ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-10> Сүлдийн соёлын судлал – Минжуур<дээд-10>
ᠰᠦᠯᠳᠡ ᠶ᠋ᠢᠨ ᠪᠡᠯᠭᠡᠳᠡᠯ ᠤᠨ ᠰᠣᠶᠣᠯ ᠢ᠋ ᠰᠢᠨᠵᠢᠯᠡᠬᠦ ᠨᠢ
ᠰᠦᠯᠳᠡ ᠶ᠋ᠢᠨ ᠲᠤᠬᠠᠢ ᠲᠡᠮᠳᠡᠭᠯᠡᠯ᠂ ᠰᠦᠯᠳᠡ ᠶ᠋ᠢᠨ ᠰᠤᠳᠤᠯᠭᠠᠨ ᠤ᠋
ᠦᠷ᠎ᠡ ᠪᠦᠲᠦᠭᠡᠯ ᠪᠣᠯᠤᠨ ᠰᠦᠯᠳᠡ ᠶ᠋ᠢ ᠪᠡᠯᠭᠡᠳᠡᠯ ᠤᠨ ᠡᠳ᠋ ᠪᠣᠯᠭᠠᠨ
ᠬᠡᠷᠡᠭᠯᠡᠳᠡᠭ ᠵᠠᠩᠰᠢᠯ ᠢ᠋ ᠦᠨᠳᠦᠰᠦᠯᠡᠵᠦ᠂ ᠰᠦᠯᠳᠡ ᠶ᠋ᠢ ᠤᠯᠠᠮᠵᠢᠯᠠᠯᠲᠤ
ᠡᠷᠬᠢᠮ ᠳᠡᠭᠡᠳᠦ ᠪᠡᠯᠭᠡᠳᠡᠯ ᠤᠨ ᠡᠳ᠋ ᠮᠥᠨ ᠭᠡᠳᠡᠭ ᠤᠨ ᠤᠴᠢᠷ ᠶᠣᠰᠣ ᠪᠠ
ᠣᠨᠴᠠᠭᠠᠢ ᠤᠳᠬ᠎ᠠ ᠶ᠋ᠢ ᠪᠡᠯᠭᠡᠳᠡᠬᠦ ᠳ᠋ᠦ᠍ ᠬᠡᠷᠡᠭᠯᠡᠭᠰᠡᠨ ᠪᠣᠳᠠᠲᠤ ᠵᠢᠱ᠌ᠢᠶ᠎ᠡ
ᠨᠦ᠍ᠭᠦᠳ ᠢ᠋ᠶ᠋ᠡᠷ ᠭᠣᠣᠯ ᠠᠭᠤᠯᠭ᠎ᠠ ᠪᠣᠯᠭᠠᠭᠰᠠᠨ ᠰᠦᠯᠳᠡ ᠶ᠋ᠢᠨ
ᠪᠡᠯᠭᠡᠳᠡᠯ ᠤᠨ ᠰᠣᠶᠣᠯ ᠢ᠋ ᠥᠪᠡᠷ ᠤᠨ ᠣᠢᠯᠠᠭᠠᠭᠰᠠᠨ
ᠬᠡᠮᠵᠢᠶ᠎ᠡ ᠪᠡᠷ ᠢ᠋ᠶ᠋ᠡᠨ ᠲᠠᠢᠯᠪᠤᠷᠢᠯᠠᠨ ᠥᠭᠦᠯᠡᠬᠦ ᠪᠣᠯᠤᠨ᠎ᠠ᠃
【ᠵᠠᠩᠭᠢᠯᠠᠭ᠎ᠠ ᠦᠭᠡ】 ᠰᠦᠯᠳᠡ᠂ ᠪᠡᠯᠭᠡᠳᠡᠯ ᠤᠨ ᠰᠣᠶᠣᠯ᠃
ᠣᠶᠤᠨ ᠤ᠋ ᠰᠣᠶᠣᠯ ᠪᠣᠯ ᠬᠥᠮᠦᠨ ᠲᠥᠷᠥᠯᠬᠢᠲᠡᠨ ᠤ ᠣᠶᠤᠨ ᠤ᠋ ᠦᠢᠯᠡᠳᠪᠦᠷᠢᠯᠡᠯ ᠤᠨ ᠪᠦᠬᠦ ᠦᠷ᠎ᠡ ᠪᠦᠲᠦᠭᠡᠯ ᠪᠣᠯᠤᠨ᠎ᠠ᠃ ᠲᠡᠷᠡ ᠨᠢ ᠨᠢᠭᠡ ᠦᠨᠳᠦᠰᠦᠲᠡᠨ ᠤ ᠨᠡᠢᠭᠡᠮ᠂ ᠠᠵᠤ ᠠᠬᠤᠢ ᠪᠣᠯᠤᠨ ᠠᠮᠢᠳᠤᠷᠠᠯ ᠤ᠋ᠨ ᠬᠡᠯᠪᠡᠷᠢ ᠮᠠᠶᠢᠭ ᠤ᠋ᠨ ᠪᠦᠷᠢᠯᠳᠦᠬᠦ ᠶ᠋ᠢ ᠲᠣᠭᠲᠠᠭᠠᠬᠤ ᠪᠠ ᠨᠥᠯᠥᠭᠡᠯᠡᠬᠦ ᠳ᠋ᠦ᠍ ᠬᠠᠷᠢᠯᠴᠠᠨ ᠦᠢᠯᠡᠳᠦᠯᠴᠡᠬᠦ ᠬᠠᠷᠢᠴᠠᠭ᠎ᠠ ᠲᠠᠢ ᠪᠠᠢᠳᠠᠭ᠃ ᠣᠶᠤᠨ ᠤ᠋ ᠰᠣᠶᠣᠯ ᠳ᠋ᠤ᠌ ᠭᠦᠨ ᠤᠬᠠᠭᠠᠨ᠂ ᠰᠢᠨᠵᠢᠯᠡᠬᠦ ᠤᠬᠠᠭᠠᠨ᠂ ᠶᠣᠰᠣ ᠰᠤᠷᠲᠠᠬᠤᠨ᠂ ᠶᠣᠰᠣ ᠮᠣᠷᠠᠯ᠂ ᠰᠤᠷᠭᠠᠨ ᠬᠥᠮᠦᠵᠢᠯ᠂ ᠬᠠᠤᠯᠢ ᠴᠠᠭᠠᠵᠠ᠂ ᠱᠠᠰᠢᠨ ᠰᠤᠷᠲᠠᠬᠤᠨ᠂ ᠵᠠᠩ ᠳᠠᠳᠬᠠᠯ᠂ ᠤᠳᠬ᠎ᠠ ᠵᠣᠬᠢᠶᠠᠯ ᠤᠷᠠᠯᠢᠭ ᠵᠡᠷᠭᠡ ᠳᠡᠭᠡᠳᠦ ᠳᠠᠪᠬᠤᠷᠭ᠎ᠠ ᠶ᠋ᠢᠨ ᠡᠯ᠎ᠡ ᠲᠠᠯ᠎ᠠ ᠶ᠋ᠢ ᠪᠠᠭᠲᠠᠭᠠᠬᠤ ᠮᠥᠷᠲᠡᠭᠡᠨ ᠪᠠᠰᠠ ᠰᠡᠳᠬᠢᠬᠦᠢ᠂ ᠦᠭᠡ ᠬᠡᠯᠡ᠂ ᠦᠵᠡᠯᠲᠡ ᠵᠡᠷᠭᠡ ᠳᠡᠭᠡᠳᠦ ᠳᠠᠪᠬᠤᠷᠭ᠎ᠠ ᠶ᠋ᠢᠨ ᠪᠤᠰᠤ ᠠᠢ ᠶ᠋ᠢ ᠴᠦ᠍ ᠪᠠᠭᠲᠠᠭᠠᠳᠠᠭ᠃ ᠰᠦᠯᠳᠡ ᠪᠣᠯ ᠪᠤᠷᠬᠠᠳ ᠲᠠᠢ ᠠᠳᠠᠯᠢ ᠨᠢᠭᠡ ᠵᠦᠢᠯ ᠤᠨ ᠰᠢᠲᠦᠭᠡᠨ ᠪᠣᠯᠤᠨ᠎ᠠ᠃ ᠭᠡᠪᠡᠴᠦ ᠲᠡᠷᠡ ᠰᠢᠲᠦᠭᠡᠨ ᠡᠴᠡ ᠪᠡᠨ ᠪᠡᠯᠭᠡᠳᠡᠯ ᠤᠨ ᠡᠳ᠋ ᠪᠣᠯᠤᠨ ᠤᠯᠠᠷᠢᠨ ᠬᠤᠪᠢᠷᠠᠵᠤ᠂ ᠬᠥᠮᠦᠨ ᠳ᠋ᠦ᠍ ᠰᠡᠳᠬᠢᠯᠭᠡ ᠶ᠋ᠢᠨ ᠬᠠᠨᠤᠮᠵᠢ ᠣᠯᠭᠣᠳᠠᠭ᠃ ᠪᠤᠷᠬᠠᠨ ᠳ᠋ᠤ᠌ ᠬᠠᠷᠢᠨ ᠡᠢᠮᠦ ᠬᠡᠷᠡᠭᠯᠡᠭᠳᠡᠬᠦᠨ ᠦᠭᠡᠢ᠃ᠰᠦᠯᠳᠡ ᠪᠣᠯ ᠪᠡᠯᠭᠡᠳᠡᠯ ᠤᠨ ᠡᠳ᠋ ᠦ᠋ᠳ ᠲᠡᠢ ᠠᠳᠠᠯᠢ ᠨᠢᠭᠡ ᠵᠦᠢᠯ ᠤᠨ ᠪᠡᠯᠭᠡᠳᠡᠯ ᠤᠨ ᠡᠳ᠋ ᠪᠣᠯᠤᠨ᠎ᠠ᠂ ᠭᠡᠪᠡᠴᠦ ᠰᠦᠯᠳᠡ ᠳ᠋ᠦ᠍ ᠰᠦᠰᠦᠭ ᠪᠢᠰᠢᠷᠡᠯ ᠪᠠ ᠨᠡᠢᠭᠡᠮ ᠤᠨ ᠰᠣᠶᠣᠯ ᠤ᠋ᠨ ᠬᠡᠷᠡᠭᠯᠡᠭᠳᠡᠬᠦᠨ ᠤ ᠦᠢᠯᠡᠳᠦᠯ ᠲᠡᠢ ᠪᠠᠢᠳᠠᠭ᠃ ᠪᠤᠰᠤᠳ ᠪᠡᠯᠭᠡᠳᠡᠯ ᠤᠨ ᠡᠳ᠋ ᠲᠦ᠍ ᠬᠠᠷᠢᠨ ᠡᠢᠮᠦ ᠬᠡᠷᠡᠭᠯᠡᠭᠳᠡᠬᠦᠨ ᠦᠭᠡᠢ᠃ ᠰᠦᠯᠳᠡ ᠡᠢᠮᠦ ᠥᠪᠡᠷᠮᠢᠴᠡ ᠣᠨᠴᠠᠯᠢᠭ ᠪᠦᠬᠦᠢ ᠡᠳ᠋ ᠪᠣᠯᠬᠣᠷ ᠪᠠᠰᠠ ᠲᠡᠭᠦᠨ ᠢ᠋ ᠦᠢᠯᠡᠳᠦᠨ ᠪᠦᠲᠦᠭᠡᠳᠡᠭ ᠤᠷᠠᠯᠢᠭ ᠤ᠋ᠨ ᠬᠡᠯᠪᠡᠷᠢ ᠪᠠᠢᠳᠠᠭ᠃ ᠡᠢᠮᠦ ᠡᠴᠡ ᠰᠦᠯᠳᠡ ᠶ᠋ᠢᠨ ᠰᠣᠶᠣᠯ ᠪᠣᠯ ᠪᠡᠯᠭᠡᠳᠡᠯ ᠤᠨ ᠵᠠᠩ ᠵᠠᠩᠰᠢᠯ᠂ ᠱᠠᠰᠢᠨ ᠰᠤᠷᠲᠠᠬᠤᠨ ᠪᠣᠯᠤᠨ ᠦᠢᠯᠡᠳᠬᠦ ᠤᠷᠠᠯᠢᠭ ᠤ᠋ᠨ ᠲᠠᠯ᠎ᠠ ᠶ᠋ᠢᠨ ᠠᠭᠤᠯᠭ᠎ᠠ ᠶ᠋ᠢ ᠪᠠᠭᠲᠠᠭᠠᠭᠰᠠᠨ ᠨᠢᠭᠡ ᠵᠦᠢᠯ ᠤᠨ ᠣᠶᠤᠨ ᠤ᠋ ᠰᠣᠶᠣᠯ ᠮᠥᠨ᠃ ᠰᠦᠯᠳᠡ ᠶ᠋ᠢᠨ ᠰᠣᠶᠣᠯ ᠤ᠋ᠨ ᠱᠠᠰᠢᠨ ᠰᠤᠷᠲᠠᠬᠤᠨ ᠤ᠋ ᠲᠠᠯ᠎ᠠ ᠶ᠋ᠢᠨ ᠠᠭᠤᠯᠭ᠎ᠠ ᠪᠣᠯ ᠳᠠᠷᠤᠢ ᠱᠠᠰᠢᠨ ᠰᠤᠷᠲᠠᠬᠤᠨ ᠤ᠋ ᠢᠯᠡᠷᠡᠭᠰᠡᠨ ᠬᠡᠯᠪᠡᠷᠢ ᠪᠣᠯᠤᠨ᠎ᠠ᠃ ᠱᠠᠰᠢᠨ ᠰᠤᠷᠲᠠᠬᠤᠨ ᠪᠣᠯ ᠨᠢᠭᠡ ᠵᠦᠢᠯ ᠦ᠋ᠨ ᠶᠢᠷᠲᠢᠨᠴᠦ ᠶ᠋ᠢᠨ ᠦᠵᠡᠯᠲᠡ ᠪᠣᠯᠤᠨ ᠦᠵᠡᠯ ᠤᠬᠠᠮᠰᠠᠷ ᠤ᠋ᠨ ᠬᠡᠯᠪᠡᠷᠢ ᠪᠣᠯᠤᠨ᠎ᠠ᠃ ᠬᠡᠢ ᠬᠣᠭᠣᠰᠣᠨ ᠠᠷᠭ᠎ᠠ ᠪᠠᠷ ᠨᠡᠢᠭᠡᠮ ᠤᠨ ᠪᠣᠳᠠᠲᠤ ᠠᠮᠢᠳᠤᠷᠠᠯ ᠢ᠋ ᠳᠤᠰᠬᠠᠳᠠᠭ ᠨᠢᠭᠡ ᠵᠦᠢᠯ ᠦ᠋ᠨ ᠰᠢᠰᠲ᠋ᠧᠮ ᠪᠣᠯᠤᠨ᠎ᠠ᠃ ᠡᠨᠡ ᠬᠦ᠌ ᠬᠡᠢ ᠬᠣᠭᠣᠰᠣᠨ ᠳᠤᠰᠬᠠᠬᠤ ᠠᠷᠭ᠎ᠠ ᠪᠠᠷ ᠣᠨᠴᠠᠯᠢᠭ ᠪᠣᠯᠭᠠᠭᠰᠠᠨ ᠰᠣᠶᠣᠯ ᠨᠢ ᠪᠦᠷ ᠯᠡ ᠶᠠᠮᠠᠷ ᠨᠢᠭᠡᠨ ᠰᠣᠶᠣᠯ ᠤ᠋ᠨ ᠪᠣᠳᠠᠲᠤ ᠪᠡᠶ᠎ᠡ ᠳᠡᠭᠡᠷ᠎ᠡ ᠳᠠᠭᠠᠯᠳᠤᠨ ᠵᠣᠬᠢᠬᠤ ᠨᠢᠭᠡᠨ ᠰᠣᠶᠣᠯ ᠤ᠋ᠨ ᠰᠢᠰᠲ᠋ᠧᠮ ᠢ᠋ᠶ᠋ᠡᠷ ᠳᠡᠮᠵᠢᠵᠦ᠂ ᠬᠥᠮᠦᠨ ᠲᠥᠷᠥᠯᠬᠢᠲᠡᠨ ᠳ᠋ᠦ᠍ ᠪᠣᠳᠠᠲᠠᠢ ᠦᠢᠯᠡᠳᠦᠯ ᠭᠠᠷᠭᠠᠭᠠᠳ ᠬᠥᠮᠦᠰ ᠤᠨ ᠣᠶᠤᠨ ᠰᠠᠨᠠᠭᠠᠨ ᠤ᠋ ᠰᠣᠨᠢᠷᠬᠠᠯ ᠪᠠ ᠥᠷᠲᠡᠭ ᠦ᠋ᠨ ᠦᠵᠡᠯᠲᠡ ᠶ᠋ᠢ ᠬᠥᠮᠦᠨ ᠲᠥᠷᠥᠯᠬᠢᠲᠡᠨ ᠤ ᠨᠡᠢᠭᠡᠮ ᠤᠨ ᠣᠶᠤᠨ ᠤ᠋ ᠰᠣᠶᠣᠯ ᠤ᠋ᠨ ᠨᠢᠭᠡ ᠪᠦᠷᠢᠯᠳᠦᠬᠦᠨ ᠬᠡᠰᠡᠭ ᠪᠣᠯᠭᠠᠵᠠᠢ᠃ ᠰᠦᠯᠳᠡ ᠶ᠋ᠢᠨ ᠱᠠᠰᠢᠨ ᠰᠤᠷᠲᠠᠬᠤᠨ ᠪᠣᠯ ᠰᠦᠰᠦᠭ ᠪᠢᠰᠢᠷᠡᠯ᠂ ᠨᠣᠮᠯᠠᠯ᠂ ᠵᠣᠬᠢᠶᠠᠨ ᠪᠠᠢᠭᠤᠯᠤᠯᠲᠠ᠂ ᠷᠢᠳᠢ ᠰᠢᠳᠢᠴᠢᠯᠡᠭᠰᠡᠨ ᠳᠣᠮᠣᠭ ᠶᠠᠷᠢᠶ᠎ᠠ᠂ ᠦᠵᠡᠯ ᠰᠠᠨᠠᠭᠠᠨ ᠤ᠋ ᠣᠢᠯᠠᠭᠠᠯᠲᠠ᠂ ᠰᠡᠳᠬᠢᠴᠡ ᠶ᠋ᠢᠨ ᠪᠠᠢᠳᠠᠯ ᠵᠡᠷᠭᠡ ᠨᠡᠯᠢᠶᠡᠳ ᠪᠤᠳᠤᠯᠢᠶᠠᠨᠲᠠᠢ ᠠᠭᠤᠯᠭ᠎ᠠ ᠶ᠋ᠢ ᠪᠠᠭᠲᠠᠭᠠᠭᠰᠠᠨ ᠶᠡᠷᠦᠩᠬᠡᠢ ᠴᠣᠭᠴᠠ ᠪᠣᠯᠤᠨ᠎ᠠ᠃ ᠰᠦᠯᠳᠡ ᠨᠢ ᠪᠥᠬᠡ ᠮᠥᠷᠭᠥᠯ ᠪᠠ ᠪᠤᠷᠬᠠᠨ ᠱᠠᠰᠢᠨ ᠤ᠋ ᠬᠥᠭᠵᠢᠯᠲᠡ ᠶ᠋ᠢᠨ ᠲᠡᠦᠬᠡ ᠶ᠋ᠢ ᠥᠩᠭᠡᠷᠡᠭᠡᠭᠰᠡᠨ ᠪᠣᠯᠬᠣᠷ ᠰᠦᠯᠳᠡ ᠶ᠋ᠢᠨ ᠱᠠᠰᠢᠨ ᠰᠤᠷᠲᠠᠬᠤᠨ ᠤ᠋ ᠰᠣᠶᠣᠯ ᠳ᠋ᠤ᠌ ᠪᠥᠬᠡ ᠮᠥᠷᠭᠥᠯ ᠪᠠ ᠪᠤᠷᠬᠠᠨ ᠱᠠᠰᠢᠨ ᠤ᠋ ᠣᠨᠴᠠᠯᠢᠭ ᠪᠦᠬᠦᠢ ᠰᠣᠶᠣᠯ ᠤ᠋ᠨ ᠠᠭᠤᠯᠤᠭᠳᠠᠬᠤᠨ ᠲᠠᠢ ᠪᠠᠢᠳᠠᠭ᠃ ᠰᠦᠯᠳᠡ ᠣᠳᠣ ᠪᠠᠰᠠ ᠵᠠᠷᠢᠮ ᠭᠠᠵᠠᠷ ᠲᠤ᠌ ᠲᠠᠬᠢᠭᠳᠠᠵᠤ ᠪᠣᠢ᠃ ᠰᠦᠯᠳᠡ ᠶ᠋ᠢᠨ ᠰᠣᠶᠣᠯ ᠤᠨ ᠰᠤᠳᠤᠯᠤᠯ ᠳᠤ ᠱᠠᠰᠢᠨ ᠰᠤᠷᠲᠠᠬᠤᠨ ᠤ᠋ ᠢᠯᠡᠷᠡᠭᠰᠡᠨ ᠳᠠᠪᠰᠢᠩᠭᠤᠢ ᠬᠡᠯᠪᠡᠷᠢ ᠶ᠋ᠢ ᠰᠦᠯᠳᠡ ᠶ᠋ᠢᠨ ᠱᠠᠰᠢᠨ ᠰᠤᠷᠲᠠᠬᠤᠨ ᠤ᠋ ᠰᠣᠶᠣᠯ ᠭᠡᠵᠦ ᠨᠡᠷᠡᠢᠳᠴᠡᠢ᠃ ᠰᠦᠯᠳᠡ ᠶ᠋ᠢ ᠦᠢᠯᠡᠳᠬᠦ ᠤᠷᠠᠯᠢᠭ ᠪᠣᠯ ᠰᠦᠯᠳᠡ ᠶ᠋ᠢ ᠳᠡᠭᠡᠳᠦᠯᠡᠨ ᠰᠢᠲᠦᠬᠦ ᠬᠡᠷᠡᠭᠴᠡᠭᠡ ᠶ᠋ᠢ ᠬᠠᠩᠭᠠᠬᠤ ᠠ᠋ᠴᠠ ᠪᠣᠢ ᠪᠣᠯᠤᠭᠰᠠᠨ ᠶᠤᠮ᠃ ᠡᠨᠳᠡ ᠬᠡᠯᠡᠵᠦ ᠪᠠᠢᠭ᠎ᠠ ᠳᠡᠭᠡᠳᠦᠯᠡᠨ ᠰᠢᠲᠦᠬᠦ ᠭᠡᠳᠡᠭ ᠨᠢ ᠰᠦᠯᠳᠡ ᠶ᠋ᠢ ᠪᠡᠯᠭᠡᠳᠡᠯ ᠤᠨ ᠡᠳ᠋ ᠢ᠋ᠶ᠋ᠡᠷ ᠳᠡᠭᠡᠳᠦᠯᠡᠨ ᠬᠡᠷᠡᠭᠯᠡᠬᠦ ᠪᠠ ᠰᠦᠯᠳᠡ ᠳ᠋ᠦ᠍ ᠱᠠᠰᠢᠨ ᠰᠤᠷᠲᠠᠬᠤᠨ ᠤ᠋ ᠶᠣᠰᠣᠯᠠᠯ ᠬᠢᠬᠦ ᠶ᠋ᠢ ᠬᠡᠯᠡᠵᠦ ᠪᠣᠢ᠃ ᠤᠯᠠᠮᠵᠢᠯᠠᠯᠲᠤ ᠦᠵᠡᠯᠲᠡ ᠪᠣᠯᠤᠨ ᠰᠡᠳᠬᠢᠬᠦᠢ ᠶ᠋ᠢᠨ ᠠᠷᠭ᠎ᠠ ᠪᠠᠷ ᠣᠯᠠᠨ ᠵᠦᠢᠯ ᠤᠨ ᠤᠷᠠᠯᠢᠭ ᠤ᠋ᠨ ᠬᠡᠯᠪᠡᠷᠢ ᠶ᠋ᠢ ᠳᠠᠮᠵᠢᠨ᠂ ᠰᠦᠷ ᠵᠢᠪᠬᠤᠯᠠᠩ ᠲᠠᠢ ᠮᠥᠷᠲᠡᠭᠡᠨ ᠪᠠᠰᠠ ᠦᠵᠡᠰᠬᠦᠯᠡᠩᠲᠦ ᠰᠠᠢᠬᠠᠨ ᠰᠦᠯᠳᠡ ᠶ᠋ᠢᠨ ᠳᠦᠷᠢ ᠶ᠋ᠢ ᠪᠦᠲᠦᠭᠡᠳᠡᠭ᠃ ᠡᠭᠦᠨ ᠳ᠋ᠦ᠍ ᠬᠣᠶᠠᠷ ᠵᠦᠢᠯ ᠤᠨ ᠠᠷᠭ᠎ᠠ ᠬᠡᠯᠪᠡᠷᠢ ᠪᠠᠭᠲᠠᠵᠤ ᠪᠣᠢ᠂ ᠨᠢᠭᠡ ᠨᠢ ᠲᠡᠮᠦᠷ᠂ ᠮᠥᠩᠭᠥ ᠠᠷᠠᠰᠤ᠂ ᠬᠥᠬᠥᠯ᠂ ᠮᠣᠳᠣ ᠵᠡᠷᠭᠡ ᠶ᠋ᠢᠨ ᠤᠭ ᠡᠳ᠋ ᠪᠤᠶᠤ ᠲᠡᠭᠦᠨ ᠢ᠋ ᠣᠷᠣᠯᠠᠬᠤ ᠡᠳ᠋ ᠢ᠋ᠶ᠋ᠡᠷ ᠬᠢᠯᠣᠪᠠᠷ᠂ ᠴᠠᠷ᠎ᠠ᠂ ᠮᠠᠨᠵᠢᠯᠠᠭ᠎ᠠ ᠪᠣᠯᠤᠨ ᠰᠢᠯᠪᠢ ᠶ᠋ᠢ ᠲᠤᠰ ᠲᠤᠰ ᠲᠤ᠌ ᠨᠢ ᠦᠢᠯᠡᠳᠴᠦ ᠭᠠᠷᠭᠠᠭᠠᠳ ᠲᠡᠭᠦᠨ ᠢ᠋ ᠤᠭᠰᠠᠷᠠᠭᠤᠯᠵᠤ᠂ ᠰᠦᠯᠳᠡ ᠪᠡᠨ ᠪᠦᠲᠦᠭᠡᠳᠡᠭ᠃ ᠨᠥᠭᠦᠭᠡ ᠨᠢᠭᠡ ᠨᠢ ᠵᠢᠷᠤᠬᠤ᠂ ᠱᠤᠭᠤᠬᠤ᠂ ᠴᠢᠳᠬᠤᠬᠤ᠂ ᠰᠡᠢᠯᠬᠦ ᠵᠡᠷᠭᠡ ᠶ᠋ᠢᠨ ᠤᠷᠠᠯᠢᠭ ᠤ᠋ᠨ ᠬᠡᠯᠪᠡᠷᠢ ᠪᠡᠷ ᠳᠠᠮᠵᠢᠨ ᠦᠵᠡᠰᠬᠦᠯᠡᠩᠲᠦ ᠰᠠᠢᠬᠠᠨ ᠰᠦᠯᠳᠡ ᠶ᠋ᠢᠨ ᠳᠦᠷᠢ ᠶ᠋ᠢ ᠪᠦᠲᠦᠭᠡᠳᠡᠭ᠃ ᠡᠭᠦᠨ ᠢ᠋ ᠰᠦᠯᠳᠡ ᠶ᠋ᠢᠨ ᠰᠣᠶᠣᠯ ᠰᠤᠳᠤᠯᠤᠯ ᠳ᠋ᠤ᠌ ᠤᠯᠠᠮᠵᠢᠯᠠᠯᠲᠤ ᠦᠢᠯᠡᠳᠬᠦ ᠰᠣᠶᠣᠯ ᠭᠡᠵᠦ ᠨᠡᠷᠡᠢᠳᠴᠡᠢ᠂ ᠵᠠᠩᠰᠢᠯ ᠪᠣᠯ ᠦᠨᠳᠦᠰᠦᠲᠡᠨ ᠤ ᠨᠡᠢᠭᠡᠮ ᠰᠡᠳᠬᠢᠴᠡ ᠶ᠋ᠢᠨ ᠢᠯᠡᠷᠡᠬᠦ ᠬᠡᠯᠪᠡᠷᠢ ᠪᠣᠯᠤᠭᠰᠠᠨ ᠨᠢᠭᠡ ᠵᠦᠢᠯ ᠤᠨ ᠴᠢᠬᠤᠯᠠ ᠰᠣᠶᠣᠯ ᠤ᠋ᠨ ᠦᠵᠡᠭᠳᠡᠯ ᠪᠣᠯᠤᠨ᠎ᠠ᠃ ᠡᠢᠮᠦ ᠪᠣᠯᠬᠣᠷ ᠰᠦᠯᠳᠡ ᠶ᠋ᠢᠨ ᠰᠣᠶᠣᠯ ᠰᠤᠳᠤᠯᠤᠯ ᠳ᠋ᠤ᠌ ᠰᠦᠯᠳᠡ ᠪᠡᠷ ᠶᠠᠮᠠᠷ ᠨᠢᠭᠡᠨ ᠣᠨᠴᠠᠭᠠᠢ ᠤᠳᠬ᠎ᠠ ᠶ᠋ᠢ ᠪᠡᠯᠭᠡᠳᠡᠬᠦ ᠵᠠᠩᠰᠢᠯ ᠢ᠋ ᠰᠦᠯᠳᠡ ᠶ᠋ᠢᠨ ᠪᠡᠯᠭᠡᠳᠡᠯ ᠤᠨ ᠰᠣᠶᠣᠯ ᠭᠡᠵᠦ ᠨᠡᠷᠡᠢᠳᠴᠡᠢ᠃ ᠰᠦᠯᠳᠡ ᠶ᠋ᠢᠨ ᠪᠡᠯᠭᠡᠳᠡᠯ ᠤᠨ ᠰᠣᠶᠣᠯ ᠪᠣᠯ ᠰᠦᠯᠳᠡ ᠶ᠋ᠢᠨ ᠰᠣᠶᠣᠯ ᠤ᠋ᠨ ᠪᠦᠷᠢᠯᠳᠦᠬᠦᠨ ᠪᠣᠯᠬᠤ ᠮᠥᠷᠲᠡᠭᠡᠨ ᠭᠣᠣᠯ ᠪᠠᠢᠷᠢ ᠶ᠋ᠢ ᠡᠵᠡᠯᠡᠳᠡᠭ ᠬᠥᠭᠵᠢᠯ ᠤᠨ ᠬᠠᠨᠳᠤᠰᠢ ᠪᠦᠬᠦᠢ ᠰᠣᠶᠣᠯ ᠪᠣᠯᠤᠨ᠎ᠠ᠃ᠡᠢᠮᠦ ᠡᠴᠡ ᠳᠣᠣᠷ᠎ᠠ ᠰᠦᠯᠳᠡ ᠶ᠋ᠢᠨ ᠪᠡᠯᠭᠡᠳᠡᠯ ᠤᠨ ᠰᠣᠶᠣᠯ ᠢ᠋ ᠲᠤᠰᠬᠠᠢᠯᠠᠨ ᠲᠠᠢᠯᠪᠤᠷᠢᠯᠠᠵᠤ᠂ ᠥᠷᠭᠡᠨ ᠣᠯᠠᠨ ᠤᠩᠰᠢᠭᠴᠢᠳ ᠪᠠ ᠰᠦᠯᠳᠡ ᠶ᠋ᠢᠨ ᠰᠣᠶᠣᠯ ᠳ᠋ᠠᠭᠠᠨ ᠬᠠᠢᠷᠠᠲᠠᠢ ᠬᠥᠮᠦᠰ ᠤᠨ ᠰᠦᠯᠳᠡ ᠶ᠋ᠢᠨ ᠪᠡᠯᠭᠡᠳᠡᠯ ᠤᠨ ᠰᠣᠶᠣᠯ ᠢ᠋ ᠣᠢᠯᠠᠭᠠᠬᠤ ᠳ᠋ᠤ᠌ ᠨᠢ ᠬᠢᠨᠠᠯᠲᠠ ᠪᠣᠯᠭᠠᠶ᠎ᠠ᠃
ᠨᠢᠭᠡ᠂ ᠰᠦᠯᠳᠡ ᠶ᠋ᠢ ᠤᠯᠠᠮᠵᠢᠯᠠᠯᠲᠤ ᠪᠡᠯᠭᠡᠳᠡᠯ ᠤᠨ ᠡᠳ᠋ ᠮᠥᠨ
ᠭᠡᠳᠡᠭ ᠤᠨ ᠤᠴᠢᠷ
ᠰᠦᠯᠳᠡ ᠪᠣᠯ ᠪᠡᠯᠭᠡᠳᠡᠯ ᠤᠨ ᠡᠳ᠋ ᠮᠥᠷᠲᠡᠭᠡᠨ ᠤᠯᠠᠮᠵᠢᠯᠠᠯᠲᠤ ᠪᠡᠯᠭᠡᠳᠡᠯ ᠤᠨ ᠡᠳ᠋ ᠮᠥᠨ᠃ ᠪᠢᠳᠡ ᠴᠠᠭᠠᠨ᠂ ᠬᠠᠷ᠎ᠠ᠂ ᠠᠯᠠᠭ ᠭᠤᠷᠪᠠᠨ ᠰᠦᠯᠳᠡ ᠶ᠋ᠢᠨ ᠲᠡᠦᠬᠡᠨ ᠪᠠᠢᠳᠠᠯ ᠢ᠋ ᠲᠤᠰ ᠲᠤᠰ ᠢ᠋ᠶ᠋ᠠᠷ ᠨᠢ ᠢᠯᠭᠠᠨ ᠦᠵᠡᠪᠡᠯ ᠰᠠᠶᠢ 《ᠤᠯᠠᠮᠵᠢᠯᠠᠯᠲᠤ》 ᠭᠡᠵᠦ ᠬᠡᠯᠡᠳᠡᠭ ᠤᠨ ᠤᠴᠢᠷ ᠶᠣᠰᠣ ᠶ᠋ᠢ ᠣᠢᠯᠠᠭᠠᠵᠤ ᠴᠢᠳᠠᠨ᠎ᠠ᠃
ᠴᠠᠭᠠᠨ ᠰᠦᠯᠳᠡ ᠶ᠋ᠢᠨ ᠲᠡᠦᠬᠡᠨ ᠪᠠᠢᠳᠠᠯ ᠢ᠋ ᠣᠢᠯᠠᠭᠠᠬᠤ ᠳ᠋ᠤ᠌ ᠪᠢᠳᠡ ᠨᠢᠳᠦᠨ ᠤ ᠬᠠᠷᠠᠴᠠ ᠪᠠᠨ ᠠᠯᠤᠰ ᠬᠣᠯᠠ ᠶ᠋ᠢᠨ ᠪᠠᠯᠠᠷ ᠡᠷᠲᠡᠨ ᠤ ᠨᠡᠢᠭᠡᠮ ᠳ᠋ᠦ᠍ ᠴᠢᠭᠯᠡᠭᠦᠯᠬᠦ ᠬᠡᠷᠡᠭᠲᠡᠢ ᠪᠠᠢᠨ᠎ᠠ᠃ ᠾᠦᠩᠨᠦᠴᠦᠳ ᠠᠯᠢ ᠡᠷᠲᠡ ᠲᠡᠭᠷᠢ ᠶ᠋ᠢᠨ ᠪᠦᠷᠢᠯᠸ᠎ᠠ᠂ ᠳᠠᠷᠤᠢ《ᠨᠠᠷᠠ᠂ ᠰᠠᠷ᠎ᠠ᠂ ᠭᠠᠯ᠂ ᠪᠤᠭᠤ ᠭᠥᠷᠦᠭᠡᠰᠦᠨ ᠤ ᠳᠦᠷᠰᠦ ᠲᠡᠢ》 ᠬᠤᠪᠢᠯᠭᠠᠨ ᠡᠳ᠋ ᠢ᠋ ᠡᠭᠦᠳᠦᠨ ᠪᠦᠲᠦᠭᠡᠭᠡᠳ ᠲᠠᠬᠢᠵᠤ ᠪᠠᠢᠵᠠᠢ᠃ ᠨᠡᠢᠲᠡ ᠶ᠋ᠢᠨ ᠣᠨ ᠲᠣᠭᠠᠯᠠᠯ ᠠ᠋ᠴᠠ ᠡᠮᠦᠨ᠎ᠡ᠂ ᠬᠣᠶᠠᠷ ᠵᠠᠭᠤ ᠪᠥᠭᠡᠳ ᠶᠢᠰᠦᠨ ᠣᠨ ᠳ᠋ᠤ᠌ ᠮᠤᠳᠤᠨ ᠴᠠᠨ ᠢᠦᠢ ᠾᠦᠩᠨᠦ (ᠬᠣᠨᠣᠳ) ᠤᠯᠤᠰ ᠢ᠋ ᠪᠠᠢᠭᠤᠯᠬᠤ ᠳ᠋ᠤ᠌ ᠡᠨᠡ ᠬᠦ᠌ ᠰᠢᠲᠦᠭᠡᠨ ᠢ᠋ᠶ᠋ᠡᠨ ᠳᠡᠭᠡᠳᠦᠯᠡᠨ ᠬᠡᠷᠡᠭᠯᠡᠵᠦ ᠲᠥᠷᠥ ᠶ᠋ᠢᠨ ᠲᠤᠭ (ᠰᠦᠯᠳᠡ) ᠪᠣᠯᠭᠠᠵᠠᠢ᠃ ᠡᠭᠦᠨ ᠡᠴᠡ ᠰᠢᠲᠦᠭᠡᠨ ᠳ᠋ᠦ᠍ ᠲᠥᠷᠥ ᠶ᠋ᠢᠨ ᠪᠡᠯᠭᠡ ᠲᠡᠮᠳᠡᠭ ᠤᠨ ᠣᠨᠴᠠᠭᠠᠢ ᠤᠳᠬ᠎ᠠ ᠠᠩᠬ᠎ᠠ ᠪᠣᠢ ᠪᠣᠯᠵᠠᠢ᠃ ᠲᠡᠷᠡ ᠨᠢ ᠰᠢᠲᠦᠭᠡᠨ ᠪᠣᠯᠬᠤ ᠮᠥᠷᠲᠡᠭᠡᠨ ᠪᠠᠰᠠ ᠲᠥᠷᠥ ᠶ᠋ᠢᠨ ᠪᠡᠯᠭᠡ ᠲᠡᠮᠳᠡᠭ ᠪᠣᠯᠵᠤ᠂ ᠬᠡᠳᠦᠨ ᠡᠷᠢᠨ ᠵᠠᠭᠤᠨ ᠤ᠋ ᠴᠠᠭ ᠢ᠋ ᠥᠩᠭᠡᠷᠡᠭᠡᠭᠡᠳ ᠤᠮᠠᠷᠠᠲᠤ ᠶ᠋ᠢᠨ ᠨᠡᠭᠦᠳᠡᠯᠴᠢᠨ ᠦᠨᠳᠦᠰᠦᠲᠡᠨ ᠤ ᠰᠡᠳᠬᠢᠴᠡ ᠳ᠋ᠦ᠍ ᠴᠢᠬᠤᠯᠠ ᠪᠠᠢᠷᠢ ᠰᠠᠭᠤᠷᠢ ᠪᠠ ᠨᠥᠯᠥᠭᠡ ᠲᠡᠢ ᠪᠣᠯᠵᠠᠢ᠃ ᠾᠦᠩᠨᠦ (ᠬᠣᠨᠣᠳ) ᠤᠯᠤᠰ ᠵᠠᠳᠠᠷᠠᠭᠰᠠᠨ ᠠ᠋ᠴᠠ ᠬᠣᠢᠰᠢ᠂ ᠶᠠᠮᠠᠷ ᠶᠠᠮᠠᠷ ᠤᠯᠤᠰ ᠠᠢᠮᠠᠭ ᠪᠣᠯᠤᠨ ᠣᠪᠣᠭ ᠲᠤ᠌ ᠡᠨᠡ ᠬᠦ᠌ ᠲᠤᠭ ᠢ᠋ ᠰᠢᠲᠦᠵᠦ ᠪᠠᠢᠭᠰᠠᠨ ᠭᠡᠰᠡᠨ ᠦᠨᠳᠦᠰᠦ ᠪᠠᠷᠢᠮᠲᠠ ᠶ᠋ᠢ ᠣᠯᠤᠭᠠᠳᠤᠢ ᠪᠣᠯᠬᠣᠷ ᠡᠨᠳᠡ ᠬᠡᠯᠡᠵᠦ ᠴᠢᠳᠠᠬᠤ ᠦᠭᠡᠢ᠃ ᠭᠡᠪᠡᠴᠦ ᠡᠨᠡ ᠬᠦ᠌ ᠰᠣᠶᠣᠯ ᠤᠨ ᠤᠯᠠ ᠮᠥᠷ ᠨᠢ ᠯᠠᠪᠲᠠᠢ ᠦᠯᠡᠳᠡᠭᠰᠡᠨ ᠪᠠᠢᠬᠤ ᠶᠣᠰᠣᠲᠠᠢ᠃ ᠶᠠᠭᠤ ᠪᠣᠯᠤᠭᠰᠠᠨ ᠴᠤ᠌ ᠮᠣᠩᠭᠣᠯ ᠠᠢᠮᠠᠭ ᠲᠤ᠌᠂ ᠡᠪᠦᠭᠡ ᠳᠡᠭᠡᠳᠦᠰ ᠤᠨ ᠡᠨᠡ ᠬᠦ᠌ ᠲᠤᠭ (ᠰᠦᠯᠳᠡ) ᠪᠡᠨ ᠵᠠᠯᠭᠠᠮᠵᠢᠯᠠᠨ ᠠᠪᠴᠤ ᠰᠢᠲᠦᠭᠰᠡᠭᠡᠷ ᠢᠷᠡᠭᠰᠡᠨ ᠨᠢ ᠦᠨᠡᠨ ᠪᠣᠳᠠᠲᠠᠢ᠃ ᠡᠭᠦᠨ ᠢ᠋ᠶ᠋ᠡᠷ ᠦᠯᠦ ᠪᠠᠷᠠᠨ ᠪᠠᠰᠠ ᠲᠤᠭ ᠤ᠋ᠨ ᠱᠠᠰᠢᠨ ᠰᠤᠷᠲᠠᠬᠤᠨ (ᠪᠥᠬᠡ ᠶ᠋ᠢᠨ ᠱᠠᠰᠢᠨ) ᠤ᠋ ᠰᠣᠶᠣᠯ ᠢ ᠳᠡᠯᠭᠡᠷᠡᠭᠦᠯᠵᠦ᠂ ᠬᠠᠷ᠎ᠠ ᠰᠦᠯᠳᠡ ᠪᠣᠯᠤᠨ ᠠᠯᠠᠭ ᠰᠦᠯᠳᠡ ᠶ᠋ᠢ ᠵᠠᠯᠭᠠᠭ᠎ᠠ ᠵᠠᠯᠭᠠᠭ᠎ᠠ ᠪᠠᠷ ᠡᠭᠦᠳᠦᠨ ᠪᠦᠲᠦᠭᠡᠭᠡᠳ ᠰᠢᠲᠦᠵᠦ ᠪᠠᠢᠵᠠᠢ᠃ ᠲᠡᠮᠦᠵᠢᠨ ᠮᠣᠩᠭᠣᠯ ᠠᠢᠮᠠᠭ ᠤ᠋ᠨ ᠬᠠᠨ ᠰᠠᠭᠤᠭᠰᠠᠨ ᠠ᠋ᠴᠠ ᠬᠣᠢᠰᠢ᠂ ᠤᠭ ᠲᠤᠭ ᠲᠤ᠌ ᠣᠩᠭᠤᠨ ᠴᠠᠭᠠᠨ ᠠᠵᠢᠷᠭᠠᠨ ᠤ᠋ ᠬᠥᠬᠥᠯ ᠢ᠋ᠶ᠋ᠡᠷ ᠮᠠᠨᠵᠢᠯᠭ᠎ᠠ ᠬᠢᠭᠡᠳ ᠤᠭ ᠲᠤᠭ ᠤ᠋ᠨ ᠳᠣᠲᠣᠭᠠᠳᠤ ᠰᠣᠶᠣᠯ ᠤ᠋ᠨ ᠠᠭᠤᠯᠤᠭᠳᠠᠬᠤᠨ ᠢ᠋ ᠨᠢ ᠤᠯᠠᠮ ᠥᠷᠭᠡᠨ ᠮᠥᠷᠲᠡᠭᠡᠨ ᠭᠦᠨ ᠪᠣᠯᠭᠠᠵᠠᠢ᠃ ᠪᠠᠰᠠ ᠨᠠᠢ᠍ᠮᠠᠨ ᠡᠯᠴᠢ ᠴᠠᠭᠠᠨ ᠰᠦᠯᠳᠡ ᠶ᠋ᠢ ᠨᠡᠮᠡᠵᠦ᠂ ᠤᠭ ᠲᠤᠭ ᠢ᠋ ᠶᠡᠬᠡ ᠴᠠᠭᠠᠨ ᠰᠦᠯᠳᠡ ᠪᠣᠯᠭᠠᠨ ᠳᠡᠭᠡᠳᠦᠯᠡᠵᠦ᠂ ᠡᠯᠴᠢ ᠴᠠᠭᠠᠨ ᠰᠦᠯᠳᠡ ᠶ᠋ᠢᠨ ᠲᠥᠪ ᠳᠤᠮᠳᠠ ᠨᠢ ᠪᠠᠢᠷᠢᠯᠠᠭᠤᠯᠤᠭᠠᠳ ᠶᠢᠰᠦ ᠶ᠋ᠢᠨ ᠪᠡᠯᠭᠡᠲᠦ ᠲᠣᠭ᠎ᠠ ᠪᠠᠷ ᠪᠦᠷᠢᠯᠳᠦᠭᠰᠡᠨ ᠨᠢᠭᠡᠨ ᠴᠣᠭᠴᠠ ᠴᠠᠭᠠᠨ ᠰᠦᠯᠳᠡ ᠶ᠋ᠢ ᠪᠦᠲᠦᠭᠡᠵᠡᠢ᠃ ᠴᠢᠩᠭᠢᠰ ᠬᠠᠭᠠᠨ ᠠᠷᠪᠠᠨ ᠭᠤᠷᠪᠠᠳᠤᠭᠠᠷ ᠵᠠᠭᠤᠨ ᠤ ᠡᠬᠢᠨ ᠳ᠋ᠦ᠍ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢ ᠪᠠᠢᠭᠤᠯᠬᠤ ᠳ᠋ᠤ᠌ ᠡᠨᠡ ᠬᠦ᠌ ᠴᠠᠭᠠᠨ ᠲᠤᠭ ᠢ᠋ ᠮᠣᠩᠭᠣᠯ ᠲᠥᠷᠥ ᠶ᠋ᠢᠨ ᠴᠠᠭᠠᠨ ᠲᠤᠭ ᠪᠣᠯᠭᠠᠨ ᠳᠡᠭᠡᠳᠦᠯᠡᠨ ᠬᠡᠷᠡᠭᠯᠡᠵᠦ᠂ ᠤᠨᠤᠨ ᠮᠥᠷᠡᠨ ᠤ ᠬᠥᠪᠡᠭᠡᠨ ᠳ᠋ᠦ᠍ ᠶᠢᠰᠦᠨ ᠬᠥᠯᠲᠦ ᠴᠠᠭᠠᠨ ᠲᠤᠭ ᠢ᠋ᠶ᠋ᠠᠨ ᠪᠤᠰᠬᠠᠵᠤ᠂ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢ ᠪᠠᠢᠭᠤᠯᠵᠤ᠂ ᠬᠠᠭᠠᠨ ᠰᠢᠷᠡᠭᠡᠨ ᠳ᠋ᠦ᠍ ᠰᠠᠭᠤᠭᠰᠠᠨ ᠢᠶᠠᠨ ᠳᠡᠯᠡᠬᠡᠢ ᠳ᠋ᠠᠬᠢᠨ ᠳ᠋ᠤ᠌ ᠲᠤᠩᠬᠠᠭᠯᠠᠵᠠᠢ᠃ ᠡᠭᠦᠨ ᠡᠴᠡ ᠴᠠᠭᠠᠨ ᠰᠦᠯᠳᠡ ᠳ᠋ᠦ᠍ ᠲᠥᠷᠥ ᠭᠦᠷᠦᠨ ᠢ᠋ ᠲᠥᠯᠥᠭᠡᠯᠡᠭᠰᠡᠨ ᠭᠦᠨ ᠤᠳᠬ᠎ᠠ ᠨᠡᠮᠡᠭᠳᠡᠵᠦ᠂ ᠴᠠᠭᠠᠨ ᠰᠦᠯᠳᠡ ᠶ᠋ᠢᠨ ᠡᠩᠬᠡ ᠲᠠᠢᠪᠤᠩ᠂ ᠬᠥᠭᠵᠢᠯ ᠪᠠᠳᠠᠷᠠᠯ᠂ ᠵᠣᠯ ᠵᠢᠷᠭᠠᠯ ᠢ᠋ ᠪᠡᠯᠭᠡᠳᠡᠭᠰᠡᠨ ᠣᠨᠴᠠᠭᠠᠢ ᠤᠳᠬ᠎ᠠ ᠨᠢ ᠤᠯᠠᠮ ᠢ᠋ᠶ᠋ᠠᠷ ᠲᠣᠳᠣᠷᠠᠵᠤ᠂ ᠪᠦᠬᠦ ᠮᠣᠩᠭᠣᠯᠴᠤᠳ ᠤ᠋ᠨ ᠴᠠᠭᠠᠨ ᠰᠦᠯᠳᠡ ᠶ᠋ᠢ ᠳᠡᠭᠡᠳᠦᠯᠡᠨ ᠰᠢᠲᠦᠬᠦ ᠰᠡᠳᠬᠢᠴᠡ ᠨᠢ ᠨᠡᠩ ᠶᠡᠬᠡ ᠪᠡᠷ ᠳᠡᠭᠡᠭᠰᠢᠯᠡᠵᠡᠢ᠃ ᠴᠠᠭᠠᠨ ᠰᠦᠯᠳᠡ ᠡᠩᠬᠡᠵᠢᠨ ᠤ ᠪᠡᠯᠭᠡᠳᠡᠯ ᠤᠨ ᠡᠳ᠋ ᠪᠣᠯᠤᠭᠰᠠᠨ ᠨᠢ ᠮᠣᠩᠭᠣᠯᠴᠤᠳ ᠤ᠋ᠨ ᠤᠯᠤᠰ ᠭᠡᠷ ᠡᠩᠬᠡ ᠲᠠᠢᠪᠤᠩ᠂ ᠠᠵᠢᠯ ᠦᠢᠯᠡᠰ ᠬᠥᠭᠵᠢᠨ ᠪᠠᠳᠠᠷᠠᠭᠰᠠᠨ᠂ ᠬᠥᠮᠦᠨ ᠪᠦᠬᠦᠨ ᠰᠠᠢᠨ ᠰᠠᠢᠬᠠᠨ ᠵᠣᠯ ᠵᠢᠷᠭᠠᠯ ᠲᠠᠢ ᠠᠮᠢᠳᠤᠷᠠᠬᠤ ᠭᠡᠰᠡᠨ ᠪᠣᠳᠣᠯ ᠰᠠᠨᠠᠭᠠᠨ ᠤ᠋ ᠰᠣᠶᠣᠯ ᠤ᠋ᠨ ᠡᠯᠧᠮᠧᠨ᠋ᠲ ᠢ᠋ ᠲᠤᠰᠬᠠᠵᠤ ᠪᠠᠢᠬᠤ ᠶᠤᠮ᠂ ᠡᠢᠮᠦ ᠡᠴᠡ ᠮᠣᠩᠭᠣᠯᠴᠤᠳ ᠮᠠᠨᠵᠤ ᠶ᠋ᠢ ᠳᠠᠭᠠᠭᠰᠠᠨ ᠠ᠋ᠴᠠ ᠬᠣᠢᠰᠢ᠂ ᠴᠠᠭᠠᠨ ᠰᠦᠯᠳᠡ ᠨᠢ ᠬᠡᠳᠦᠢᠪᠡᠷ ᠲᠥᠷᠥ ᠭᠦᠷᠦᠨ ᠢ᠋ ᠲᠥᠯᠥᠭᠡᠯᠡᠬᠦ ᠭᠦᠨ ᠤᠳᠬ᠎ᠠ ᠪᠠᠨ ᠠᠯᠳᠠᠭᠰᠠᠨ ᠪᠣᠯᠪᠠᠴᠤ ᠨᠢᠭᠡᠨ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠤᠨ ᠬᠤᠪᠢ ᠪᠠᠷ ᠳᠡᠭᠡᠳᠦ ᠳᠠᠪᠬᠤᠷᠭ᠎ᠠ ᠠ᠋ᠴᠠ ᠳᠣᠣᠷᠠᠲᠤ ᠳᠠᠪᠬᠤᠷᠭ᠎ᠠ ᠳ᠋ᠤ᠌ ᠪᠠᠭᠤᠵᠤ᠂ ᠤᠷᠤᠨ ᠨᠤᠲᠤᠭ ᠪᠠ ᠮᠣᠩᠭᠣᠯ ᠠᠷᠠᠳ ᠤᠨ ᠳᠤᠮᠳᠠ᠂ ᠴᠢᠨᠠᠭᠰᠢᠯᠠᠪᠠᠯ ᠰᠦᠮ᠎ᠡ ᠬᠡᠢᠳ ᠬᠦᠷᠲᠡᠯ᠎ᠡ ᠥᠷᠭᠡᠨ ᠢ᠋ᠶ᠋ᠡᠷ ᠬᠡᠷᠡᠭᠯᠡᠭᠳᠡᠬᠦ ᠪᠣᠯᠵᠠᠢ᠃ ᠨᠡᠩ ᠢᠯᠠᠩᠭᠤᠶ᠎ᠠ ᠣᠳᠣ ᠦᠶ᠎ᠡ ᠪᠣᠯᠬᠤ ᠳ᠋ᠤ᠌ ᠳᠤᠮᠳᠠᠳᠤ ᠤᠯᠤᠰ ᠤ᠋ᠨ ᠥᠪᠥᠷ ᠮᠣᠩᠭᠣᠯ ᠪᠣᠯᠤᠨ ᠪᠤᠰᠤᠳ ᠮᠣᠵᠢ ᠶ᠋ᠢᠨ ᠵᠠᠷᠢᠮ ᠭᠠᠵᠠᠷ ᠢ᠋ᠶ᠋ᠠᠷ ᠠᠪᠴᠤ ᠬᠡᠯᠡᠪᠡᠯ ᠴᠠᠭᠠᠨ ᠰᠦᠯᠳᠡ ᠶ᠋ᠢ ᠪᠡᠯᠭᠡᠳᠡᠯ ᠤᠨ ᠡᠳ᠋ ᠢ᠋ᠶ᠋ᠡᠷ ᠬᠡᠷᠡᠭᠯᠡᠬᠦ ᠨᠢ ᠨᠢᠭᠡᠨᠲᠡ ᠪᠦᠬᠦ ᠨᠡᠢᠭᠡᠮ ᠤᠨ ᠴᠢᠨᠠᠷ ᠲᠠᠢ ᠵᠠᠩᠰᠢᠯ ᠪᠣᠯᠵᠠᠢ᠃
ᠬᠠᠷ᠎ᠠ ᠰᠦᠯᠳᠡ ᠶ᠋ᠢᠨ ᠤᠯᠠᠮᠵᠢᠯᠠᠯ ᠢ᠋ ᠣᠢᠯᠠᠭᠠᠬᠤ ᠳ᠋ᠤ᠌ ᠪᠢᠳᠡ ᠮᠥᠨ ᠨᠢᠳᠦᠨ ᠤ ᠬᠠᠷᠠᠴᠠ ᠪᠠᠨ ᠠᠷᠪᠠᠳᠤᠭᠠᠷ ᠵᠠᠭᠤᠨ ᠳ᠋ᠤ᠌ ᠴᠢᠭᠯᠡᠭᠦᠯᠬᠦ ᠬᠡᠷᠡᠭᠲᠡᠢ ᠪᠠᠢᠨ᠎ᠠ᠃ ᠲᠡᠮᠦᠵᠢᠨ ᠮᠣᠩᠭᠣᠯ ᠠᠢᠮᠠᠭ ᠤ᠋ᠨ ᠬᠠᠨ ᠰᠠᠭᠤᠭᠰᠠᠨ ᠠ᠋ᠴᠠ ᠬᠣᠢᠰᠢ᠂ ᠠᠮᠢᠲᠠᠨ ᠤ᠋ ᠠᠷᠠᠰᠤ ᠪᠠᠷ ᠦᠢᠯᠡᠳᠦᠭᠰᠡᠨ ᠬᠠᠷ᠎ᠠ ᠲᠤᠭ ᠢ᠋ ᠲᠡᠮᠦᠷ ᠬᠢᠯᠣᠪᠠᠷ ᠲᠠᠢ᠂ ᠬᠥᠬᠥᠯ ᠴᠢᠮᠡᠭ ᠲᠡᠢ᠂ ᠮᠤᠳᠤᠨ ᠰᠢᠯᠪᠢ ᠲᠠᠢ ᠪᠣᠯᠭᠠᠨ ᠲᠡᠭᠦᠯᠳᠡᠷᠵᠢᠭᠦᠯᠵᠦ᠂ ᠲᠡᠭᠦᠨ ᠤ ᠳᠣᠲᠣᠭᠠᠳᠤ ᠰᠣᠶᠣᠯ ᠤ᠋ᠨ ᠠᠭᠤᠯᠤᠭᠳᠠᠬᠤᠨ ᠢ᠋ ᠨᠢ ᠤᠯᠠᠮ ᠥᠷᠭᠡᠨ ᠮᠥᠷᠲᠡᠭᠡᠨ ᠭᠦᠨ ᠪᠣᠯᠭᠠᠵᠠᠢ᠃ ᠴᠢᠩᠭᠢᠰ ᠬᠠᠭᠠᠨ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢ ᠪᠠᠢᠭᠤᠯᠬᠤ ᠳ᠋ᠤ᠌ ᠡᠨᠡ ᠬᠦ᠌ ᠬᠠᠷ᠎ᠠ ᠰᠦᠯᠳᠡ ᠰᠢᠲᠦᠭᠡᠨ ᠢ᠋ ᠴᠡᠷᠢᠭ ᠲᠡᠢᠨ ᠳᠡᠭᠡᠷ᠎ᠡ ᠳᠡᠭᠡᠳᠦᠯᠡᠨ ᠬᠡᠷᠡᠭᠯᠡᠪᠡ᠃ ᠡᠭᠦᠨ ᠡᠴᠡ ᠬᠠᠷ᠎ᠠ ᠰᠦᠯᠳᠡ ᠳ᠋ᠦ᠍ ᠲᠥᠷᠥ ᠶ᠋ᠢᠨ ᠴᠡᠷᠢᠭ ᠢ ᠲᠥᠯᠥᠭᠡᠯᠡᠬᠦ ᠭᠦᠨ ᠤᠳᠬ᠎ᠠ ᠨᠡᠮᠡᠭᠳᠡᠵᠦ᠂ ᠬᠠᠷ᠎ᠠ ᠰᠦᠯᠳᠡ ᠶ᠋ᠢᠨ ᠬᠠᠷᠭᠢᠰ ᠪᠦᠬᠦᠨ ᠢ᠋ ᠠᠶᠤᠯᠭᠠᠨ ᠳᠠᠷᠤᠬᠤ ᠶ᠋ᠢ ᠪᠡᠯᠭᠡᠳᠡᠭᠰᠡᠨ ᠣᠨᠴᠠᠭᠠᠢ ᠤᠳᠬ᠎ᠠ ᠨᠢ ᠤᠯᠠᠮ ᠲᠣᠳᠣᠷᠠᠵᠤ ᠮᠣᠩᠭᠣᠯᠴᠤᠳ ᠤ᠋ᠨ ᠬᠠᠷ᠎ᠠ ᠰᠦᠯᠳᠡ ᠶ᠋ᠢ ᠳᠡᠭᠡᠳᠦᠯᠡᠨ ᠰᠢᠲᠦᠬᠦ ᠰᠡᠳᠬᠢᠴᠡ ᠨᠢ ᠶᠡᠬᠡ ᠪᠡᠷ ᠳᠡᠭᠡᠭᠰᠢᠯᠡᠵᠡᠢ᠃ ᠬᠠᠷ᠎ᠠ ᠰᠦᠯᠳᠡ ᠬᠠᠷᠭᠢᠰ ᠪᠦᠬᠦᠨ ᠢ᠋ ᠠᠶᠤᠯᠭᠠᠨ ᠳᠠᠷᠤᠬᠤ ᠪᠡᠯᠭᠡᠳᠡᠯ ᠤᠨ ᠡᠳ᠋ ᠪᠣᠯᠤᠭᠰᠠᠨ ᠨᠢ ᠮᠣᠩᠭᠣᠯᠴᠤᠳ ᠤ᠋ᠨ ᠬᠠᠯᠳᠠᠵᠤ ᠢᠷᠡᠬᠦ ᠳᠠᠢᠰᠤᠨ ᠦᠭᠡᠢ ᠠᠮᠤᠷ ᠲᠠᠢᠪᠤᠩ ᠰᠠᠭᠤᠬᠤ ᠪᠣᠳᠣᠯ ᠰᠠᠨᠠᠭᠠᠨ ᠤ᠋ ᠰᠣᠶᠣᠯ ᠤ᠋ᠨ ᠡᠯᠧᠮᠧᠨ᠋ᠲ ᠢ᠋ ᠳᠤᠰᠬᠠᠵᠤ ᠪᠠᠢᠨ᠎ᠠ᠃ ᠡᠢᠮᠦ ᠡᠴᠡ ᠮᠣᠩᠭᠣᠯᠴᠤᠳ ᠮᠠᠨᠵᠤ ᠶ᠋ᠢ ᠳᠠᠭᠠᠭᠰᠠᠨ ᠠ᠋ᠴᠠ ᠬᠣᠢᠰᠢ᠂ ᠬᠠᠷ᠎ᠠ ᠰᠦᠯᠳᠡ ᠨᠢ ᠬᠡᠳᠦᠢᠪᠡᠷ ᠲᠥᠷᠥ ᠶ᠋ᠢᠨ ᠴᠡᠷᠢᠭ ᠢ᠋ ᠲᠥᠯᠥᠭᠡᠯᠡᠬᠦ ᠤᠳᠬ᠎ᠠ ᠪᠠᠨ ᠠᠯᠳᠠᠭᠰᠠᠨ ᠪᠣᠯᠪᠠᠴᠤ ᠨᠢᠭᠡᠨ ᠡᠷᠬᠢᠮ ᠳᠡᠭᠡᠳᠦ ᠪᠡᠯᠭᠡᠳᠡᠯ ᠤᠨ ᠡᠳ᠋ ᠤᠨ ᠬᠤᠪᠢ ᠪᠠᠷ ᠬᠡᠰᠡᠭ ᠮᠣᠩᠭᠣᠯᠴᠤᠳ ᠤ᠋ᠨ ᠳᠤᠮᠳᠠ ᠮᠥᠨ ᠯᠡ ᠬᠦᠨᠳᠦᠯᠡᠭᠳᠡᠨ ᠰᠢᠲᠦᠭᠳᠡᠭᠰᠡᠭᠡᠷ ᠢᠷᠡᠵᠡᠢ᠃
ᠠᠯᠠᠭ ᠰᠦᠯᠳᠡ ᠰᠢᠲᠦᠭᠡᠨ ᠡᠴᠡ ᠪᠡᠨ ᠪᠡᠯᠭᠡᠳᠡᠯ ᠤᠨ ᠡᠳ᠋ ᠪᠣᠯᠤᠨ ᠤᠯᠠᠷᠢᠨ ᠬᠤᠪᠢᠷᠠᠭᠰᠠᠨ ᠪᠠ ᠮᠥᠨ ᠲᠡᠭᠦᠨ ᠤ ᠤᠯᠠᠮᠵᠢᠯᠠᠭᠳᠠᠨ ᠵᠠᠯᠭᠠᠮᠵᠢᠯᠠᠭᠳᠠᠭᠰᠠᠨ ᠲᠡᠦᠬᠡ ᠶ᠋ᠢ 《ᠠᠯᠠᠭ ᠰᠦᠯᠳᠡ ᠶ᠋ᠢᠨ ᠪᠡᠯᠭᠡᠳᠡᠯ ᠤᠨ ᠣᠨᠴᠠᠭᠠᠢ ᠤᠳᠬ᠎ᠠ ᠶ᠋ᠢ ᠰᠢᠨᠵᠢᠯᠡᠨ ᠲᠣᠳᠣᠯᠠᠬᠤ ᠨᠢ》 ᠭᠡᠰᠡᠨ ᠥᠭᠦᠯᠡᠯ ᠳ᠋ᠦ᠍ ᠨᠠᠷᠢᠨ ᠰᠢᠨᠵᠢᠯᠡᠨ ᠥᠭᠦᠯᠡᠭᠰᠡᠨ ᠪᠣᠯᠬᠣᠷ ᠲᠤᠰ ᠪᠦᠯᠦᠭ ᠲᠦ᠍ ᠳᠥᠭᠥᠮ ᠶᠠᠷᠢᠶ᠎ᠠ᠃ ᠬᠠᠪᠤᠯ ᠬᠠᠨ ᠬᠠᠮᠤᠭ ᠮᠣᠩᠭᠣᠯ ᠢ᠋ ᠵᠠᠬᠢᠷᠴᠤ᠂ ᠮᠣᠩᠭᠣᠯ ᠠᠢᠮᠠᠭ ᠢ᠋ ᠪᠡᠶ᠎ᠡ ᠪᠡᠨ ᠳᠠᠭᠠᠭᠠᠭᠰᠠᠨ ᠲᠤᠰᠠᠭᠠᠷ ᠤᠯᠤᠰ ᠪᠣᠯᠭᠠᠵᠠᠢ᠃ ᠮᠣᠩᠭᠣᠯᠴᠤᠳ ᠡᠭᠦᠨ ᠢ᠋ ᠠᠯᠠᠭ ᠰᠦᠯᠳᠡ ᠶ᠋ᠢᠨ ᠢᠪᠡᠭᠡᠯ ᠭᠡᠵᠦ ᠦᠵᠡᠭᠡᠳ ᠠᠯᠠᠭ ᠰᠦᠯᠳᠡ ᠶ᠋ᠢ ᠢᠳᠡᠭᠡᠨ ᠪᠢᠰᠢᠷᠡᠬᠦ ᠰᠡᠳᠬᠢᠴᠡ ᠨᠢ ᠤᠯᠠᠮ ᠢ᠋ᠶ᠋ᠠᠷ ᠨᠡᠮᠡᠭᠳᠡᠵᠦ᠂ ᠠᠯᠠᠭ ᠰᠦᠯᠳᠡ ᠶ᠋ᠢ ᠬᠠᠮᠤᠭ ᠮᠣᠩᠭᠣᠯ ᠢ᠋ᠶ᠋ᠠᠷ ᠢ᠋ᠶ᠋ᠠᠨ ᠳᠡᠭᠡᠳᠦᠯᠡᠨ ᠰᠢᠲᠦᠬᠦ ᠪᠣᠯᠵᠠᠢ᠃ᠡᠢᠮᠦ ᠡᠴᠡ ᠬᠣᠵᠢᠮ ᠨᠢ ᠠᠯᠠᠭ ᠰᠦᠯᠳᠡ ᠳ᠋ᠦ᠍ ᠳᠠᠭᠠᠳᠬᠠᠳᠠᠭ ᠠᠭᠤᠯᠭ᠎ᠠ ᠨᠢ ᠠᠭᠠᠵᠢᠮ ᠢ᠋ᠶ᠋ᠠᠷ ᠡᠪ ᠨᠢᠭᠡᠳᠦᠯ ᠢ᠋ ᠪᠡᠯᠭᠡᠳᠡᠭᠰᠡᠨ ᠣᠨᠴᠠᠭᠠᠢ ᠤᠳᠬ᠎ᠠ ᠲᠠᠢ ᠪᠣᠯᠤᠨ ᠤᠯᠠᠷᠢᠨ ᠬᠤᠪᠢᠷᠠᠵᠤ᠂ ᠠᠯᠠᠭ ᠰᠦᠯᠳᠡ ᠨᠢ ᠰᠢᠲᠦᠭᠡᠨ ᠮᠥᠷᠲᠡᠭᠡᠨ ᠡᠪ ᠨᠢᠭᠡᠳᠦᠯ ᠤᠨ ᠪᠡᠯᠭᠡᠳᠡᠯ ᠤᠨ ᠡᠳ᠋ ᠪᠣᠯᠵᠠᠢ᠃ ᠠᠯᠠᠭ ᠰᠦᠯᠳᠡ ᠨᠢ ᠡᠪ ᠨᠢᠭᠡᠳᠦᠯ ᠤᠨ ᠪᠡᠯᠭᠡᠳᠡᠯ ᠤᠨ ᠡᠳ᠋ ᠪᠣᠯᠤᠭᠰᠠᠨ ᠨᠢ ᠮᠣᠩᠭᠣᠯᠴᠤᠳ ᠤ᠋ᠨ ᠡᠪ ᠨᠠᠢᠷᠲᠠᠢ ᠪᠠᠢᠬᠤ ᠦᠵᠡᠯ ᠰᠠᠨᠠᠭᠠᠨ ᠤ᠋ ᠰᠣᠶᠣᠯ ᠤ᠋ᠨ ᠡᠯᠧᠮᠧᠨ᠋ᠲ ᠢ᠋ ᠳᠤᠰᠬᠠᠵᠤ ᠪᠠᠢᠨ᠎ᠠ᠃ ᠮᠣᠩᠭᠣᠯᠴᠤᠳ ᠮᠠᠨᠵᠤ ᠶ᠋ᠢ ᠳᠠᠭᠠᠭᠰᠠᠨ ᠠ᠋ᠴᠠ ᠬᠣᠢᠰᠢ ᠴᠤ᠌ ᠠᠯᠠᠭ ᠰᠦᠯᠳᠡ ᠨᠢ ᠮᠣᠩᠭᠣᠯ ᠠᠷᠠᠳ ᠤ᠋ᠨ ᠳᠤᠮᠳᠠ ᠮᠥᠨ ᠯᠡ ᠳᠡᠭᠡᠳᠦᠯᠡᠭᠳᠡᠨ ᠰᠢᠲᠦᠭᠳᠡᠭᠰᠡᠭᠡᠷ ᠪᠠᠢᠪᠠ᠃ ᠲᠡᠦᠬᠡ ᠶ᠋ᠢᠨ ᠭᠡᠷᠡᠴᠢᠯᠡᠬᠦ ᠪᠡᠷ ᠴᠠᠭᠠᠨ᠂ ᠬᠠᠷ᠎ᠠ᠂ ᠠᠯᠠᠭ ᠭᠤᠷᠪᠠᠨ ᠰᠦᠯᠳᠡ ᠨᠢ ᠭᠠᠭᠴᠠ ᠮᠣᠩᠭᠣᠯᠴᠤᠳ ᠤ᠋ᠨ ᠪᠢᠰᠢ᠂ ᠪᠦᠬᠦ ᠬᠥᠮᠦᠨ ᠲᠥᠷᠥᠯᠬᠢᠲᠡᠨ ᠳ᠋ᠦ᠍ ᠪᠠᠢᠳᠠᠭ ᠰᠣᠶᠣᠯ ᠤ᠋ᠨ ᠡᠯᠧᠮᠧᠨ᠋ᠲ ᠢ᠋ ᠠᠳᠠᠯᠢ ᠪᠤᠰᠤ ᠲᠠᠯ᠎ᠠ ᠠ᠋ᠴᠠ ᠢᠯᠡᠳᠬᠡᠵᠦ ᠪᠠᠢᠳᠠᠭ ᠢ᠋ᠶ᠋ᠠᠷ ᠢ᠋ᠶ᠋ᠠᠨ ᠲᠡᠷᠡ ᠣᠯᠠᠨ ᠵᠠᠭᠤᠨ ᠵᠢᠯ ᠤᠨ ᠳᠣᠷᠰᠢ ᠤᠯᠠᠮᠵᠢᠯᠠᠭᠳᠠᠨ ᠵᠠᠯᠭᠠᠮᠵᠢᠯᠠᠭᠳᠠᠭᠠᠳ ᠡᠳᠦᠭᠡ ᠦᠶ᠎ᠡ ᠳ᠋ᠦ᠍ ᠬᠦᠷᠴᠡᠢ᠃
ᠬᠣᠶᠠᠷ᠂ ᠰᠦᠯᠳᠡ ᠶ᠋ᠢ ᠡᠷᠬᠢᠮ ᠳᠡᠭᠡᠳᠦ ᠪᠡᠯᠭᠡᠳᠡᠯ ᠤᠨ ᠡᠳ᠋
ᠭᠡᠳᠡᠭ ᠤᠨ ᠤᠴᠢᠷ
ᠴᠠᠭᠠᠨ᠂ ᠬᠠᠷ᠎ᠠ᠂ ᠠᠯᠠᠭ ᠭᠤᠷᠪᠠᠨ ᠢᠯᠠᠭᠤᠬᠤ ᠰᠦᠯᠳᠡ ᠶ᠋ᠢ ᠡᠷᠬᠢᠮ ᠳᠡᠭᠡᠳᠦ ᠪᠡᠯᠭᠡᠳᠡᠯ ᠤᠨ ᠡᠳ᠋ ᠭᠡᠳᠡᠭ᠃ ᠡᠭᠦᠨ ᠤ ᠤᠴᠢᠷ ᠶᠣᠰᠣ ᠶ᠋ᠢ ᠳᠣᠣᠷᠠᠬᠢ ᠳᠥᠷᠪᠡᠨ ᠲᠠᠯ᠎ᠠ ᠠ᠋ᠴᠠ ᠣᠢᠯᠠᠭᠠᠵᠤ ᠪᠣᠯᠤᠨ᠎ᠠ᠃
(ᠨᠢᠭᠡ) ᠰᠦᠯᠳᠡ ᠶ᠋ᠢᠨ ᠪᠡᠯᠭᠡᠳᠡᠵᠦ ᠪᠠᠢᠭ᠎ᠠ ᠣᠨᠴᠠᠭᠠᠢ ᠤᠳᠬ᠎ᠠ ᠠ᠋ᠴᠠ ᠨᠢ ᠣᠢᠯᠠᠭᠠᠵᠤ ᠪᠣᠯᠤᠨ᠎ᠠ᠃ ᠡᠩᠬᠡᠵᠢᠨ ᠪᠣᠯᠬᠤ ᠨᠢ ᠬᠥᠮᠦᠨ ᠲᠥᠷᠥᠯᠬᠢᠲᠡᠨ ᠤ ᠡᠷᠢᠯ ᠬᠦᠰᠡᠯ᠂ ᠤᠯᠤᠰ ᠭᠡᠷ ᠤᠨ ᠡᠭᠦᠷᠭᠡ ᠬᠠᠷᠢᠴᠠᠭᠤᠯᠭ᠎ᠠ ᠪᠣᠯᠤᠨ᠎ᠠ᠃ ᠡᠩᠬᠡᠵᠢᠨ ᠭᠡᠰᠡᠨ ᠦᠭᠡ ᠶ᠋ᠢ ᠳᠡᠯᠭᠡᠷᠡᠩᠭᠦᠢ ᠠᠭᠤᠯᠭ᠎ᠠ ᠠ᠋ᠴᠠ ᠨᠢ ᠬᠡᠯᠡᠪᠡᠯ ᠳᠡᠯᠡᠬᠡᠢ ᠳ᠋ᠠᠬᠢᠨ ᠢ᠋ᠶ᠋ᠠᠷ ᠢ᠋ᠶ᠋ᠠᠨ ᠡᠩᠬᠡ ᠲᠠᠢᠪᠤᠩ ᠢ᠋ ᠡᠷᠬᠢᠮᠯᠡᠵᠦ ᠲᠡᠭᠷᠢ ᠶ᠋ᠢᠨ ᠳᠣᠣᠷᠠᠬᠢ ᠮᠠᠰᠢ ᠲᠦᠪᠰᠢᠨ ᠪᠣᠯᠬᠤ; ᠰᠣᠶᠣᠯ ᠰᠤᠷᠭᠠᠭᠤᠯᠢ ᠶᠡᠬᠡᠳᠡ ᠲᠦᠭᠡᠮᠡᠯᠵᠢᠵᠦ᠂ ᠬᠣᠲᠠ ᠬᠥᠳᠡᠭᠡ ᠶ᠋ᠢᠨ ᠠᠵᠤ ᠠᠬᠤᠢ ᠪᠣᠯᠤᠨ ᠠᠷᠠᠳ ᠢᠷᠭᠡᠳ ᠤᠨ ᠠᠮᠢᠳᠤᠷᠠᠯ ᠤ᠋ᠨ ᠦᠢᠯᠡᠰ ᠬᠥᠭᠵᠢᠨ ᠪᠠᠳᠠᠷᠠᠬᠤ (ᠠᠮᠤᠭᠤᠯᠠᠩ ᠪᠣᠯᠬᠤ); ᠲᠡᠭᠷᠢ ᠶ᠋ᠢᠨ ᠭᠠᠢ ᠡᠪᠡᠳᠴᠢᠨ ᠤ ᠵᠣᠪᠠᠯᠠᠩ ᠦᠭᠡᠢ; ᠡᠷᠦᠬᠡ ᠪᠦᠷᠢ ᠡᠯᠪᠡᠭ᠂ ᠬᠥᠮᠦᠨ ᠪᠦᠷᠢ ᠬᠦᠷᠦᠯᠴᠡᠭᠡᠲᠡᠢ ᠪᠡᠷ ᠵᠢᠷᠭᠠᠬᠤ ᠶᠠᠪᠤᠳᠠᠯ ᠪᠣᠯᠤᠨ᠎ᠠ᠃ ᠴᠠᠭᠠᠨ ᠰᠦᠯᠳᠡ ᠪᠣᠯ ᠡᠢᠮᠦ ᠨᠢᠭᠡᠨ ᠣᠨᠴᠠᠭᠠᠢ ᠤᠳᠬ᠎ᠠ ᠶ᠋ᠢ ᠪᠡᠯᠭᠡᠳᠡᠵᠦ ᠪᠠᠢᠳᠠᠭ ᠢ᠋ᠶ᠋ᠠᠷ ᠢ᠋ᠶ᠋ᠠᠨ ᠲᠡᠷᠡ ᠨᠢ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠵᠠᠢ᠃ ᠳᠠᠢᠰᠤᠨ ᠢ᠋ ᠳᠠᠷᠤᠬᠤ ᠪᠣᠯ ᠰᠠᠢᠨ ᠰᠠᠢᠬᠠᠨ ᠠᠮᠢᠳᠤᠷᠠᠬᠤ ᠶ᠋ᠢᠨ ᠤᠷᠢᠳᠠᠴᠢ ᠨᠥᠬᠥᠴᠡᠯ ᠪᠣᠯᠤᠨ᠎ᠠ᠃ ᠡᠢᠮᠦ ᠡᠴᠡ ᠳᠠᠢᠰᠤᠨ ᠢ᠋ ᠳᠠᠷᠤᠬᠤ ᠨᠢ ᠬᠥᠮᠦᠨ ᠪᠦᠬᠦᠨ ᠤ ᠬᠦᠰᠡᠯ ᠪᠣᠯᠤᠭᠰᠠᠭᠠᠷ ᠢᠷᠡᠵᠡᠢ᠃ ᠠᠷᠠᠳ ᠤ᠋ᠨ ᠠᠮᠠᠨ ᠢᠷᠦᠭᠡᠯ ᠳ᠋ᠦ᠍ 《ᠳᠠᠢᠰᠤᠨ ᠢ᠋ᠶ᠋ᠠᠨ ᠳᠠᠷᠤᠵᠤ ᠳᠠᠷᠬᠠᠨ ᠴᠣᠯᠠ ᠪᠠᠨ ᠣᠯᠲᠤᠭᠠᠢ》 ᠭᠡᠵᠦ ᠦᠷᠭᠦᠯᠵᠢ ᠬᠡᠯᠡᠳᠡᠭ᠃ ᠬᠠᠷ᠎ᠠ ᠰᠦᠯᠳᠡ ᠪᠣᠯ ᠳᠠᠢᠰᠤᠨ ᠢ᠋ ᠠᠶᠤᠯᠭᠠᠨ ᠳᠠᠷᠤᠬᠤ ᠭᠡᠰᠡᠨ ᠡᠢᠮᠦ ᠨᠢᠭᠡ ᠣᠨᠴᠠᠭᠠᠢ ᠤᠳᠬ᠎ᠠ ᠶ᠋ᠢ ᠪᠡᠯᠭᠡᠳᠡᠵᠦ ᠪᠠᠢᠳᠠᠭ ᠢ᠋ᠶ᠋ᠠᠷ ᠢ᠋ᠶ᠋ᠠᠨ ᠲᠡᠷᠡ ᠨᠢ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠵᠠᠢ᠃ ᠶᠤᠸᠠᠨ ᠤᠯᠤᠰ ᠤ᠋ᠨ 《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》 ᠳ᠋ᠦ᠍ 《ᠶᠢᠰᠦᠨ ᠶᠡᠬᠡ ᠪᠡᠯᠭᠡ ᠢᠨᠦ ᠠᠯᠢ ᠪᠣᠢ ᠬᠡᠮᠡᠪᠡᠰᠦ᠂ ᠨᠢᠭᠡᠳᠦᠭᠡᠷ᠂ ᠬᠠᠷᠢᠶ᠎ᠠ ᠶᠡᠬᠡᠲᠦ ᠬᠠᠷ᠎ᠠ ᠲᠤᠭ ᠪᠤᠰᠤᠳ ᠢ᠋ ᠠᠶᠤᠯᠭᠠᠬᠤᠢ ᠶ᠋ᠢᠨ ᠪᠡᠯᠭᠡ᠃ ᠬᠣᠶᠠᠳᠤᠭᠠᠷ᠂ ᠬᠠᠰᠬᠢᠷᠤᠭ᠎ᠠ ᠶᠡᠬᠡᠲᠦ ᠤᠯᠠᠭᠠᠨ ᠪᠦᠷᠢᠶ᠎ᠡ ᠬᠠᠮᠤᠭ ᠬᠦᠨᠳᠦᠳᠬᠦᠢ ᠶ᠋ᠢᠨ ᠪᠡᠯᠭᠡ᠃ᠭᠤᠲᠠᠭᠠᠷ᠂ ᠬᠦᠴᠦᠨ ᠶᠡᠬᠡ ᠠᠯᠲᠠᠨ ᠬᠣᠣᠷ ᠪᠡᠶ᠎ᠡ ᠰᠠᠬᠢᠬᠤᠢ ᠶ᠋ᠢᠨ ᠪᠡᠯᠭᠡ᠁ ᠶᠢᠰᠦᠨ ᠶᠡᠬᠡ ᠪᠡᠯᠭᠡ ᠶ᠋ᠢ ᠶᠢᠰᠦᠨ ᠥᠷᠯᠥᠭ ᠦ᠋ᠳ ᠮᠡᠳᠡ》① ᠭᠡᠵᠦ ᠲᠡᠮᠳᠡᠭᠯᠡᠭᠰᠡᠨ ᠪᠠᠢᠳᠠᠭ᠃ ᠲᠡᠮᠳᠡᠭᠯᠡᠯ ᠳ᠋ᠦ᠍ ᠬᠠᠷ᠎ᠠ ᠰᠦᠯᠳᠡ ᠶ᠋ᠢ ᠶᠢᠰᠦᠨ ᠶᠡᠬᠡ ᠪᠡᠯᠭᠡ ᠶ᠋ᠢᠨ ᠬᠠᠮᠤᠭ ᠤ᠋ᠨ ᠡᠮᠦᠨ᠎ᠡ ᠨᠢ ᠵᠢᠭᠰᠠᠭᠠᠭᠰᠠᠨ ᠠ᠋ᠴᠠ ᠦᠵᠡᠪᠡᠯ ᠲᠡᠭᠦᠨ ᠤ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠬᠤ ᠶ᠋ᠢ ᠠᠯᠢ ᠡᠷᠲᠡ ᠡᠴᠡ ᠨᠤᠲᠠᠯᠠᠭᠰᠠᠨ ᠭᠡᠳᠡᠭ ᠢ᠋ ᠪᠠᠰᠠ ᠮᠡᠳᠡᠵᠦ ᠪᠣᠯᠬᠤ ᠶᠤᠮ᠃ ᠡᠪ ᠨᠢᠭᠡᠳᠦᠯ ᠪᠣᠯ ᠠᠯᠢᠪᠠ ᠠᠵᠢᠯ ᠦᠢᠯᠡᠰ ᠤᠨ ᠠᠮᠵᠢᠯᠲᠠ ᠣᠯᠬᠤ ᠶ᠋ᠢᠨ ᠦᠨᠳᠦᠰᠦᠨ ᠪᠠᠲᠤᠯᠠᠭ᠎ᠠ ᠪᠣᠯᠤᠨ᠎ᠠ᠃ ᠮᠣᠩᠭᠣᠯᠴᠤᠳ ᠠᠯᠢ ᠡᠷᠲᠡ ᠳᠡᠭᠡᠳᠦᠰ ᠡᠴᠡ ᠪᠡᠨ ᠠᠪᠤᠭᠠᠳ ᠡᠪ ᠨᠢᠭᠡᠳᠦᠯ ᠢ ᠡᠷᠬᠢᠮᠯᠡᠭᠰᠡᠭᠡᠷ ᠢᠷᠡᠵᠡᠢ᠃ ᠠᠯᠠᠭ ᠰᠦᠯᠳᠡ ᠪᠣᠯ ᠡᠢᠮᠦ ᠨᠢᠭᠡ ᠡᠪ ᠨᠢᠭᠡᠳᠦᠯ ᠤᠨ ᠣᠨᠴᠠᠭᠠᠢ ᠤᠳᠬ᠎ᠠ ᠶ᠋ᠢ ᠪᠡᠯᠭᠡᠳᠡᠵᠦ ᠪᠠᠢᠳᠠᠭ ᠢ᠋ᠶ᠋ᠠᠷ ᠢ᠋ᠶ᠋ᠠᠨ ᠲᠡᠷᠡ ᠨᠢ ᠪᠠᠰᠠ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠵᠠᠢ᠃
(ᠬᠣᠶᠠᠷ) ᠰᠦᠯᠳᠡ ᠶ᠋ᠢᠨ ᠤᠯᠠᠮᠵᠢᠯᠠᠯ ᠠ᠋ᠴᠠ ᠨᠢ ᠣᠢᠯᠠᠭᠠᠵᠤ ᠪᠣᠯᠤᠨ᠎ᠠ᠃ ᠰᠦᠯᠳᠡ ᠨᠢ ᠲᠡᠦᠬᠡᠨ ᠶᠠᠪᠤᠴᠠ ᠳᠤᠮᠳᠠ ᠰᠢᠲᠦᠭᠡᠨ ᠡᠴᠡ ᠪᠡᠨ ᠪᠡᠯᠭᠡᠳᠡᠯ ᠤᠨ ᠡᠳ᠋ ᠪᠣᠯᠤᠨ ᠤᠯᠠᠷᠢᠨ ᠬᠤᠪᠢᠷᠠᠵᠤ᠂ ᠤᠯᠠᠮᠵᠢᠯᠠᠭᠳᠠᠨ ᠵᠠᠯᠭᠠᠮᠵᠢᠯᠠᠭᠳᠠᠵᠤ ᠶᠠᠭ ᠯᠠ ᠨᠢᠭᠡ ᠣᠳᠤᠨ ᠭᠠᠷᠠᠭ ᠰᠢᠭ᠋ ᠥᠨᠢᠳᠡ ᠣᠷᠣᠰᠢᠭᠠᠳ ᠲᠦᠭ ᠲᠦᠮᠡᠨ ᠬᠥᠮᠦᠨ ᠳ᠋ᠦ᠍ ᠰᠢᠲᠦᠭᠳᠡᠵᠦ ᠪᠠᠢᠳᠠᠭ ᠢ᠋ᠶ᠋ᠠᠷ ᠢ᠋ᠶ᠋ᠠᠨ ᠲᠡᠷᠡ ᠨᠢ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠵᠠᠢ᠃
(ᠭᠤᠷᠪᠠ) ᠰᠦᠯᠳᠡ ᠶ᠋ᠢᠨ ᠤᠷᠠᠯᠢᠭ ᠳᠦᠷᠢ ᠡᠴᠡ ᠨᠢ ᠣᠢᠯᠠᠭᠠᠵᠤ ᠪᠣᠯᠤᠨ᠎ᠠ᠃ ᠰᠦᠯᠳᠡ ᠶ᠋ᠢᠨ ᠤᠯᠠᠮᠵᠢᠯᠠᠯᠲᠤ ᠦᠢᠯᠡᠳᠬᠦ ᠰᠣᠶᠣᠯ ᠤ᠋ᠨ ᠤᠬᠠᠭᠳᠠᠬᠤᠨ ᠢ᠋ ᠲᠠᠢᠯᠪᠤᠷᠢᠯᠠᠬᠤ ᠳ᠋ᠤ᠌ ᠬᠢᠮᠡᠯ ᠰᠦᠯᠳᠡ᠂ ᠵᠢᠷᠤᠮᠠᠯ ᠰᠦᠯᠳᠡ ᠪᠣᠯᠤᠨ ᠱᠤᠭᠤᠮᠠᠯ ᠰᠦᠯᠳᠡ ᠭᠡᠵᠦ ᠳᠤᠷᠠᠳᠤᠭᠰᠠᠨ ᠪᠢᠯᠡ᠃ ᠬᠢᠮᠡᠯ ᠰᠦᠯᠳᠡ ᠪᠣᠯ ᠤᠯᠠᠮᠵᠢᠯᠠᠯᠲᠤ ᠦᠢᠯᠡᠳᠬᠦ ᠰᠣᠶᠣᠯ ᠳ᠋ᠤ᠌ ᠲᠤᠯᠭᠠᠭᠤᠷᠯᠠᠵᠤ᠂ ᠲᠡᠮᠦᠷ ᠦ᠋ᠨ ᠳᠠᠷᠬᠠᠨ ᠬᠢᠯᠣᠪᠠᠷ ᠢ᠋ ᠨᠢ ᠦᠢᠯᠡᠳᠴᠦ᠂ ᠮᠥᠩᠭᠥᠨ ᠳᠠᠷᠬᠠᠨ ᠴᠠᠷ᠎ᠠ ᠶ᠋ᠢ ᠨᠢ ᠦᠢᠯᠡᠳᠴᠦ᠂ ᠠᠳᠤᠭᠤᠴᠢᠨ ᠣᠩᠭᠤᠨ ᠠᠵᠢᠷᠭᠠᠨ ᠤ᠋ ᠬᠥᠬᠥᠯ ᠢ᠋ ᠬᠠᠢᠴᠢᠯᠠᠨ ᠠᠪᠴᠤ᠂ ᠠᠷᠠᠰᠤᠴᠢᠨ ᠲᠠᠬᠢᠯᠭ᠎ᠠ ᠶ᠋ᠢᠨ ᠢᠮᠠᠭᠠᠨ ᠤ᠋ ᠠᠷᠠᠰᠤ ᠪᠠᠷ ᠲᠠᠰᠠᠮ᠎ᠠ ᠶ᠋ᠢ ᠦᠢᠯᠡᠳᠴᠦ᠂ ᠮᠣᠳᠣᠴᠢᠨ ᠰᠢᠯᠪᠢ ᠶ᠋ᠢ ᠨᠢ ᠦᠢᠯᠡᠳᠴᠦ᠂ ᠰᠦᠯᠳᠡ ᠶ᠋ᠢᠨ ᠲᠤᠰᠬᠠᠢ ᠠᠯᠪᠠᠲᠤ ᠳᠠᠷᠬᠠᠨ ᠠ᠋ᠴᠠ ᠤᠭᠰᠠᠷᠠᠭᠤᠯᠤᠨ ᠪᠦᠲᠦᠭᠡᠭᠰᠡᠨ ᠶᠦᠮ᠃ ᠬᠢᠮᠡᠯ ᠰᠦᠯᠳᠡ ᠶ᠋ᠢ ᠬᠡᠳᠦᠢᠪᠡᠷ ᠪᠡᠯᠭᠡᠳᠡᠯ ᠤᠨ ᠤᠴᠢᠷ ᠲᠤ᠌ ᠬᠡᠷᠡᠭᠯᠡᠵᠦ ᠪᠣᠯᠬᠤ ᠪᠣᠯᠪᠠᠴᠤ ᠲᠡᠷᠡ ᠣᠯᠠᠨ ᠵᠦᠢᠯ ᠤᠨ ᠬᠡᠷᠡᠭᠴᠡᠭᠡ ᠶ᠋ᠢ ᠬᠠᠩᠭᠠᠵᠤ ᠳᠡᠢᠯᠳᠡᠭ ᠦᠭᠡᠢ᠃ ᠡᠢᠮᠦ ᠡᠴᠡ ᠪᠠᠰᠠ ᠰᠦᠯᠳᠡ ᠶ᠋ᠢᠨ ᠵᠢᠷᠤᠮᠠᠯ ᠳᠦᠷᠢ᠂ ᠰᠦᠯᠳᠡ ᠶ᠋ᠢᠨ ᠱᠤᠭᠤᠮᠠᠯ ᠳᠦᠷᠢ ᠪᠣᠯᠤᠨ ᠰᠦᠯᠳᠡ ᠶ᠋ᠢᠨ ᠴᠢᠳᠬᠤᠮᠠᠯ ᠳᠦᠷᠢ ᠨᠦ᠍ᠭᠦᠳ ᠪᠣᠢ ᠪᠣᠯᠵᠠᠢ᠃ ᠡᠳᠡᠭᠡᠷ ᠰᠦᠷ ᠵᠢᠪᠬᠤᠯᠠᠩᠲᠤ ᠦᠵᠡᠰᠬᠦᠯᠡᠩ ᠰᠠᠢᠬᠠᠨ ᠳᠦᠷᠢ ᠨᠢ ᠪᠦᠷ ᠯᠡ ᠤᠷᠠᠯᠢᠭ ᠤ᠋ᠨ ᠬᠡᠯᠪᠡᠷᠢ ᠪᠡᠷ ᠳᠠᠮᠵᠢᠨ ᠪᠡᠶᠡᠯᠡᠭᠳᠡᠵᠦ᠂ ᠬᠥᠮᠦᠰ ᠲᠦ᠍ ᠭᠣᠶᠣ ᠰᠠᠢᠬᠠᠨ ᠤ᠋ ᠲᠥᠷᠥᠭᠳᠡᠯ ᠥᠭᠳᠡᠭ ᠢ᠋ᠶ᠋ᠡᠷ ᠢ᠋ᠶ᠋ᠡᠨ ᠲᠡᠷᠡ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠵᠠᠢ᠃
(ᠳᠥᠷᠪᠡ) ᠪᠤᠰᠤᠳ ᠪᠡᠯᠭᠡᠳᠡᠯ ᠤᠨ ᠡᠳ᠋ ᠡᠴᠡ ᠢᠯᠭᠠᠭᠳᠠᠬᠤ ᠣᠨᠴᠠ ᠲᠠᠯ᠎ᠠ ᠠ᠋ᠴᠠ ᠨᠢ ᠣᠢᠯᠠᠭᠠᠵᠤ ᠪᠣᠯᠤᠨ᠎ᠠ᠃ ᠰᠦᠯᠳᠡ ᠪᠣᠯ ᠡᠭᠡᠯᠢ ᠲᠡᠢ ᠥᠯᠵᠡᠢ ᠪᠡᠯᠭᠡ ᠲᠡᠢ ᠡᠳ᠋᠂ ᠪᠡᠯᠭᠡᠲᠦ ᠳᠦᠷᠰᠦ᠂ ᠥᠩᠭᠡ ᠪᠣᠯᠤᠨ ᠲᠣᠭ᠎ᠠ ᠶ᠋ᠢ ᠪᠦᠷᠢᠯᠳᠦᠭᠦᠯᠦᠭᠰᠡᠨ ᠪᠣᠯᠬᠣᠷ ᠲᠡᠷᠡ ᠨᠢ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠵᠠᠢ᠃
ᠰᠦᠯᠳᠡ ᠨᠢ ᠡᠢᠮᠦ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠬᠣᠷ ᠴᠢᠩᠭᠢᠰ ᠬᠠᠭᠠᠨ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢ ᠪᠠᠢᠭᠤᠯᠤᠭᠰᠠᠨ ᠤ᠋ ᠳᠠᠷᠠᠭ᠎ᠠ᠂ 《ᠲᠤᠭ (ᠰᠦᠯᠳᠡ)᠁ ᠢ ᠬᠡᠪᠲᠡᠭᠦᠯ ᠬᠠᠮᠢᠶᠠᠷᠲᠤᠭᠠᠢ》② ᠭᠡᠰᠡᠨ ᠵᠠᠷᠯᠢᠭ ᠪᠠᠭᠤᠯᠭᠠᠨ ᠬᠡᠪᠲᠡᠭᠦᠯ ᠴᠡᠷᠢᠭ ᠢ᠋ᠶ᠋ᠡᠷ ᠲᠤᠭ ᠢ᠋ ᠲᠤᠰᠬᠠᠢᠯᠠᠨ ᠬᠠᠮᠢᠶᠠᠷᠤᠭᠤᠯᠪᠠ᠃ ᠤᠴᠢᠷ ᠨᠢ ᠬᠡᠪᠲᠡᠭᠦᠯ ᠪᠣᠯ ᠬᠡᠰᠢᠭᠲᠡᠨ ᠴᠡᠷᠢᠭ ᠤᠨ ᠨᠢᠭᠡ ᠰᠠᠯᠪᠤᠷᠢ᠂ ᠴᠢᠩᠭᠢᠰ ᠬᠠᠭᠠᠨ ᠢ᠋ ᠰᠠᠬᠢᠨ ᠬᠠᠮᠠᠭᠠᠯᠠᠬᠤ ᠰᠢᠳᠠᠷ ᠴᠡᠷᠢᠭ ᠪᠣᠯᠤᠨ᠎ᠠ᠃ ᠬᠡᠪᠲᠡᠭᠦᠯ ᠴᠡᠷᠢᠭ ᠢ᠋ ᠲᠦᠮᠡᠳ᠂ ᠮᠢᠩᠭᠠᠳ᠂ ᠵᠠᠭᠤᠳ᠂ ᠠᠷᠪᠠᠳ ᠤ᠋ᠨ ᠨᠣᠶᠠᠳ ᠤ᠋ᠨ ᠬᠥᠪᠡᠭᠦᠳ ᠪᠠ ᠲᠡᠭᠦᠨ ᠤ ᠨᠥᠬᠥᠳ᠂ ᠰᠤᠯᠠ ᠠᠷᠠᠳ ᠤ᠋ᠨ ᠡᠷᠳᠡᠮ ᠴᠢᠳᠠᠯ ᠲᠠᠢ᠂ ᠪᠡᠶ᠎ᠡ ᠪᠢᠯᠳᠠᠷ ᠰᠠᠢᠲᠠᠢ᠂ ᠴᠢᠩᠭᠢᠰ ᠬᠠᠭᠠᠨ ᠤ᠋ ᠳᠡᠷᠭᠡᠳᠡ ᠪᠠᠢᠵᠤ ᠪᠣᠯᠬᠤ ᠬᠥᠮᠦᠰ ᠢ᠋ ᠰᠣᠩᠭᠤᠨ ᠠᠪᠴᠤ ᠪᠦᠷᠢᠯᠳᠦᠭᠦᠯᠳᠡᠭ᠃ ᠬᠤᠪᠢᠯᠠᠢ ᠬᠠᠭᠠᠨ ᠴᠤ᠌ ᠡᠨᠡ ᠬᠦ᠌ ᠰᠠᠬᠢᠨ ᠬᠠᠮᠠᠭᠠᠯᠠᠯᠲᠠ ᠶ᠋ᠢᠨ ᠪᠠᠢᠭᠤᠯᠤᠮᠵᠢ ᠶ᠋ᠢ ᠦᠯᠡᠳᠡᠭᠡᠵᠦ᠂ ᠬᠡᠰᠢᠭᠲᠡᠨ(ᠬᠡᠪᠲᠡᠭᠦᠯ᠂ ᠬᠣᠷᠴᠢᠨ᠂ ᠲᠣᠷᠬᠠᠭ ᠢ᠋ᠶ᠋ᠠᠷ ᠪᠦᠷᠢᠯᠳᠦᠭᠰᠡᠨ ᠴᠡᠷᠢᠭ) ᠴᠡᠷᠢᠭ ᠢ᠋ᠶ᠋ᠡᠷ ᠬᠠᠭᠠᠨ ᠤ᠋ ᠳᠠᠭᠠᠯᠲᠠ ᠴᠡᠷᠢᠭ ᠪᠣᠯᠭᠠᠪᠠ᠃ ᠡᠢᠮᠦ ᠡᠴᠡ ᠶᠤᠸᠠᠨ ᠤᠯᠤᠰ ᠤ᠋ᠨ ᠦᠶ᠎ᠡ ᠳ᠋ᠦ᠍ ᠮᠥᠨ ᠬᠡᠰᠢᠭᠲᠡᠨ ᠴᠡᠷᠢᠭ ᠡᠴᠡ ᠲᠤᠭ ᠢ᠋ ᠲᠤᠰᠬᠠᠢᠯᠠᠨ ᠬᠠᠮᠢᠶᠠᠷᠴᠤ ᠪᠠᠢᠭᠰᠠᠨ ᠢ᠋ ᠮᠡᠳᠡᠵᠦ ᠪᠣᠯᠤᠨ᠎ᠠ᠃ ᠤᠮᠠᠷᠠᠲᠤ ᠶᠤᠸᠠᠨ ᠤᠯᠤᠰ ᠤ᠋ᠨ ᠪᠣᠳᠢ ᠠᠯᠠᠭ ᠬᠠᠭᠠᠨ ᠤ᠋ ᠦᠶ᠎ᠡ(1519 - 1634 ᠣᠨ) ᠠ᠋ᠴᠠ ᠴᠠᠭᠠᠨ ᠪᠠ ᠠᠯᠠᠭ ᠰᠦᠯᠳᠡ ᠨᠢ ᠵᠡᠭᠦᠨ ᠭᠤᠷᠪᠠᠨ ᠲᠦᠮᠡᠨ ᠳ᠋ᠦ᠍ ᠬᠠᠮᠢᠶᠠᠷᠤᠭᠳᠠᠵᠤ᠂ ᠬᠠᠷ᠎ᠠ ᠰᠦᠯᠳᠡ ᠨᠢ ᠪᠠᠷᠠᠭᠤᠨ ᠭᠤᠷᠪᠠᠨ ᠲᠦᠮᠡᠨ ᠳ᠋ᠦ᠍ ᠬᠠᠮᠢᠶᠠᠷᠤᠭᠳᠠᠵᠤ ᠪᠠᠢᠵᠠᠢ᠃
ᠭᠤᠷᠪᠠ᠂ ᠰᠦᠯᠳᠡ ᠶ᠋ᠢ ᠶᠠᠮᠠᠷ ᠨᠢᠭᠡᠨ ᠣᠨᠴᠠᠭᠠᠢ ᠤᠳᠬ᠎ᠠ ᠶ᠋ᠢ
ᠪᠡᠯᠭᠡᠳᠡᠬᠦ ᠳ᠋ᠦ᠍ ᠬᠡᠷᠡᠭᠯᠡᠳᠡᠭ ᠵᠠᠩᠰᠢᠯ
ᠮᠣᠩᠭᠣᠯᠴᠤᠳ ᠰᠦᠯᠳᠡ ᠶ᠋ᠢ ᠨᠡᠢᠭᠡᠮ ᠤᠨ ᠡᠯ᠎ᠡ ᠬᠦᠷᠢᠶ᠎ᠡ ᠬᠡᠪᠴᠢᠶᠡᠨ ᠤ ᠴᠢᠬᠤᠯᠠ ᠶᠡᠬᠡ ᠶᠠᠪᠤᠳᠠᠯ ᠳᠡᠭᠡᠷ᠎ᠡ ᠪᠡᠯᠭᠡᠳᠡᠯ ᠤᠨ ᠡᠳ᠋ ᠪᠣᠯᠭᠠᠨ ᠬᠡᠷᠡᠭᠯᠡᠬᠦ ᠵᠠᠩᠰᠢᠯ ᠲᠠᠢ᠃ ᠡᠷᠲᠡ ᠳᠡᠭᠡᠳᠦᠰ ᠤᠨ ᠦᠶ᠎ᠡ ᠠ᠋ᠴᠠ ᠦᠵᠡᠪᠡᠯ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢ ᠪᠠᠢᠭᠤᠯᠬᠤ ᠳ᠋ᠤ᠌ 《ᠪᠠᠷᠰ ᠵᠢᠯ ᠤᠨᠤᠨ ᠮᠥᠷᠡᠨ ᠤ ᠡᠬᠢᠨ ᠳ᠋ᠦ᠍ ᠬᠤᠷᠠᠯᠳᠤᠵᠤ᠂ ᠶᠢᠰᠦᠨ ᠬᠥᠯᠲᠦ ᠴᠠᠭᠠᠨ ᠲᠤᠭ ᠢ᠋ ᠮᠠᠨᠳᠤᠭᠤᠯᠵᠤ᠂ ᠴᠢᠩᠭᠢᠰ ᠬᠠᠭᠠᠨ ᠳ᠋ᠤ᠌ ᠬᠠᠭᠠᠨ ᠴᠣᠯᠠ ᠡᠷᠭᠦᠵᠡᠢ》③᠂ 《ᠵᠦᠩ ᠲᠦᠩ ᠤᠨ ᠲᠡᠷᠢᠭᠦᠨ ᠣᠨ (1260 ᠣᠨ) ᠤ᠋ ᠭᠤᠷᠪᠠᠨ ᠰᠠᠷ᠎ᠠ ᠳ᠋ᠤ᠌ ᠬᠤᠪᠢᠯᠠᠢ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢᠨ ᠬᠠᠭᠠᠨ ᠰᠠᠭᠤᠷᠢᠨ᠎ᠠ ᠰᠠᠭᠤᠬᠤ ᠦᠶ᠎ᠡ ᠳ᠋ᠦ᠍᠂ ᠮᠣᠩᠭᠣᠯ ᠲᠥᠷᠥ ᠶ᠋ᠢᠨ ᠬᠠᠭᠠᠨ ᠰᠠᠭᠤᠷᠢᠨ ᠢ᠋ ᠵᠠᠯᠭᠠᠮᠵᠢᠯᠠᠳᠠᠭ ᠤᠯᠠᠮᠵᠢᠯᠠᠯᠲᠤ ᠵᠠᠩᠰᠢᠯ ᠢ᠋ᠶ᠋ᠠᠷ ᠢ᠋ᠶ᠋ᠠᠨ ᠴᠠᠭᠠᠨ ᠰᠦᠯᠳᠡ ᠶ᠋ᠢ ᠺᠠᠢᠫᠢᠩ ᠳ᠋ᠠᠬᠢ ᠥᠷᠭᠥᠭᠡ ᠴᠠᠴᠠᠷ ᠲᠠᠭᠠᠨ ᠮᠠᠨᠳᠤᠭᠤᠯᠵᠤ ᠬᠠᠭᠠᠨ ᠰᠠᠭᠤᠵᠠᠢ》④᠂ 《ᠶᠡᠬᠡ ᠠᠮᠤᠭᠤᠯᠠᠩ ᠲᠠᠭᠲᠤ ᠶ᠋ᠢ ᠡᠬᠢᠯᠡᠨ ᠬᠡᠷᠡᠭᠯᠡᠬᠦ ᠦᠶ᠎ᠡ ᠳ᠋ᠦ᠍ ᠬᠤᠪᠢᠯᠠᠢ ᠰᠡᠴᠡᠨ ᠬᠠᠭᠠᠨ ᠥᠷᠭᠥᠭᠡ ᠴᠠᠴᠠᠷ ᠤ᠋ᠨ ᠲᠡᠨᠳᠡᠬᠢ ᠴᠠᠭᠠᠨ ᠰᠦᠯᠳᠡ ᠪᠡᠨ ᠰᠢᠯᠵᠢᠭᠦᠯᠦᠨ ᠶᠡᠬᠡ ᠠᠮᠤᠭᠤᠯᠠᠩ ᠲᠠᠭᠲᠤ ᠳ᠋ᠤ᠌ ᠮᠠᠨᠳᠤᠭᠤᠯᠤᠭᠰᠠᠨ ᠪᠠᠢᠵᠠᠢ》⑤᠂ ᡁᠢ ᠶᠤᠸᠠᠨ ᠤ ᠠᠷᠪᠠᠨ ᠨᠢᠭᠡᠳᠦᠭᠡᠷ ᠣᠨ ᠤ᠋ ᠴᠠᠭᠠᠨ ᠰᠠᠷ᠎ᠠ ᠳ᠋ᠤ᠌ ᠬᠤᠪᠢᠯᠠᠢ ᠬᠠᠭᠠᠨ ᠶᠡᠬᠡ ᠭᠡᠭᠡᠲᠦ ᠬᠠᠷᠰᠢ ᠳ᠋ᠤ᠌ ᠠᠩᠬ᠎ᠠ ᠮᠣᠷᠢᠯᠠᠨ ᠰᠠᠭᠠᠲᠠᠵᠤ ᠶᠡᠬᠡ ᠴᠢᠭᠤᠯᠭᠠᠨ ᠪᠣᠯᠬᠤ ᠳ᠋ᠤ᠌ 《ᠴᠠᠭᠠᠨ ᠰᠦᠯᠳᠡ ᠶ᠋ᠢ ᠶᠡᠬᠡ ᠭᠡᠭᠡᠲᠦ ᠬᠠᠷᠰᠢ ᠳ᠋ᠤ᠌ ᠮᠠᠨᠳᠤᠭᠤᠯᠵᠠᠢ》⑥᠂ ᠶᠤᠸᠠᠨ ᠤᠯᠤᠰ 《ᠬᠠᠷ᠎ᠠ ᠰᠦᠯᠳᠡ ᠶ᠋ᠢ ᠵᠠᠯᠭᠠᠮᠵᠢᠯᠠᠨ ᠠᠪᠴᠤ ᠬᠠᠭᠠᠨ ᠡᠵᠡᠨ ᠬᠣᠶᠠᠷ ᠨᠡᠢᠰᠯᠡᠯ ᠤᠨ ᠬᠣᠭᠣᠷᠣᠨᠳᠣ ᠵᠠᠯᠠᠷᠠᠨ ᠶᠠᠪᠤᠬᠤ ᠪᠦᠷᠢ ᠳ᠋ᠦ᠍ ᠬᠠᠷ᠎ᠠ ᠰᠦᠯᠳᠡ ᠪᠡᠷ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠭᠠᠵᠤ ᠪᠠᠢᠵᠠᠢ》⑦᠂ ᠲᠠᠢᠴᠢᠭᠤᠳ ᠬᠠᠭᠠᠴᠠᠨ ᠰᠠᠯᠬᠤ ᠦᠶ᠎ᠡ ᠳ᠋ᠦ᠍ ᠥᠭᠡᠯᠦᠨ ᠥᠵᠢᠨ ᠠᠯᠠᠭ ᠰᠦᠯᠳᠡ ᠶ᠋ᠢ ᠲᠠᠬᠢᠵᠤ ᠰᠠᠭᠤᠭᠰᠠᠨ ᠦᠭᠡᠢ ᠬᠠᠷᠢᠨ 《ᠥᠪᠡᠷ ᠤᠨ ᠪᠡᠶ᠎ᠡ ᠪᠡᠷ ᠢ᠋ᠶ᠋ᠡᠨ ᠲᠤᠭ (ᠠᠯᠠᠭ ᠰᠦᠯᠳᠡ - ᠡᠰᠢᠯᠡᠭᠴᠢ ᠡᠴᠡ) ᠪᠠᠷᠢᠵᠤ ᠮᠣᠷᠳᠠᠭᠠᠳ ᠣᠷᠬᠢᠵᠤ ᠨᠡᠭᠦᠭᠰᠡᠨ ᠢᠷᠭᠡᠳ ᠤᠨ ᠵᠠᠷᠢᠮ ᠢ᠋ ᠨᠢ ᠪᠤᠴᠠᠭᠠᠪᠠ》⑧᠂ ᠬᠤᠪᠢᠯᠠᠢ ᠬᠠᠭᠠᠨ 《ᠮᠣᠩᠭᠣᠯᠴᠤᠳ ᠤ᠋ᠨ ᠬᠦᠷᠢᠶ᠎ᠡ ᠪᠠᠭᠤᠵᠤ ᠲᠤᠭ ᠰᠦᠯᠳᠡ ᠪᠡᠨ ᠪᠤᠰᠬᠠᠨ ᠰᠢᠲᠦᠳᠡᠭ ᠤᠯᠠᠮᠵᠢᠯᠠᠯᠲᠤ ᠵᠠᠩᠰᠢᠯ ᠢ᠋ᠶ᠋ᠠᠷ ᠢ᠋ᠶ᠋ᠠᠨ ᠠᠯᠠᠭ ᠰᠦᠯᠳᠡ ᠶ᠋ᠢ ᠬᠠᠳᠠᠨᠲᠠᠶ ᠠᠭᠤᠯᠠ ᠶ᠋ᠢᠨ ᠣᠷᠣᠢ ᠳᠡᠭᠡᠷ᠎ᠡ ᠪᠤᠰᠬᠠᠵᠤ᠂ ᠲᠥᠷᠥᠯ ᠤᠭᠰᠠᠭ᠎ᠠ ᠪᠠᠷ ᠢ᠋ᠶ᠋ᠠᠨ ᠡᠪ ᠪᠦᠯᠬᠦᠮᠳᠡᠯ ᠲᠡᠢ ᠪᠠᠢᠬᠤ ᠶ᠋ᠢ ᠪᠡᠯᠭᠡᠳᠡᠵᠡᠢ 》⑨᠃ ᠳᠡᠭᠡᠷ᠎ᠡ ᠳᠤᠷᠠᠳᠤᠭᠰᠠᠨ ᠪᠣᠳᠠᠲᠤ ᠤᠴᠢᠷ ᠤ᠋ᠳ ᠨᠢ ᠰᠦᠯᠳᠡ ᠶ᠋ᠢ ᠪᠡᠯᠭᠡᠳᠡᠯ ᠪᠣᠯᠭᠠᠨ ᠬᠡᠷᠡᠭᠯᠡᠵᠦ ᠪᠠᠢᠭᠰᠠᠨ ᠢ᠋ ᠪᠦᠷᠢᠨ ᠬᠠᠷᠠᠭᠤᠯᠵᠤ ᠪᠠᠢᠨ᠎ᠠ᠃ ᠴᠢᠩ ᠤᠯᠤᠰ ᠪᠠ ᠳᠤᠮᠳᠠᠳᠤ ᠢᠷᠭᠡᠨ ᠤᠯᠤᠰ᠂ ᠨᠡᠩ ᠢᠯᠠᠩᠭᠤᠶ᠎ᠠ ᠴᠢᠩ ᠤᠯᠤᠰ ᠤ᠋ᠨ ᠦᠶ᠎ᠡ ᠳ᠋ᠦ᠍ ᠰᠢᠷ᠎ᠠ ᠶ᠋ᠢᠨ ᠱᠠᠰᠢᠨ ᠮᠣᠩᠭᠣᠯ ᠭᠠᠵᠠᠷ ᠢ᠋ᠶ᠋ᠠᠷ ᠳᠡᠯᠭᠡᠷᠡᠭᠡᠳ ᠰᠦᠯᠳᠡ ᠶ᠋ᠢᠨ ᠱᠠᠰᠢᠨ ᠰᠤᠷᠲᠠᠬᠤᠨ ᠤ᠋ ᠰᠣᠶᠣᠯ ᠪᠣᠯᠤᠨ ᠰᠦᠯᠳᠡ ᠶ᠋ᠢᠨ ᠦᠢᠯᠡᠳᠬᠦ ᠰᠣᠶᠣᠯ ᠤ᠋ᠨ ᠤᠯᠠᠮᠵᠢᠯᠠᠯ ᠳ᠋ᠤ᠌ ᠶᠡᠬᠡ ᠨᠥᠯᠥᠭᠡ ᠦᠵᠡᠭᠦᠯᠵᠡᠢ᠃ ᠭᠡᠪᠡᠴᠦ ᠰᠦᠯᠳᠡ ᠶ᠋ᠢᠨ ᠪᠡᠯᠭᠡᠳᠡᠯ ᠤᠨ ᠰᠣᠶᠣᠯ ᠤ᠋ᠨ ᠤᠯᠠᠮᠵᠢᠯᠠᠯ ᠴᠤ᠌ ᠲᠠᠰᠤᠷᠠᠭᠠᠳᠤᠢ᠃ ᠬᠥᠬᠡᠬᠣᠲᠠ ᠶ᠋ᠢᠨ ᠰᠢᠷᠡᠭᠡᠲᠦ ᠵᠣᠣ ᠶ᠋ᠢᠨ ᠰᠦᠮ᠎ᠡ ᠨᠢ ᠭᠣᠣᠯ ᠳᠤᠭᠠᠩ ᠤ᠋ᠨ ᠱᠤᠭᠤᠮᠠᠯ ᠪᠤᠷᠬᠠᠨ ᠤ᠋ ᠬᠠᠵᠠᠭᠤ ᠳ᠋ᠤ᠌ ᠶᠡᠬᠡ ᠴᠠᠭᠠᠨ ᠰᠦᠯᠳᠡ ᠶ᠋ᠢ ᠮᠤᠳᠤᠨ ᠰᠠᠭᠤᠳᠠᠯ ᠳᠡᠭᠡᠷ᠎ᠡ ᠪᠤᠰᠬᠠᠭᠰᠠᠨ ᠪᠠᠢᠳᠠᠭ᠃ ᠡᠷᠢᠶᠡᠨ ᠬᠣᠲᠠ ᠶ᠋ᠢᠨ ᠲᠡᠦᠬᠡ ᠶ᠋ᠢᠨ ᠮᠦᠽᠧᠢ ᠳ᠋ᠦ᠍ ᠳᠡᠯᠭᠡᠵᠦ ᠪᠠᠢᠭ᠎ᠠ ᠳᠣᠯᠣᠭᠠᠨ ᠬᠥᠮᠦᠨ (ᠯᠠᠮᠠ ᠨᠣᠶᠠᠳ) ᠤ᠋ᠨ ᠬᠠᠭᠤᠴᠢᠨ ᠰᠡᠭᠦᠳᠡᠷ ᠢ᠋ ᠦᠵᠡᠪᠡᠯ ᠲᠡᠭᠦᠨ ᠤ ᠠᠷᠤ ᠶ᠋ᠢᠨ ᠵᠢᠷᠭᠤᠭᠠᠨ ᠲᠠᠯᠠᠲᠤ ᠰᠤᠪᠤᠷᠭᠠᠨ ᠣᠷᠣᠢ ᠲᠠᠢ ᠰᠦᠮ᠎ᠡ ᠶ᠋ᠢᠨ ᠬᠣᠶᠠᠳᠤᠭᠠᠷ ᠳᠠᠪᠬᠤᠷ ᠤ᠋ᠨ ᠵᠡᠭᠦᠨ ᠪᠠᠷᠠᠭᠤᠨ ᠬᠣᠶᠠᠷ ᠲᠠᠯ᠎ᠠ ᠳ᠋ᠤ᠌ ᠨᠢ ᠴᠠᠭᠠᠨ ᠰᠦᠯᠳᠡ ᠶ᠋ᠢ ᠮᠠᠨᠳᠤᠭᠤᠯᠤᠭᠰᠠᠨ ᠪᠠᠢᠳᠠᠭ᠃ ᠮᠥᠨ ᠴᠢᠩ ᠤᠯᠤᠰ ᠤ᠋ᠨ ᠦᠶ᠎ᠡ ᠶ᠋ᠢᠨ ᠨᠢᠭᠡ ᠮᠣᠩᠭᠣᠯ ᠭᠠᠵᠠᠷ ᠤ᠋ᠨ ᠴᠤᠭᠯᠠᠭ᠎ᠠ ᠮᠠᠢᠮᠠᠢ ᠶ᠋ᠢᠨ ᠴᠢᠬᠤᠯᠠ ᠭᠠᠵᠠᠷ ᠲᠤ᠌ ᠴᠢᠯᠠᠭᠤᠨ ᠰᠠᠭᠤᠳᠠᠯ ᠳᠡᠭᠡᠷ᠎ᠡ ᠬᠠᠷ᠎ᠠ ᠲᠤᠭ ᠢ᠋ ᠪᠣᠰᠬᠠᠭᠰᠠᠨ ᠪᠠᠢᠳᠠᠭ᠃ ᠭᠠᠨᠰᠦ ᠮᠣᠵᠢ ᠶ᠋ᠢᠨ ᠰᠦᠪᠧᠢ ᠶ᠋ᠢᠨ ᠮᠣᠩᠭᠣᠯ ᠦᠨᠳᠦᠰᠦᠲᠡᠨ ᠤ ᠥᠪᠡᠷᠲᠡᠭᠡᠨ ᠵᠠᠰᠠᠬᠤ ᠬᠣᠰᠢᠭᠤ ᠰᠢᠷ᠎ᠠ ᠶ᠋ᠢᠨ ᠱᠠᠰᠢᠨ ᠤ᠋ ᠯᠠᠮᠠ ᠶ᠋ᠢᠨ ᠰᠦᠮ᠎ᠡ ᠶ᠋ᠢ ᠪᠠᠢᠭᠤᠯᠵᠤ ᠪᠠᠷᠠᠭᠰᠠᠨ ᠬᠣᠢᠨ᠎ᠠ᠂ ᠰᠦᠮ᠎ᠡ ᠶ᠋ᠢᠨ ᠬᠣᠶᠠᠷ ᠲᠠᠯ᠎ᠠ ᠳ᠋ᠤ᠌ ᠴᠠᠭᠠᠨ ᠰᠦᠯᠳᠡ ᠶ᠋ᠢ ᠵᠠᠯᠠᠵᠤ ᠪᠣᠰᠬᠠᠭᠠᠳ ᠡᠩᠬᠡᠵᠢᠨ ᠢ᠋ᠶ᠋ᠡᠨ ᠪᠡᠯᠭᠡᠳᠡᠭᠰᠡᠨ ᠪᠠᠢᠳᠠᠭ᠃ ᠡᠳᠡᠭᠡᠷ ᠨᠢ ᠰᠦᠯᠳᠡ ᠶ᠋ᠢ ᠪᠡᠯᠭᠡᠳᠡᠯ ᠳ᠋ᠦ᠍ ᠬᠡᠷᠡᠭᠯᠡᠵᠦ ᠪᠠᠢᠭᠰᠠᠨ ᠢ᠋ ᠭᠡᠷᠡᠴᠢᠯᠡᠬᠦ ᠮᠥᠷᠲᠡᠭᠡᠨ ᠡᠭᠦᠨ ᠡᠴᠡ ᠴᠠᠭᠠᠨ ᠰᠦᠯᠳᠡ ᠶ᠋ᠢ ᠬᠣᠣᠰ ᠢ᠋ᠶ᠋ᠠᠷ ᠪᠤᠰᠬᠠᠳᠠᠭ ᠨᠢ ᠰᠢᠷ᠎ᠠ ᠶ᠋ᠢᠨ ᠱᠠᠰᠢᠨ ᠤ᠋ ᠨᠥᠯᠥᠭᠡ ᠡᠴᠡ ᠪᠣᠯᠵᠠᠢ ᠭᠡᠳᠡᠭ ᠢ᠋ ᠪᠠᠰᠠ ᠮᠡᠳᠡᠵᠦ ᠪᠣᠯᠤᠨ᠎ᠠ᠃ ᠰᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ ᠠ᠋ᠴᠠ ᠨᠠᠭᠠᠰᠢ᠂ ᠢᠯᠠᠩᠭᠤᠶ᠎ᠠ ᠥᠭᠡᠷᠡᠴᠢᠯᠡᠯᠲᠡ ᠬᠢᠵᠦ ᠴᠢᠯᠥᠭᠡᠲᠡᠢ ᠶᠠᠪᠤᠯᠴᠠᠭᠰᠠᠨ ᠠ᠋ᠴᠠ ᠬᠣᠢᠰᠢ ᠰᠦᠯᠳᠡ ᠶ᠋ᠢᠨ ᠪᠡᠯᠭᠡᠳᠡᠯ ᠤᠨ ᠰᠣᠶᠣᠯ ᠶᠡᠬᠡ ᠬᠥᠭᠵᠢᠯᠲᠡ ᠲᠡᠢ ᠪᠣᠯᠵᠠᠢ᠃ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠢ᠋ᠶ᠋ᠠᠷ ᠠᠪᠴᠤ ᠬᠡᠯᠡᠪᠡᠯ ᠡᠯ᠎ᠡ ᠱᠠᠲᠤᠨ ᠤ᠋ ᠵᠠᠰᠠᠭ ᠤ᠋ᠨ ᠣᠷᠳᠤᠨ ᠨᠠᠮ ᠤ᠋ᠨ ᠤᠯᠠᠮᠵᠢᠯᠠᠯᠲᠤ ᠰᠢᠯᠢᠳᠡᠭ ᠰᠣᠶᠣᠯ ᠢ᠋ ᠪᠠᠳᠠᠷᠠᠭᠤᠯᠬᠤ ᠲᠥᠷᠥ ᠶ᠋ᠢᠨ ᠪᠣᠳᠣᠯᠭ᠎ᠠ ᠶ᠋ᠢ ᠲᠤᠤᠱᠯᠠᠭᠤᠯᠤᠨ ᠬᠡᠷᠡᠭᠵᠢᠭᠦᠯᠵᠦ᠂ ᠰᠦᠯᠳᠡ ᠶ᠋ᠢᠨ ᠰᠣᠶᠣᠯ ᠢ᠋ ᠤᠯᠠᠮᠵᠢᠯᠠᠨ ᠪᠠᠳᠠᠷᠠᠭᠤᠯᠵᠤ᠂ ᠦᠨᠳᠦᠰᠦᠲᠡᠨ ᠤ ᠰᠣᠶᠣᠯ ᠤ᠋ᠨ ᠶᠡᠬᠡ ᠣᠷᠣᠨ ᠤ᠋ ᠪᠦᠲᠦᠭᠡᠨ ᠪᠠᠢᠭᠤᠯᠤᠯᠲᠠ ᠶ᠋ᠢ ᠴᠢᠩᠭᠠᠳᠬᠠᠵᠤ ᠪᠠᠢᠨ᠎ᠠ᠃ ᠰᠦᠯᠳᠡ ᠶ᠋ᠢᠨ ᠪᠡᠯᠭᠡᠳᠡᠯ ᠤᠨ ᠰᠣᠶᠣᠯ ᠪᠣᠯ ᠰᠦᠯᠳᠡ ᠶ᠋ᠢᠨ ᠰᠣᠶᠣᠯ ᠤ᠋ᠨ ᠴᠢᠬᠤᠯᠠ ᠬᠡᠰᠡᠭ ᠨᠢ ᠪᠣᠯᠤᠨ᠎ᠠ᠃ ᠡᠯ᠎ᠡ ᠦᠨᠳᠦᠰᠦᠲᠡᠨ ᠤ ᠠᠷᠠᠳ ᠲᠦᠮᠡᠨ ᠭᠡᠷ ᠪᠦᠯᠢ ᠡᠴᠡ ᠣᠯᠠᠨ ᠨᠡᠢᠲᠡ ᠶ᠋ᠢᠨ ᠲᠠᠯᠠᠪᠤᠷ ᠬᠦᠷᠲᠡᠯ᠎ᠡ ᠰᠦᠯᠳᠡ ᠪᠡᠷ ᠢᠷᠡᠭᠡᠳᠦᠢ ᠶ᠋ᠢᠨ ᠰᠠᠢᠨ ᠰᠠᠢᠬᠠᠨ ᠠᠮᠢᠳᠤᠷᠠᠯ ᠤ᠋ᠨ ᠬᠦᠰᠡᠯ ᠢ᠋ᠶ᠋ᠡᠨ ᠪᠡᠯᠭᠡᠳᠡᠵᠦ᠂ ᠡᠪ ᠨᠠᠢᠷ ᠲᠠᠢ ᠠᠵᠤ ᠲᠥᠷᠥᠨ ᠠᠮᠢᠳᠤᠷᠠᠵᠤ ᠪᠠᠢᠭᠰᠠᠭᠠᠷ᠃ ᠰᠦᠯᠳᠡ ᠶ᠋ᠢ ᠣᠯᠠᠨ ᠭᠠᠵᠠᠷ ᠣᠯᠠᠨ ᠵᠦᠢᠯ ᠳᠡᠭᠡᠷ᠎ᠡ ᠪᠡᠯᠭᠡᠳᠡᠯ ᠤᠨ ᠡᠳ᠋ ᠢ᠋ᠶ᠋ᠡᠷ ᠳᠡᠭᠡᠳᠦᠯᠡᠨ ᠬᠡᠷᠡᠭᠯᠡᠵᠦ ᠪᠠᠢᠬᠤ ᠪᠣᠳᠠᠲᠤ ᠵᠢᠱ᠌ᠢᠶ᠎ᠡ ᠡᠴᠡ ᠳᠤᠷᠠᠳᠪᠠᠯ ᠡᠷᠳᠡᠨᠢ ᠵᠠᠮ ᠤ᠋ᠨ ᠬᠣᠢᠲᠤ ᠥᠨᠴᠥᠭ ᠲᠡᠬᠢ ᠬᠤᠳᠠᠯᠳᠤᠭᠠᠨ ᠤ᠋ ᠲᠣᠮᠣ ᠠᠰᠠᠷ ᠤ᠋ᠨ ᠵᠡᠭᠦᠨ ᠲᠠᠯ᠎ᠠ ᠶ᠋ᠢᠨ ᠣᠷᠣᠢ ᠳᠡᠭᠡᠷ᠎ᠡ ᠨᠢ ᠳᠥᠷᠪᠡᠨ ᠬᠢᠮᠡᠯ ᠡᠯᠴᠢ ᠴᠠᠭᠠᠨ ᠰᠦᠯᠳᠡ ᠶ᠋ᠢ ᠪᠤᠰᠬᠠᠵᠤ ᠬᠣᠢᠲᠤ ᠲᠠᠯ᠎ᠠ ᠶ᠋ᠢᠨ ᠣᠷᠣᠢ ᠳᠡᠭᠡᠷ᠎ᠡ ᠨᠢ ᠵᠢᠷᠭᠤᠭᠠᠨ ᠬᠢᠮᠡᠯ ᠡᠯᠴᠢ ᠴᠠᠭᠠᠨ ᠰᠦᠯᠳᠡ ᠶ᠋ᠢ ᠪᠣᠰᠬᠠᠵᠤ᠂ ᠨᠡᠢᠲᠡ ᠠᠷᠪᠠᠨ ᠬᠢᠮᠡᠯ ᠡᠯᠴᠢ ᠴᠠᠭᠠᠨ ᠰᠦᠯᠳᠡ ᠶ᠋ᠢ ᠪᠤᠰᠬᠠᠭᠰᠠᠨ ᠪᠠᠢᠳᠠᠭ᠂ ᠴᠠᠬᠠᠷ ᠵᠡᠭᠡᠯᠢ ᠶ᠋ᠢᠨ ᠢᠳᠡᠭᠡᠨ ᠤᠮᠳᠠᠭᠠᠨ ᠤ᠋ ᠠᠰᠠᠷ ᠤ᠋ᠨ ᠣᠷᠣᠢ ᠳᠡᠭᠡᠷ᠎ᠡ ᠨᠢ ᠵᠢᠷᠭᠤᠭᠠᠨ ᠬᠢᠮᠡᠯ ᠡᠯᠴᠢ ᠴᠠᠭᠠᠨ ᠰᠦᠯᠳᠡ ᠶ᠋ᠢ ᠪᠣᠰᠬᠠᠭᠰᠠᠨ ᠪᠠᠢᠳᠠᠭ᠃ ᠳᠡᠯᠡᠬᠡᠢ ᠶ᠋ᠢᠨ ᠮᠣᠷᠢᠨ ᠤᠷᠤᠯᠳᠤᠭᠠᠨ ᠤ᠋ ᠲᠠᠯᠠᠪᠠᠢ ᠶ᠋ᠢᠨ ᠭᠣᠣᠯ ᠪᠠᠷᠢᠯᠭ᠎ᠠ ᠶ᠋ᠢᠨ ᠣᠷᠣᠢ ᠳᠡᠭᠡᠷ᠎ᠡ ᠨᠢ ᠬᠣᠶᠠᠷ ᠮᠥᠷ ᠵᠡᠷᠭᠡᠴᠡᠭᠦᠯᠦᠨ ᠨᠡᠢᠲᠡ ᠠᠷᠪᠠᠨ ᠵᠢᠷᠭᠤᠭᠠᠨ ᠬᠢᠮᠡᠯ ᠡᠯᠴᠢ ᠴᠠᠭᠠᠨ ᠰᠦᠯᠳᠡ ᠶ᠋ᠢ ᠪᠣᠰᠬᠠᠵᠤ ᠵᠡᠭᠦᠨ ᠪᠠᠷᠠᠭᠤᠨ ᠬᠣᠶᠠᠷ ᠲᠠᠯ᠎ᠠ ᠳ᠋ᠤᠨᠢ ᠲᠤᠰ ᠪᠦᠷᠢ ᠲᠠᠪᠤᠨ ᠬᠢᠮᠡᠯ ᠡᠯᠴᠢ ᠴᠠᠭᠠᠨ ᠰᠦᠯᠳᠡ ᠶ᠋ᠢ ᠪᠣᠰᠬᠠᠵᠤ᠂ ᠨᠡᠢᠲᠡ ᠭᠤᠴᠢᠨ ᠵᠢᠷᠭᠤᠭᠠᠨ ᠬᠢᠮᠡᠯ ᠡᠯᠴᠢ ᠴᠠᠭᠠᠨ ᠰᠦᠯᠳᠡ ᠶ᠋ᠢ ᠪᠤᠰᠬᠠᠭᠰᠠᠨ ᠪᠠᠢᠳᠠᠭ᠃ ᠲᠠᠮᠢᠷ ᠤ᠋ᠨ ᠲᠠᠯᠠᠪᠠᠢ ᠶ᠋ᠢᠨ ᠲᠥᠪ ᠳᠤᠮᠳᠠ ᠪᠠ ᠭᠤᠷᠪᠠᠨ ᠵᠠᠮ ᠤ᠋ᠨ ᠠᠭᠤᠯᠵᠠᠷ ᠭᠠᠵᠠᠷ ᠲᠤ᠌ ᠱᠤᠭᠤᠮᠠᠯ ᠡᠯᠴᠢ ᠴᠠᠭᠠᠨ ᠰᠦᠯᠳᠡ ᠶ᠋ᠢ ᠪᠤᠰᠬᠠᠭᠰᠠᠨ ᠪᠠᠢᠳᠠᠭ᠃ ᠰᠢᠯᠢᠨ ᠵᠡᠭᠡᠯᠢ ᠶ᠋ᠢᠨ ᠨᠢᠭᠡ ᠺᠣᠮᠫᠢᠦ᠋ᠲ᠋ᠧᠷ ᠤᠨ ᠵᠢᠷᠤᠵᠤ ᠲᠥᠯᠥᠪᠯᠡᠬᠦ ᠭᠠᠵᠠᠷ ᠨᠢ ᠬᠢᠮᠡᠯ ᠡᠯᠴᠢ ᠴᠠᠭᠠᠨ ᠰᠦᠯᠳᠡ ᠶ᠋ᠢ ᠦᠢᠯᠡᠴᠢᠯᠡᠭᠡᠨ ᠤ ᠭᠡᠷ ᠤᠨ ᠲᠥᠪ ᠳᠤᠮᠳᠠ᠂ ᠰᠢᠯᠪᠢ ᠶ᠋ᠢ ᠨᠢ ᠴᠡᠩᠬᠡᠷ ᠲᠣᠷᠭᠠᠨ ᠬᠠᠳᠠᠭ ᠢ᠋ᠶ᠋ᠠᠷ ᠣᠷᠢᠶᠠᠭᠠᠳ ᠬᠤᠸᠠᠷᠯᠠᠵᠤ ᠭᠣᠶᠣᠯᠠᠭᠰᠠᠨ ᠮᠤᠳᠤᠨ ᠰᠠᠭᠤᠳᠠᠯ ᠳᠡᠭᠡᠷ᠎ᠡ ᠮᠠᠨᠳᠤᠭᠤᠯᠤᠭᠰᠠᠨ ᠪᠠᠢᠳᠠᠭ᠃ᠲᠤᠰ ᠵᠡᠭᠡᠯᠢ ᠶ᠋ᠢᠨ ᠨᠢᠭᠡ ᠦᠨᠳᠦᠰᠦᠲᠡᠨ ᠤ ᠭᠠᠷ ᠤᠷᠠᠯᠠᠯ ᠤ᠋ᠨ ᠭᠠᠵᠠᠷ ᠨᠢ ᠦᠢᠯᠡᠴᠢᠯᠡᠭᠡᠨ ᠤ ᠭᠡᠷ ᠤᠨ ᠪᠠᠷᠠᠭᠤᠨ ᠬᠡᠷᠡᠮ ᠳᠡᠭᠡᠷ᠎ᠡ ᠪᠡᠨ ᠴᠠᠭᠠᠨ ᠰᠦᠯᠳᠡ ᠶ᠋ᠢᠨ ᠵᠢᠷᠤᠮᠠᠯ ᠳᠦᠷᠢ ᠶ᠋ᠢ ᠡᠯᠭᠦᠭᠰᠡᠨ ᠪᠠᠢᠳᠠᠭ᠃《ᠵᠢᠨᠦᠩ ᠮᠤᠬᠤᠯᠠᠢ》 ᠭᠡᠰᠡᠨ ᠨᠣᠮ ᠤ᠋ᠨ ᠲᠣᠲᠣᠷ᠎ᠠ ᠲᠤᠰᠬᠠᠢ ᠨᠢᠭᠤᠷ ᠳᠡᠭᠡᠷ᠎ᠡ ᠡᠯᠴᠢ ᠴᠠᠭᠠᠨ ᠰᠦᠯᠳᠡ ᠶ᠋ᠢᠨ ᠵᠢᠷᠤᠮᠠᠯ ᠳᠦᠷᠢ ᠶ᠋ᠢ ᠵᠢᠷᠤᠭᠰᠠᠨ ᠪᠠᠢᠳᠠᠭ᠃ ᠰᠦᠮ᠎ᠡ ᠬᠡᠢᠳ ᠤᠨ ᠭᠣᠣᠯ ᠳᠤᠭᠠᠩ ᠤ᠋ᠨ ᠡᠮᠦᠨ᠎ᠡ ᠪᠤᠶᠤ ᠡᠭᠦᠳᠡᠨ ᠤ ᠬᠣᠶᠠᠷ ᠬᠠᠵᠠᠭᠤ ᠳ᠋ᠤ᠌ ᠴᠠᠭᠠᠨ ᠰᠦᠯᠳᠡ ᠶ᠋ᠢ ᠲᠤᠰᠬᠠᠢ ᠰᠠᠭᠤᠳᠠᠯ ᠳᠡᠭᠡᠷ᠎ᠡ ᠵᠠᠯᠠᠵᠤ ᠪᠣᠰᠬᠠᠭᠰᠠᠨ ᠪᠠᠢᠳᠠᠭ᠃ ᠬᠢᠮᠡᠯ ᠴᠠᠭᠠᠨ ᠰᠦᠯᠳᠡ ᠠᠭᠤᠳᠠᠮ ᠲᠠᠯᠠᠪᠠᠢ ᠶ᠋ᠢᠨ ᠲᠥᠪ ᠳᠤᠮᠳᠠ ᠰᠢᠯᠪᠢ ᠶ᠋ᠢ ᠨᠢ ᠣᠯᠠᠨ ᠥᠩᠭᠡ ᠶ᠋ᠢᠨ ᠲᠣᠷᠭ᠎ᠠ ᠪᠠᠷ ᠣᠷᠢᠶᠠᠭᠠᠳ ᠮᠠᠨᠳᠤᠭᠤᠯᠤᠭᠰᠠᠨ ᠪᠠᠢᠳᠠᠭ᠃ ᠨᠠᠭᠠᠳᠤᠮ ᠤ᠋ᠨ ᠬᠤᠷᠠᠯ᠂ ᠤᠷᠠᠨ ᠰᠠᠢᠬᠠᠨ ᠤ᠋ ᠲᠣᠭᠯᠠᠯᠲᠠ ᠪᠣᠯᠤᠨ ᠡᠯ᠎ᠡ ᠵᠦᠢᠯ ᠤᠨ ᠤᠷᠤᠯᠳᠤᠭᠠᠨ ᠪᠣᠯᠪᠠᠯ ᠪᠦᠷ ᠴᠠᠭᠠᠨ ᠰᠦᠯᠳᠡ ᠶ᠋ᠢ ᠮᠠᠨᠳᠤᠭᠤᠯᠳᠠᠭ᠃ ᠵᠢᠭᠤᠯᠴᠢᠯᠠᠯ ᠤ᠋ᠨ ᠭᠠᠵᠠᠷ ᠪᠦᠬᠦᠨ ᠴᠠᠭᠠᠨ ᠰᠦᠯᠳᠡ ᠶ᠋ᠢ ᠮᠠᠨᠳᠤᠭᠤᠯᠤᠭᠰᠠᠨ ᠪᠠᠢᠳᠠᠭ᠃ ᠠᠪᠠᠭ᠎ᠠ ᠬᠤᠰᠢᠭᠤᠨ ᠤ᠋ ᠨᠢᠭᠡ ᠵᠢᠭᠤᠯᠴᠢᠯᠠᠯ ᠤᠨ ᠭᠠᠵᠠᠷ ᠨᠢ ᠪᠠᠷᠢᠯᠭ᠎ᠠ ᠶ᠋ᠢᠨ ᠣᠷᠣᠢ ᠳᠡᠭᠡᠷ᠎ᠡ ᠪᠡᠨ ᠪᠠᠰᠠ ᠬᠠᠷ᠎ᠠ ᠰᠦᠯᠳᠡ ᠶ᠋ᠢ ᠮᠠᠨᠳᠤᠭᠤᠯᠤᠭᠰᠠᠨ ᠪᠠᠢᠳᠠᠭ᠃ ᠵᠠᠷᠢᠮ ᠠᠢᠯ ᠨᠢ ᠬᠢᠮᠡᠯ ᠡᠯᠴᠢ ᠴᠠᠭᠠᠨ ᠰᠦᠯᠳᠡ ᠶ᠋ᠢ ᠴᠣᠩᠬᠣᠨ ᠤ᠋ ᠬᠠᠵᠠᠭᠤ ᠳ᠋ᠠᠭᠠᠨ ᠮᠠᠨᠳᠤᠭᠤᠯᠵᠤ᠂ ᠴᠢᠳᠬᠤᠮᠠᠯ ᠡᠯᠴᠢ ᠴᠠᠭᠠᠨ ᠰᠦᠯᠳᠡ ᠶ᠋ᠢ ᠠᠪᠳᠠᠷ᠎ᠠ ᠬᠣᠷᠭᠣ ᠶ᠋ᠢᠨ ᠳᠡᠭᠡᠷ᠎ᠡ ᠪᠡᠨ ᠲᠠᠯᠪᠢᠵᠤ᠂ ᠵᠢᠷᠤᠮᠠᠯ ᠴᠠᠭᠠᠨ ᠰᠦᠯᠳᠡ ᠶ᠋ᠢ ᠬᠠᠨᠠᠨ ᠳᠡᠭᠡᠷ᠎ᠡ ᠪᠡᠨ ᠡᠯᠭᠦᠵᠦ ᠪᠠᠢᠳᠠᠭ᠃ ᠬᠣᠶᠠᠷ ᠬᠢᠮᠡᠯ ᠡᠯᠴᠢ ᠴᠠᠭᠠᠨ ᠰᠦᠯᠳᠡ ᠶ᠋ᠢ ᠬᠣᠭᠣᠯᠠᠨ ᠭᠡᠷ ᠤᠨ ᠡᠮᠦᠨ᠎ᠡ ᠪᠤᠶᠤ ᠡᠭᠦᠳᠡᠨ ᠤ ᠵᠡᠭᠦᠨ ᠪᠠᠷᠠᠭᠤᠨ ᠬᠠᠵᠠᠭᠤ ᠳ᠋ᠤ᠌ ᠰᠢᠯᠪᠢ ᠶ᠋ᠢ ᠨᠢ ᠴᠡᠩᠬᠡᠷ ᠲᠣᠷᠭᠠᠨ ᠬᠠᠳᠠᠭ ᠢ᠋ᠶ᠋ᠠᠷ ᠣᠷᠢᠶᠠᠵᠤ ᠮᠤᠳᠤᠨ ᠰᠠᠭᠤᠳᠠᠯ ᠳᠡᠭᠡᠷ᠎ᠡ ᠪᠤᠰᠬᠠᠭᠰᠠᠨ ᠪᠠᠢᠳᠠᠭ᠃ ᠪᠠᠰᠠ ᠵᠠᠷᠢᠮ ᠨᠢ ᠤᠯᠠᠭᠠᠨ᠂ ᠬᠥᠬᠡ᠂ ᠴᠠᠭᠠᠨ᠂ ᠨᠣᠭᠣᠭᠠᠨ᠂ ᠰᠢᠷ᠎ᠠ ᠲᠠᠪᠤᠨ ᠥᠩᠭᠡ ᠶ᠋ᠢᠨ ᠬᠠᠳᠠᠭ ᠢ᠋ᠶ᠋ᠠᠷ ᠰᠢᠯᠪᠢ ᠶ᠋ᠢ ᠨᠢ ᠣᠷᠢᠶᠠᠭᠠᠳ ᠪᠣᠰᠬᠠᠭᠰᠠᠨ ᠪᠠᠢᠳᠠᠭ᠃ ᠡᠵᠢ ᠨᠠᠭᠤᠷ ᠵᠠᠮ ᠤ᠋ᠨ ᠬᠢᠲᠠᠳ ᠢᠷᠭᠡᠨ ᠤ ᠡᠷᠬᠢᠯᠡᠭᠰᠡᠨ ᠨᠢᠭᠡᠨ ᠬᠣᠭᠣᠯᠠᠨ ᠭᠡᠷ ᠨᠢ ᠡᠭᠦᠳᠡᠨ ᠤ ᠳᠡᠭᠡᠷ᠎ᠡ ᠲᠠᠯ᠎ᠠ ᠳ᠋ᠠᠭᠠᠨ ᠬᠢᠮᠡᠯ ᠡᠯᠴᠢ ᠴᠠᠭᠠᠨ ᠰᠦᠯᠳᠡ ᠶ᠋ᠢ ᠮᠠᠨᠳᠤᠭᠤᠯᠤᠭᠰᠠᠨ ᠪᠠᠢᠳᠠᠭ᠃ ᠴᠠᠬᠠᠷ ᠵᠡᠭᠡᠯᠢ ᠶ᠋ᠢᠨ ᠰᠠᠭᠤᠭᠠᠯᠢ ᠠᠷᠠᠳ ᠤ᠋ᠨ ᠲᠣᠭᠣᠷᠢᠭ ᠤ᠋ᠨ ᠶᠡᠬᠡ ᠡᠭᠦᠳᠡᠨ ᠤ ᠵᠡᠭᠦᠨ ᠲᠠᠯ᠎ᠠ ᠶ᠋ᠢᠨ ᠠᠰᠠᠷ ᠤ᠋ᠨ ᠬᠣᠶᠠᠳᠤᠭᠠᠷ ᠳᠠᠪᠬᠤᠷᠭ᠎ᠠ ᠶ᠋ᠢᠨ ᠳᠡᠭᠡᠷ᠎ᠡ ᠬᠣᠶᠠᠷ ᠬᠢᠮᠡᠯ ᠡᠯᠴᠢ ᠴᠠᠭᠠᠨ ᠰᠦᠯᠳᠡ ᠶ᠋ᠢ ᠮᠠᠨᠳᠤᠭᠤᠯᠤᠭᠰᠠᠨ ᠪᠠᠢᠳᠠᠭ ᠁᠃ ᠣᠳᠣ ᠶ᠋ᠢᠨ ᠪᠡᠯᠭᠡᠳᠡᠬᠦ ᠳ᠋ᠦ᠍ ᠬᠡᠷᠡᠭᠯᠡᠭᠰᠡᠨ ᠰᠦᠯᠳᠡ ᠶ᠋ᠢᠨ ᠵᠠᠷᠢᠮ ᠨᠢᠭᠡ ᠨᠢ ᠬᠡᠳᠦᠢᠪᠡᠷ ᠰᠦᠯᠳᠡ ᠶ᠋ᠢᠨ ᠤᠯᠠᠮᠵᠢᠯᠠᠯᠲᠤ ᠦᠢᠯᠡᠳᠬᠦ ᠰᠣᠶᠣᠯ ᠳ᠋ᠤ᠌ ᠨᠡᠢᠴᠡᠬᠦ ᠦᠭᠡᠢ ᠪᠣᠯᠪᠠᠴᠤ ᠬᠥᠮᠦᠰ ᠤᠨ ᠰᠦᠯᠳᠡ ᠪᠡᠨ ᠳᠡᠭᠡᠳᠦᠯᠡᠨ ᠬᠡᠷᠡᠭᠯᠡᠵᠦ ᠣᠨᠴᠠᠭᠠᠢ ᠤᠳᠬ᠎ᠠ ᠶ᠋ᠢ ᠪᠡᠯᠭᠡᠳᠡᠵᠦ ᠪᠠᠢᠭ᠎ᠠ ᠰᠡᠳᠬᠢᠴᠡ ᠨᠢ ᠢᠯᠡᠷᠬᠡᠢ ᠪᠠᠢᠨ᠎ᠠ᠃ ᠰᠦᠯᠳᠡ ᠪᠣᠯ ᠰᠢᠲᠦᠭᠡᠨ ᠡᠴᠡ ᠪᠡᠯᠭᠡᠳᠡᠯ ᠤᠨ ᠡᠳ᠋ ᠪᠣᠯᠤᠨ ᠬᠤᠪᠢᠷᠠᠭᠰᠠᠨ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠬᠣᠷ ᠬᠣᠢᠰᠢᠳᠠ ᠰᠦᠯᠳᠡ ᠶ᠋ᠢ ᠦᠢᠯᠡᠳᠴᠦ ᠪᠦᠲᠦᠭᠡᠬᠦ᠂ ᠨᠡᠩ ᠢᠯᠠᠩᠭᠤᠶ᠎ᠠ ᠬᠢᠮᠡᠯ ᠰᠦᠯᠳᠡ ᠶ᠋ᠢ ᠦᠢᠯᠡᠳᠴᠦ ᠪᠦᠲᠦᠭᠡᠬᠦ ᠳ᠋ᠦ᠍ ᠬᠠᠤᠯᠢ ᠳᠦᠷᠢᠮ ᠤᠨ ᠪᠠᠲᠤᠯᠠᠭ᠎ᠠ ᠪᠠᠷ ᠤᠯᠠᠮᠵᠢᠯᠠᠯᠲᠤ ᠦᠢᠯᠡᠳᠬᠦ ᠰᠣᠶᠣᠯ ᠳ᠋ᠤ᠌ ᠨᠢ ᠲᠤᠯᠭᠠᠭᠤᠷᠯᠠᠭᠤᠯᠪᠠᠯ ᠵᠣᠬᠢᠨ᠎ᠠ᠃ ᠡᠷᠳᠡᠮᠲᠡᠨ ᠰᠤᠳᠤᠯᠭᠠᠲᠠᠨ ᠳ᠋ᠤ᠌ ᠲᠤᠰ ᠵᠣᠬᠢᠶᠠᠯ ᠳ᠋ᠠᠬᠢ ᠪᠦᠷᠢᠨ ᠪᠤᠰᠤ ᠪᠠ ᠠᠨᠳᠠᠭᠤ ᠪᠤᠷᠤᠭᠤ ᠲᠠᠢ ᠭᠠᠵᠠᠷ ᠢ᠋ ᠵᠠᠰᠠᠨ ᠳᠡᠭᠡᠭᠰᠢᠯᠡᠭᠦᠯᠬᠦ ᠶ᠋ᠢ ᠴᠢᠩ ᠰᠡᠳᠬᠢᠯ ᠡᠴᠡ ᠪᠡᠨ ᠬᠦᠰᠡᠵᠦ ᠪᠠᠢᠨ᠎ᠠ᠃
ᠵᠡᠭᠦᠯᠲᠡ
①《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠤᠨ ᠬᠣᠷᠢᠶ᠎ᠠ᠂ 1985 ᠣᠨ᠂ 85 ᠳ᠋ᠤᠭᠠᠷ ᠨᠢᠭᠤᠷ ᠲᠤ᠌᠃
②③⑧ ᠰᠢᠨ᠎ᠡ ᠪᠡᠷ ᠣᠷᠴᠢᠭᠤᠯᠵᠤ ᠲᠠᠢᠯᠪᠤᠷᠢᠯᠠᠭᠰᠠᠨ 《ᠮᠣᠩᠭᠣᠯ ᠤ᠋ᠨ ᠨᠢᠭᠤᠴᠠ ᠲᠣᠪᠴᠢᠶᠠᠨ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠤᠨ ᠬᠣᠷᠢᠶ᠎ᠠ᠂ 1935 ᠣᠨ᠂ 302᠂ 248· 44 ᠳ᠋ᠦ᠍ᠭᠡᠷ ᠨᠢᠭᠤᠷ ᠲᠤ᠌᠃
④⑤⑥⑦⑨ ᠲᠤᠰ ᠨᠣᠮ ᠤ᠋ᠨ 《ᠴᠠᠭᠠᠨ ᠰᠦᠯᠳᠡ ᠶ᠋ᠢ ᠶᠤᠸᠠᠨ ᠤᠯᠤᠰ ᠤ᠋ᠨ ᠶᠡᠬᠡ ᠠᠮᠤᠭᠤᠯᠠᠩ ᠲᠠᠭᠲᠤ ᠪᠣᠯᠤᠨ ᠶᠡᠬᠡ ᠭᠡᠭᠡᠲᠦ ᠬᠠᠷᠰᠢ ᠳ᠋ᠤ᠌ ᠮᠠᠨᠳᠤᠭᠤᠯᠵᠤ ᠪᠠᠢᠭᠰᠠᠨ ᠢ᠋ ᠮᠠᠭᠠᠳᠯᠠᠬᠤ ᠨᠢ》᠂ 《ᠶᠡᠬᠡ ᠶᠤᠸᠠᠨ ᠤᠯᠤᠰ ᠤ᠋ᠨ ᠬᠠᠷ᠎ᠠ ᠰᠦᠯᠳᠡ》᠂ 《ᠶᠤᠸᠠᠨ ᠤᠯᠤᠰ ᠤ᠋ᠨ ᠦᠶ᠎ᠡ ᠶ᠋ᠢᠨ ᠠᠯᠠᠭ ᠰᠦᠯᠳᠡ》 ᠭᠡᠰᠡᠨ ᠥᠭᠦᠯᠡᠯ ᠳ᠋ᠦ᠍᠃
2011 ᠣᠨ ᠤ᠋ 5 ᠰᠠᠷ᠎ᠠ
【ᠵᠣᠬᠢᠶᠠᠯ ᠤ᠋ᠨ ᠲᠠᠨᠢᠯᠴᠠᠭᠤᠯᠭ᠎ᠠ】 ᠣᠳᠣ ᠶ᠋ᠢᠨ ᠬᠥᠮᠦᠰ ᠰᠦᠯᠳᠡ ᠶ᠋ᠢ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠢ᠋ᠶ᠋ᠡᠷ ᠦᠵᠡᠵᠦ᠂ ᠦᠢᠯᠡᠳᠪᠦᠷᠢᠯᠡᠯ ᠪᠠ ᠠᠮᠢᠳᠤᠷᠠᠯ ᠳᠡᠭᠡᠷ᠎ᠡ ᠪᠡᠨ ᠥᠷᠭᠡᠨ ᠢ᠋ᠶ᠋ᠡᠷ ᠬᠡᠷᠡᠭᠯᠡᠵᠦ ᠪᠠᠢᠨ᠎ᠠ᠃ ᠭᠡᠪᠡᠴᠦ ᠡᠨᠡ ᠵᠠᠩᠰᠢᠯ ᠨᠢ ᠨᠢᠭᠡ ᠪᠡᠯᠭᠡᠳᠡᠯ ᠤᠨ ᠰᠣᠶᠣᠯ ᠤ᠋ᠨ ᠡᠭᠦᠳᠡᠨ ᠡᠴᠡ ᠲᠠᠢᠯᠪᠤᠷᠢ ᠣᠯᠤᠭᠠᠳᠤᠢ᠃ ᠡᠢᠮᠦ ᠡᠴᠡ ᠰᠦᠯᠳᠡ ᠶ᠋ᠢᠨ ᠰᠣᠶᠣᠯ ᠢ᠋ ᠤᠯᠠᠮᠵᠢᠯᠠᠨ ᠪᠠᠳᠠᠷᠠᠭᠤᠯᠬᠤ ᠰᠠᠨᠠᠭᠠᠨ ᠠ᠋ᠴᠠ ᠲᠡᠦᠬᠡ ᠪᠠ ᠣᠳᠣᠬᠢ ᠪᠠᠢᠳᠠᠯ ᠢ᠋ ᠦᠨᠳᠦᠰᠦᠯᠡᠨ ᠲᠤᠰ ᠵᠣᠬᠢᠶᠠᠯ ᠢ᠋ ᠲᠤᠭᠤᠷᠪᠢᠨ ᠪᠢᠴᠢᠪᠡ᠃
ᠲᠤᠰ ᠵᠣᠬᠢᠶᠠᠯ ᠨᠢ 《ᠰᠢᠯᠢ ᠶ᠋ᠢᠨ ᠭᠣᠣᠯ ᠠᠵᠢᠯ ᠮᠡᠷᠭᠡᠵᠢᠯ ᠦ᠋ᠨ ᠳᠡᠭᠡᠳᠦ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ》 ᠦᠨ 2011 ᠣᠨ ᠤ ᠨᠢᠭᠡᠳᠦᠭᠡᠷ ᠬᠤᠭᠤᠴᠠᠭᠠᠨ ᠳ᠋ᠤ᠌ ᠨᠡᠢᠲᠡᠯᠡᠭᠳᠡᠪᠡ᠃
ᠵᠣᠬᠢᠶᠠᠭᠴᠢ
