ᠬᠤᠷ᠎ᠠ ᠰᠢᠭ᠋ ᠬᠠᠢᠷ᠎ᠠ -ᠪᠠᠲᠤᠵᠢᠷᠭᠠᠯKhur shig khair-Batjargal Хур шиг хайр-Батжаргал
ᠬᠤᠷ᠎ᠠ ᠰᠢᠭ᠋ ᠬᠠᠢᠷ᠎ᠠ
ᠦᠭᠡ᠂ ᠠᠶ᠎ᠠ᠄ ᠪᠠᠲᠤᠵᠢᠷᠭᠠᠯ
ᠳᠠᠭᠤᠴᠢᠨ᠄ ᠪᠠᠲᠤᠵᠢᠷᠭᠠᠯ
ᠴᠡᠩᠬᠡᠷᠲᠦᠨ ᠱᠠᠭᠢᠭᠠ ᠰᠢᠪᠡᠷᠡᠭᠰᠡᠨ ᠪᠣᠷᠣᠭᠠᠨ
ᠴᠡᠴᠡᠭᠡᠰ ᠦ᠋ᠨ ᠳᠠᠯᠪᠢᠰ ᠢ᠋ ᠰᠡᠷᠭᠦᠭᠡᠨ ᠰᠣᠴᠢᠭᠠᠯᠠ
ᠴᠢᠨᠦ ᠰᠠᠢᠬᠠᠨ ᠮᠦᠰᠢᠶᠡᠭᠰᠡᠨ ᠳᠦᠷᠢ
ᠴᠡᠩᠭᠡᠯ ᠵᠢᠷᠭᠠᠯ ᠤ᠋ᠨ ᠪᠠᠶᠠᠷ ᠠᠪᠴᠢᠷᠠᠯ᠎ᠠ
ᠱᠠᠭᠢᠭᠰᠠᠨ ᠪᠣᠷᠣᠭᠠᠨ ᠤ᠋ ᠳᠤᠰᠤᠯ ᠢ᠋ ᠳᠠᠭᠠᠭᠠᠳ
ᠰᠡᠳᠬᠢᠯ ᠦ᠋ᠨ ᠣᠯᠠᠨ ᠡᠮᠵᠡᠭᠯᠡᠯ ᠤᠬᠢᠶᠠᠭᠳᠠᠯᠠ
ᠰᠠᠢᠬᠠᠨ ᠴᠢᠨᠦᠬᠢ ᠪᠡᠨ ᠴᠠᠢᠯᠭᠠᠨ ᠦᠭᠡᠨ ᠡᠴᠡ
ᠰᠠᠨᠰᠠᠷ ᠬᠣᠷᠸ᠎ᠠ ᠶ᠋ᠢᠨ ᠠᠭᠤᠳᠠᠮ ᠢ᠋ ᠣᠢᠯᠠᠭᠠᠯ᠎ᠠ
ᠨᠠᠮᠢᠷᠠᠭ᠎ᠠ ᠬᠤᠷ᠎ᠠ ᠶ᠋ᠢᠨ ᠴᠡᠩᠬᠡᠷ ᠳᠤᠰᠤᠯ
ᠨᠤᠲᠤᠭ ᠤ᠋ᠨ ᠰᠠᠢᠬᠠᠨ ᠥᠩᠭᠡ ᠶ᠋ᠢ ᠠᠪᠴᠢᠷᠠᠯ᠎ᠠ
ᠨᠢᠳᠦᠨ ᠦ᠌ ᠴᠢᠨᠢ ᠰᠠᠢᠬᠠᠨ ᠳᠡᠯᠮᠢᠶᠡᠨ ᠬᠠᠷᠠᠴᠠ
ᠨᠠᠳᠠ ᠳ᠋ᠠᠭᠠᠨ ᠶᠡᠬᠡ ᠵᠢᠷᠭᠠᠯ ᠣᠯᠭᠣᠯᠠ
ᠱᠠᠭᠢᠭᠰᠠᠨ ᠪᠣᠷᠣᠭᠠᠨ ᠤ᠋ ᠳᠤᠰᠤᠯ ᠢ᠋ ᠳᠠᠭᠠᠭᠠᠳ
ᠰᠡᠳᠬᠢᠯ ᠦ᠋ᠨ ᠣᠯᠠᠨ ᠡᠮᠵᠡᠭᠯᠡᠯ ᠤᠬᠢᠶᠠᠭᠳᠠᠯᠠ
ᠰᠠᠢᠬᠠᠨ ᠴᠢᠨᠦᠬᠢ ᠪᠡᠨ ᠴᠠᠢᠯᠭᠠᠨ ᠦᠭᠡᠨ ᠡᠴᠡ
ᠰᠠᠨᠰᠠᠷ ᠬᠣᠷᠸ᠎ᠠ ᠶ᠋ᠢᠨ ᠠᠭᠤᠳᠠᠮ ᠢ᠋ ᠣᠢᠯᠠᠭᠠᠯ᠎ᠠ
ᠱᠠᠭᠢᠭᠰᠠᠨ ᠪᠣᠷᠣᠭᠠᠨ ᠤ᠋ ᠳᠤᠰᠤᠯ ᠢ᠋ ᠳᠠᠭᠠᠭᠠᠳ
ᠰᠡᠳᠬᠢᠯ ᠦ᠋ᠨ ᠣᠯᠠᠨ ᠡᠮᠵᠡᠭᠯᠡᠯ ᠤᠬᠢᠶᠠᠭᠳᠠᠯᠠ
ᠰᠠᠢᠬᠠᠨ ᠴᠢᠨᠦᠬᠢ ᠪᠡᠨ ᠴᠠᠢᠯᠭᠠᠨ ᠦᠭᠡᠨ ᠡᠴᠡ
ᠰᠠᠨᠰᠠᠷ ᠬᠣᠷᠸ᠎ᠠ ᠶ᠋ᠢᠨ ᠠᠭᠤᠳᠠᠮ ᠢ᠋ ᠣᠢᠯᠠᠭᠠᠯ᠎ᠠ
ᠰᠠᠨᠰᠠᠷ ᠬᠣᠷᠸ᠎ᠠ ᠶ᠋ᠢᠨ ᠠᠭᠤᠳᠠᠮ ᠢ᠋ ᠣᠢᠯᠠᠭᠠᠯ᠎ᠠ
ᠦᠰᠦᠭ ᠬᠠᠲᠠᠵᠤ᠂ ᠦᠰᠦᠭ ᠠᠮᠢᠯᠠᠭᠤᠯᠤᠭᠰᠠᠨ ᠨᠢ᠄ ᠪᠠᠢ᠂ ᠰᠠᠷᠠᠨ᠎ᠠ
