ᠭᠡᠷ ᠲᠡᠭᠡᠨ ᠬᠠᠷᠢᠵᠤ ᠰᠢᠨᠡᠯᠡᠶ᠎ᠡ -ᠰᠡᠴᠡᠨᠬᠤᠶᠠᠭGertee kharij shanaaliya-SetsnkhuyagГэртээ харьж шанаалъя-Сэцнхуяг
ᠭᠡᠷ ᠲᠡᠭᠡᠨ ᠬᠠᠷᠢᠵᠤ ᠰᠢᠨᠡᠯᠡᠶ᠎ᠡ
ᠦᠭᠡ᠂ ᠠᠶ᠎ᠠ᠄ ᠰᠡᠷᠡᠩ
ᠬᠥᠭᠵᠢᠮ ᠦ᠋ᠨ ᠨᠠᠢᠷᠠᠭᠤᠯᠭ᠎ᠠ᠄ ᠵᠢᠪᠬᠤᠭ᠎ᠠ
ᠳᠠᠭᠤᠴᠢᠨ᠄ ᠰᠡᠴᠡᠨᠬᠤᠶᠠᠭ
ᠡᠨᠡ ᠵᠢᠯ ᠭᠡᠷ ᠳᠠᠶᠠᠭᠠᠷ ᠢ᠋ᠶ᠋ᠠᠨ
ᠡᠵᠢ ᠠᠪᠤ ᠲᠠᠢ ᠪᠠᠨ ᠰᠢᠨᠠᠯᠠᠶ᠎ᠠ ᠳ᠋ᠣᠣ
ᠡᠯᠢᠭᠡᠨ ᠰᠠᠳᠤᠨ ᠠᠢᠯ ᠠᠢᠮᠠᠭ ᠢ᠋ᠶ᠋ᠠᠷ ᠢ᠋ᠶ᠋ᠠᠨ
ᠡᠷᠭᠢᠵᠦ ᠲᠣᠭᠣᠷᠢᠵᠤ ᠰᠢᠨᠠᠯᠠᠶ᠎ᠠ ᠳ᠋ᠣᠣ
ᠲᠩᠷᠢ ᠭᠠᠵᠠᠷ ᠢ᠋ᠶ᠋ᠠᠨ ᠰᠢᠲᠦᠨ ᠮᠥᠷᠭᠥᠭᠡᠳ
ᠰᠡᠷᠵᠢᠮ ᠢ᠋ᠶ᠋ᠡᠨ ᠡᠷᠭᠦᠵᠦ ᠰᠢᠨᠠᠯᠠᠶ᠎ᠠ ᠳ᠋ᠣᠣ
ᠲᠠᠷᠭᠤᠨ ᠰᠦᠷᠦᠭ ᠢ᠋ᠶ᠋ᠡᠨ ᠬᠣᠲᠠᠯᠠᠭᠤᠯᠤᠭᠠᠳ
ᠲᠣᠰᠣ ᠪᠠᠷ ᠮᠢᠯᠢᠶᠠᠵᠤ ᠰᠢᠨᠠᠯᠠᠶ᠎ᠠ ᠳ᠋ᠣᠣ
ᠠᠪᠤ ᠡᠵᠢ ᠲᠡᠢ ᠪᠡᠨ ᠰᠢᠨᠠᠯᠠᠪᠠᠯ
ᠠᠰᠢᠳᠠ ᠶ᠋ᠢᠨ ᠵᠢᠷᠭᠠᠯ ᠳᠡᠯᠭᠡᠷᠡᠨ᠎ᠡ ᠰᠢᠦ
ᠠᠬ᠎ᠠ ᠳᠡᠭᠦᠦ ᠶᠤ᠌ ᠰᠠᠳᠤᠨ ᠲᠠᠢ ᠪᠠᠨ ᠰᠢᠨᠡᠯᠡᠪᠡᠯ
ᠠᠵᠠ ᠶ᠋ᠢᠨ ᠵᠠᠶᠠᠭ᠎ᠠ ᠳᠡᠯᠭᠡᠷᠡᠨ᠎ᠡ ᠰᠢᠦ
ᠰᠠᠩ ᠬᠦᠵᠢ ᠪᠡᠨ ᠡᠷᠭᠦᠵᠦ
ᠵᠤᠯᠠ ᠪᠠᠨ ᠮᠠᠨᠳᠤᠭᠤᠯᠵᠤ ᠰᠢᠨᠡᠯᠡᠶ᠎ᠡ ᠳ᠋ᠣᠣ
ᠰᠠᠮᠪᠠᠢ ᠬᠠᠳᠠᠭ ᠢ᠋ᠶ᠋ᠠᠨ ᠲᠠᠲᠠᠵᠤ
ᠬᠥᠬᠦᠦᠷ ᠰᠣᠯᠢᠯᠴᠠᠨ ᠰᠢᠨᠡᠯᠡᠶ᠎ᠡ ᠳ᠋ᠣᠣ
ᠲᠠᠩᠰᠤᠭ ᠢᠳᠡᠭᠡᠨ ᠢ᠋ᠶ᠋ᠡᠨ ᠡᠷᠭᠦᠵᠦ
ᠰᠠᠷᠬᠤᠳ ᠢ᠋ᠶ᠋ᠠᠨ ᠬᠡᠮᠨᠡᠵᠦ ᠰᠢᠨᠠᠯᠠᠶ᠎ᠠ ᠳ᠋ᠣᠣ
ᠲᠠᠷᠭᠤᠨ ᠰᠢᠭᠦᠰᠦ ᠪᠡᠨ ᠢᠷᠥᠭᠡᠵᠦ
ᠰᠢᠨ᠎ᠡ ᠶ᠋ᠢᠨ ᠳᠠᠭᠤᠤ ᠲᠠᠢ ᠵᠣᠯᠭᠠᠶ᠎ᠠ ᠳ᠋ᠣᠣ
ᠠᠪᠤ ᠡᠵᠢ ᠲᠡᠢ ᠪᠡᠨ ᠰᠢᠨᠡᠯᠡᠪᠡᠯ
ᠠᠰᠢᠳᠠ ᠶ᠋ᠢᠨ ᠵᠢᠷᠭᠠᠯ ᠳᠡᠯᠭᠡᠷᠡᠨ᠎ᠡ ᠰᠢᠦ
ᠠᠬ᠎ᠠ ᠳᠡᠭᠦᠦ ᠶᠤ᠌ ᠰᠠᠳᠤᠨ ᠲᠠᠢ ᠪᠠᠨ ᠰᠢᠨᠡᠯᠡᠪᠡᠯ
ᠠᠵᠠ ᠶ᠋ᠢᠨ ᠵᠠᠶᠠᠭ᠎ᠠ ᠳᠡᠯᠭᠡᠷᠡᠨ᠎ᠡ ᠰᠢᠦ
ᠠᠵᠠ ᠶ᠋ᠢᠨ ᠵᠠᠶᠠᠭ᠎ᠠ ᠳᠡᠯᠭᠡᠷᠡᠨ᠎ᠡ ᠰᠢᠦ
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠰᠣᠨᠢᠨᠪᠠᠶᠠᠷ
