ᠮᠣᠩᠭᠣᠯᠴᠤᠳ ᠮᠢᠨᠢ ᠪᠣᠰᠤᠭ᠎ᠠ ᠮᠣᠩᠭᠣᠯ ᠦᠰᠦᠭ ᠢ᠋ᠶ᠋ᠡᠨ ᠪᠤᠷᠬᠠᠨ ᠭᠡᠵᠦ ᠰᠢᠲᠦᠨ᠎ᠡ ᠳᠡ ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯᠴᠤᠳ ᠮᠢᠨᠢ ᠪᠣᠰᠤᠭ᠎ᠠ ᠮᠣᠩᠭᠣᠯ ᠦᠰᠦᠭ ᠢ᠋ᠶ᠋ᠡᠨ ᠪᠤᠷᠬᠠᠨ ᠭᠡᠵᠦ ᠰᠢᠲᠦᠨ᠎ᠡ ᠳᠡ

ᠮᠣᠩᠭᠣᠯᠴᠤᠳ ᠮᠢᠨᠢ ᠪᠣᠰᠤᠭ᠎ᠠ ᠮᠣᠩᠭᠣᠯ ᠦᠰᠦᠭ ᠢ᠋ᠶ᠋ᠡᠨ ᠪᠤᠷᠬᠠᠨ ᠭᠡᠵᠦ ᠰᠢᠲᠦᠨ᠎ᠡ ᠳᠡ

ᠠᠩᠭᠢᠯᠠᠯ:ᠪᠤᠤᠬᠢᠶ᠎ᠠ
2026-02-15

204

ᠮᠣᠩᠭᠣᠯᠴᠤᠳ ᠮᠢᠨᠢ ᠪᠣᠰᠤᠭ᠎ᠠ ᠮᠣᠩᠭᠣᠯ ᠦᠰᠦᠭ ᠢ᠋ᠶ᠋ᠡᠨ ᠪᠤᠷᠬᠠᠨ ᠭᠡᠵᠦ ᠰᠢᠲᠦᠨ᠎ᠡ ᠳᠡ


1. ᠦᠵᠢᠶᠡᠳ ᠡᠷᠳᠡᠨᠢᠴᠡᠴᠡᠭ 
ᠮᠣᠩᠭᠣᠯ ᠪᠦᠰᠡᠲᠡᠢ ᠶ᠋ᠢᠨ ᠲᠠᠪᠤᠨ ᠵᠢᠷᠤᠮ 
ᠠᠯᠤᠰ ᠤ᠋ᠨ ᠬᠠᠷᠠᠭ᠎ᠠ ᠲᠠᠢ᠂ᠬᠣᠯᠠᠴᠢ ᠤᠬᠠᠭᠠᠨ ᠲᠠᠢ 
ᠥᠷᠥᠰᠢᠶᠡᠩᠭᠦᠢ ᠰᠡᠳᠬᠢᠯ ᠲᠡᠢ ᠂ᠡᠪ ᠨᠠᠢᠷ ᠲᠠᠢ᠂ ᠡᠷᠬᠢᠮ ᠲᠡᠭᠦᠰ ᠶᠣᠰᠣᠯᠠᠯ ᠲᠠᠢ᠃
2. ᠰᠣᠨᠢᠨᠴᠡᠴᠡᠭ 
ᠥᠭᠦᠯᠡᠪᠦᠷᠢ ᠵᠣᠬᠢᠶᠠᠶ᠎ᠠ 
ᠡᠪᠦᠭᠡ ᠭᠡᠳᠡᠭ ᠦᠭᠡ ᠪᠡᠷ ᠥᠭᠦᠯᠡᠪᠦᠷᠢ ᠵᠣᠬᠢᠶᠠᠶ᠎ᠠ 
ᠦᠯᠢᠭᠡᠷ ᠰᠠᠢᠬᠠᠨ ᠶᠠᠷᠢᠳᠠᠭ ᠭᠡᠵᠦ ᠵᠠᠯᠭᠠᠵᠤ ᠪᠢᠴᠢᠶ᠎ᠡ 
ᠡᠮᠡᠭᠡ ᠭᠡᠳᠡᠭ ᠦᠭᠡ ᠪᠡᠷ ᠥᠭᠦᠯᠡᠪᠦᠷᠢ ᠵᠣᠬᠢᠶᠠᠶ᠎ᠠ 
ᠡᠪᠦᠷ ᠲᠡᠭᠡᠨ ᠨᠠᠮᠠᠶ᠋ᠢ ᠲᠣᠭᠯᠠᠭᠤᠯᠳᠠᠭ ᠭᠡᠵᠦ ᠨᠡᠮᠡᠵᠦ ᠪᠢᠴᠢᠶ᠎ᠡ᠃
ᠠᠪᠤ ᠭᠡᠳᠡᠭ ᠦᠭᠡ ᠪᠡᠷ ᠥᠭᠦᠯᠡᠪᠦᠷᠢ ᠵᠣᠬᠢᠶᠠᠶ᠎ᠠ 
ᠠᠭᠲᠠ ᠶ᠋ᠢᠨ ᠨᠢᠷᠤᠭᠤᠨ ᠳ᠋ᠤ᠌ ᠢᠰᠬᠡᠷᠴᠦ ᠶᠠᠪᠤᠳᠠᠭ ᠭᠡᠵᠦ ᠵᠠᠯᠭᠠᠵᠤ ᠪᠢᠴᠢᠶ᠎ᠡ 
ᠡᠵᠢ ᠭᠡᠳᠡᠭ ᠦᠭᠡ ᠪᠡᠷ ᠥᠭᠦᠯᠡᠪᠦᠷᠢ ᠵᠣᠬᠢᠶᠠᠶ᠎ᠠ 
ᠥᠷᠯᠥᠭᠡ ᠡᠷᠲᠡ ᠶ᠋ᠢᠨ ᠴᠠᠢ ᠪᠠᠨ ᠲᠩᠷᠢ ᠭᠠᠵᠠᠷ ᠲᠤ᠌ ᠡᠷᠭᠦᠵᠦ ᠪᠠᠢᠨ᠎ᠠ ᠭᠡᠵᠦ ᠨᠡᠮᠡᠵᠦ ᠪᠢᠴᠢᠶ᠎ᠡ!
3. ᠨᠤᠮᠤᠴᠢᠨ ᠪᠢᠯᠢᠭ
ᠬᠥᠮᠦᠨ ᠬᠥᠮᠦᠨ ᠦ᠌ ᠬᠣᠭᠣᠷᠣᠨᠳᠣᠬᠢ ᠬᠠᠮᠤᠭ ᠤ᠋ᠨ ᠶᠡᠬᠡ ᠲᠠᠲᠠᠬᠤ ᠬᠦᠴᠦᠨ ᠪᠣᠯ ᠬᠠᠷᠢᠨ ᠪᠤᠰᠤᠳ ᠲᠤ᠌ ᠦᠯᠡᠳᠡᠭᠡᠭᠰᠡᠨ ᠬᠠᠯᠠᠭᠤᠨ ᠳᠤᠯᠠᠭᠠᠨ ᠬᠠᠢᠷ᠎ᠠ ᠬᠠᠯᠠᠮᠵᠢ᠂ ᠯᠠᠪᠳᠠᠭᠤᠨ ᠲᠣᠭᠲᠠᠭᠤᠨ ᠵᠠᠩ ᠠᠭᠠᠰᠢ᠂ ᠴᠠᠢᠯᠭᠠᠨ ᠴᠠᠭᠠᠪᠤᠷ ᠰᠡᠳᠬᠢᠯ ᠪᠠ ᠦᠨᠡᠨᠴᠢ ᠢᠲᠡᠭᠡᠮᠵᠢ ᠲᠡᠢ ᠬᠥᠮᠦᠨ ᠴᠢᠨᠠᠷ ᠪᠣᠯᠬᠤ ᠶᠤᠮ ᠃
4. ᠦᠵᠢᠶᠡᠳ ᠡᠷᠳᠡᠨᠢᠴᠡᠴᠡᠭ 
ᠮᠣᠩᠭᠣᠯ ᠡᠬᠡ ᠶ᠋ᠢᠨ ᠶᠢᠰᠦᠨ ᠡᠷᠳᠡᠮ
ᠥᠩᠭᠡᠨ ᠳ᠋ᠦ᠍ ᠴᠢᠪᠡᠷ᠂ᠦᠢᠯᠡ ᠳ᠋ᠦ᠍ ᠤᠷᠠᠨ᠂ ᠦᠷ᠎ᠡ ᠳ᠋ᠦ᠍ ᠡᠨᠡᠷᠢᠩᠭᠦᠢ᠂
ᠦᠷᠭᠦᠯᠵᠢ ᠴᠡᠮᠴᠡᠭᠡᠷ᠂ ᠬᠠᠨᠢ ᠳ᠋ᠤ᠌ ᠪᠠᠨ ᠲᠦᠰᠢᠭ ᠲᠡᠢ ᠂ᠬᠠᠳᠠᠮ ᠳ᠋ᠤ᠌ ᠪᠠᠨ ᠡᠯᠢᠭᠡ ᠲᠡᠢ᠂
ᠨᠠᠢᠷ ᠲᠤ᠌ ᠳᠠᠭᠤᠤ ᠲᠠᠢ᠂ ᠨᠠᠰᠤᠲᠠᠨ ᠳ᠋ᠤ᠌ ᠢᠷᠦᠭᠡᠯ ᠲᠡᠢ᠂ᠨᠡᠷᠡᠲᠦ ᠳ᠋ᠦ᠍ ᠪᠤᠶᠠᠨ ᠲᠠᠢ᠃
5. ᠮᠥᠩᠭᠥᠨ

        ᠪᠣᠭᠣᠨᠢ ᠮᠥᠷᠲᠦ ᠨᠦ᠍ᠭᠦᠳ

ᠭ᠂ ᠴᠢᠩᠪᠠᠭᠠᠲᠤᠷ
ᠭᠤᠨᠢᠭ ᠪᠠᠶᠠᠷ ᠬᠣᠶᠠᠷ ᠤ᠋ᠨ ᠢ᠋ᠶ᠋ᠠᠨ ᠠᠳᠠᠷᠠᠮ᠎ᠠ ᠳᠡᠭᠡᠭᠦᠷ ᠪᠦᠳᠦᠴᠢᠨ
ᠭᠤᠴᠢᠨ ᠵᠢᠯ ᠦ᠋ᠨ ᠵᠠᠮ ᠢ᠋ ᠤᠨᠠᠵᠤ ᠲᠣᠰᠣᠨ ᠲᠤᠭᠤᠯᠬᠤ ᠳ᠋ᠤ᠌
ᠠᠯᠳᠠᠭ᠎ᠠ ᠤᠨᠤᠭ᠎ᠠ ᠬᠣᠶᠠᠷ ᠤ᠋ᠨ ᠮᠢᠨᠢ ᠨᠠᠮᠬᠠᠨ ᠪᠣᠷᠣ ᠭᠤᠯᠳᠤᠷᠢᠯ ᠢ᠋ᠶ᠋ᠠᠷ
ᠠᠮᠢ ᠨᠠᠰᠤᠨ ᠤ᠋ ᠡᠳᠦᠷ ᠦ᠋ᠳ ᠨᠠᠷᠠ ᠳᠡᠭᠡᠬᠡᠨ ᠤᠷᠤᠰᠤᠨᠠᠮ᠁
ᠠᠳᠠᠯᠢ ᠵᠡᠷᠭᠡᠲᠡᠨ ᠢ᠋ ᠡᠶᠡᠯᠳᠡᠭ ᠢ᠋ᠶ᠋ᠡᠷ ᠭᠦᠢᠴᠡᠳᠬᠡᠬᠦ
ᠠᠯᠤᠰ ᠤ᠋ᠨ ᠬᠥᠮᠦᠰ ᠢ᠋ ᠰᠡᠳᠬᠢᠯ ᠢ᠋ᠶ᠋ᠡᠷ ᠭᠦᠢᠴᠡᠳᠬᠡᠬᠦ
ᠠᠯᠲᠠᠨ ᠣᠷᠣᠭᠳᠠᠨ ᠢ᠋ ᠠᠴᠢᠯᠠᠯ ᠢ᠋ᠶ᠋ᠠᠷ ᠭᠦᠢᠴᠡᠳᠬᠡᠬᠦ᠃
6. ᠠᠯᠲᠠᠨᠴᠢᠮᠡᠭ
ᠳᠡᠯᠡᠬᠡᠢ ᠳᠡᠭᠡᠷᠡᠬᠢ ᠬᠠᠮᠤᠭ ᠤ᠋ᠨ ᠲᠣᠮᠣ ᠱᠣᠷᠣᠩ ᠪᠣᠯ ᠬᠥᠮᠦᠨ ᠨᠠᠮ᠎ᠠ ᠶ᠋ᠢ ᠶᠠᠭᠤ ᠭᠡᠵᠦ ᠪᠣᠳᠣᠬᠤ ᠪᠣᠯ ᠭᠡᠳᠡᠭ ᠪᠣᠳᠣᠯ᠃ᠥᠪᠡᠷ ᠲᠡᠭᠡᠨ ᠦᠨᠡᠨ᠂ᠥᠪᠡᠷ ᠲᠡᠭᠡᠨ ᠵᠥᠪ᠂ ᠥᠪᠡᠷ ᠢ᠋ᠶ᠋ᠡᠷ ᠢ᠋ᠶ᠋ᠡᠨ ᠬᠡᠷᠡᠯᠳᠦᠵᠦ ᠠᠮᠢᠳᠤᠷᠠ᠃
7. ᠰᠣᠨᠢᠨᠴᠡᠴᠡᠭ ᠂
ᠨᠤᠲᠤᠭ ᠭᠡᠳᠡᠭ ᠦᠭᠡ ᠪᠡᠷ ᠥᠭᠦᠯᠡᠪᠦᠷᠢ ᠵᠣᠬᠢᠶᠠᠶ᠎ᠠ
ᠨᠠᠮᠠᠶ᠋ᠢ ᠲᠥᠷᠥᠭᠦᠯᠦᠭᠰᠡᠨ ᠭᠠᠵᠠᠷ ᠰᠢᠷᠣᠢ ᠭᠡᠵᠦ ᠵᠠᠯᠭᠠᠵᠤ ᠪᠢᠴᠢᠶ᠎ᠡ
ᠮᠣᠩᠭᠣᠯ ᠭᠡᠳᠡᠭ ᠦᠭᠡ ᠪᠡᠷ ᠥᠭᠦᠯᠡᠪᠦᠷᠢ ᠵᠣᠬᠢᠶᠠᠶ᠎ᠠ
ᠨᠡᠷᠡᠲᠦ ᠳ᠋ᠦ᠍ ᠭᠠᠭᠴᠠᠬᠠᠨ ᠠᠭᠤᠤ ᠠᠯᠳᠠᠷ ᠭᠡᠵᠦ ᠵᠠᠯᠭᠠᠵᠤ ᠪᠢᠴᠢᠶ᠎ᠡ!
8. ᠭᠠᠸᠠ
ᠮᠥᠩᠬᠡ ᠲᠩᠷᠢ ᠶ᠋ᠢᠨ ᠳᠠᠯᠠᠯᠭ᠎ᠠ ᠬᠤᠷᠤᠢᠯᠠᠭᠰᠠᠨ
ᠮᠥᠩᠭᠥᠨ ᠰᠠᠷᠢᠳᠠᠭ ᠨᠢ ᠴᠠᠢᠯᠵᠠᠭᠠᠳ ᠪᠠᠢᠨ᠎ᠠ
ᠴᠠᠢᠳᠠᠮ ᠪᠦᠷᠢᠳᠦ ᠨᠢ ᠴᠡᠩᠬᠡᠷᠲᠦᠨ ᠤᠨᠢᠶᠠᠷᠲᠤᠭᠠᠳ
ᠴᠡᠴᠡᠭᠡᠰ ᠦ᠋ᠨ ᠦᠨᠦᠷ ᠲᠡᠢ ᠮᠢᠨᠦ ᠨᠤᠲᠤᠭ ᠠ᠋
ᠡᠵᠡᠨ ᠲᠡᠢ ᠪᠣᠯᠬᠣᠷ ᠨᠤᠲᠤᠭ ᠮᠢᠨᠢ ᠠᠮᠤᠭᠤᠯᠠᠩ
ᠨᠤᠲᠤᠭ ᠲᠠᠢ ᠪᠣᠯᠬᠣᠷ ᠡᠵᠡᠨ ᠪᠢᠳᠡᠨ ᠦ᠌ ᠵᠢᠷᠭᠠᠯᠠᠩ᠃
ᠳᠠᠭᠤᠨ ᠤ᠋ ᠦᠭᠡ
9.ᠳᠠᠯᠠᠨᠲᠠᠢ
ᠪᠠᠷᠳᠠᠮ ᠦᠭᠡ ᠪᠡᠷ ᠰᠡᠴᠡᠨ ᠪᠣᠯᠵᠤ ᠴᠢᠳᠠᠬᠤ ᠦᠭᠡᠢ
ᠪᠠᠯᠠᠮᠠᠳ ᠶᠠᠪᠤᠳᠠᠯ ᠢ᠋ᠶ᠋ᠠᠷ ᠪᠠᠭᠠᠲᠤᠷ ᠪᠣᠯᠵᠤ ᠴᠢᠳᠠᠬᠤ ᠦᠭᠡᠢ
ᠪᠠᠴᠢᠮ ᠠᠭᠤᠷ ᠢ᠋ᠶ᠋ᠠᠷ ᠤᠴᠢᠷ ᠪᠦᠲᠦᠭᠡᠵᠦ ᠴᠢᠳᠠᠬᠤ ᠦᠭᠡᠢ
ᠪᠤᠷᠤᠭᠤ ᠰᠠᠨᠠᠭ᠎ᠠ ᠪᠠᠷ ᠪᠡᠶ᠎ᠡ ᠪᠡᠨ ᠵᠠᠰᠠᠵᠤ ᠴᠢᠳᠠᠬᠤ ᠦᠭᠡᠢ᠃
10. ᠰᠣᠨᠢᠨᠴᠡᠴᠡᠭ ᠂ ᠂
ᠪᠤᠰᠤᠳ ᠤ᠋ᠨ ᠳᠡᠭᠡᠷ᠎ᠡ ᠪᠠᠢᠭᠰᠠᠨ ᠴᠤ᠌ ᠬᠥᠮᠦᠨ ᠢ᠋ ᠬᠥᠮᠦᠨ ᠭᠡᠵᠦ ᠬᠠᠷᠠ!
ᠪᠤᠰᠤᠳ ᠤ᠋ᠨ ᠳᠣᠣᠷ᠎ᠠ ᠪᠠᠢᠭᠰᠠᠨ ᠴᠤ᠌ ᠥᠪᠡᠷ ᠢ᠋ ᠪᠡᠨ ᠬᠥᠮᠦᠨ ᠭᠡᠵᠦ ᠬᠠᠷᠠ!
11. ᠭᠠᠹᠠᠯᠮ᠎ᠠ
ᠠᠪᠢᠶᠠᠰ ᠪᠢᠯᠢᠭ ᠪᠣᠯ ᠲᠠᠷᠢᠬᠢᠨ ᠠ᠋ᠴᠠ ᠰᠠᠴᠤᠷᠠᠳᠠᠭ ᠭᠡᠷᠡᠯ
ᠴᠢᠳᠠᠪᠤᠷᠢ ᠤᠬᠠᠭᠠᠨ ᠪᠣᠯ ᠪᠡᠶ᠎ᠡ ᠡᠴᠡ ᠤᠷᠭᠤᠳᠠᠭ ᠴᠡᠴᠡᠭᠡᠰ
ᠡᠨᠡᠷᠢᠯ ᠬᠠᠢᠷ᠎ᠠ ᠪᠣᠯ ᠵᠢᠷᠦᠬᠡᠨ ᠡᠴᠡ ᠣᠨᠳᠣᠷᠳᠠᠭ ᠷᠠᠰᠢᠶᠠᠨ
ᠢᠲᠡᠭᠡᠯ ᠵᠣᠷᠢᠭ ᠪᠣᠯ ᠴᠢᠮᠦᠭᠡᠨ ᠡᠴᠡ ᠲᠥᠯᠵᠢᠳᠡᠭ ᠬᠦᠴᠦᠨ᠃
12. ᠪᠣᠷᠣᠨ᠎ᠠ
ᠠᠷᠠᠳ ᠤ᠋ᠨ ᠰᠤᠷᠭᠠᠯ ᠦᠭᠡ
ᠥᠭᠡᠳᠡᠯᠡᠬᠦ ᠬᠥᠮᠦᠨ ᠥᠪᠡᠷ ᠲᠡᠢ ᠪᠡᠨ ᠲᠡᠮᠡᠴᠡᠨ᠎ᠡ᠂
ᠤᠷᠤᠭᠤᠳᠠᠬᠤ ᠬᠥᠮᠦᠨ ᠪᠤᠰᠤᠳ ᠲᠠᠢ ᠲᠡᠮᠡᠴᠡᠨ᠎ᠡ᠂
ᠬᠥᠮᠦᠨ ᠢᠳᠡᠬᠦ ᠳᠣᠳᠣᠮ ᠬᠣᠪᠳᠣᠭ ᠪᠣᠯᠤᠨ᠎ᠠ᠂
ᠬᠥᠮᠦᠨ ᠤᠨᠲᠠᠬᠤ ᠳᠣᠳᠣᠮ ᠵᠠᠯᠬᠠᠭᠤ ᠪᠣᠯᠤᠨ᠎ᠠ᠂
13.ᠤᠤᠭᠠᠨᠵᠢᠳ
ᠪᠣᠳᠣᠯ ᠰᠡᠳᠬᠢᠯᠭᠡ ᠪᠠᠶᠠᠰᠤᠩᠭᠤᠢ ᠪᠣᠯ
ᠪᠠᠶᠠᠷ ᠵᠢᠷᠭᠠᠯ ᠳᠠᠷᠤᠢ ᠲᠠᠨ ᠤ᠋ ᠬᠢ ᠶᠦᠮ
ᠪᠡᠶ᠎ᠡ ᠮᠠᠬᠠᠪᠣᠳ ᠡᠷᠡᠭᠦᠯ ᠴᠢᠭᠢᠷᠠᠭ ᠪᠣᠯ
ᠪᠦᠬᠦ ᠶᠢᠷᠲᠢᠨᠴᠦ ᠴᠤ᠌ ᠲᠠᠨ ᠤ᠋ ᠬᠢ ᠶᠦᠮ᠃
14. ᠭᠠᠹᠠᠯᠮ᠎ᠠ
ᠪᠣᠰᠤᠭ᠎ᠠ ᠮᠣᠩᠭᠣᠯ ᠬᠡᠯᠡ ᠪᠡᠨ ᠪᠤᠷᠬᠠᠨ ᠭᠡᠵᠦ ᠰᠢᠲᠦᠨ᠎ᠡ ᠪᠢᠳᠡ
ᠪᠣᠭᠳᠠ ᠡᠵᠡᠨ ᠴᠢᠩᠭᠢᠰ ᠦ᠋ᠨ ᠥᠪ ᠢ᠋ᠶ᠋ᠡᠨ ᠪᠤᠶᠠᠨ ᠭᠡᠵᠦ ᠳᠡᠭᠡᠳᠦᠯᠡᠨ᠎ᠡ ᠪᠢᠳᠡ᠃
15. ᠰᠠᠷᠠᠨᠭᠡᠷᠡᠯ
ᠡᠵᠡᠨ ᠬᠥᠮᠦᠨ ᠦ᠌ ᠣᠪᠣᠷ ᠢ᠋ᠶ᠋ᠠᠷ ᠡᠬᠡ ᠬᠡᠯᠡ ᠪᠡᠨ ᠨᠠᠨᠳᠢᠩᠨᠠᠶ᠎ᠠ!
ᠡᠵᠢ ᠠᠪᠤ ᠨᠢ ᠬᠡᠦᠬᠡᠳ ᠲᠡᠭᠡᠨ ᠦᠰᠦᠭ ᠪᠢᠴᠢᠭ ᠢ᠋ᠶ᠋ᠡᠨ ᠵᠢᠭᠠᠶ᠎ᠠ!
16. ᠵᠢᠷᠠᠨᠲᠠᠢ
ᠪᠠᠶᠠᠨ ᠶᠠᠳᠠᠭᠤ ᠬᠠᠮᠢᠭ᠎ᠠ ᠦᠭᠡᠢ
ᠪᠠᠶᠠᠷ ᠲᠠᠢ ᠠᠮᠢᠳᠤᠷᠠᠬᠤ ᠰᠠᠢᠬᠠᠨ᠃
ᠵᠣᠭᠣᠰ ᠲᠠᠢ ᠵᠣᠭᠣᠰ ᠦᠭᠡᠢ ᠬᠠᠮᠢᠭ᠎ᠠ ᠦᠭᠡᠢ
ᠵᠣᠷᠢᠭ ᠲᠠᠢ ᠠᠮᠢᠳᠤᠷᠠᠬᠤ ᠰᠠᠢᠬᠠᠨ᠃
17. ᠭᠠᠹᠠᠯᠮ᠎ᠠ
ᠨᠤᠲᠤᠭ ᠭᠡᠳᠡᠭ ᠠᠮᠢᠨ ᠥᠯᠥᠭᠡᠢ᠂
ᠲᠥᠷᠥᠬᠦ ᠳ᠋ᠦ᠍ ᠠᠮᠢ ᠲᠠᠢ ᠮᠢᠨᠢ ᠬᠠᠮᠲᠤ ᠂
ᠶᠠᠪᠤᠬᠤ ᠳ᠋ᠤ᠌ ᠨᠡᠷ᠎ᠡ ᠲᠡᠢ ᠮᠢᠨᠢ ᠬᠠᠮᠲᠤ ᠂
ᠦᠬᠦᠬᠦ ᠳ᠋ᠦ᠍ ᠶᠠᠰᠤ ᠲᠠᠢ ᠮᠢᠨᠢ ᠬᠠᠮᠲᠤ᠂
ᠠᠰᠢᠳᠠ ᠵᠢᠷᠦᠬᠡ ᠲᠡᠢ ᠮᠢᠨᠢ ᠬᠠᠮᠲᠤ᠃
18. ᠭᠠᠸᠠ
    ᠬᠠᠪᠤᠷ
         ᠳ᠂ ᠨᠠᠴᠤᠭᠳᠣᠷᠵᠢ
ᠮᠥᠩᠬᠡ ᠲᠩᠷᠢ ᠶ᠋ᠢᠨ ᠳᠣᠣᠷ᠎ᠠ ᠮᠢᠩᠭᠠᠨ ᠮᠢᠩᠭᠠᠨ ᠬᠠᠪᠤᠷ
ᠮᠣᠩᠭᠣᠯ ᠤ᠋ᠨ ᠰᠠᠢᠬᠠᠨ ᠣᠷᠣᠨ ᠳ᠋ᠤ᠌ ᠵᠢᠯ ᠵᠢᠯ ᠳᠡᠯᠭᠡᠷ᠃
ᠡᠩᠬᠡ ᠤᠯᠠᠷᠢᠯ ᠬᠠᠩᠬᠤᠯᠬᠤ ᠳ᠋ᠤ᠌ ᠬᠥᠮᠦᠨ ᠦ᠌ ᠰᠡᠳᠬᠢᠯ ᠲᠡᠨᠢᠭᠡᠷ
ᠡᠪᠡᠰᠦᠨ ᠦ᠌ ᠰᠣᠶᠣᠭ᠎ᠠ ᠨᠣᠭᠣᠭᠠᠷᠠᠬᠤ ᠳ᠋ᠤ᠌ ᠮᠣᠷᠢ ᠮᠠᠯ ᠬᠠᠨᠠᠭᠠᠷ᠃
19. ᠠᠯᠲᠠᠨᠨᠠᠪᠴᠢ
    ᠬᠥᠮᠦᠰ ᠠᠵᠠ ᠵᠢᠷᠭᠠᠯ ᠢ᠋ ᠦᠷᠭᠦᠯᠵᠢ ᠶᠠᠮᠠᠷ ᠨᠢᠭᠡᠨ ᠵᠦᠢᠯ ᠲᠡᠢ《 ᠪᠠᠢᠬᠤ》 ᠭᠡᠵᠦ ᠣᠢᠯᠠᠭᠠᠳᠠᠭ᠃《 ᠪᠠᠢᠬᠤ》 ᠪᠤᠶᠤ ᠡᠳ᠋ ᠪᠠᠶᠠᠯᠢᠭ᠂ ᠨᠡᠷ᠎ᠡ ᠲᠥᠷᠥ᠂ ᠪᠠᠢᠷᠢ ᠮᠠᠰᠢᠨ ᠨᠢ ᠶᠡᠬᠡᠩᠬᠢ ᠳ᠋ᠦ᠍ ᠪᠡᠨ ᠪᠤᠰᠤᠳ ᠤ᠋ᠨ ᠨᠢᠳᠦᠨ ᠳ᠋ᠦ᠍ ᠵᠣᠷᠢᠭᠤᠯᠤᠭᠳᠠᠭᠰᠠᠨ ᠨᠡᠢᠭᠡᠮ ᠦ᠋ᠨ ᠪᠠᠭ ᠲᠡᠳᠦᠢ ᠵᠦᠢᠯ ᠶᠦᠮ᠃ ᠦᠨᠡᠨ ᠳ᠋ᠡᠭᠡᠨ ᠠᠵᠠ ᠵᠢᠷᠭᠠᠯ ᠭᠡᠳᠡᠭ ᠨᠢ《 ᠪᠠᠢᠬᠤ ᠦᠭᠡᠢ》 ᠵᠦᠢᠯ ᠶᠦᠮ᠃
    ᠰᠠᠨᠠᠭ᠎ᠠ ᠵᠣᠪᠠᠯᠲᠠ᠂ ᠰᠢᠨᠤᠯ᠂ ᠡᠪᠡᠳᠴᠢᠨ ᠵᠣᠪᠠᠯᠠᠩ᠂ ᠠᠢᠳᠠᠰ ᠦᠭᠡᠢ ᠪᠠᠢᠬᠤ ᠨᠢ ᠭᠷᠧᠭ ᠦ᠋ᠨ ᠭᠦᠨ ᠤᠬᠠᠭᠠᠨ ᠳ᠋ᠤ᠌ ᠰᠡᠳᠬᠢᠯ ᠦ᠋ᠨ ᠲᠡᠭᠦᠰ ᠠᠮᠤᠷ ᠠᠮᠤᠭᠤᠯᠠᠩ ᠭᠡᠳᠡᠭ᠃ ᠣᠯᠠᠨ ᠬᠥᠮᠦᠨ ᠡᠭᠦᠨ ᠢ᠋ ᠣᠢᠯᠠᠭᠠᠳᠠᠭ ᠦᠭᠡᠢ!
   《 ᠪᠠᠢᠬᠤ》 ᠨᠢ ᠪᠤᠰᠤᠳ ᠲᠤ᠌ ᠬᠠᠷᠠᠭᠤᠯᠬᠤ ᠵᠦᠢᠯ ᠂ ᠬᠠᠷᠢᠨ《ᠪᠠᠢᠬᠤ ᠦᠭᠡᠢ》 ᠨᠢ ᠯᠡ ᠵᠢᠩᠬᠢᠨᠢ ᠴᠢᠨᠦ ᠥᠪᠡᠷ ᠦ᠋ᠨ ᠴᠢᠨᠢ ᠵᠦᠢᠯ ᠶᠦᠮ ᠰᠢᠦ!
                         — ᠵᠡᠭᠦᠳᠦᠨ ᠦ᠌ ᠬᠠᠨ ᠬᠦᠦ ᠶ᠋ᠢᠨ ᠴᠣᠮᠣᠷᠯᠢᠭ ᠠ᠋ᠴᠠ
20.ᠨᠠᠷᠠᠨᠲᠣᠭᠣᠰ
ᠬᠥᠮᠦᠨ ᠢ᠋ ᠵᠥᠪ ᠲᠠᠨᠢᠪᠠᠯ᠂ᠬᠠᠢᠷ᠎ᠠ ᠪᠤᠶᠠᠨ ᠢ᠋ ᠣᠯᠤᠨ᠎ᠠ
ᠤᠴᠢᠷ ᠢ᠋ ᠵᠥᠪ ᠲᠠᠨᠢᠪᠠᠯ᠂ᠠᠷᠭ᠎ᠠ ᠤᠬᠠᠭᠠᠨ ᠢ᠋ ᠣᠯᠤᠨ᠎ᠠ᠃
21. ᠬᠤᠪᠢᠰᠬᠠᠯᠮ᠎ᠠ
ᠲᠥᠷᠥᠭᠰᠡᠨ ᠨᠤᠲᠤᠭ ᠲᠠᠢ ᠪᠠᠨ ᠪᠠᠢᠪᠠᠯ᠂ᠠᠮᠢᠳᠤᠷᠠᠯ ᠬᠡᠵᠢᠶᠡᠳᠡ ᠲᠠᠢᠪᠤᠩ
ᠲᠥᠷᠥᠯᠬᠢ ᠬᠡᠯᠡ ᠲᠡᠢ ᠪᠡᠨ ᠪᠠᠢᠪᠠᠯ᠂ᠮᠣᠩᠭᠣᠯ ᠬᠡᠵᠢᠶᠡᠳᠡ ᠠᠮᠤᠭᠤᠯᠠᠩ᠃
22. ᠮᠡᠷᠭᠡᠨᠪᠢᠯᠢᠭ
ᠮᠣᠩᠭᠣᠯ ᠬᠡᠯᠡ
ᠲᠩᠷᠢ ᠶ᠋ᠢᠨ ᠲᠤᠯᠭᠠᠭᠤᠷᠢ ᠭᠠᠵᠠᠷ ᠤ᠋ᠨ ᠪᠠᠭᠠᠨ᠎ᠠ
ᠲᠩᠷᠢᠯᠢᠭ ᠪᠣᠰᠤᠭ᠎ᠠ ᠮᠣᠩᠭᠣᠯ ᠬᠡᠯᠡ
ᠳᠡᠯᠡᠬᠡᠢ ᠳ᠋ᠦ᠍ ᠭᠠᠭᠴᠠ ᠣᠷᠴᠢᠯᠠᠩ ᠳ᠋ᠤ᠌ ᠬᠣᠪᠣᠷ
ᠲᠠᠮᠢᠷᠯᠢᠭ ᠵᠣᠭᠰᠣᠭ᠎ᠠ ᠮᠣᠩᠭᠣᠯ ᠬᠡᠯᠡ
ᠤᠩᠰᠢᠬᠤ ᠳ᠋ᠤ᠌ ᠢᠯᠭᠤᠮ ᠰᠣᠨᠣᠰᠬᠤ ᠳ᠋ᠤ᠌ ᠠᠶᠠᠲᠠᠢ
ᠤᠷᠤᠰᠤᠮ᠎ᠠ ᠢᠷᠠᠭᠤ ᠮᠣᠩᠭᠣᠯ ᠬᠡᠯᠡ
ᠬᠡᠯᠡᠬᠦ ᠳ᠋ᠦ᠍ ᠤᠷᠠᠨ ᠬᠡᠷᠡᠭᠯᠡᠬᠦ ᠳ᠋ᠦ᠍ ᠳᠥᠭᠥᠮ ᠬᠡᠯᠡᠨ ᠦ᠌ ᠮᠠᠩᠯᠠᠢ ᠮᠣᠩᠭᠣᠯ ᠬᠡᠯᠡ᠃
23. ᠡᠷᠳᠡᠨᠢᠴᠡᠴᠡᠭ
    ᠮᠠᠯ ᠤ᠋ᠨ ᠰᠦ ᠶ᠋ᠢᠨ ᠠᠰᠢᠭ ᠰᠢᠮ᠎ᠡ ᠠᠷᠪᠢᠨ ᠲᠤᠯᠠ ᠮᠣᠩᠭᠣᠯᠴᠤᠳ ᠰᠦ ᠶ᠋ᠢ ᠲᠤᠢᠯ ᠢ᠋ᠶ᠋ᠠᠷ ᠡᠷᠬᠢᠮᠯᠡᠨ ᠳᠡᠭᠡᠳᠦᠯᠡᠳᠡᠭ ᠃ᠳᠡᠭᠡᠳᠦ ᠲᠡᠭᠷᠢ ᠪᠤᠶᠤ ᠭᠠᠵᠠᠷ ᠯᠤᠤᠰ ᠢ᠋ ᠳᠡᠭᠡᠳᠦᠯᠡᠨ ᠬᠦᠨᠳᠦᠳᠬᠡᠵᠦ᠂ ᠢᠳᠡᠭᠡᠨ ᠦ᠌ ᠳᠡᠭᠡᠳᠦ ᠰᠦ ᠰᠠᠭᠠᠯᠢ ᠪᠤᠶᠤ ᠠᠭᠠᠷᠴᠠ ᠬᠤᠷᠤᠳ ᠢ᠋ᠶ᠋ᠠᠨ ᠡᠷᠭᠦᠳᠡᠭ ᠃
24. ᠪᠣᠷᠵᠢᠭᠢᠨ ᠤᠷᠡᠨᠴᠡᠴᠡᠭ
※ᠪᠡᠶ᠎ᠡ ᠴᠢᠭᠢᠷᠠᠭ ᠪᠠᠢᠪᠠᠯ ᠳᠡᠯᠡᠬᠡᠢ ᠶᠢᠷᠲᠢᠨᠴᠦ ᠰᠠᠶᠢ ᠴᠢᠨᠦᠬᠢ
ᠰᠡᠳᠬᠢᠯ ᠰᠠᠨᠠᠭ᠎ᠠ ᠰᠠᠢᠬᠠᠨ ᠪᠠᠢᠪᠠᠯ ᠪᠠᠶᠠᠷ ᠬᠥᠷ ᠰᠠᠶᠢ ᠴᠢᠨᠦᠬᠢ᠃
※ ᠥᠩᠭᠡ ᠨᠢ ᠨᠠᠭᠠᠨ᠎ᠠ ᠪᠠᠨ
ᠥᠷᠭᠡᠰᠦ ᠨᠢ ᠴᠠᠭᠠᠨ᠎ᠠ ᠪᠠᠨ᠃
25. ᠦᠵᠢᠶᠡᠳ ᠡᠷᠳᠡᠨᠢᠴᠡᠴᠡᠭ
ᠤᠬᠠᠭᠠᠨᠲᠤ ᠬᠥᠮᠦᠨ ᠲᠦᠮᠡᠨ ᠪᠣᠳᠠᠰ ᠤ᠋ᠨ ᠰᠣᠳᠣ
ᠣᠶᠤᠨ ᠮᠠᠬᠠᠪᠣᠳ ᠤᠶᠠᠯᠳᠤᠨ ᠪᠠᠷᠢᠯᠳᠤᠭᠰᠠᠨ ᠴᠣᠭᠴᠠ
ᠠᠭᠤᠴᠢ ᠪᠣᠳᠣᠯ ᠠᠮᠢ ᠪᠡᠶ᠎ᠡ ᠶ᠋ᠢᠨ ᠰᠤᠳᠠᠰᠤ
ᠠᠷᠢᠭᠤᠨ ᠰᠠᠨᠠᠭ᠎ᠠ ᠥᠯᠵᠡᠢ ᠬᠤᠲᠤᠭ ᠤ᠋ᠨ ᠦᠨᠳᠦᠰᠦ᠃
26. ᠰᠣᠨᠢᠨᠴᠡᠴᠡᠭ ᠂
ᠵᠣᠪᠠᠯᠠᠩ ᠨᠢᠭᠤᠷᠯᠠᠬᠤ ᠳ᠋ᠤ᠌ ᠴᠢᠮᠠᠶ᠋ᠢ ᠣᠢᠯᠠᠭᠠᠬᠤ ᠬᠣᠶᠠᠷ ᠯᠠ ᠬᠥᠮᠦᠨ ᠪᠠᠢᠳᠠᠭ᠄
— ᠨᠢᠭᠡ ᠨᠢ ᠠᠳᠠᠯᠢ ᠵᠣᠪᠠᠯᠠᠩ ᠲᠤᠭᠤᠯᠤᠭᠰᠠᠨ ᠬᠥᠮᠦᠨ
— ᠨᠥᠭᠦᠭᠡ ᠨᠢ ᠴᠢᠮ᠎ᠠ ᠳ᠋ᠤ᠌ ᠦᠨᠡᠬᠡᠷ ᠬᠠᠢᠷᠠᠲᠠᠢ ᠬᠥᠮᠦᠨ᠃ ᠪᠤᠰᠤᠳ ᠨᠢ ᠪᠣᠯ ᠵᠦᠭᠡᠷ ᠯᠡ ᠬᠠᠷᠠᠵᠤ ᠰᠠᠭᠤᠨ᠎ᠠ᠃ ᠡᠰᠡᠪᠡᠯ ᠳ᠋ᠦᠩᠨᠡᠵᠦ ᠰᠠᠭᠤᠨ᠎ᠠ᠃
27. ᠤᠤᠭᠠᠨᠵᠢᠳ
ᠠᠭᠤᠴᠢᠯᠠᠵᠤ ᠶᠠᠪᠤᠪᠠᠯ ᠲᠡᠭᠷᠢ ᠭᠠᠵᠠᠷ ᠠᠭᠤᠳᠠᠮ
ᠠᠭᠤᠷᠯᠠᠵᠤ ᠶᠠᠪᠤᠪᠠᠯ ᠳᠡᠯᠡᠬᠡᠢ ᠶᠢᠷᠲᠢᠨᠴᠦ ᠢᠪᠴᠤᠤ
ᠵᠣᠪᠠᠯᠠᠩ ᠳ᠋ᠤ᠌ ᠬᠢᠵᠠᠭᠠᠷ ᠭᠡᠵᠦ ᠪᠠᠢᠬᠤ ᠦᠭᠡᠢ
ᠵᠢᠷᠭᠠᠯ ᠳ᠋ᠤ᠌ ᠣᠷᠭᠢᠯ ᠭᠡᠵᠦ ᠪᠠᠢᠬᠤ ᠦᠭᠡᠢ᠃
28. ᠰᠣᠨᠢᠨᠴᠡᠴᠡᠭ ᠂
ᠪᠣᠰᠤᠭ᠎ᠠ ᠮᠣᠩᠭᠣᠯ ᠬᠡᠯᠡ ᠪᠡᠨ
ᠪᠤᠷᠬᠠᠨ ᠭᠡᠵᠦ ᠰᠢᠲᠦᠨ᠎ᠡ ᠪᠢᠳᠡ᠂
ᠪᠣᠭᠳᠠ ᠴᠢᠩᠭᠢᠰ ᠦ᠋ᠨ ᠥᠪ ᠢ᠋ᠶ᠋ᠡᠨ
ᠪᠤᠶᠠᠨ ᠭᠡᠵᠦ ᠳᠡᠭᠡᠳᠦᠯᠡᠶ᠎ᠡ ᠪᠢᠳᠡ!
29.ᠤᠤᠭᠠᠨᠵᠢᠳ
ᠢᠷᠦᠭᠡᠯ ᠮᠠᠭᠲᠠᠭᠠᠯ
           ᠠᠰᠢᠳᠠ ᠶ᠋ᠢᠨ ᠪᠡᠯᠭᠡ
ᠠᠰᠢᠳᠠ ᠶ᠋ᠢᠨ ᠰᠠᠢᠬᠠᠨ ᠢ᠋ ᠪᠡᠯᠭᠡᠳᠡᠭᠰᠡᠨ ᠠᠮᠠᠨ ᠢᠷᠦᠭᠡᠯ
ᠠᠷᠠᠳ ᠤ᠋ᠨ ᠮᠠᠨᠢ ᠪᠢᠯᠢᠭ ᠢ᠋ ᠭᠠᠢᠬᠠᠭᠤᠯᠤᠭᠰᠠᠨ ᠢᠷᠠᠭᠤ ᠮᠠᠭᠲᠠᠭᠠᠯ ᠮᠢᠨᠦ᠃
ᠮᠣᠩᠭᠣᠯᠴᠤᠳ ᠤ᠋ᠨ ᠮᠢᠨᠢ ᠣᠶᠤᠨ ᠰᠠᠨᠠᠭᠠᠨ ᠤ᠋ ᠢᠯᠡᠷᠡᠯ ᠦ᠋ᠨ ᠰᠣᠩᠭᠣᠳᠠᠭ ᠬᠡᠯᠪᠡᠷᠢ
ᠢᠷᠦᠭᠡᠯ ᠮᠠᠭᠲᠠᠭᠠᠯ ᠢ᠋ᠶ᠋ᠠᠨ ᠨᠠᠨᠳᠢᠩᠨᠠᠨ ᠥᠪᠯᠡᠵᠦ ᠶᠠᠪᠤᠵᠠᠭᠠᠶ᠎ᠠ ᠪᠢᠳᠡ!
ᠠᠢᠷᠠᠭ ᠬᠡᠮᠡᠭᠴᠢ ᠢᠳᠡᠭᠡᠨ ᠦ᠌ ᠳᠡᠭᠡᠵᠢ ᠶ᠋ᠢ
ᠠᠭᠠᠷᠤ ᠽᠠᠨᠳᠠᠨ ᠬᠤᠨᠳᠠᠭᠠᠨ ᠳ᠋ᠤᠷ
ᠠᠮᠠᠰᠠᠷ ᠳᠦᠭᠦᠷᠡᠩ ᠪᠢᠯᠬᠠᠭᠤᠯᠤᠨ
ᠨᠠᠭᠠᠨ᠎ᠠ ᠪᠠᠨ ᠨᠠᠪᠴᠢᠨ ᠬᠤᠸᠠᠷ ᠲᠠᠢ
ᠴᠠᠭᠠᠨ᠎ᠠ ᠪᠠᠨ ᠴᠠᠮᠢᠨ ᠬᠡ ᠲᠡᠢ
ᠰᠠᠮᠪᠠᠢ ᠬᠠᠳᠠᠭ ᠶᠤᠭᠠᠨ ᠪᠠᠷᠢᠭᠰᠠᠨ ᠲᠤᠯᠠ
ᠰᠠᠢᠨ ᠤ᠋ ᠢᠷᠦᠭᠡᠯ ᠢ᠋ ᠵᠥᠩᠨᠡᠵᠦ
ᠰᠠᠢᠬᠠᠨ ᠤᠴᠠᠷᠠᠯ ᠢ᠋ ᠪᠡᠯᠭᠡᠳᠡᠵᠦ
ᠰᠠᠭᠠᠲᠠᠭᠰᠠᠨ ᠪᠦᠬᠦᠨ  ᠢ᠋ ᠪᠠᠶᠠᠰᠬᠠᠭᠠᠷᠠᠢ⁈

        ᠬᠠᠳᠠᠭ ᠤ᠋ᠨ ᠮᠠᠭᠲᠠᠭᠠᠯ
ᠮᠠᠨ ᠤ᠋ ᠡᠨᠳᠡ ᠪᠡᠨ ᠬᠠᠳᠠᠭ ᠨᠡᠷ᠎ᠡ ᠲᠡᠢ
ᠮᠠᠨᠵᠤ ᠶ᠋ᠢᠨ ᠲᠡᠨᠳᠡ ᠪᠡᠨ ᠭᠠᠷᠪᠤ ᠨᠡᠷ᠎ᠡ ᠲᠡᠢ
ᠲᠥᠪᠡᠳ ᠦ᠋ᠨ ᠭᠠᠵᠠᠷ ᠰᠦᠢᠪᠦᠩ ᠨᠡᠷ᠎ᠡ ᠲᠡᠢ
ᠲᠥᠷᠥᠯ ᠰᠠᠳᠤᠨ ᠳ᠋ᠠᠭᠠᠨ ᠰᠠᠮᠪᠠᠢ ᠨᠡᠷ᠎ᠡ ᠲᠡᠢ
ᠥᠩᠭᠡ ᠶ᠋ᠢ ᠨᠢ ᠬᠠᠯᠠᠪᠠᠯ ᠴᠠᠭᠠᠨ ᠯᠠᠪᠠᠢ
ᠥᠨᠴᠥᠭ ᠢ᠋ ᠨᠢ ᠬᠠᠯᠠᠪᠠᠯ ᠳᠥᠷᠪᠡᠨ ᠲᠢᠪ
ᠥᠯᠵᠡᠢ ᠪᠡᠯᠭᠡ ᠪᠦᠷᠢᠳᠦᠭᠰᠡᠨ
ᠥᠨᠢᠷ ᠰᠠᠢᠬᠠᠨ ᠬᠠᠳᠠᠭ ᠠ᠋!
ᠬᠣᠯᠠ ᠣᠢᠷ᠎ᠠ ᠶ᠋ᠢ ᠬᠣᠯᠪᠣᠭᠰᠠᠨ ᠬᠠᠳᠠᠭ
ᠬᠣᠲᠠ ᠤᠷᠤᠭ ᠢ᠋ ᠪᠠᠢᠭᠤᠯᠤᠭᠰᠠᠨ ᠬᠠᠳᠠᠭ
ᠶᠢᠰᠦᠨ ᠪᠡᠯᠭᠡ ᠲᠡᠭᠦᠰᠦᠭᠰᠡᠨ ᠬᠠᠳᠠᠭ
ᠢᠷᠦᠭᠡᠯ ᠮᠠᠭᠲᠠᠭᠠᠯ ᠪᠣᠯᠤᠭᠰᠠᠨ ᠬᠠᠳᠠᠭ᠃

      ᠰᠠᠢᠬᠠᠨ ᠤ᠋ ᠮᠠᠭᠲᠠᠭᠠᠯ
ᠬᠠᠷᠠᠩᠭᠤᠢ ᠰᠥᠨᠢ ᠪᠣᠯᠪᠠᠴᠤ ᠦᠵᠡᠭᠳᠡᠮᠡᠷ ᠰᠠᠢᠬᠠᠨ
ᠬᠠᠮᠤᠭ ᠣᠯᠠᠨ ᠤ᠋ ᠳᠤᠮᠳᠠ ᠠ᠋ᠴᠠ ᠢᠯᠭᠠᠷᠠᠮᠠᠷ ᠰᠠᠢᠬᠠᠨ
ᠪᠦᠷᠬᠦᠭ ᠰᠥᠨᠢ ᠪᠣᠯᠪᠠᠴᠤ ᠦᠵᠡᠭᠳᠡᠮᠡᠷ ᠰᠠᠢᠬᠠᠨ
ᠪᠦᠭᠦᠳᠡ ᠣᠯᠠᠨ ᠤ᠋ ᠳᠤᠮᠳᠠ ᠠ᠋ᠴᠠ ᠢᠯᠭᠠᠷᠠᠮᠠᠷ ᠰᠠᠢᠬᠠᠨ
ᠭᠠᠴᠠᠭ᠎ᠠ ᠰᠤᠮᠤᠨ ᠳ᠋ᠠᠭᠠᠨ ᠨᠡᠷ᠎ᠡ ᠭᠠᠷᠤᠮᠠᠷ ᠰᠠᠢᠬᠠᠨ
ᠭᠠᠯ ᠣᠯᠠᠨ ᠳ᠋ᠠᠭᠠᠨ ᠲᠣᠭᠣᠭᠳᠠᠮᠠᠷ ᠰᠠᠢᠬᠠᠨ
ᠠᠢᠯ ᠠᠢᠮᠠᠭ ᠲᠠᠭᠠᠨ ᠨᠡᠷ᠎ᠡ ᠭᠠᠷᠤᠮᠠᠷ ᠰᠠᠢᠬᠠᠨ
ᠠᠷᠤ ᠨᠥᠬᠥᠷ ᠲᠦ᠍ ᠠᠯᠳᠠᠷ ᠭᠠᠷᠤᠮᠠᠷ ᠰᠠᠢᠬᠠᠨ
ᠤᠷᠭᠤᠵᠤ ᠪᠠᠢᠭ᠎ᠠ ᠴᠡᠴᠡᠭ ᠲᠦ᠍ ᠠᠳᠠᠯᠢ
ᠣᠨᠳᠣᠷᠴᠤ ᠪᠠᠢᠭ᠎ᠠ ᠪᠤᠯᠠᠭ ᠲᠤ᠌ ᠠᠳᠠᠯᠢ
ᠤᠬᠠᠭᠠᠨ ᠲᠠᠢ᠂ ᠲᠥᠷᠥ ᠶ᠋ᠢᠨ ᠮᠡᠷᠭᠡᠨ ᠠ᠋!
ᠤᠷᠤᠭᠤᠯ ᠲᠠᠢ ᠲᠦᠷᠦᠮᠵᠢ ᠬᠡᠯᠡᠮᠡᠭᠡᠢ!
ᠤᠯᠤᠰ ᠣᠯᠠᠨ ᠳ᠋ᠠᠭᠠᠨ ᠭᠠᠢᠬᠠᠭᠳᠠᠮᠠᠷ ᠰᠠᠢᠬᠠᠨ
ᠤᠷᠠᠯᠠᠵᠤ ᠮᠠᠭᠲᠠᠭᠠᠳ ᠪᠤᠤ ᠦᠭᠡᠢ ᠰᠠᠢᠬᠠᠨ᠃

      ᠭᠡᠷ ᠦ᠋ᠨ ᠢᠷᠦᠭᠡᠯ( ᠨᠢᠭᠡ)
ᠤᠸᠮ ᠰᠠᠢᠨ ᠠᠮᠤᠭᠤᠯᠠᠩ ᠪᠣᠯᠲᠤᠭᠠᠢ!
ᠤᠴᠠᠷᠠᠯ ᠰᠠᠢᠬᠠᠨ ᠵᠢᠷᠭᠠᠯ ᠪᠣᠯᠲᠤᠭᠠᠢ!
ᠳᠤᠭᠤᠢ ᠲᠣᠭᠣᠨᠣ ᠠᠨᠤ ᠠᠯᠲᠠᠨ ᠬᠦᠷᠳᠦ ᠮᠡᠲᠦ
ᠲᠣᠭᠣᠷᠢᠬᠤ ᠨᠢ ᠠᠨᠤ ᠮᠥᠩᠭᠥᠨ ᠰᠢᠭᠦᠷ ᠮᠡᠲᠦ᠃

ᠬᠠᠵᠠᠭᠤ ᠬᠠᠨ᠎ᠠ ᠠᠨᠤ ᠥᠯᠵᠡᠢ ᠵᠠᠩᠭᠢᠶ᠎ᠠ ᠮᠡᠲᠦ
ᠬᠠᠲᠠᠪᠴᠢ ᠬᠠᠭᠠᠯᠭ᠎ᠠ ᠠᠨᠤ ᠬᠣᠣᠰ ᠵᠢᠭᠠᠰᠤ ᠮᠡᠲᠦ
ᠳᠡᠭᠡᠪᠦᠷ ᠲᠤᠭᠤᠷᠭ᠎ᠠ ᠠᠨᠤ ᠢᠯᠠᠭᠤᠭᠰᠠᠨ ᠲᠤᠸᠠᠽᠠ ᠮᠡᠲᠦ
ᠳᠡᠭᠡᠳᠦ ᠬᠥᠯᠲᠥᠷᠭᠡ ᠢᠨᠣ ᠪᠠᠳᠮ᠎ᠠ ᠯᠢᠩᠬᠤ᠎ᠠ ᠮᠡᠲᠦ

ᠭᠠᠳᠠᠷᠭᠤ ᠥᠩᠭᠡ ᠢᠨᠣ ᠴᠠᠭᠠᠨ ᠯᠠᠪᠠᠢ
ᠭᠠᠢᠬᠠᠮ᠎ᠠ ᠬᠡᠯᠪᠡᠷᠢ ᠢᠨᠣ ᠡᠷᠳᠡᠨᠢ ᠬᠤᠮᠬ᠎ᠠ ᠮᠡᠲᠦ
ᠥᠯᠵᠡᠢ ᠨᠠᠢ᠍ᠮᠠᠨ ᠡᠳ᠋ᠯᠡᠯ ᠦ᠋ᠨ ᠰᠢᠨᠵᠢᠲᠦ
ᠥᠪᠴᠢ ᠰᠠᠢᠨ ᠪᠡᠯᠭᠡ ᠵᠣᠬᠢᠴᠠᠭᠰᠠᠨ

ᠥᠭᠭᠢᠶᠡᠮᠦᠷ ᠡᠨᠡ ᠮᠣᠩᠭᠣᠯ ᠭᠡᠷ ᠲᠦ᠍ ᠪᠡᠨ
ᠥᠨᠢᠷ ᠣᠯᠠᠭᠤᠯᠠ ᠪᠠᠨ ᠵᠢᠷᠭᠠᠬᠤ ᠪᠣᠯᠲᠤᠭᠠᠢ!

          ᠭᠡᠷ ᠦ᠋ᠨ ᠢᠷᠦᠭᠡᠯ( ᠬᠣᠶᠠᠷ)
 ᠤᠸᠮ ᠰᠠᠢᠨ ᠠᠮᠤᠭᠤᠯᠠᠩ ᠲᠠᠨ ᠪᠣᠯᠲᠤᠭᠠᠢ
ᠤᠷᠭᠤᠮᠠᠯ ᠮᠣᠳᠣ ᠭᠡᠷ ᠤᠷᠠᠯᠠᠵᠤ ᠪᠠᠢᠭᠤᠯᠤᠭᠰᠠᠨ ᠭᠡᠷ ᠴᠢᠨᠦ
 ᠤᠨᠲᠠᠷᠠᠰᠢ ᠦᠭᠡᠢ ᠰᠠᠳᠠᠷᠠᠭᠰᠠᠨ ᠪᠠᠯᠭᠠᠰᠤᠨ ᠤ᠋ ᠮᠡᠲᠦ ᠪᠣᠯᠲᠤᠭᠠᠢ
ᠣᠶᠣᠳᠠᠯ ᠦᠭᠡᠢ ᠭᠡᠷ ᠦ᠋ᠨ ᠳᠣᠲᠣᠷ᠎ᠠ ᠰᠠᠭᠤᠭᠰᠠᠨ ᠡᠵᠡᠨ ᠴᠢᠨᠦ
ᠣᠭ᠌ᠶᠤ ᠰᠤᠪᠤᠳ ᠡᠷᠳᠡᠨᠢᠰ ᠢ᠋ᠶ᠋ᠡᠷ ᠪᠠᠶᠠᠵᠢᠵᠤ ᠮᠥᠩᠬᠡ ᠪᠣᠯᠲᠤᠭᠠᠢ᠃
ᠡᠭᠦᠳᠡ ᠪᠣᠱᠣᠭ᠎ᠠ ᠶ᠋ᠢ ᠴᠢᠨᠦ ᠦᠭᠡᠨ ᠲᠩᠷᠢ ᠰᠠᠬᠢᠬᠤ ᠪᠣᠯᠲᠤᠭᠠᠢ
ᠡᠯᠳᠡᠪ ᠡᠷᠳᠡᠮᠲᠡᠨ ᠨᠥᠬᠥᠳ ᠢ᠋ᠶ᠋ᠡᠷ ᠡᠨᠳᠡ ᠣᠷᠣᠰᠢᠬᠤ ᠪᠣᠯᠲᠤᠭᠠᠢ
ᠪᠠᠷᠠᠭᠤᠨ ᠡᠲᠡᠭᠡᠳ ᠢ᠋ ᠴᠢᠨᠦ ᠪᠠᠳᠮ᠎ᠠ ᠰᠠᠮᠪᠠᠷ᠎ᠠ ᠰᠠᠬᠢᠨ ᠠᠲᠤᠭᠠᠢ᠃
ᠪᠠᠭ᠎ᠠ ᠶᠡᠬᠡ ᠪᠦᠭᠦᠳᠡᠭᠡᠷ ᠡᠨᠳᠡ ᠬᠤᠷᠠᠨ ᠠᠲᠤᠭᠠᠢ᠃
ᠬᠣᠢᠲᠤ ᠡᠲᠡᠭᠡᠳ ᠢ᠋ ᠴᠢᠨᠦ ᠬᠣᠩᠰᠢᠮ ᠪᠣᠳᠢᠰᠳᠣ᠎ᠠ ᠰᠠᠬᠢᠨ ᠠᠲᠤᠭᠠᠢ᠃
ᠬᠤᠲᠤᠭᠲᠠᠨ ᠮᠡᠷᠭᠡᠳ ᠰᠡᠴᠡᠳ ᠪᠦᠭᠦᠳᠡ ᠪᠡᠷ ᠡᠨᠳᠡ ᠬᠤᠷᠠᠨ ᠠᠲᠤᠭᠠᠢ᠃
ᠵᠡᠭᠦᠨ ᠡᠲᠡᠭᠡᠳ ᠢ᠋ ᠴᠢᠨᠦ ᠶᠣᠨᠺᠠᠽᠠᠷ ᠰᠠᠬᠢᠨ ᠠᠲᠤᠭᠠᠢ᠃
ᠵᠢᠭᠤᠯᠴᠢᠯᠠᠬᠤ ᠵᠣᠴᠢᠨ ᠠᠷᠠᠳ ᠪᠦᠭᠦᠳᠡ ᠡᠨᠳᠡ ᠬᠤᠷᠠᠨ ᠠᠲᠤᠭᠠᠢ᠃
ᠬᠠᠴᠠᠪᠴᠢ ᠬᠠᠭᠠᠯᠭ᠎ᠠ ᠶ᠋ᠢ ᠴᠦ᠍ ᠬᠠᠨ ᠲᠡᠭᠷᠢ ᠰᠠᠬᠢᠨ ᠠᠲᠤᠭᠠᠢ᠃
ᠬᠠᠮᠤᠭ ᠥᠷᠥᠰᠢᠶᠡᠯᠲᠦ ᠰᠠᠬᠢᠭᠤᠯᠤᠭᠰᠠᠳ ᠢ᠋ᠶ᠋ᠠᠷ ᠰᠠᠬᠢᠨ ᠠᠲᠤᠭᠠᠢ᠃
ᠬᠠᠷᠰᠢ ᠳᠠᠢᠰᠤᠨ ᠲᠣᠳᠬᠠᠷ ᠢ᠋ ᠴᠢᠨᠦ ᠲᠣᠭᠰᠢᠨ ᠸᠴᠢᠷᠪᠠᠨᠢ ᠰᠠᠬᠢᠨ ᠠᠲᠤᠭᠠᠢ᠃
ᠡᠳ᠋ ᠦ᠋ᠨ ᠡᠵᠡᠨ᠂ ᠮᠠᠯ ᠤ᠋ᠨ ᠡᠵᠡᠨ ᠪᠢᠰᠮᠠᠨ ᠲᠩᠷᠢ᠂ ᠡᠯᠳᠡᠪ ᠬᠡᠰᠢᠭ
ᠪᠦᠭᠦᠳᠡ ᠪᠡᠷ ᠡᠨᠡ ᠭᠡᠷ ᠦ᠋ᠨ ᠡᠵᠡᠨ ᠳ᠋ᠦ᠍ᠷ ᠡᠭᠡᠨᠡᠭᠲᠡ ᠲᠡᠭᠦᠰᠬᠦᠶ᠎ᠡ ᠪᠣᠯᠲᠤᠭᠠᠢ᠃
ᠡᠰᠡᠷᠦᠨ ᠬᠢᠭᠡᠳ ᠬᠤᠷᠮᠤᠰᠲᠠ ᠶ᠋ᠢᠨ ᠰᠠᠬᠢᠭᠤᠯᠰᠤᠨ
ᠠᠳᠢᠰ ᠢ᠋ᠶ᠋ᠠᠷ ᠲᠤᠰᠠ ᠭᠡᠭᠴᠢ ᠲᠩᠷᠢ ᠨᠠᠷ ᠤ᠋ᠨ ᠥᠯᠵᠡᠢ ᠬᠤᠲᠤᠭ ᠤᠷᠤᠰᠢ᠃
ᠰᠠᠢᠨ ᠤ᠋ ᠠᠮᠤᠷ ᠰᠠᠨᠠᠯ ᠬᠡᠷᠡᠭ ᠰᠡᠳᠬᠢᠯᠴᠢᠯᠡᠨ ᠪᠦᠲᠦᠭᠡᠨ
ᠠᠮᠢ ᠨᠠᠰᠤᠨ ᠠᠮᠤᠷ ᠵᠢᠷᠭᠠᠯ ᠲᠡᠭᠦᠰᠴᠦ ᠥᠯᠵᠡᠢ ᠬᠤᠲᠤᠭ ᠤᠷᠤᠰᠢ᠃

ᠰᠦᠨ ᠰᠠᠴᠤᠯᠢ ᠠ ᠬᠣᠯᠪᠣᠭᠠᠨ ᠤ᠋ ᠨᠠᠢᠵᠠ ᠨᠠᠷ ᠠ᠋ᠴᠠ᠂ ᠤᠤᠭᠠᠨᠵᠢᠳ ᠬᠢᠨᠠᠪᠠ