ᠳᠡᠭᠡᠳᠦ ᠶ᠋ᠢᠨ ᠤᠬᠠᠭᠠᠨ-ᠮᠠᠨᠳᠤᠬᠤ ᠪᠠᠭᠰᠢ ᠶ᠋ᠢᠨ ᠤᠷᠠᠨ ᠪᠢᠴᠢᠯᠭᠡDeediin ukhaanДээдийн ухаан ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠭᠡᠳᠦ ᠶ᠋ᠢᠨ ᠤᠬᠠᠭᠠᠨ-ᠮᠠᠨᠳᠤᠬᠤ ᠪᠠᠭᠰᠢ ᠶ᠋ᠢᠨ ᠤᠷᠠᠨ ᠪᠢᠴᠢᠯᠭᠡDeediin ukhaanДээдийн ухаан

ᠳᠡᠭᠡᠳᠦ ᠶ᠋ᠢᠨ ᠤᠬᠠᠭᠠᠨ-ᠮᠠᠨᠳᠤᠬᠤ ᠪᠠᠭᠰᠢ ᠶ᠋ᠢᠨ ᠤᠷᠠᠨ ᠪᠢᠴᠢᠯᠭᠡDeediin ukhaanДээдийн ухаан

ᠠᠩᠭᠢᠯᠠᠯ:ᠤᠷᠠᠨ ᠪᠢᠴᠢᠯᠭᠡ
2026-02-14

217

ᠳᠡᠭᠡᠳᠦ ᠶ᠋ᠢᠨ ᠤᠬᠠᠭᠠᠨ

   
     ᠦᠭᠡ᠄ ᠪᠤᠳᠠᠵᠠᠪ    
     ᠠᠶ᠎ᠠ᠄ ᠤᠷᠲᠤᠨᠠᠰᠤᠨ    
     ᠳᠠᠭᠤᠴᠢᠨ ᠄ᠬᠦᠷᠡᠯ᠂ ᠣᠶᠤᠨᠴᠡᠴᠡᠭ ᠨᠠᠷ   

ᠬᠥᠬᠡ ᠮᠥᠩᠭᠥᠨ ᠲᠩᠷᠢ ᠪᠡᠨ ᠳᠡᠭᠡᠳᠦᠯᠡᠵᠦ   
ᠬᠥᠪᠴᠢᠨ ᠬᠠᠩᠭᠠᠢ ᠳᠡᠯᠡᠬᠡᠢ ᠪᠡᠨ ᠬᠠᠢᠷᠠᠯᠠᠳᠠᠭ   
ᠬᠥᠮᠦᠨ ᠵᠠᠶᠠᠭᠠᠨ ᠳ᠋ᠠᠭᠠᠨ ᠪᠠᠶᠠᠷᠯᠠᠨ ᠲᠠᠯᠠᠷᠬᠠᠵᠤ   
ᠬᠦᠰᠡᠯ ᠵᠢᠷᠭᠠᠯ ᠢ᠋ᠶ᠋ᠠᠨ ᠳᠠᠭᠠᠳᠬᠠᠵᠤ ᠯᠠ ᠶᠠᠪᠤᠶ᠎ᠠ᠃   
ᠠᠢ ᠬᠦ ᠵᠧ ᠬᠦ  
ᠤᠷᠮ᠎ᠠ ᠲᠠᠢ ᠲᠡᠳᠬᠦᠵᠦ  
ᠪᠤᠷᠮ᠎ᠠ ᠪᠠᠷ ᠱᠠᠩᠨᠠᠳᠠᠭ  
ᠪᠣᠮᠠᠨ ᠦᠶ᠎ᠡ ᠶ᠋ᠢᠨ ᠤᠯᠪᠠᠭ᠎ᠠ ᠲᠠᠢ  
ᠠᠭᠤᠤ ᠮᠣᠩᠭᠣᠯ ᠤᠬᠠᠭᠠᠨ ᠶᠤᠮ ᠠ᠋᠃  

ᠳᠡᠭᠡᠳᠦᠯ  ᠪᠤᠭᠤᠷᠤᠯ ᠳ᠋ᠠᠭᠠᠨ ᠨᠠᠮᠠᠨᠴᠢᠯᠠᠨ ᠮᠥᠷᠭᠥᠵᠦ
ᠳᠡᠯᠭᠡᠷ ᠮᠣᠩᠭᠣᠯ ᠵᠠᠶᠠᠭ᠎ᠠ ᠪᠠᠨ ᠵᠠᠯᠭᠠᠳᠠᠭ
ᠳᠡᠩᠳᠡᠭᠦᠦ ᠴᠠᠢᠯᠭᠠᠨ ᠰᠡᠳᠬᠢᠯ ᠢ᠋ᠶ᠋ᠡᠨ ᠨᠠᠨᠳᠢᠩᠨᠠᠵᠤ
ᠳᠡᠪᠡᠯ ᠲᠡᠢ ᠵᠠᠶᠠᠭ᠎ᠠ ᠪᠠᠨ ᠪᠠᠶᠠᠷᠯᠠᠭᠤᠯᠵᠤ ᠯᠠ ᠶᠠᠪᠤᠶ᠎ᠠ᠃
ᠠᠢ ᠬᠦ ᠵᠧ ᠬᠦ
ᠦᠭᠡ ᠪᠡᠷ ᠠᠮᠢᠯᠠᠭᠤᠯᠵᠤ
ᠳᠠᠭᠤᠤ ᠪᠠᠷ ᠪᠠᠶᠠᠰᠬᠠᠳᠠᠭ
ᠦᠦᠬᠡ  ᠲᠡᠦᠬᠡ ᠶ᠋ᠢᠨ ᠵᠠᠯᠭᠠᠮᠵᠢ ᠲᠠᠢ
ᠳᠡᠭᠡᠳᠦ ᠶ᠋ᠢᠨ ᠮᠣᠩᠭᠣᠯ ᠤᠬᠠᠭᠠᠨ ᠶᠤᠮ ᠠ᠋᠃

ᠭᠠᠩ ᠲᠤᠯᠭᠠᠨ ᠳ᠋ᠠᠭᠠᠨ ᠭᠠᠯ ᠢ᠋ᠶ᠋ᠠᠨ ᠬᠥᠭᠵᠢᠭᠡᠵᠦ
ᠭᠠᠯᠪᠠ ᠶ᠋ᠢᠨ ᠪᠤᠶᠠᠨ ᠠ᠋ᠴᠠ ᠬᠡᠰᠢᠭ ᠬᠦᠷᠲᠡᠳᠡᠭ
ᠪᠤᠯᠪᠠᠷᠠᠢ ᠬᠥᠭᠡᠷᠦᠬᠦᠨ ᠦᠷᠡᠰ ᠢ᠋ᠶ᠋ᠡᠨ ᠪᠠᠶᠠᠷᠯᠠᠭᠤᠯᠵᠤ
ᠪᠣᠮᠠᠨ ᠦᠶ᠎ᠡ ᠳ᠋ᠡᠭᠡᠨ ᠤᠳᠤᠮᠯᠠᠵᠤ ᠯᠠ ᠶᠠᠪᠤᠶ᠎ᠠ᠃
ᠠᠢ ᠬᠦ ᠵᠧ ᠬᠦ
ᠬᠤᠭᠤᠷ ᠢ᠋ᠶ᠋ᠠᠷ ᠠᠷᠭᠠᠳᠠᠵᠤ
ᠬᠡᠴᠡ ᠪᠡᠷ ᠳᠠᠭᠤᠳᠠᠳᠠᠭ
ᠬᠥᠬᠡ ᠮᠣᠩᠭᠣᠯ ᠤ᠋ᠨ ᠳᠣᠮᠣᠭ ᠲᠠᠢ
ᠭᠡᠭᠡᠨ ᠮᠣᠩᠭᠣᠯ ᠤᠬᠠᠭᠠᠨ ᠶᠤᠮ ᠳᠠ᠃
ᠠᠢ ᠬᠦ ᠵᠧ ᠬᠦ
ᠤᠷᠮ᠎ᠠ ᠪᠠᠷ ᠲᠡᠳᠬᠦᠵᠦ
 ᠪᠤᠷᠮ᠎ᠠ ᠪᠠᠷ ᠱᠠᠩᠨᠠᠳᠠᠭ
 ᠪᠣᠮᠠᠨ ᠦᠶ᠎ᠡ ᠶ᠋ᠢᠨ ᠤᠯᠪᠠᠭ᠎ᠠ ᠲᠠᠢ
 ᠠᠭᠤᠤ ᠮᠣᠩᠭᠣᠯ ᠤᠬᠠᠭᠠᠨ ᠶᠤᠮ ᠠ᠋
 ᠪᠣᠮᠠᠨ ᠦᠶ᠎ᠡ ᠶ᠋ᠢᠨ ᠤᠯᠪᠠᠭ᠎ᠠ ᠲᠠᠢ
 ᠠᠭᠤᠤ ᠮᠣᠩᠭᠣᠯ ᠤᠬᠠᠭᠠᠨ ᠶᠤᠮ ᠠ᠋᠃

      ᠦᠰᠦᠭ ᠠᠮᠢᠯᠠᠭᠤᠯᠤᠭᠴᠢ᠄ ᠨᠠᠷᠠᠨᠲᠣᠭᠣᠰ
      ᠬᠢᠨᠠᠭᠴᠢ᠄ ᠤᠤᠭᠠᠨᠵᠢᠳ