠷᠠᠯᠢᠭ 

ᠨᠣᠭᠣᠭᠠᠨ ᠣᠢ ᠳ᠋ᠤᠨᠢ ᠬᠥᠬᠥᠭᠡ ᠳᠣᠩᠭᠣᠳᠤᠭᠰᠠᠨ 
ᠨᠣᠮᠢᠨ ᠨᠠᠭᠤᠷ ᠲᠤᠨᠢ ᠠᠩᠭᠢᠷ ᠱᠤᠮᠪᠠᠭᠰᠠᠨ 
ᠮᠠᠨ ᠤ᠋ ᠴᠠᠬᠠᠷ ᠨᠠᠢ᠍ᠮᠠᠨ ᠬᠣᠰᠢᠭᠤ ᠴᠢᠨᠢ 
ᠶᠠᠭᠠᠬᠢᠭᠰᠠᠨ ᠰᠠᠢᠬᠠᠨ ᠣᠷᠣᠨ ᠶᠤᠮ ᠪᠣᠢ ᠬᠦ᠃

ᠪᠤᠷᠤᠭᠤ ᠬᠠᠵᠠᠭᠤ ᠳ᠋ᠤᠨᠢ ᠵᠢᠮᠢᠰ ᠪᠦᠨᠴᠦᠭᠡᠨᠡᠭᠰᠡᠨ 
ᠪᠤᠷᠭᠠᠰᠤ ᠮᠠᠩᠬᠠᠨ ᠳ᠋ᠤᠨᠢ ᠭᠥᠷᠥᠭᠡᠰᠦ ᠬᠠᠷᠠᠢᠭᠰᠠᠨ 
ᠮᠠᠨ ᠤ᠋ ᠴᠠᠬᠠᠷ ᠨᠠᠢ᠍ᠮᠠᠨ ᠬᠣᠰᠢᠭᠤ ᠴᠢᠨᠢ
ᠶᠠᠭᠠᠬᠢᠭᠰᠠᠨ ᠰᠠᠢᠬᠠᠨ ᠣᠷᠣᠨ ᠶᠤᠮ ᠪᠣᠢ ᠬᠦ᠃

ᠠᠭᠤᠯᠠ ᠤᠰᠤ ᠨᠢ ᠬᠥᠬᠡᠷᠡᠨ ᠲᠤᠨᠤᠷᠠᠭᠰᠠᠨ
ᠠᠭᠤᠳᠠᠮ ᠲᠠᠯ᠎ᠠ ᠨᠢ ᠬᠠᠯᠢᠭᠤᠷᠠᠨ ᠨᠣᠭᠣᠭᠠᠷᠠᠭᠰᠠᠨ
ᠮᠠᠨ ᠤ᠋ ᠴᠠᠬᠠᠷ ᠨᠠᠢ᠍ᠮᠠᠨ ᠬᠣᠰᠢᠭᠤ ᠴᠢᠨᠢ
ᠶᠠᠭᠠᠬᠢᠭᠰᠠᠨ ᠰᠠᠢᠬᠠᠨ ᠣᠷᠣᠨ ᠶᠤᠮ ᠪᠣᠢ ᠬᠦ᠃

ᠬᠠᠯᠠᠭᠤᠨ ᠰᠡᠳᠬᠢᠯ ᠢ᠋ ᠣᠷᠭᠢᠯᠤᠭᠤᠯᠤᠨ ᠲᠠᠲᠠᠭᠰᠠᠨ
ᠬᠠᠢᠷᠠᠲᠠᠢ ᠨᠤᠲᠤᠭ ᠡᠴᠡ ᠪᠡᠨ ᠰᠠᠯᠬᠤ ᠳᠤᠷ᠎ᠠ ᠦᠭᠡᠢ ᠬᠦ
ᠬᠠᠢᠷᠠᠯᠠᠵᠤ ᠰᠠᠨᠠᠭᠰᠠᠨ ᠠᠮᠠᠷᠠᠭ ᠴᠢᠮ᠎ᠠ ᠠ᠋ᠴᠠ ᠪᠠᠨ
ᠬᠠᠷᠢᠨ ᠶᠠᠭᠠᠬᠢᠭᠰᠠᠨ ᠴᠤ᠌ ᠰᠠᠯᠬᠤ ᠳᠤᠷ᠎ᠠ ᠦᠭᠡᠢ ᠬᠦ᠃

ᠠᠯᠲᠠᠨ ᠳᠡᠯᠡᠬᠡᠢ ᠠᠭᠤᠳᠠᠮ ᠶᠤᠮ ᠳᠠ ᠬᠦ
ᠠᠮᠠᠷᠠᠭ ᠬᠣᠶᠠᠭᠤᠯᠠ ᠪᠠᠨ ᠵᠣᠷᠢᠭᠯᠠᠵᠤ ᠶᠠᠪᠤᠶ᠎ᠠ ᠬᠦ
ᠠᠷᠪᠠᠨ ᠰᠠᠷ᠎ᠠ ᠶ᠋ᠢᠨ ᠠᠷᠪᠠᠨ ᠲᠠᠪᠤᠨ ᠠ᠋ᠴᠠ ᠤᠷᠢᠳᠤᠭᠤᠷ
ᠠᠮᠢᠳᠤᠷᠠᠬᠤ ᠵᠠᠮ ᠢ᠋ᠶ᠋ᠠᠨ ᠡᠷᠢᠵᠦ ᠶᠠᠪᠤᠶ᠎ᠠ ᠬᠦ᠃

ᠤᠶᠠᠭ᠎ᠠ ᠪᠠᠨ ᠲᠠᠰᠤᠯᠤᠭᠰᠠᠨ ᠡᠮᠨᠡᠭ ᠰᠢᠭ ᠬᠦ
ᠠᠭᠤᠯᠠ ᠶ᠋ᠢᠨ ᠪᠠᠷᠲᠠᠭ᠎ᠠ ᠶ᠋ᠢ ᠡᠷᠢᠵᠦ ᠶᠠᠪᠤᠶ᠎ᠠ ᠬᠦ
ᠤᠷᠤᠭ ᠤ᠋ᠨ ᠰᠠᠮᠪᠠᠢ ᠶ᠋ᠢ ᠤᠷᠠᠵᠤ ᠬᠠᠶᠠᠭᠠᠳ
ᠤᠴᠠᠷᠠᠭᠰᠠᠨ ᠬᠣᠶᠠᠭᠤᠯᠠ ᠪᠠᠨ ᠵᠢᠷᠭᠠᠵᠤ ᠶᠠᠪᠤᠶ᠎ᠠ ᠬᠦ
ᠤᠷᠤᠭ ᠤ᠋ᠨ ᠰᠠᠮᠪᠠᠢ ᠶ᠋ᠢ ᠤᠷᠠᠵᠤ ᠬᠠᠶᠠᠭᠠᠳ
ᠤᠴᠠᠷᠠᠭᠰᠠᠨ ᠬᠣᠶᠠᠭᠤᠯᠠ ᠪᠠᠨ ᠵᠢᠷᠭᠠᠵᠤ ᠶᠠᠪᠤᠶ᠎ᠠ ᠬᠦ᠃

       ᠦᠰᠦᠭ ᠠᠮᠢᠯᠠᠭᠤᠯᠤᠭᠴᠢ᠄ ᠤᠤᠭᠠᠨᠵᠢᠳ
       ᠬᠢᠨᠠᠭᠴᠢ ᠄ ᠮᠡᠷᠭᠡᠨᠪᠢᠯᠢᠭ