ᠮᠢᠨᠦ ᠮᠣᠩᠭᠣᠯ ᠮᠣᠷᠢ -ᠪᠣᠷᠵᠢᠭᠢᠨ᠂ ᠳᠡᠭᠵᠢᠷᠡᠬᠦᠦMinii mongol mori-Borjgin,Degjrekhüü Миний монгол морь-Боржгин,Дэгжрэхүү
ᠮᠢᠨᠦ ᠮᠣᠩᠭᠣᠯ ᠮᠣᠷᠢ
ᠵᠣᠬᠢᠶᠠᠭᠴᠢ ᠨᠠ ᠂ ᠬᠦᠬᠡᠰᠢᠭᠤᠢ
ᠤᠶᠠᠩᠭᠠᠯᠠᠭᠴᠢ᠄ ᠪᠣᠷᠵᠢᠭᠢᠨ᠂ ᠳᠡᠭᠵᠢᠷᠡᠬᠦᠦ
ᠴᠣᠯᠮᠣᠨ ᠬᠣᠶᠠᠷ ᠨᠢᠳᠦᠨ ᠡᠴᠡ ᠨᠢ ᠴᠠᠬᠢᠯᠭᠠᠨ ᠭᠡᠷᠡᠯ ᠲᠠᠲᠠᠳᠠᠭ
ᠴᠣᠮᠪᠣᠩ ᠳᠥᠷᠪᠡᠨ ᠲᠤᠭᠤᠷᠠᠢ ᠠ᠋ᠴᠠ ᠨᠢ ᠴᠡᠭᠡᠨ ᠭᠠᠯ ᠪᠤᠲᠠᠷᠠᠳᠠᠭ
ᠳᠦᠷᠡᠯᠵᠡᠮ᠎ᠡ ᠪᠣᠰᠤᠭ᠎ᠠ ᠳᠡᠯ ᠡᠴᠡ ᠨᠢ ᠳᠣᠭᠰᠢᠨ ᠰᠠᠯᠬᠢ ᠢᠰᠬᠡᠷᠳᠡᠭ
ᠳᠡᠭᠵᠢᠨ ᠠᠯᠢᠶ᠎ᠠ ᠰᠡᠭᠦᠯ ᠡᠴᠡ ᠨᠢ ᠴᠠᠭᠠᠨ ᠡᠭᠦᠯᠡ ᠬᠤᠢᠯᠠᠷᠠᠳᠠᠭ
ᠠᠶᠤᠩᠭ᠎ᠠ ᠰᠢᠭ᠋ ᠨᠢᠵᠢᠭᠢᠨᠡᠵᠦ ᠬᠡᠳᠦᠨ ᠲᠢᠪ ᠢ᠋ ᠬᠣᠯᠪᠣᠭᠰᠠᠨ ᠶᠤᠮ
ᠲᠠᠶᠤᠩᠭᠠ ᠰᠢᠭ᠋ ᠳᠡᠭᠦᠯᠢᠵᠦ ᠬᠣᠷᠸ᠎ᠠ ᠶ᠋ᠢᠨ ᠠᠭᠤᠳᠠᠮ ᠢ᠋ ᠬᠡᠮᠵᠢᠭᠰᠡᠨ ᠶᠦ᠍ᠮ
ᠠᠭᠠᠳᠠᠷ ᠰᠢᠭ᠋ ᠱᠤᠤᠭᠢᠵᠤ ᠰᠥᠨᠢ ᠶ᠋ᠢᠨ ᠬᠠᠷᠠᠩᠭᠤᠢ ᠶ᠋ᠢ ᠦᠯᠳᠡᠭᠰᠡᠨ ᠶᠦ᠍ᠮ
ᠪᠠᠭᠠᠲᠤᠷ ᠰᠢᠭ᠋ ᠭᠠᠪᠰᠢᠭᠠᠢᠯᠠᠵᠤ ᠰᠦᠷ ᠰᠦᠯᠳᠡ ᠪᠡᠨ ᠪᠤᠰᠬᠠᠭᠰᠠᠨ ᠶᠤᠮ
ᠲᠦᠮᠡᠨ ᠭᠠᠵᠠᠷ ᠤ᠋ᠨ ᠠᠯᠤᠰ ᠠ᠋ᠴᠠ ᠨᠤᠲᠤᠭ ᠢ᠋ᠶ᠋ᠠᠨ ᠰᠠᠨᠠᠭᠠᠳ ᠦᠦᠷᠰᠡᠳᠡᠭ
ᠲᠥᠷᠥᠯ ᠠᠷᠠᠯᠵᠢᠬᠤ ᠦᠭᠡᠢ ᠴᠠᠭ ᠲᠤ᠌ ᠡᠵᠡᠨ ᠢ᠋ᠶ᠋ᠡᠨ ᠭᠡᠳ ᠵᠢᠳᠬᠦᠳᠡᠭ
ᠦᠭᠡ ᠬᠡᠯᠡᠭᠰᠡᠨ ᠦᠭᠡᠢ ᠡᠴᠡ ᠥᠭᠡᠷ᠎ᠡ᠂ ᠬᠥᠮᠦᠨ ᠮᠡᠳᠡᠭᠡ ᠲᠡᠢ ᠠᠳᠤᠭᠤᠰᠤ
ᠦᠰᠦᠭ ᠲᠠᠨᠢᠬᠤ ᠦᠭᠡᠢ ᠡᠴᠡ ᠪᠢᠰᠢ ᠰᠠᠬᠢᠭᠤᠯᠰᠤᠨ ᠬᠡᠯᠡ ᠲᠡᠢ ᠤᠨᠤᠭ᠎ᠠ
ᠨᠢᠳᠦ ᠶ᠋ᠢ ᠨᠢ ᠪᠦᠲᠡᠭᠡᠭᠡᠳ ᠬᠠᠷᠢ ᠭᠦᠷᠦᠨ ᠳ᠋ᠦ᠍ ᠠᠪᠠᠴᠢᠭᠰᠠᠨ ᠴᠤ᠌
ᠨᠢᠯᠪᠤᠰᠤ ᠪᠠᠨ ᠵᠠᠯᠭᠢᠭᠠᠳ ᠯᠠ ᠨᠤᠲᠤᠭ ᠲᠤ᠌ ᠪᠠᠨ ᠲᠡᠮᠡᠦᠯᠦᠭᠰᠡᠭᠡᠷ ᠢᠷᠡᠨ᠎ᠡ
ᠬᠦᠵᠦᠭᠦᠦ ᠶ᠋ᠢ ᠨᠢ ᠲᠡᠪᠡᠷᠢᠵᠦ ᠰᠡᠳᠬᠢᠯ ᠡᠪᠬᠡᠷᠡᠵᠦ ᠵᠣᠭᠰᠣᠬᠤ ᠳ᠋ᠤ᠌
ᠬᠥᠯᠥᠰᠥᠨ ᠦᠨᠦᠷ ᠨᠢ ᠬᠦᠳᠡᠷ ᠵᠢᠭᠠᠷ ᠰᠢᠭ᠋ ᠰᠡᠩᠭᠢᠨᠡᠨ᠎ᠡ
ᠬᠦᠯᠦᠭ ᠦ᠋ᠨ ᠭᠦᠶᠦᠳᠡᠯ ᠢ᠋ᠶ᠋ᠡᠷ ᠰᠠᠯᠬᠢᠨ ᠤ᠋ ᠬᠤᠷᠳᠤᠴᠠ ᠶ᠋ᠢ ᠬᠡᠮᠵᠢᠭᠰᠡᠨ
ᠬᠥᠮᠥᠭᠡᠢ ᠶ᠋ᠢᠨ ᠵᠠᠭᠤᠳᠠᠯ ᠢ᠋ᠶ᠋ᠠᠷ ᠰᠡᠳᠬᠢᠯ ᠦ᠋ᠨ ᠲᠡᠩᠬᠡᠭᠡ ᠶ᠋ᠢ ᠬᠠᠷᠠᠭᠤᠯᠤᠭᠰᠠᠨ
ᠬᠥᠳᠡᠭᠡ ᠲᠠᠯ᠎ᠠ ᠶ᠋ᠢᠨ ᠮᠢᠩᠭᠠᠨ ᠦᠵᠡᠰᠬᠦᠯᠡᠩ ᠢ᠋ ᠭᠠᠢᠬᠠᠭᠤᠯᠤᠭᠰᠠᠨ
ᠬᠥᠮᠦᠨ ᠦ᠌ ᠣᠷᠴᠢᠯᠠᠩ ᠤ᠋ᠨ ᠲᠦᠮᠡᠨ ᠭᠠᠢᠬᠠᠮᠰᠢᠭ ᠢ᠋ ᠪᠦᠷᠢᠳᠦᠭᠦᠯᠦᠭᠰᠡᠨ
ᠮᠣᠬᠣᠰᠢ ᠦᠭᠡᠢ ᠭᠠᠩ ᠵᠣᠷᠢᠭ —ᠮᠢᠨᠦ ᠮᠣᠩᠭᠣᠯ ᠮᠣᠷᠢ
ᠮᠢᠲᠠᠷᠠᠰᠢ ᠦᠭᠡᠢ ᠵᠠᠩ ᠠᠷᠠᠨᠰᠢᠨ— ᠮᠢᠨᠦ ᠮᠣᠩᠭᠣᠯ ᠮᠣᠷᠢ
ᠮᠢᠩᠭᠠᠨ ᠭᠠᠵᠠᠷ ᠤ᠋ᠨ ᠬᠤᠪᠢᠯᠭᠠᠨ ᠬᠦᠯᠦᠭ —ᠮᠢᠨᠦ ᠮᠣᠩᠭᠣᠯ ᠮᠣᠷᠢ
ᠮᠢᠨᠦ ᠴᠢᠨᠦ ᠵᠠᠶᠠᠭᠠᠨ ᠤ᠋ ᠲᠦᠰᠢᠭ ᠮᠢᠨᠦ —ᠮᠣᠩᠭᠣᠯ ᠮᠣᠷᠢ
ᠢᠷᠡᠯᠲᠡ᠄ ᠴᠤᠤᠷᠢᠶ᠎ᠠ ᠤᠳᠬ᠎ᠠ ᠤᠷᠠᠯᠢᠭ ᠲᠠᠪᠴᠠᠩ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ᠂
ᠬᠢᠨᠠᠭᠴᠢ᠄ ᠰᠡᠴᠡᠨ
