ᠴᠠᠭᠠᠨ ᠰᠠᠷ᠎ᠠ -ᠭᠦᠩᠭᠠᠷTsagaan sar- GüngarЦагаан сар- Гүнгар
ᠴᠠᠭᠠᠨ ᠰᠠᠷ᠎ᠠ
ᠵᠣᠬᠢᠶᠠᠭᠴᠢ᠄ ᠭᠦᠩᠭᠠᠷ
ᠤᠶᠠᠩᠭᠠᠯᠠᠭᠴᠢ᠄ ᠤᠷᠠᠨᠲᠠᠨ᠎ᠠ
ᠳᠡᠯᠭᠡᠷ ᠪᠠᠶᠠᠨ ᠨᠤᠲᠤᠭ ᠢ᠋ᠶ᠋ᠠᠷ ᠨᠢ
ᠬᠠᠭᠳᠠ ᠬᠦᠪᠦᠷᠡᠭᠰᠡᠨ ᠴᠠᠭᠠᠨ ᠰᠠᠷ᠎ᠠ
ᠳᠡᠪᠡᠯᠲᠦ ᠮᠣᠩᠭᠣᠯ ᠲᠦᠮᠡᠨ ᠦ᠌ ᠮᠢᠨᠢ
ᠰᠠᠴᠤᠯᠢ ᠪᠠᠨ ᠡᠷᠭᠦᠭᠰᠡᠨ ᠴᠠᠭᠠᠨ ᠰᠠᠷ᠎ᠠ ᠠ᠋!
ᠠᠯᠲᠠ ᠲᠣᠷᠭᠠᠨ ᠬᠠᠳᠠᠭ ᠲᠤ᠌ ᠪᠠᠨ
ᠢᠷᠦᠭᠡᠯ ᠢ᠋ᠶ᠋ᠡᠨ ᠰᠢᠩᠭᠡᠭᠡᠭᠰᠡᠨ ᠴᠠᠭᠠᠨ ᠰᠠᠷ᠎ᠠ
ᠠᠰᠠᠷ ᠶᠡᠬᠡ ᠪᠤᠶᠠᠨ ᠳ᠋ᠤ᠌ ᠪᠠᠨ
ᠡᠰᠡᠨᠢᠯ ᠠᠪᠴᠢᠷᠠᠭᠰᠠᠨ ᠴᠠᠭᠠᠨ ᠰᠠᠷ᠎ᠠ ᠠ᠋!
ᠪᠣᠰᠤᠭ᠎ᠠ ᠵᠢᠷᠦᠬᠡᠨ ᠭᠡᠷ ᠲᠦ᠍ ᠨᠢ
ᠠᠭᠠᠷᠤᠤᠯ ᠰᠡᠩᠭᠢᠨᠡᠭᠰᠡᠨ ᠴᠠᠭᠠᠨ ᠰᠠᠷ᠎ᠠ
ᠪᠤᠮ ᠲᠦᠮᠡᠨ ᠦᠢᠯᠡᠰ ᠲᠦ᠍ ᠨᠢ
ᠠᠮᠵᠢᠯᠲᠠ ᠭᠢᠯᠠᠷᠠᠭᠰᠠᠨ ᠴᠠᠭᠠᠨ ᠰᠠᠷ᠎ᠠ ᠠ᠋!
ᠤᠳᠠᠭᠠᠨ ᠣᠨ ᠤ᠋ ᠵᠠᠩ ᠠᠷᠨᠨᠰᠢ ᠪᠠᠨ
ᠥᠪᠯᠡᠵᠦ ᠵᠠᠯᠭᠠᠮᠵᠢᠯᠠᠭᠰᠠᠨ ᠴᠠᠭᠠᠨ ᠰᠠᠷ᠎ᠠ
ᠤᠨᠠᠭᠠᠨ ᠪᠠᠭ᠎ᠠ ᠶ᠋ᠢᠨ ᠨᠤᠲᠤᠭ ᠤᠰᠤ ᠪᠠᠨ
ᠴᠣᠭᠴᠠᠯᠠᠵᠤ ᠬᠥᠭᠵᠢᠭᠦᠯᠦᠭᠰᠡᠨ ᠴᠠᠭᠠᠨ ᠰᠠᠷ᠎ᠠ ᠠ᠋!
ᠡᠷᠦᠬᠡ ᠪᠣᠯᠭᠠᠨ ᠤ᠋ ᠡᠭᠦᠳᠡᠨ ᠳ᠋ᠦ᠍ ᠨᠢ
ᠬᠡᠰᠢᠭ ᠬᠤᠷᠠᠭᠰᠠᠨ ᠴᠠᠭᠠᠨ ᠰᠠᠷ᠎ᠠ
ᠡᠷᠡᠭᠦᠯ ᠰᠠᠷᠠᠭᠤᠯ ᠴᠣᠭᠴᠠᠰ ᠲᠤ᠌ ᠨᠢ
ᠰᠢᠳᠢ ᠪᠦᠷᠢᠳᠦᠭᠰᠡᠨ ᠴᠠᠭᠠᠨ ᠰᠠᠷ᠎ᠠ ᠠ᠋!
ᠤᠰᠤᠨ ᠵᠢᠷᠣᠭ᠎ᠠ ᠬᠦᠯᠦᠭ ᠦ᠋ᠨ ᠬᠢᠨᠢ
ᠦᠰᠦ ᠨᠢ ᠭᠢᠯᠲᠠᠭᠠᠨᠠᠭᠰᠠᠨ ᠴᠠᠭᠠᠨ ᠰᠠᠷ᠎ᠠ
ᠤᠬᠠᠭᠠᠨ ᠴᠢᠳᠠᠪᠤᠷᠢ ᠪᠦᠬᠦᠨ ᠦ᠌ ᠬᠢᠨᠢ
ᠬᠡᠢᠮᠣᠷᠢ ᠨᠢ ᠰᠡᠷᠭᠦᠭᠰᠡᠨ ᠴᠠᠭᠠᠨ ᠰᠠᠷ᠎ᠠ ᠠ᠋!
ᠲᠠᠪᠤᠨ ᠡᠷᠳᠡᠨᠢ ᠶ᠋ᠢᠨ ᠰᠦᠷᠦᠭ ᠦ᠋ᠳ ᠨᠢ
ᠲᠠᠯ᠎ᠠ ᠪᠠᠨ ᠴᠢᠮᠡᠭᠰᠡᠨ ᠴᠠᠭᠠᠨ ᠰᠠᠷ᠎ᠠ
ᠲᠠᠪᠤᠨ ᠲᠠᠷᠢᠶᠠᠨ ᠤ᠋ ᠰᠢᠮ᠎ᠡ ᠦ᠋ᠳ ᠨᠢ
ᠬᠥᠮᠥᠷᠭᠡ ᠪᠡᠨ ᠳᠦᠭᠦᠷᠭᠡᠭᠰᠡᠨ ᠴᠠᠭᠠᠨ ᠰᠠᠷ᠎ᠠ ᠠ᠋!
ᠬᠥᠳᠡᠯᠮᠦᠷᠢ ᠶ᠋ᠢᠨ ᠠᠭᠤᠤ ᠪᠦᠲᠦᠭᠡᠯ ᠢ᠋ᠶ᠋ᠡᠨ
ᠤᠶᠠᠩᠭᠠᠯᠠᠵᠤ ᠳᠠᠭᠤᠯᠠᠭᠰᠠᠨ ᠴᠠᠭᠠᠨ ᠰᠠᠷ᠎ᠠ
ᠬᠥᠮᠦᠨ ᠵᠤᠨ ᠤ᠋ ᠵᠢᠮ᠎ᠡ ᠪᠡᠷ ᠢ᠋ᠶ᠋ᠡᠨ
ᠬᠤᠲᠤᠭ ᠨᠡᠮᠡᠭᠰᠡᠨ ᠴᠠᠭᠠᠨ ᠰᠠᠷ᠎ᠠ ᠠ᠋!
ᠦᠨᠳᠦᠰᠦᠲᠡᠨ ᠶᠠᠰᠤᠲᠠᠨ ᠤ᠋ ᠨᠢᠭᠲᠠᠷᠠᠯ ᠳ᠋ᠤ᠌ ᠨᠢ
ᠢᠨᠢᠶᠡᠳᠦ ᠴᠠᠯᠭᠢᠯᠠᠭᠰᠠᠨ ᠴᠠᠭᠠᠨ ᠰᠠᠷ᠎ᠠ
ᠡᠷᠢᠨ ᠵᠠᠭᠤᠨ ᠤ᠋ ᠬᠦᠰᠡᠯ ᠳ᠋ᠦ᠍ ᠨᠢ
ᠢᠲᠡᠭᠡᠯ ᠬᠥᠪᠴᠢᠯᠡᠭᠰᠡᠨ ᠴᠠᠭᠠᠨ ᠰᠠᠷ᠎ᠠ ᠠ᠋!
ᠴᠠᠳᠢᠭ ᠲᠡᠦᠬᠡ ᠶ᠋ᠢᠨ ᠲᠣᠪᠴᠢᠶᠠᠨ ᠳ᠋ᠤ᠌ ᠪᠠᠨ
ᠬᠠᠭᠤᠳᠠᠰᠤ ᠨᠡᠮᠡᠷᠢᠯᠡᠭᠰᠡᠨ ᠴᠠᠭᠠᠨ ᠰᠠᠷ᠎ᠠ
ᠴᠠᠭᠯᠠᠰᠢ ᠦᠭᠡᠢ ᠬᠥᠭᠵᠢᠯᠲᠡ ᠳ᠋ᠦ᠍ ᠪᠡᠨ
ᠳᠠᠶᠠᠭᠠᠷ ᠢ᠋ᠶ᠋ᠠᠨ ᠭᠠᠪᠰᠢᠭᠠᠢᠯᠠᠭᠰᠠᠨ ᠴᠠᠭᠠᠨ ᠰᠠᠷ᠎ᠠ ᠠ᠋!
ᠳᠠᠭᠤᠴᠢᠨ ᠬᠤᠭᠤᠷᠴᠢᠨ ᠤ᠋ ᠡᠭᠡᠰᠢᠭ ᠨᠢ
ᠠᠯᠤᠰ ᠲᠤ᠌ ᠴᠤᠤᠷᠢᠶᠠᠳᠠᠭᠰᠠᠨ ᠴᠠᠭᠠᠨ ᠰᠠᠷ᠎ᠠ
ᠲᠤᠤᠯᠢᠮ᠎ᠠ ᠬᠣᠷᠸ᠎ᠠ ᠶ᠋ᠢᠨ ᠡᠯᠢᠭᠡᠨ ᠳᠡᠭᠡᠷ᠎ᠡ ᠪᠡᠨ
ᠠᠯᠳᠠᠷ ᠢ᠋ᠶ᠋ᠠᠨ ᠮᠠᠨᠳᠤᠭᠤᠯᠤᠭᠰᠠᠨ ᠴᠠᠭᠠᠨ ᠰᠠᠷ᠎ᠠ ᠠ᠋!
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
