ᠵᠢᠭᠠᠬᠠᠨ ᠰᠠᠭᠠᠷᠠᠯ ᠮᠣᠷᠢ -ᠪᠠᠲᠤᠨᠠᠰᠤᠨ ᠤᠳᠤᠮ᠎ᠠ Жаахан саарал морь-Батнасан Одома ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠭᠠᠬᠠᠨ ᠰᠠᠭᠠᠷᠠᠯ ᠮᠣᠷᠢ -ᠪᠠᠲᠤᠨᠠᠰᠤᠨ ᠤᠳᠤᠮ᠎ᠠ Жаахан саарал морь-Батнасан Одома

ᠵᠢᠭᠠᠬᠠᠨ ᠰᠠᠭᠠᠷᠠᠯ ᠮᠣᠷᠢ -ᠪᠠᠲᠤᠨᠠᠰᠤᠨ ᠤᠳᠤᠮ᠎ᠠ Жаахан саарал морь-Батнасан Одома

2026-02-18

271

ᠵᠢᠭᠠᠬᠠᠨ ᠰᠠᠭᠠᠷᠠᠯ ᠮᠣᠷᠢ

   
       ᠠᠷᠠᠳ ᠤ᠋ᠨ ᠳᠠᠭᠤᠤ   
       ᠳᠠᠭᠤᠴᠢᠨ᠄ ᠪᠠᠲᠤᠨᠠᠰᠤᠨ᠂ ᠤᠲᠤᠮ᠎ᠠ     

ᠵᠢᠭᠠᠬᠠᠨ ᠰᠠᠭᠠᠷᠠᠯ ᠮᠣᠷᠢ ᠲᠠᠢ ᠬᠦ     
ᠵᠠᠮ ᠤ᠋ᠨ ᠵᠢᠭᠠᠬᠠᠨ ᠰᠠᠢᠪᠤᠷ ᠲᠠᠢ ᠬᠦ    
ᠵᠢᠭᠠᠯ ᠠᠬ᠎ᠠ ᠶ᠋ᠢᠨ ᠭᠡᠷ ᠴᠢᠨᠢ ᠬᠠᠮᠢᠭᠠᠭᠤᠷ ᠪᠢᠯᠡ ᠬᠦ    
ᠬᠥᠬᠡ ᠲᠣᠷᠭᠠᠨ ᠳᠡᠪᠡᠯ ᠲᠡᠢ ᠬᠦ   
ᠭᠥᠯᠢᠭᠡᠷ ᠮᠥᠩᠭᠥᠨ ᠲᠤᠤᠬᠠᠢ ᠲᠠᠢ ᠬᠦ   
ᠬᠡ ᠬᠡ ᠶ᠋ᠢᠨ ᠮᠢᠨᠢ ᠥᠷᠭᠥᠭᠡ ᠬᠠᠮᠢᠭᠠᠭᠤᠷ ᠪᠢᠯᠡ ᠬᠦ   
ᠰᠡᠭᠦᠵᠢ ᠶ᠋ᠢᠨ ᠪᠤᠯᠠᠭ ᠤ᠋ᠨ ᠪᠠᠷᠠᠭᠤᠨ ᠳᠡᠭᠡᠷ᠎ᠡ ᠬᠦ   
ᠰᠦᠮ᠎ᠡ ᠲᠡᠢ ᠬᠤᠸᠠ ᠶ᠋ᠢᠨ ᠡᠩᠭᠡᠷ ᠳᠡᠭᠡᠷ᠎ᠡ ᠬᠦ   
ᠠᠪᠤ ᠶ᠋ᠢᠨ ᠪᠠᠢᠭᠤᠯᠤᠭᠰᠠᠨ ᠬᠣᠶᠠᠷ ᠴᠠᠭᠠᠨ ᠭᠡᠷ   
ᠲᠥᠭᠥᠷᠢᠭ ᠨᠠᠭᠤᠷ ᠤ᠋ᠨ ᠬᠥᠪᠡᠭᠦᠨ ᠳᠡᠭᠡᠷ᠎ᠡ ᠬᠦ  
ᠳᠦᠭᠦᠷᠡᠩ ᠪᠤᠯᠠᠭ ᠤ᠋ᠨ ᠵᠡᠭᠦᠨᠲᠡᠢ ᠬᠦ
ᠲᠡᠭᠦᠯᠳᠡᠷ ᠭᠡᠶ᠎ᠡ ᠶ᠋ᠢᠨ ᠬᠦᠦ ᠪᠢᠯᠡ ᠬᠦ᠃

ᠵᠢᠷᠭᠤᠭᠠᠨ ᠮᠥᠩᠭᠥᠨ ᠰᠦᠢᠬᠡ ᠲᠡᠢ ᠬᠦ
ᠵᠢᠷᠤᠮᠠᠯ ᠬᠣᠶᠠᠷ ᠬᠥᠮᠥᠰᠬᠡ ᠲᠡᠢ ᠬᠦ
ᠵᠠᠵᠠᠢ ᠶ᠋ᠢᠨ ᠮᠢᠨᠢ ᠥᠷᠭᠥᠭᠡ ᠬᠠᠮᠢᠭᠠᠭᠤᠷ ᠪᠢᠯᠡ ᠬᠦ
ᠤᠪ ᠤᠯᠠᠭᠠᠨ ᠴᠢᠷᠠᠢ ᠲᠠᠢ ᠬᠦ
ᠤᠷᠲᠤ ᠭᠠᠩᠭᠠᠩ ᠭᠡᠵᠢᠭᠡ ᠲᠡᠢ ᠬᠦ
ᠡᠭᠡᠴᠢ ᠶ᠋ᠢᠨ ᠮᠢᠨᠢ ᠥᠷᠭᠥᠭᠡ ᠬᠠᠮᠢᠭᠠᠭᠤᠷ ᠪᠢᠯᠡ ᠬᠦ
ᠬᠤᠸᠠ ᠨᠠᠭᠤᠷ ᠤ᠋ᠨ ᠬᠣᠢᠨᠠᠬᠠᠨ 
ᠬᠣᠯᠪᠣᠭ᠎ᠠ ᠲᠣᠯᠣᠭᠠᠢ ᠶ᠋ᠢᠨ ᠬᠣᠭᠣᠷᠣᠨᠳᠣ 
ᠭᠣᠮᠪᠣ ᠡᠪᠦᠭᠡᠨ ᠦ᠌ ᠬᠡᠦᠬᠡᠨ ᠪᠢᠯᠡ ᠬᠦ
ᠲᠥᠭᠥᠷᠢᠭ ᠨᠠᠭᠤᠷ ᠤ᠋ᠨ ᠬᠥᠪᠡᠭᠦᠨ ᠳᠡᠭᠡᠷ᠎ᠡ ᠬᠦ
ᠳᠦᠭᠦᠷᠡᠩ ᠪᠤᠯᠠᠭ ᠤ᠋ᠨ ᠵᠡᠭᠦᠨᠲᠡᠢ ᠬᠦ
ᠲᠡᠭᠦᠯᠳᠡᠷ ᠭᠡᠶ᠎ᠡ ᠶ᠋ᠢᠨ ᠪᠡᠷᠢ ᠪᠢᠯᠡ ᠬᠦ
ᠠᠭᠠᠰᠢ ᠮᠠᠶᠢᠭ ᠢ᠋ᠶ᠋ᠠᠷ ᠴᠢᠨᠢ ᠲᠠᠨᠢᠯ᠎ᠠ ᠬᠦ᠂ ᠲᠠᠨᠢᠯ᠎ᠠ ᠬᠦ᠃

      ᠦᠰᠦᠭ ᠠᠮᠢᠯᠠᠭᠤᠯᠤᠭᠴᠢ᠄ ᠤᠤᠭᠠᠨᠵᠢᠳ
      ᠬᠢᠨᠠᠭᠴᠢ᠄ ᠮᠡᠷᠭᠡᠨᠪᠢᠯᠢᠭ