ᠶᠧᠯᠸᠢᠴᠢᠨ ᠬᠦᠦ -ᠮᠣᠩᠭᠣᠯ ᠠᠷᠠᠳ ᠤ᠋ᠨ ᠦᠯᠢᠭᠡᠷИлбэчин хүү-Монгол ардын үлгэр
ᠶᠧᠯᠸᠢᠴᠢᠨ ᠬᠦᠦ
ᠮᠣᠩᠭᠣᠯ ᠠᠷᠠᠳ ᠤ᠋ᠨ ᠦᠯᠢᠭᠡᠷ
ᠡᠷᠲᠡ ᠤᠷᠢᠳᠤ ᠴᠠᠭ ᠲᠤ᠌ ᠶᠠᠳᠠᠭᠤ ᠨᠢᠭᠡ ᠬᠦᠦ ᠠᠮᠢᠳᠤᠷᠠᠵᠤ ᠪᠠᠢᠵᠠᠢ᠃ ᠲᠡᠷᠡ ᠬᠦᠦ ᠡᠷᠳᠡᠮ ᠨᠣᠮ ᠰᠤᠷᠪᠠᠯ ᠠᠯᠢᠪᠠ ᠰᠠᠨᠠᠭᠰᠠᠨ ᠪᠦᠬᠦᠨ ᠪᠦᠲᠦᠵᠦ ᠢᠷᠡᠨ ᠣᠯᠠᠨ ᠳ᠋ᠠᠭᠠᠨ ᠴᠤ᠌ ᠲᠤᠰᠠ ᠲᠠᠢ᠂ ᠦᠢᠯᠡ ᠪᠦᠲᠦᠭᠡᠵᠦ ᠪᠣᠯᠳᠠᠭ ᠭᠡᠰᠡᠨ ᠡᠴᠢᠭᠡ ᠶ᠋ᠢᠨ ᠢ᠋ᠶ᠋ᠡᠨ ᠵᠠᠬᠢᠶᠠᠰᠤ ᠶ᠋ᠢ ᠰᠠᠨᠠᠵᠤ᠂ ᠭᠠᠭᠴᠠ ᠦᠨᠢᠶ᠎ᠡ ᠪᠡᠨ ᠨᠢᠭᠡᠨ ᠡᠷᠳᠡᠮᠲᠡᠨ ᠡᠪᠦᠭᠡᠨ ᠳ᠋ᠦ᠍ ᠠᠪᠠᠴᠢᠵᠤ ᠥᠭᠭᠦᠭᠡᠳ ᠡᠷᠳᠡᠮ ᠰᠤᠷᠭᠠᠵᠤ ᠥᠭᠭᠦᠨ᠎ᠡ ᠤᠤ ᠭᠡᠵᠦ ᠭᠤᠶᠤᠵᠠᠢ᠃
ᠬᠦᠦ ᠡᠪᠦᠭᠡᠨ ᠢ᠋ᠶ᠋ᠡᠷ ᠶᠸᠯᠸᠢᠫ ᠦ᠋ᠨ ᠤᠬᠠᠭᠠᠨ ᠵᠢᠭᠠᠯᠭᠠᠵᠤ᠂ ᠶᠠᠭᠤ ᠰᠠᠨᠠᠭᠰᠠᠨ ᠢ᠋ᠶ᠋ᠠᠨ ᠪᠦᠲᠦᠭᠡᠵᠦ᠂ ᠣᠢᠷ᠎ᠠ ᠬᠣᠯᠠ ᠶ᠋ᠢᠨ ᠨᠥᠬᠥᠳ ᠦ᠋ᠳ ᠲᠦ᠍ ᠪᠡᠨ ᠲᠤᠰᠠᠯᠠᠬᠤ ᠪᠣᠯᠵᠠᠢ᠃ ᠡᠭᠦᠨ ᠢ᠋ ᠨᠢ ᠬᠠᠭᠠᠨ ᠰᠣᠨᠣᠰᠤᠭᠠᠳ᠂ ᠬᠦᠦ ᠶ᠋ᠢ ᠳᠠᠭᠤᠳᠠᠵᠤ ᠢᠷᠡᠭᠦᠯᠦᠭᠡᠳ᠂
— ᠴᠢ ᠶᠸᠯᠸᠢᠪ ᠭᠡᠳᠡᠭ ᠡᠷᠳᠡᠮ ᠰᠤᠷᠤᠭᠰᠠᠨ ᠪᠢᠵᠡ ᠳ᠋ᠠ᠂ ᠲᠡᠷᠡ ᠷᠢᠳᠢ ᠰᠢᠳᠢᠲᠦ ᠶᠸᠯᠸᠢᠪ ᠢ᠋ᠶ᠋ᠡᠨ ᠨᠠᠳᠠ ᠦᠵᠡᠭᠦᠯᠦᠭᠴᠢ ᠭᠡᠵᠡᠢ᠃ ᠬᠦᠦ᠂ ᠬᠠᠭᠠᠨ ᠲᠠ ᠶᠸᠯᠸᠢᠪ ᠦ᠋ᠨ ᠷᠢᠳᠢ ᠰᠢᠳᠢ ᠶ᠋ᠢ ᠦᠵᠡᠬᠦ ᠶ᠋ᠢ ᠬᠦᠰᠡᠵᠦ ᠪᠠᠢᠭ᠎ᠠ ᠪᠣᠯ ᠥᠴᠦᠬᠡᠨ ᠪᠢ ᠴᠢᠳᠠᠬᠤ ᠶᠠᠳᠠᠬᠤ ᠶ᠋ᠢᠨ ᠬᠢᠷᠢ ᠪᠡᠷ ᠦᠵᠡᠭᠦᠯᠬᠦ ᠶ᠋ᠢ ᠪᠣᠳᠤᠯᠭᠦᠢ ᠶᠠᠭᠠᠬᠢᠬᠤ ᠪᠣᠢ᠂ ᠬᠠᠷᠢᠨ ᠲᠠ ᠶᠠᠭᠤ ᠦᠵᠡᠬᠦ ᠭᠡᠰᠡᠨ ᠪᠣᠯ ᠭᠡᠵᠡᠢ᠃ ᠬᠠᠭᠠᠨ ᠶᠸᠯᠸᠢᠪ ᠭᠡᠳᠡᠭ ᠢ᠋ᠶ᠋ᠡᠨ ᠦᠵᠡᠭᠦᠯᠬᠦ ᠶ᠋ᠢᠨ ᠪᠣᠯ ᠶᠠᠭᠤ ᠴᠤ᠌ ᠶᠠᠭᠠᠬᠢᠬᠤ ᠪᠣᠢ ᠭᠡᠵᠡᠢ᠃ ᠬᠦᠦ᠂ ᠵᠠ ᠲᠡᠭᠡᠪᠡᠯ ᠲᠠ ᠡᠨᠡ ᠠᠶᠠᠭ᠎ᠠ ᠪᠠᠨ ᠬᠠᠯᠠᠭᠤᠨ ᠴᠠᠢ ᠪᠠᠷ ᠳᠦᠭᠦᠷᠭᠡᠭᠡᠳ ᠲᠠᠯᠪᠢᠴᠢᠬ᠎ᠠ᠂ ᠲᠡᠭᠡᠭᠡᠳ ᠭᠠᠳᠠᠭ᠎ᠠ ᠭᠠᠷᠴᠤ ᠮᠣᠷᠢᠨ ᠤ᠋ ᠪᠠᠨ ᠤᠶᠠᠭᠠᠨ ᠳᠡᠭᠡᠷ᠎ᠡ ᠣᠴᠢᠬᠤ ᠦᠭᠡᠢ ᠤᠤ ᠭᠡᠵᠡᠢ᠃
ᠬᠠᠭᠠᠨ᠂ ᠬᠦᠦ ᠶ᠋ᠢᠨ ᠬᠡᠯᠡᠭᠰᠡᠨ ᠶᠣᠰᠣᠭᠠᠷ ᠭᠡᠷ ᠡᠴᠡ ᠪᠡᠨ ᠭᠠᠷᠴᠤ ᠤᠶᠠᠭᠠᠨ ᠳᠡᠭᠡᠷ᠎ᠡ ᠣᠴᠢᠪᠠᠯ᠂ ᠲᠣᠯᠣᠭᠠᠢ ᠬᠠᠶᠠᠭᠰᠠᠨ ᠭᠢᠯᠤᠩ ᠬᠠᠷ᠎ᠠ ᠮᠣᠷᠢ ᠲᠦᠭᠦᠷᠢᠭᠴᠢᠨ ᠲᠣᠭᠲᠠᠵᠤ ᠶᠠᠳᠠᠨ ᠪᠠᠢᠵᠠᠢ᠂ ᠮᠣᠷᠢᠨ ᠳ᠋ᠤ᠌ ᠬᠣᠷᠣᠬᠠᠢ ᠲᠠᠢ ᠬᠠᠭᠠᠨ ᠲᠡᠰᠴᠦ ᠴᠢᠳᠠᠯ ᠦᠭᠡᠢ ᠭᠢᠯᠤᠩ ᠬᠠᠷ᠎ᠠ ᠮᠣᠷᠢᠨ ᠳ᠋ᠤ᠌ ᠮᠣᠷᠳᠠᠲᠠᠯ᠎ᠠ᠂ ᠮᠣᠷᠢ ᠬᠤᠢ ᠰᠠᠯᠬᠢ ᠮᠡᠲᠦ ᠬᠤᠷᠳᠤᠯᠠᠨ ᠮᠣᠷᠳᠠᠵᠠᠢ᠃ ᠠᠭᠰᠤᠮ ᠬᠠᠷ᠎ᠠ ᠮᠣᠷᠢ ᠠᠪᠴᠤ ᠳᠠᠪᠬᠢᠭᠰᠠᠭᠠᠷ ᠪᠠᠢᠭᠠᠳ ᠡᠵᠡᠭᠦᠢ ᠬᠣᠭᠣᠰᠣᠨ᠂ ᠡᠭᠡᠷᠡᠮ᠎ᠡ ᠴᠦᠯ ᠳ᠋ᠦ᠍ ᠢᠷᠡᠭᠡᠳ᠂ ᠭᠠᠵᠠᠷ ᠤ᠋ᠨ ᠦᠨᠳᠦᠰᠦ ᠲᠣᠭᠠᠯᠠᠨ᠂ ᠲᠩᠷᠢ ᠶ᠋ᠢᠨ ᠣᠳᠣ ᠳᠠᠷᠠᠭᠠᠯᠠᠨ ᠪᠤᠯᠭᠢᠵᠤ ᠬᠠᠭᠠᠨ ᠢ᠋ ᠤᠨᠠᠭᠠᠴᠢᠬᠠᠭᠠᠳ᠂ ᠲᠣᠭᠣᠰᠣ ᠲᠠᠲᠠᠭᠤᠯᠤᠨ ᠠᠯᠠᠭ᠎ᠠ ᠪᠣᠯᠵᠠᠢ᠃ ᠬᠠᠭᠠᠨ ᠡᠵᠡᠭᠦᠢ ᠲᠠᠯ᠎ᠠ ᠳ᠋ᠤ᠌ ᠡᠷ᠎ᠡ ᠪᠡᠶ᠎ᠡ ᠭᠠᠭᠴᠠᠭᠠᠷ ᠦᠯᠡᠳᠡᠭᠡᠳ᠂ ᠴᠠᠷᠴᠠᠭ᠎ᠠ ᠳᠡᠪᠬᠡᠷᠭᠡᠨ ᠢ᠋ᠶ᠋ᠡᠷ ᠬᠣᠭᠣᠯᠠᠯᠠᠵᠤ᠂ ᠱᠠᠯᠪᠠ ᠶ᠋ᠢ ᠤᠰᠤᠨ ᠠ᠋ᠴᠠ ᠱᠦᠭᠦᠵᠦ᠂ ᠥᠯᠥᠰᠴᠦ ᠴᠠᠩᠭᠠᠬᠤ ᠶ᠋ᠢᠨ ᠵᠣᠪᠠᠯᠠᠩ ᠢ᠋ ᠠᠮᠰᠠᠵᠤ ᠭᠡᠨ᠎ᠡ᠃ ᠡᠮᠦᠰᠦᠭᠰᠡᠨ ᠬᠤᠪᠴᠠᠰᠤ ᠨᠢ ᠦᠢ ᠲᠦᠮᠡᠨ ᠴᠣᠭᠣᠷᠬᠠᠢ ᠪᠣᠯᠵᠤ᠂ ᠶᠠᠳᠠᠷᠠᠵᠤ ᠲᠤᠢᠯᠳᠠᠬᠤ ᠶ᠋ᠢᠨ ᠡᠴᠦᠰ ᠲᠦ᠍ ᠬᠦᠷᠴᠦ᠃ ᠴᠢᠨᠠᠭᠰᠢ ᠶᠠᠪᠤᠬᠤ ᠶ᠋ᠢᠨ ᠲᠡᠩᠬᠡᠯ ᠦᠭᠡᠢ ᠪᠣᠯᠵᠤ ᠭᠡᠨ᠎ᠡ᠃ ᠭᠡᠲᠡᠯ᠎ᠡ ᠥᠪᠡᠷ ᠦ᠋ᠨ ᠰᠢᠭ᠌ ᠰᠠᠯᠪᠠᠢᠵᠤ ᠨᠠᠪᠰᠠᠢᠭᠰᠠᠨ ᠬᠤᠪᠴᠠᠰᠤ ᠲᠠᠢ ᠠᠪᠠᠭᠠᠢ ᠬᠡᠦᠬᠡᠳ ᠬᠥᠲᠥᠯᠴᠢᠬᠡᠭᠰᠡᠨ ᠶᠠᠪᠤᠭ᠎ᠠ ᠲᠠᠭᠠᠷᠠᠯᠳᠤᠵᠠᠢ᠃ ᠬᠠᠭᠠᠨ ᠠ᠂ ᠨᠠᠳᠠ ᠰᠢᠭ᠋ ᠵᠣᠪᠠᠵᠤ ᠵᠦᠳᠡᠷᠡᠭᠰᠡᠨ ᠠᠮᠢᠲᠠᠨ ᠨᠡᠷᠡᠲᠦ ᠬᠣᠷᠸ᠎ᠠ ᠳ᠋ᠤ᠌ ᠪᠠᠰᠠ ᠪᠠᠢᠳᠠᠭ ᠶᠤᠮ ᠪᠠᠢᠬᠤ ᠳ᠋ᠠ ᠭᠡᠵᠦ ᠪᠣᠳᠣᠭᠠᠳ ᠣᠴᠢᠭᠰᠠᠨ ᠨᠢ ᠥᠪᠡᠷ ᠦ᠋ᠨ ᠬᠢᠨᠢ ᠡᠬᠡᠨᠡᠷ ᠦᠷ᠎ᠡ ᠵᠢᠷᠦᠬᠡᠨ ᠦ᠌ ᠬᠠᠢᠷᠠᠲᠠᠢ ᠭᠠᠭᠴᠠ ᠬᠦᠦ ᠶ᠋ᠢ ᠨᠢ ᠬᠥᠲᠥᠯᠦᠭᠡᠳ ᠮᠥᠨ ᠯᠡ ᠶᠠᠳᠠᠷᠠᠵᠤ ᠵᠦᠳᠡᠷᠡᠵᠦ ᠶᠠᠪᠤᠨ᠎ᠠ ᠭᠡᠨ᠎ᠡ᠃ ᠡᠵᠡᠭᠦᠢ ᠬᠣᠭᠣᠰᠣᠨ ᠴᠦᠯ ᠳ᠋ᠦ᠍ ᠴᠣᠷ ᠭᠠᠭᠴᠠᠭᠠᠷ ᠢ᠋ᠶ᠋ᠠᠨ ᠪᠠᠢᠭᠰᠠᠨ ᠢ᠋ ᠪᠣᠳᠣᠪᠠᠯ ᠡᠬᠡᠨᠡᠷ ᠬᠡᠦᠬᠡᠳ ᠲᠡᠢ ᠪᠡᠨ ᠡᠨᠳᠡ ᠠᠭᠤᠯᠵᠠᠵᠤ ᠬᠠᠮᠤᠭ ᠵᠣᠪᠠᠯᠠᠩ ᠢ᠋ᠶ᠋ᠠᠨ ᠬᠠᠮᠲᠤ ᠬᠤᠪᠢᠶᠠᠯᠴᠠᠬᠤ ᠪᠣᠯᠤᠯ᠎ᠠ ᠳ᠋ᠠ ᠭᠡᠵᠦ ᠪᠣᠳᠣᠵᠤ ᠪᠠᠢᠲᠠᠯ᠎ᠠ ᠭᠡᠨᠡᠳᠲᠡ ᠭᠠᠢ ᠲᠠᠭᠠᠷᠠᠵᠤ ᠡᠬᠡᠨᠡᠷ ᠨᠢ ᠨᠠᠰᠤ ᠪᠠᠷᠠᠵᠤ ᠥᠨᠥᠴᠢᠨ ᠬᠡᠦᠬᠡᠳ ᠲᠡᠢ ᠦᠯᠡᠳᠡᠵᠡᠢ᠃ ᠬᠠᠭᠠᠨ ᠪᠠᠰᠠ ᠯᠠ ᠦᠬᠦᠯ ᠥᠨᠥᠴᠢᠷᠡᠯ ᠦ᠋ᠨ ᠬᠡᠴᠡᠭᠦᠦ ᠶ᠋ᠢ ᠠᠮᠰᠠᠵᠤ ᠰᠠᠨᠠᠭ᠎ᠠ ᠰᠡᠳᠬᠢᠯ ᠢ᠋ᠶ᠋ᠡᠷ ᠭᠤᠲᠤᠷᠠᠵᠤ ᠵᠣᠪᠠᠵᠤ ᠭᠡᠨ᠎ᠡ᠃ ᠣᠬᠢᠯᠠᠵᠤ ᠤᠷᠤᠰᠬᠠᠭᠰᠠᠨ ᠨᠢᠯᠪᠤᠰᠤ ᠨᠢ ᠨᠠᠭᠤᠷ ᠴᠥᠭᠥᠷᠥᠮ ᠪᠣᠯᠬᠤ ᠲᠦᠭᠡᠵᠦ ᠭᠡᠨ᠎ᠡ᠃ ᠤᠬᠢᠯᠠᠪᠠᠯ ᠤᠢᠳᠬᠠᠷ ᠭᠤᠨᠢᠭ ᠬᠡᠰᠡᠭ ᠵᠠᠭᠤᠷ᠎ᠠ ᠳ᠋ᠤ᠌ ᠪᠣᠯᠪᠠᠴᠤ ᠠᠷᠢᠯᠳᠠᠭ ᠶᠤᠮ ᠪᠢᠯᠡ ᠭᠡᠳ ᠠᠬᠢᠨ ᠳᠠᠬᠢᠨ ᠠᠰᠬᠠᠷᠠᠲᠠᠯ᠎ᠠ ᠤᠬᠢᠯᠠᠵᠤ ᠪᠠᠢᠯ᠎ᠠ ᠭᠡᠰᠡᠨ᠃ ᠭᠡᠨᠡᠳᠲᠡ ᠥᠨᠳᠥᠷ ᠰᠠᠷᠠᠭᠤᠯ ᠥᠩᠭᠡᠲᠦ ᠣᠷᠳᠣᠨ ᠳ᠋ᠤ᠌ ᠪᠠᠨ ᠢᠷᠡᠴᠢᠬᠡᠭᠡᠳ ᠲᠦᠰᠢᠯᠭᠡᠲᠦ ᠵᠥᠭᠡᠯᠡᠨ ᠰᠠᠨᠳᠠᠯᠢ ᠳᠡᠭᠡᠷ᠎ᠡ ᠪᠡᠨ ᠰᠠᠭᠤᠵᠤ ᠪᠠᠢᠨ᠎ᠠ ᠭᠡᠨ᠎ᠡ᠃ ᠬᠠᠭᠠᠨ᠂
— ᠶᠣᠬᠣ ᠶᠣᠬᠣ᠂ ᠪᠢ ᠶᠠᠭᠤ ᠪᠣᠯᠪᠠᠤ! ᠵᠡᠭᠦᠳᠦᠯᠡᠪᠡ ᠤᠤ ᠳ᠋ᠠ ᠭᠡᠰᠡᠨ ᠨᠢ ᠶᠧᠯᠸᠢᠴᠢᠨ ᠬᠦᠦ᠂ ᠲᠠ ᠦᠵᠡᠬᠦ ᠶ᠋ᠢ ᠬᠦᠰᠡᠭᠰᠡᠨ ᠶᠸᠯᠸᠢᠪ ᠦ᠋ᠳ ᠢ᠋ ᠦᠵᠡᠯ᠎ᠡ ᠰᠢᠦ ᠳ᠋ᠠ ᠭᠡᠵᠦ ᠭᠡᠨ᠎ᠡ᠃
ᠬᠠᠭᠠᠨ ᠠᠶᠠᠭ᠎ᠠ ᠲᠠᠢ ᠴᠠᠢ ᠪᠠᠨ ᠠᠪᠤᠭᠠᠳ ᠤᠤᠭᠤᠬᠤ ᠭᠡᠰᠡᠨ ᠨᠢ ᠬᠠᠪ ᠬᠠᠯᠠᠭᠤᠨ ᠢ᠋ᠶ᠋ᠠᠷ ᠢ᠋ᠶ᠋ᠠᠨ ᠬᠥᠷᠥᠵᠦ ᠠᠮᠵᠢᠭ᠎ᠠ ᠦᠭᠡᠢ ᠪᠠᠢᠵᠠᠢ ᠭᠡᠨ᠎ᠡ᠃ ᠬᠦᠦ
— ᠵᠠ ᠬᠠᠭᠠᠨ ᠭᠤᠸᠠᠢ᠂ ᠲᠠᠨ ᠤ᠋ ᠦᠵᠡᠭᠰᠡᠨ ᠶᠠᠭᠤᠮ᠎ᠠ ᠶᠠᠮᠠᠷ ᠪᠠᠢᠨ᠎ᠠ ᠭᠡᠪᠡᠯ ᠥᠯᠥᠰᠴᠦ ᠴᠠᠩᠭᠠᠬᠤ ᠶ᠋ᠢᠨ ᠭᠠᠴᠢᠯ᠂ ᠦᠬᠦᠯ ᠵᠣᠪᠠᠯᠠᠩ ᠤ᠋ᠨ ᠭᠠᠮᠰᠢᠭ ᠶᠠᠭᠠᠬᠢᠭᠰᠠᠨ ᠴᠤ᠌ ᠬᠡᠴᠡᠭᠦᠦ ᠶᠤᠮ ᠪᠤᠢ ᠳ᠋ᠠ ᠭᠡᠵᠦ ᠵᠠᠯᠪᠠᠷᠢᠵᠤ ᠪᠠᠢᠵᠠᠢ᠃ ᠬᠦᠦ ᠬᠠᠭᠠᠨ ᠭᠤᠸᠠᠢ᠂ ᠲᠠ ᠥᠨᠥᠴᠢᠨ ᠵᠠᠯᠠᠭᠤᠰ᠂ ᠵᠣᠪᠠᠵᠤ ᠵᠦᠳᠡᠷᠡᠭᠰᠡᠨ ᠬᠥᠮᠦᠨ ᠢ᠋ ᠶᠡᠷᠦᠳᠡᠭᠡᠨ ᠴᠦ᠍ ᠦᠷᠦ ᠡᠪᠡᠳᠳᠡᠭ ᠦᠭᠡᠢ ᠰᠢᠦ᠂ ᠡᠭᠦᠨ ᠡᠴᠡ ᠬᠣᠢᠰᠢ ᠥᠷᠦᠪᠴᠢ ᠵᠥᠭᠡᠯᠡᠨ ᠰᠡᠳᠬᠢᠯ ᠲᠡᠢ ᠪᠠᠢᠮᠠᠷ ᠶᠤᠮ ᠳ᠋ᠠ ᠭᠡᠵᠡᠢ᠃
ᠬᠠᠷᠠᠩᠭᠤ ᠮᠤᠩᠬᠠᠭ ᠬᠠᠷᠭᠢᠰ ᠬᠠᠭᠠᠨ ᠡᠨᠡ ᠦᠶ᠎ᠡ ᠡᠴᠡ ᠡᠭᠡᠯ ᠣᠯᠠᠨ ᠢ᠋ᠶ᠋ᠠᠨ ᠬᠦᠨᠳᠦᠳᠬᠡᠵᠦ᠂ ᠡᠷᠳᠡᠮ ᠤᠬᠠᠭᠠᠨ ᠤ᠋ ᠴᠢᠳᠠᠯ ᠳ᠋ᠤ᠌ ᠪᠢᠰᠢᠷᠡᠬᠦ ᠪᠣᠯᠵᠠᠢ᠃ ᠶᠧᠯᠸᠢᠴᠢᠨ ᠬᠦᠦ᠂ ᠶᠸᠯᠸᠢᠪ ᠤᠬᠠᠭᠠᠨ ᠤ᠋ ᠬᠠᠢᠷ᠎ᠠ ᠡᠷᠳᠡᠮ ᠢ᠋ᠶ᠋ᠡᠷ ᠢᠳᠡᠵᠦ ᠤᠤᠭᠤᠬᠤ᠂ ᠡᠮᠦᠰᠴᠦ ᠵᠡᠭᠦᠬᠦ᠂ ᠬᠦᠰᠡᠭᠰᠡᠨ ᠪᠦᠬᠦᠨ ᠢ᠋ᠶ᠋ᠡᠨ ᠪᠦᠲᠦᠭᠡᠵᠦ᠂ ᠬᠠᠷᠠᠴᠤ ᠣᠯᠠᠨ ᠳ᠋ᠠᠭᠠᠨ ᠲᠤᠰᠠᠯᠠᠨ ᠵᠢᠷᠭᠠᠯ ᠲᠠᠢ ᠰᠠᠢᠬᠠᠨ ᠠᠮᠢᠳᠤᠷᠠᠳᠠᠭ ᠪᠣᠯᠵᠠᠢ᠃
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
