ᠵᠠᠬᠢᠶ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡZakhiaЗахиа ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠬᠢᠶ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡZakhiaЗахиа

ᠵᠠᠬᠢᠶ᠎ᠠ-ᠮᠠᠨᠳᠤᠬᠤ ᠪᠠᠭᠰᠢ ᠶ᠋ᠢᠨ ᠤᠷᠠᠨ ᠪᠢᠴᠢᠯᠭᠡZakhiaЗахиа

ᠠᠩᠭᠢᠯᠠᠯ:ᠤᠷᠠᠨ ᠪᠢᠴᠢᠯᠭᠡ
2026-02-18

170

ᠵᠠᠬᠢᠶ᠎ᠠ

   
     ᠦᠭᠡ᠂ᠠᠶ᠎ᠠ ᠄ ᠮᠡᠷᠭᠡᠨᠪᠠᠭᠠᠲᠤᠷ     

ᠤᠯᠤᠰ ᠲᠦᠮᠡᠨ ᠢ᠋ ᠱᠠᠭᠰᠢᠭᠤᠯᠤᠭᠰᠠᠨ   
ᠤᠷᠠᠨ ᠭᠠᠷ ᠲᠠᠢ ᠲᠥᠷᠥᠯ᠎ᠡ ᠴᠦ᠍ ᠭᠡᠰᠡᠨ    
ᠤᠷᠠᠩᠬᠠᠢ ᠳᠡᠪᠡᠯ ᠢ᠋ ᠮᠢᠨᠢ ᠨᠥᠬᠥᠵᠦ ᠥᠭᠭᠦᠭᠰᠡᠨ    
ᠡᠵᠢ ᠡᠴᠡ ᠲᠥᠷᠥᠭᠰᠡᠨ ᠢ᠋ᠶ᠋ᠡᠨ ᠪᠤᠤ ᠮᠠᠷᠲᠠᠶ᠎ᠠ᠃   

ᠠᠪᠤᠷᠭᠤ ᠶ᠋ᠢᠨ ᠲᠠᠢᠵᠠᠨ ᠳ᠋ᠤ᠌ ᠬᠠᠩᠬᠠᠢᠭᠠᠳ  
ᠠᠯᠲᠠᠨ ᠮᠧᠲ᠋ᠠᠯ ᠵᠡᠭᠦᠯ᠎ᠡ ᠴᠦ᠍ ᠭᠡᠰᠡᠨ   
ᠠᠷᠤᠬᠠᠨ ᠨᠢᠷᠤᠭᠤᠨ ᠳ᠋ᠠᠭᠠᠨ ᠡᠭᠦᠷᠴᠦ ᠶᠠᠪᠤᠭᠰᠠᠨ  
ᠠᠪᠤ ᠠ᠋ᠴᠠ ᠵᠠᠶᠠᠭᠠᠭᠰᠠᠨ ᠢ᠋ᠶ᠋ᠠᠨ ᠪᠤᠤ ᠮᠠᠷᠲᠠᠶ᠎ᠠ᠃   

ᠲᠦᠮᠡᠨ ᠣᠯᠠᠨ ᠢ᠋ ᠪᠠᠬᠠᠳᠤᠭᠤᠯᠤᠭᠰᠠᠨ
ᠲᠥᠷᠥ ᠶ᠋ᠢᠨ ᠳᠠᠭᠤᠴᠢᠨ ᠪᠣᠯᠤᠯ᠎ᠠ ᠴᠤ᠌ ᠭᠡᠰᠡᠨ
ᠲᠣᠢᠭ ᠤ᠋ᠨ ᠳᠠᠭᠤᠤ ᠪᠠᠨ ᠠᠶᠠᠯᠤᠭᠰᠠᠨ
ᠡᠵᠢ ᠡᠴᠡ ᠲᠥᠷᠥᠭᠰᠡᠨ ᠢ᠋ᠶ᠋ᠡᠨ ᠪᠤᠤ ᠮᠠᠷᠲᠠᠶ᠎ᠠ᠃

ᠠᠯᠲᠠᠨ ᠳᠡᠯᠡᠬᠡᠢ ᠶ᠋ᠢ ᠳᠣᠩᠰᠣᠯᠭᠠᠭᠰᠠᠨ
ᠠᠪᠤᠷᠭᠤ ᠬᠦᠴᠦᠲᠡᠨ ᠪᠣᠯᠤᠯ᠎ᠠ ᠴᠤ᠌ ᠭᠡᠰᠡᠨ
ᠠᠷᠳᠠᠭ ᠳᠣᠭᠰᠢᠨ ᠢ᠋ ᠰᠤᠷᠭᠠᠳᠠᠭ
ᠠᠪᠤ ᠠ᠋ᠴᠠ ᠵᠠᠶᠠᠭᠠᠭᠰᠠᠨ ᠢ᠋ᠶ᠋ᠠᠨ ᠪᠤᠤ ᠮᠠᠷᠲᠠᠶ᠎ᠠ᠃

ᠨᠤᠲᠤᠭ ᠤ᠋ᠨ ᠠᠯᠤᠰ  ᠲᠤ᠌ ᠶᠠᠪᠤᠭᠠᠳ
ᠨᠥᠬᠥᠳ ᠣᠯᠠᠨ ᠲᠠᠨᠢᠯ᠎ᠠ ᠴᠤ᠌ ᠭᠡᠰᠡᠨ
ᠨᠢᠰᠦ ᠨᠢ ᠬᠠᠲᠠᠭᠰᠠᠨ ᠬᠠᠨᠴᠤᠢ ᠲᠠᠢ
ᠪᠠᠭ᠎ᠠ ᠶ᠋ᠢᠨ ᠠᠨᠳᠠ ᠪᠠᠨ ᠪᠤᠤ ᠮᠠᠷᠲᠠᠶ᠎ᠠ᠃

ᠪᠢᠯᠢᠭ ᠡᠷᠳᠡᠮ ᠬᠣᠣᠰᠯᠠᠭᠰᠠᠨ
ᠪᠢᠴᠢᠭ ᠦ᠋ᠨ ᠮᠡᠷᠭᠡᠳ ᠪᠣᠯᠤᠯ᠎ᠠ ᠴᠤ᠌ ᠭᠡᠰᠡᠨ
ᠪᠢᠷ ᠦ᠋ᠨ ᠨᠤᠨᠲᠠᠭ  ᠲᠤ᠌ ᠪᠤᠭᠤᠷᠤᠯᠲᠤᠭᠰᠠᠨ
ᠪᠠᠭᠰᠢ ᠶ᠋ᠢᠨ ᠬᠠᠢᠷ᠎ᠠ ᠪᠠᠨ ᠪᠤᠤ ᠮᠠᠷᠲᠠᠶ᠎ᠠ᠃

ᠠᠪᠳᠠᠷ᠎ᠠ ᠳᠦᠭᠦᠷᠡᠩ ᠡᠷᠳᠡᠨᠢᠰ ᠲᠡᠢ
ᠪᠠᠶᠠᠨ ᠲᠠᠩᠰᠤᠭ ᠶᠠᠪᠤᠯ᠎ᠠ ᠴᠤ᠌ ᠭᠡᠰᠡᠨ
ᠠᠯᠵᠢᠶᠠᠵᠤ ᠵᠣᠪᠠᠬᠤ ᠳ᠋ᠤ᠌ ᠲᠤᠰᠠᠯᠠᠭᠰᠠᠨ
ᠠᠴᠢᠲᠠᠨ ᠬᠥᠮᠦᠨ ᠢ᠋ᠶ᠋ᠡᠨ ᠪᠤᠤ ᠮᠠᠷᠲᠠᠶ᠎ᠠ᠃

ᠠᠯᠲᠠᠨ ᠵᠢᠮᠰᠡᠭ ᠢ᠋ᠶ᠋ᠡᠷ ᠭᠣᠶᠣᠯᠠᠭᠰᠠᠨ
ᠭᠠᠩᠭᠠᠩ ᠠᠪᠠᠬᠠᠢ ᠣᠯᠠᠨ ᠴᠤ᠌ ᠭᠡᠰᠡᠨ
ᠠᠢᠯ ᠭᠡᠷ ᠢ᠋ ᠴᠢᠨᠢ ᠥᠭᠡᠳᠡᠯᠡᠭᠦᠯᠦᠭᠰᠡᠨ
ᠠᠮᠠᠷᠠᠭ ᠬᠠᠨᠢ ᠪᠠᠨ ᠪᠤᠤ ᠮᠠᠷᠲᠠᠶ᠎ᠠ᠃

ᠠᠶᠠᠯᠤᠨ ᠳᠠᠭᠤᠯᠠᠬᠤ ᠳ᠋ᠤ᠌ ᠤᠷᠮᠠᠲᠠᠢ
ᠰᠠᠢᠬᠠᠨ ᠳᠠᠭᠤᠤ ᠨᠤᠭᠤᠳ ᠣᠯᠠᠨ ᠴᠤ᠌ ᠭᠡᠰᠡᠨ
ᠠᠭᠲᠠ ᠶ᠋ᠢᠨ ᠨᠢᠷᠤᠭᠤᠨ ᠳ᠋ᠤ᠌ ᠠᠮᠢᠯᠠᠭᠰᠠᠨ
ᠤᠷᠲᠤ ᠶ᠋ᠢᠨ ᠳᠠᠭᠤᠤ ᠪᠠᠨ ᠪᠤᠤ ᠮᠠᠷᠲᠠᠶ᠎ᠠ᠃

ᠤᠯᠤᠰ ᠭᠦᠷᠦᠨ ᠢ᠋ ᠵᠠᠬᠢᠷᠤᠭᠰᠠᠨ
ᠲᠥᠷᠥ ᠶ᠋ᠢᠨ ᠲᠡᠷᠢᠭᠦᠲᠡᠨ ᠪᠣᠯᠤᠯ᠎ᠠ ᠴᠤ᠌ ᠭᠡᠰᠡᠨ
ᠠᠤᠭ᠎ᠠ ᠬᠦᠴᠦᠨ ᠢ᠋ ᠣᠯᠭᠣᠭᠰᠠᠨ
ᠠᠷᠠᠳ ᠲᠦᠮᠡᠨ ᠢ᠋ᠶ᠋ᠡᠨ ᠪᠤᠤ ᠮᠠᠷᠲᠠᠶ᠎ᠠ᠃

ᠨᠣᠶᠠᠨ ᠵᠢᠩᠰᠡ ᠶ᠋ᠢ ᠨᠢ ᠵᠡᠭᠦᠭᠡᠳ
ᠨᠤᠲᠤᠭ ᠤ᠋ᠨ ᠡᠷᠬᠢᠮᠲᠡᠨ ᠪᠣᠯᠤᠯ᠎ᠠ ᠴᠤ᠌ ᠭᠡᠰᠡᠨ
ᠨᠣᠮᠣᠬᠠᠨ ᠰᠢᠳᠤᠷᠭᠤ ᠠᠷᠠᠳ ᠤ᠋ᠨ ᠢ᠋ᠶ᠋ᠠᠨ
ᠠᠷᠢᠭᠤᠨ ᠬᠥᠯᠥᠰᠥ ᠶ᠋ᠢ ᠨᠢ ᠬᠠᠢᠷᠠᠯᠠᠵᠤ ᠶᠠᠪᠤ ᠳᠠ᠃

ᠠᠷᠤ ᠶ᠋ᠢᠨ ᠡᠭᠦᠳᠡ ᠪᠡᠷ ᠭᠦᠶᠦᠭᠴᠢ ᠶ᠋ᠢᠨ
ᠠᠷᠭ᠎ᠠ ᠮᠡᠬᠡᠨ ᠳ᠋ᠦ᠍ ᠠᠪᠲᠠᠯ᠎ᠠ ᠦᠭᠡᠢ
ᠠᠰᠢᠭ ᠣᠯᠵᠠ ᠠ᠋ᠴᠠ ᠰᠠᠯᠤᠰᠬᠢᠨ ᠪᠠᠢᠵᠤ
ᠠᠯᠳᠠᠷ ᠬᠦᠨᠳᠦ ᠪᠡᠨ ᠬᠠᠮᠠᠭᠠᠯᠠᠵᠤ ᠶᠠᠪᠤ ᠳᠠ᠃

ᠢᠨᠢᠶᠡᠵᠦ ᠶᠠᠪᠤᠳᠠᠭ ᠠᠬ᠎ᠠ ᠳᠡᠭᠦᠦ ᠴᠢᠨᠢ
ᠦᠨᠡᠨ ᠨᠥᠬᠥᠷ ᠴᠢᠨᠢ ᠪᠢᠰᠢ ᠪᠠᠢᠵᠤ ᠮᠡᠳᠡᠨ᠎ᠡ
ᠢᠯᠡ ᠦᠭᠡᠢ ᠳᠠᠯᠳᠠ ᠶ᠋ᠢᠨ ᠴᠠᠭᠠᠨ᠎ᠠ ᠠ᠋ᠴᠠ
ᠨᠢᠳᠦ ᠦᠭᠡᠢ ᠰᠤᠮᠤ ᠶ᠋ᠢ ᠬᠠᠷᠪᠤᠵᠤ ᠮᠡᠳᠡᠨ᠎ᠡ᠃

ᠮᠠᠭᠲᠠᠭᠠᠯ ᠥᠭᠳᠡᠭ ᠠᠮᠠᠨ ᠪᠦᠬᠦᠨ
ᠮᠠᠭᠠᠳ ᠢᠷᠦᠭᠡᠯ ᠪᠢᠰᠢ ᠪᠠᠢᠵᠤ ᠮᠡᠳᠡᠨ᠎ᠡ
ᠮᠠᠯᠠᠭᠠᠢ ᠵᠢᠩᠰᠡ ᠶ᠋ᠢ ᠴᠢᠨᠢ ᠬᠡᠢᠰᠬᠡᠭᠡᠳ
ᠮᠠᠨᠠᠨ ᠰᠠᠯᠬᠢᠨ ᠳ᠋ᠤ᠌ ᠪᠥᠮᠪᠥᠢᠵᠦ ᠮᠡᠳᠡᠨ᠎ᠡ᠃

ᠢᠳᠡᠭᠡᠨ ᠪᠦᠬᠦᠨ ᠡᠴᠡ ᠠᠷᠢᠭᠤᠬᠠᠨ
ᠠᠢᠷᠠᠭ ᠲᠠᠷᠠᠭ ᠴᠠᠯᠭᠢᠵᠤ ᠪᠠᠢᠬᠤ ᠪᠠᠷ
ᠢᠰᠬᠦᠯᠡᠩ ᠭᠠᠰᠢᠭᠤᠨ ᠠᠮᠲᠠᠲᠠᠢ
ᠠᠷᠢᠬᠢ ᠳᠠᠷᠠᠰᠤ ᠪᠠᠷ ᠤᠮᠳᠠᠯᠠᠭᠠᠳ ᠶᠠᠭᠠᠬᠢᠬᠤ ᠪᠣᠢ᠃

ᠡᠮᠵᠢᠶᠡᠷᠢ ᠵᠠᠬ᠎ᠠ ᠨᠢ ᠲᠣᠳᠣᠷᠬᠠᠢ
ᠡᠯᠪᠡᠭ ᠳᠡᠪᠡᠯ ᠴᠢᠨᠢ ᠭᠣᠶᠣᠬᠠᠨ ᠪᠠᠢᠬᠤ ᠪᠠᠷ
ᠡᠩᠭᠡᠷ ᠬᠣᠷᠮᠣᠢ ᠨᠢ ᠰᠡᠲᠡᠷᠬᠡᠢ
ᠡᠯᠳᠡᠪ ᠦ᠋ᠨ ᠪᠥᠰ ᠢ᠋ᠶ᠋ᠡᠷ ᠶᠠᠩᠵᠤᠯᠠᠭᠠᠳ ᠶᠠᠭᠠᠬᠢᠬᠤ ᠪᠣᠢ᠃

ᠬᠠᠷᠢ ᠶ᠋ᠢᠨ ᠭᠦᠷᠦᠨ ᠦ᠌ ᠠᠭᠤᠯᠠᠰ ᠨᠢ
ᠬᠡᠴᠢᠨᠡᠨ ᠭᠣᠶᠣᠬᠠᠨ ᠪᠠᠢᠯ᠎ᠠ ᠴᠤ᠌ ᠭᠡᠰᠡᠨ
ᠬᠠᠮᠤᠭ ᠤ᠋ᠨ ᠠᠩᠬᠠᠨ ᠳ᠋ᠤ᠌ ᠭᠢᠰᠬᠢᠭᠰᠡᠨ
ᠠᠯᠲᠠᠨ ᠰᠢᠷᠣᠢ ᠪᠠᠨ ᠪᠤᠤ ᠮᠠᠷᠲᠠᠶ᠎ᠠ᠃

ᠪᠤᠯᠠᠭ ᠤ᠋ᠨ ᠤᠰᠤ ᠰᠢᠭ᠋ ᠪᠤᠷᠭᠢᠯᠤᠭᠰᠠᠨ
ᠪᠤᠰᠤᠳ ᠤ᠋ᠨ ᠬᠡᠯᠡ ᠨᠢ ᠤᠷᠤᠰᠤᠮ᠎ᠠ ᠴᠤ᠌ ᠭᠡᠰᠡᠨ
 ᠪᠣᠮᠠᠨ  ᠰᠤᠳᠤᠷ  ᠲᠤ᠌ ᠭᠠᠭᠴᠠᠬᠠᠨ ᠪᠣᠰᠤᠭ᠎ᠠ
ᠡᠬᠡ ᠬᠡᠯᠡ ᠪᠡᠨ ᠪᠤᠤ ᠮᠠᠷᠲᠠᠶ᠎ᠠ᠃

ᠠᠯᠤᠰ ᠤ᠋ᠨ ᠭᠠᠵᠠᠷ ᠢ᠋ ᠠᠪᠴᠢᠭᠤᠯᠳᠠᠭ
ᠬᠦᠷᠳᠦᠲᠦ ᠮᠠᠰᠢᠨ ᠬᠤᠷᠳᠤᠨ ᠴᠤ᠌ ᠭᠡᠰᠡᠨ
ᠠᠽᠢᠶ᠎ᠠ ᠧᠦ᠋ᠷᠣᠫᠠ ᠶ᠋ᠢ ᠲᠤᠭᠤᠯᠵᠤ ᠶᠠᠪᠤᠭᠰᠠᠨ
ᠠᠵᠢᠨᠠᠢ ᠬᠦᠯᠦᠭ ᠢ᠋ᠶ᠋ᠡᠨ ᠪᠤᠤ ᠮᠠᠷᠲᠠᠶ᠎ᠠ᠃

ᠪᠤᠷᠤᠭᠤ ᠵᠥᠪ ᠦᠭᠡᠢ ᠮᠡᠷᠭᠡᠯᠡᠭᠰᠡᠨ
ᠪᠤᠰᠤᠳ ᠤ᠋ᠨ ᠭᠠᠢᠬᠠᠮᠰᠢᠭ ᠰᠣᠨᠢᠨ ᠴᠤ᠌ ᠭᠡᠰᠡᠨ
ᠪᠣᠭᠳᠠ ᠴᠢᠩᠭᠢᠰ ᠦ᠋ᠨ ᠪᠦᠲᠦᠭᠡᠭᠰᠡᠨ
ᠪᠤᠭᠤᠷᠤᠯ ᠲᠡᠦᠬᠡ ᠪᠡᠨ ᠪᠤᠤ ᠮᠠᠷᠲᠠᠶ᠎ᠠ
ᠪᠣᠭᠳᠠ ᠴᠢᠩᠭᠢᠰ ᠦ᠋ᠨ ᠪᠦᠲᠦᠭᠡᠭᠰᠡᠨ
ᠪᠤᠭᠤᠷᠤᠯ ᠲᠡᠦᠬᠡ ᠪᠡᠨ ᠪᠤᠤ ᠮᠠᠷᠲᠠᠶ᠎ᠠ᠃

     ᠦᠰᠦᠭ ᠠᠮᠢᠯᠠᠭᠤᠯᠤᠭᠴᠢ᠄ ᠨᠠᠷᠠᠨᠲᠣᠭᠣᠰ
     ᠬᠢᠨᠠᠭᠴᠢ᠄ ᠤᠤᠭᠠᠨᠵᠢᠳ