ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠲᠠᠪᠤ〕 Цаг төрийн үймээн – Д ᠂ Намдаг - Цаг төрийн үймээн ᠂ гуравдугаар бүлэг -15
ᠡᠳᠡ ᠶᠠᠭᠤ ᠪᠠᠷ ᠭᠢᠯᠠᠢᠪᠠ
ᠲᠡᠷᠡ ᠸᠡᠭᠳᠡᠨ ᠭᠡᠬᠦ ᠶᠦᠮ ᠤᠤ᠂ ᠡᠰᠡᠪᠡᠯ ᠰᠠᠢᠳ ᠨᠣᠶᠠᠨᠲᠠᠨ ᠣᠷᠣᠰ ᠣᠷᠣᠬᠤ ᠪᠠᠷ ᠬᠣᠢᠰᠢ ᠮᠣᠷᠢᠯᠠᠨ ᠠᠢᠰᠤᠢ ᠭᠡᠨ᠎ᠡ ᠭᠡᠳᠡᠭ ᠰᠤᠷᠠᠭ ᠢ᠋ᠶ᠋ᠠᠷ ᠥᠭᠡᠯᠦᠯᠭᠡ ᠡᠴᠡ ᠪᠤᠰᠤᠳ ᠨᠢ ᠴᠥᠮ ᠤᠭᠲᠤᠨ ᠵᠠᠮ ᠤ᠋ᠨ ᠬᠣᠶᠠᠷ ᠬᠠᠵᠠᠭᠤ ᠪᠠᠷ ᠰᠥᠬᠥᠷᠡᠨ ᠰᠠᠭᠤᠵᠤ ᠬᠦᠯᠢᠶᠡᠨ᠎ᠡ᠃ ᠲᠥᠷᠥ ᠶ᠋ᠢᠨ ᠳᠡᠭᠡᠳᠦ ᠠᠯᠪᠠᠨ ᠤ᠋ ᠲᠡᠷᠡ ᠬᠥᠮᠦᠰ ᠨᠢ ᠠᠷᠤ ᠳ᠋ᠠᠭᠠᠨ ᠬᠢᠶ᠎ᠡ ᠳᠠᠭᠠᠭᠤᠯ ᠤ᠋ᠳ ᠲᠠᠢ ᠵᠤᠤᠵᠠ ᠪᠠᠷ ᠶᠤᠮ ᠤᠤ᠂ ᠡᠰᠡᠪᠡᠯ ᠰᠡᠦᠬᠡ ᠲᠡᠷᠭᠡ ᠲᠡᠢ ᠬᠠᠢᠪᠠᠩ ᠳᠠᠢᠪᠠᠩ ᠨᠠᠮᠪᠠᠭᠠᠨᠠᠨ ᠥᠩᠭᠡᠷᠡᠨ᠎ᠡ᠃ ᠲᠡᠷᠡ ᠳᠣᠣᠷᠠᠬᠠᠨ ᠢ᠋ᠶ᠋ᠠᠨ ᠨᠢᠭᠡ ᠬᠢᠶ᠎ᠡ ᠨᠢ ᠪᠤᠴᠠᠨ ᠳᠠᠪᠬᠢᠵᠤ ᠢᠷᠡᠨ《ᠲᠠ ᠨᠠᠷ ᠶᠠᠭᠤᠨ ᠤᠯᠤᠰ ᠪᠣᠢ? ᠶᠠᠭᠤᠨ ᠤ᠋ ᠤᠴᠢᠷ ᠡᠵᠡᠨᠲᠡᠨ ᠦ᠌ ᠵᠠᠮ ᠲᠤᠰᠪᠠ?》 ᠭᠡᠵᠦ ᠠᠰᠠᠭᠤᠬᠤ ᠳ᠋ᠤ᠌ ᠨᠥᠭᠥᠭᠡᠳᠦᠭᠦᠯᠡ᠄
— ᠵᠠ ᠪᠢᠳᠡ᠁ ᠭᠡᠵᠦ ᠦᠭᠡ ᠪᠡᠨ ᠡᠬᠢᠯᠡᠨ ᠬᠠᠮᠢᠭᠠᠬᠢ ᠶ᠋ᠢᠨ ᠬᠥᠮᠦᠰ ᠪᠣᠯᠬᠤ ᠪᠠᠨ ᠥᠭᠦᠯᠡᠭᠡᠳ《ᠡᠵᠡᠨᠲᠡᠨ ᠳ᠋ᠦ᠍ ᠬᠡᠰᠢᠭ ᠬᠠᠢᠷᠠᠯᠠᠬᠤ ᠶ᠋ᠢ ᠠᠢᠯᠠᠳᠤᠨ᠎ᠠ ᠤᠤ》 ᠭᠡᠬᠦ ᠳ᠋ᠦ᠍ ᠬᠢᠶ᠎ᠡ ᠳᠠᠪᠬᠢᠨ ᠣᠳᠤᠨ᠎ᠠ᠃ ᠲᠡᠭᠡᠭᠡᠳ ᠮᠠᠷᠭᠠᠰᠢ ᠨᠢ ᠶᠦᠮ ᠤᠤ ᠡᠰᠡᠪᠡᠯ ᠲᠡᠷᠡ ᠣᠷᠣᠢ ᠳ᠋ᠠᠭᠠᠨ《ᠡᠵᠡᠨᠲᠡᠨ ᠲᠠ ᠨᠠᠷ ᠲᠤ ᠬᠣᠶᠠᠷ ᠬᠥᠮᠦᠨ ᠦ᠌ ᠳᠤᠮᠳᠠ ᠨᠢᠭᠡ ᠦᠬᠡᠷ ᠦ᠋ᠨ ᠭᠡᠳᠡᠰᠦ ᠳᠣᠲᠣᠷ᠎ᠠ ᠡᠰᠡᠪᠡᠯ ᠬᠥᠮᠦᠨ ᠳᠣᠳᠣᠮ ᠳ᠋ᠤ᠌ ᠬᠣᠨᠢᠨ ᠤ᠋ ᠭᠡᠳᠡᠰᠦ ᠬᠠᠢᠷᠠᠯᠠᠬᠤ ᠪᠠᠷ ᠬᠡᠰᠢᠭ ᠪᠠᠭᠤᠯᠭᠠᠪᠠ》 ᠭᠡᠵᠦ ᠵᠠᠷ ᠢᠷᠡᠨ᠎ᠡ᠃
ᠲᠡᠷᠡ ᠪᠦᠬᠦᠨ ᠳᠡᠭᠡᠷ᠎ᠡ ᠥᠭᠡᠯᠦᠯᠭᠡ ᠶ᠋ᠢᠨ ᠬᠢᠨ ᠪᠠᠶᠠᠷᠯᠠᠨ᠎ᠠ᠃ ᠬᠠᠭᠠᠰ ᠥᠷᠲᠡᠭᠡ ᠭᠠᠷᠤᠢ ᠵᠠᠢ ᠲᠠᠢ ᠬᠢᠶᠠᠭᠲᠤ ᠣᠷᠣᠨ᠂ ᠮᠠᠯ ᠨᠢᠳᠤᠯᠭᠠᠨ ᠤ᠋ ᠭᠠᠵᠠᠷ ᠣᠴᠢᠨ ᠤᠭ ᠬᠡᠰᠢᠭ ᠢ᠋ ᠬᠦᠯᠢᠶᠡᠨ ᠠᠪᠴᠤ ᠡᠭᠦᠷᠭᠡᠯᠡᠨ ᠢᠨᠢᠶᠡᠯᠳᠦᠨ ᠪᠤᠴᠠᠵᠤ ᠢᠷᠡᠨ᠎ᠡ᠃
ᠨᠠᠮᠤᠷ ᠤ᠋ᠨ ᠤᠯᠠᠷᠢᠯ ᠥᠩᠭᠡᠷᠡᠵᠦ ᠬᠦᠢᠲᠡᠨ ᠰᠡᠷᠢᠭᠦᠨ ᠵᠠᠯᠭᠠᠨ ᠢᠷᠡᠬᠦ ᠳ᠋ᠦ᠍ ᠴᠥᠮ ᠭᠠᠭᠴᠠ ᠰᠢ ᠶ᠋ᠢᠨ ᠪᠠᠢᠰᠢᠩ ᠳ᠋ᠤ᠌ ᠴᠢᠭᠴᠢᠡᠯᠳᠤᠨ ᠬᠣᠷᠭᠣᠳᠠᠬᠤ ᠠ᠋ᠴᠠ ᠥᠭᠡᠷ᠎ᠡ ᠠᠷᠭ᠎ᠠ ᠦᠭᠡᠢ ᠪᠣᠯᠤᠯ᠎ᠠ᠃ ᠵᠤᠤᠬ᠎ᠠ ᠶᠠᠩᠳᠤᠩ ᠤ᠋ᠨ ᠵᠦᠢᠯ ᠬᠠᠮᠢᠭ᠎ᠠ ᠪᠠᠢᠬᠤ ᠪᠢᠯᠡ᠃ ᠬᠣᠭᠣᠯᠠ ᠤᠮᠳᠠ ᠶ᠋ᠢᠨ ᠭᠠᠯ ᠢ᠋ ᠬᠤᠪᠢ ᠬᠤᠪᠢ ᠳ᠋ᠠᠭᠠᠨ ᠵᠠᠳᠠᠭᠠᠢ ᠲᠦᠯᠡᠬᠦ ᠤᠴᠢᠷ ᠪᠠᠢᠰᠢᠩ ᠳᠦᠭᠦᠷᠡᠩ ᠮᠠᠢ᠃ ᠨᠠᠷᠠᠰᠤᠨ ᠮᠣᠳᠣᠨ ᠤ᠋ ᠤᠲᠤᠭ᠎ᠠ ᠭᠠᠰᠢᠭᠤᠨ ᠪᠣᠯᠤᠭᠠᠳ ᠬᠦ ᠲᠣᠷᠲᠣᠭ ᠨᠢ ᠬᠢᠵᠠᠭᠠᠷ ᠦᠭᠡᠢ᠃ ᠥᠬᠡᠯᠦᠯᠭᠡ ᠶ᠋ᠢᠨ ᠭᠡᠷ ᠪᠦᠯᠢ ᠲᠠᠢᠵᠠᠨ ᠤ᠋ ᠠᠷᠤ ᠶ᠋ᠢᠨ ᠰᠢᠴᠢᠳ ᠦ᠋ᠨ ᠬᠤᠪᠴᠠᠰᠤᠯᠠᠬᠤ ᠳ᠋ᠤ᠌ ᠵᠣᠷᠢᠭᠤᠯᠤᠭᠳᠠᠭᠰᠠᠨ ᠲᠤᠰᠬᠠᠢ ᠲᠠᠰᠤᠯᠭᠠᠨ ᠳ᠋ᠤ᠌《ᠮᠡᠩᠭᠡᠲᠦ》 ᠬᠡᠮᠡᠬᠦ ᠬᠥᠮᠦᠨ ᠦ᠌ ᠭᠡᠷ ᠪᠦᠯᠢ ᠲᠡᠢ ᠨᠡᠢᠯᠡᠨ ᠰᠠᠭᠤᠬᠤ ᠪᠣᠯᠪᠠᠴᠤ ᠬᠠᠭᠠᠯᠭ᠎ᠠ ᠬᠠᠲᠠᠪᠴᠢ ᠪᠠᠷ ᠨᠢ ᠭᠠᠰᠢᠭᠤᠨ ᠤᠲᠤᠭ᠎ᠠ ᠨᠡᠪᠲᠡᠷᠡᠨ ᠣᠷᠣᠵᠤ ᠢᠷᠡᠨ᠎ᠡ᠃ ᠲᠡᠷᠡ ᠳᠤᠮᠳᠠ ᠥᠭᠡᠯᠦᠯᠭᠡ ᠶᠣᠰᠣᠲᠠᠢ ᠯᠠ ᠳᠠᠯᠠᠪᠴᠢ ᠬᠤᠭᠤᠷᠠᠨ ᠭᠠᠵᠠᠷ ᠤᠨᠠᠭᠰᠠᠨ ᠪᠦᠷᠭᠦᠳ ᠰᠢᠭ ᠭᠤᠳᠤᠷᠠᠨ ᠰᠠᠭᠤᠨ᠎ᠠ᠃ ᠴᠢᠬᠢᠨ ᠳ᠋ᠦ᠍ᠨᠢ ᠥᠯᠥᠰᠬᠦᠯᠡᠩ ᠪᠠᠭᠠᠴᠤᠳ ᠤ᠋ᠨ ᠤᠬᠢᠯᠠᠬᠤ᠂ ᠡᠮᠡᠭᠡᠳ ᠬᠥᠭᠰᠢᠳ ᠦ᠋ᠨ ᠭᠠᠰᠠᠯᠠᠩ ᠭᠠᠩᠭᠢᠨᠠᠭᠠ ᠲᠠᠰᠤᠷᠠᠯᠲᠠ ᠦᠭᠡᠢ ᠰᠣᠨᠣᠰᠳᠠᠨ᠎ᠠ᠃
ᠨᠢᠭᠡ ᠡᠳᠦᠷ ᠤᠷᠢᠳ ᠡᠮᠦᠨ᠎ᠡ ᠦᠵᠡᠭᠳᠡᠭᠡ ᠦᠭᠡᠢ ᠥᠴᠦᠬᠡᠨ ᠠᠮᠢᠲᠠᠨ ᠤ᠋ ᠤᠬᠢᠯᠠᠬᠤ ᠰᠣᠨᠣᠰᠳᠠᠪᠠ᠃ ᠡᠨᠡ ᠶᠠᠭᠤ ᠪᠣᠢ? ᠬᠥᠮᠦᠨ! ᠰᠢᠨ᠎ᠡ ᠬᠥᠮᠦᠨ᠃ ᠢᠩᠭᠢᠵᠦ ᠶᠠᠳᠠᠷᠠᠯ ᠵᠦᠳᠡᠭᠦᠷᠡᠯ ᠦ᠋ᠨ ᠲᠤᠢᠯ ᠳ᠋ᠤ᠌ ᠬᠦᠷᠴᠦ ᠶᠠᠪᠤᠬᠤ ᠳ᠋ᠤ᠌ ᠪᠠᠰᠠ ᠡᠷ᠎ᠡ ᠲᠥᠷᠥᠵᠦ ᠪᠠᠢᠨ᠎ᠠ᠃ ᠬᠡᠨ ᠡᠴᠡ ᠲᠡᠷᠡ ᠪᠣᠢ? ᠠᠷᠪᠠᠨ ᠨᠠᠢ᠍ᠮᠠᠲᠠᠢ ᠥᠨᠥᠴᠢᠨ ᠥᠬᠢᠨ ᠡᠴᠡ᠃ ᠡᠴᠢᠭᠡ ᠨᠢ ᠬᠡᠨ ᠪᠣᠢ? ᠪᠠᠢᠬᠤ ᠦᠭᠡᠢ᠃ ᠳᠡᠭᠡᠳᠦ ᠦᠳᠡ ᠬᠣᠲᠠ ᠶ᠋ᠢᠨ ᠲᠡᠨᠳᠡ ᠬᠠᠯᠳᠠᠪᠤᠷᠢᠲᠤ ᠰᠢᠷᠦᠭᠦᠨ ᠲᠣᠮᠣᠭᠣ ᠪᠠᠷ ᠥᠩᠭᠡᠷᠡᠭᠰᠡᠨ᠃ ᠭᠡᠪᠡᠴᠦ ᠥᠭᠡᠯᠦᠯᠭᠡ ᠪᠠᠶᠠᠷᠯᠠᠪᠠ᠃ ᠶᠠᠭᠤᠨ ᠳ᠋ᠤ᠌ ᠲᠡᠷᠡ ᠪᠣᠢ? ᠡᠷᠬᠡ ᠦᠭᠡᠢ ᠬᠥᠮᠦᠨ ᠪᠣᠯᠭᠠᠵᠤ ᠪᠣᠯᠤᠨ᠎ᠠ ᠪᠠᠢᠬᠤ ᠭᠡᠬᠦ ᠳ᠋ᠡᠭᠡᠨ ᠲᠡᠷᠡ ᠠᠵᠢ᠃ ᠡᠬᠡ ᠨᠢ ᠪᠠᠰᠠ ᠪᠠᠶᠠᠷ ᠲᠠᠢ ᠪᠠᠢᠨ᠎ᠠ᠃ ᠶᠠᠭᠤᠨ ᠳ᠋ᠤ᠌ ᠲᠡᠷᠡ ᠪᠣᠢ?! ᠡᠮ᠎ᠡ ᠬᠥᠮᠦᠨ ᠬᠡᠦᠬᠡᠳ ᠲᠥᠷᠥᠭᠦᠯᠬᠦ ᠬᠤᠪᠢ ᠵᠠᠶᠠᠭ᠎ᠠ ᠲᠠᠢ ᠪᠥᠭᠡᠳ ᠲᠡᠭᠦᠨ ᠢ᠋ᠶ᠋ᠡᠨ ᠡᠩᠬᠦᠷᠡᠢᠯᠡᠨ ᠬᠠᠢᠷᠠᠯᠠᠬᠤ ᠶᠣᠰᠣᠲᠠᠢ ᠤᠴᠢᠷ ᠠ᠋ᠴᠠ ᠲᠡᠷᠡ! ᠥᠭᠡᠷ᠎ᠡ ᠬᠡᠨ ᠴᠦ᠍ ᠪᠠᠶᠠᠷᠯᠠᠭᠰᠠᠨ ᠦᠭᠡᠢ᠃
ᠮᠠᠷᠭᠠᠰᠢ ᠨᠢ ᠪᠣᠭᠳᠠ ᠶ᠋ᠢᠨ ᠬᠦᠷᠢᠶᠡᠨ ᠡᠴᠡ ᠭᠠᠷᠤᠭᠰᠠᠨ ᠶᠡᠬᠡ ᠡᠯᠴᠢ ᠮᠣᠷᠢᠯᠠᠨ ᠢᠷᠡᠯ᠎ᠡ᠃ ᠡᠯᠴᠢ ᠭᠤᠸᠠᠢ ᠶ᠋ᠢᠨ ᠵᠠᠩ ᠲᠤᠩ ᠰᠠᠢᠬᠠᠨ᠂ ᠤᠴᠠᠷᠠᠭᠰᠠᠨ ᠪᠦᠬᠦᠨ ᠲᠡᠢ ᠠᠮᠤᠷ ᠡᠷᠢᠨ ᠢᠨᠢᠶᠡᠮᠰᠦᠭᠯᠡᠨ᠎ᠡ᠃ ᠡᠨᠡ ᠪᠣᠯ ᠡᠵᠡᠨ ᠬᠠᠭᠠᠨ ᠤ᠋ ᠵᠠᠷᠯᠢᠭ ᠢ᠋ ᠡᠪᠦᠷᠯᠡᠭᠰᠡᠨ ᠬᠥᠮᠦᠨ ᠪᠥᠭᠡᠳ ᠤᠭ ᠵᠠᠷᠯᠢᠭ ᠨᠢ ᠪᠦᠷ ᠴᠦ᠍ ᠡᠨᠡᠷᠢᠩᠭᠦᠢ᠃ ᠡᠯᠴᠢ ᠪᠦᠭᠦᠳᠡ ᠶ᠋ᠢ ᠡᠮᠦᠨ᠎ᠡ ᠪᠡᠨ ᠰᠥᠬᠥᠷᠡᠭᠦᠯᠦᠨ ᠰᠠᠭᠤᠯᠭᠠᠵᠤ ᠤᠩᠰᠢᠬᠤ ᠨᠢ ᠮᠠᠰᠢ ᠭᠠᠢᠬᠠᠯᠲᠠᠢ᠃ ᠥᠭᠡᠯᠦᠯᠭᠡ ᠶ᠋ᠢᠨ ᠬᠢᠨ ᠢ᠋ ᠬᠢᠶᠠᠭᠲᠤ ᠶ᠋ᠢᠨ ᠪᠠᠷᠠᠭᠤᠨ ᠬᠡᠰᠡᠭ ᠢ᠋ ᠬᠠᠷᠢᠭᠤᠴᠠᠨ ᠬᠠᠮᠠᠭᠠᠯᠠᠬᠤ ᠬᠣᠰᠢᠭᠤ ᠪᠣᠯᠭᠠᠨ ᠭᠠᠵᠠᠷ ᠵᠢᠭᠠᠵᠤ ᠥᠭᠭᠦᠭᠰᠡᠨ ᠲᠡᠳᠦᠢ ᠦᠭᠡᠢ᠂ ᠣᠳᠣ ᠥᠯᠥᠭᠡᠢ ᠲᠡᠢ ᠪᠠᠢᠭ᠎ᠠ ᠠ᠋ᠴᠠ ᠠᠪᠤᠭᠠᠳ ᠳᠠᠯ᠎ᠠ ᠨᠠᠶᠠ ᠬᠦᠷᠦᠭᠰᠡᠨ ᠭᠡᠪᠡᠴᠦ ᠢᠯᠭᠠᠭ᠎ᠠ ᠦᠭᠡᠢ ᠡᠷ᠎ᠡ ᠪᠦᠬᠦᠨ ᠳ᠋ᠦ᠍ ᠰᠠᠷ᠎ᠠ ᠳ᠋ᠤ᠌ ᠠᠷᠪᠠᠨ ᠶᠠᠩᠴᠢᠶᠠᠨ ᠤ᠋ ᠴᠠᠯᠢᠩ ᠣᠯᠭᠣᠰᠤᠭᠠᠢ ᠭᠡᠵᠡᠢ᠃
ᠦᠭᠡᠢ ᠶᠡᠷᠦ ᠡᠨᠡ ᠦᠨᠡᠨ ᠤᠤ? ᠦᠨᠡᠨ᠃ ᠡᠯᠴᠢ ᠭᠤᠸᠠᠢ ᠡᠵᠡᠨ ᠦ᠌ ᠵᠠᠷᠯᠢᠬ ᠲᠤ ᠮᠥᠷᠭᠥᠵᠡᠭᠡ ᠭᠡᠵᠦ ᠮᠥᠷᠭᠥᠭᠦᠯᠦᠭᠡᠳ᠂ ᠲᠤᠯᠤᠮ ᠲᠠᠢ ᠮᠥᠩᠭᠥ ᠠᠪᠴᠢᠷᠠᠨ ᠵᠠᠷᠯᠢᠭ ᠭᠠᠷᠤᠭᠰᠠᠨ ᠠ᠋ᠴᠠ ᠬᠣᠢᠰᠢᠬᠢ ᠰᠠᠷ᠎ᠠ ᠶ᠋ᠢᠨ ᠴᠠᠯᠢᠩ ᠭᠡᠵᠦ ᠠᠷᠪᠠ ᠠᠷᠪᠠ ᠪᠠᠷ ᠲᠣᠭᠠᠯᠠᠨ ᠡᠷ᠎ᠡ ᠪᠦᠷᠢ ᠶ᠋ᠢᠨ ᠭᠠᠷ ᠳᠡᠭᠡᠷ᠎ᠡ ᠲᠠᠯᠪᠢᠪᠠ᠃ ᠠᠷᠪᠠᠨ ᠮᠥᠩᠭᠥᠨ ᠶᠠᠩᠴᠢᠶᠠᠨ ᠶᠠᠳᠠᠷᠠᠭᠰᠠᠨ ᠠᠮᠢᠲᠠᠳ ᠲᠤ ᠬᠡᠴᠢᠨᠡᠭᠡᠨ ᠶᠡᠬᠡ ᠮᠥᠩᠭᠥ ᠪᠣᠢ? ᠠᠯᠠᠭᠠᠨ ᠳᠡᠭᠡᠷ᠎ᠡ ᠲᠠᠯᠪᠢᠬᠤ ᠨᠢ ᠲᠩᠷᠢ ᠶ᠋ᠢᠨ ᠨᠠᠷᠠᠨ ᠠᠯᠠᠭᠠᠨ ᠳ᠋ᠤ᠌ ᠣᠷᠣᠬᠤ ᠰᠢᠭ᠋᠃
ᠥᠴᠥᠭᠡᠳᠦᠷ ᠦ᠋ᠨ ᠭᠠᠷᠤᠭᠰᠠᠨ ᠮᠠᠨᠴᠤᠢ ᠲᠠᠢ ᠬᠡᠦᠬᠡᠳ ᠳᠡᠭᠡᠷ᠎ᠡ ᠡᠯᠴᠢ ᠭᠤᠸᠠᠢ ᠥᠪᠡᠷ ᠦ᠋ᠨ ᠭᠠᠷ ᠢ᠋ᠶ᠋ᠠᠷ ᠠᠷᠪᠠᠨ ᠶᠠᠩᠴᠢᠶᠠᠨ ᠲᠠᠯᠪᠢᠬᠤ ᠳ᠋ᠤ᠌ ᠬᠡᠨ ᠡᠰᠡ ᠪᠠᠶᠠᠷᠯᠠᠬᠤ ᠪᠣᠢ? ᠬᠡᠨ ᠪᠠᠶᠠᠷ ᠤ᠋ᠨ ᠬᠠᠯᠠᠭᠤᠨ ᠨᠢᠯᠪᠤᠰᠤ ᠪᠠᠨ ᠡᠰᠡ ᠲᠤᠰᠠᠯᠠᠭᠤᠯᠪᠠ᠃ ᠲᠡᠷᠡ ᠦᠭᠡᠢ ᠠ᠋᠃
ᠡᠵᠡᠨ ᠦ᠌ ᠵᠠᠷᠯᠢᠭ ᠲᠤ ᠪᠠᠰᠠ ᠥᠭᠡᠯᠦᠯᠭᠡ ᠶ᠋ᠢ ᠬᠣᠰᠢᠭᠤ ᠨᠣᠶᠠᠨ ᠡᠷᠭᠦᠮᠵᠢᠯᠡᠭᠡᠳ ᠰᠠᠷ᠎ᠠ ᠪᠦᠷᠢ ᠲᠠᠪᠢᠨ ᠶᠠᠩᠴᠢᠶᠠᠨ ᠤ᠋ ᠴᠠᠯᠢᠩ ᠣᠯᠭᠣᠰᠤᠭᠠᠢ ᠭᠡᠵᠦ ᠪᠠᠢᠭᠰᠠᠨ ᠪᠢᠯᠡ᠃
ᠡᠯᠴᠢ ᠥᠭᠡᠯᠦᠯᠭᠡ ᠳ᠋ᠦ᠍ ᠲᠠᠪᠢᠨ ᠶᠠᠩᠴᠢᠶᠠᠨ ᠭᠠᠷᠳᠠᠭᠤᠯᠤᠨ ᠥᠭᠭᠦᠭᠡᠳ᠄
— ᠨᠣᠶᠠᠨᠲᠠᠨ ᠲᠠ ᠡᠨᠡ ᠰᠠᠷ᠎ᠠ ᠶ᠋ᠢᠨ ᠳᠣᠲᠣᠷ᠎ᠠ ᠪᠣᠭᠳᠠ ᠡᠵᠡᠨᠲᠡᠨ ᠳ᠋ᠦ᠍ ᠪᠠᠷᠠᠭᠠᠯᠬᠠᠵᠤ ᠵᠡᠷᠭᠡ ᠵᠢᠩᠰᠡ ᠬᠦᠯᠢᠶᠡᠨ ᠬᠦᠷᠲᠡᠨ᠎ᠡ ᠰᠢᠦ ᠳᠡ ᠭᠡᠪᠡ᠃
ᠦᠭᠡᠯᠦᠯᠭᠡ《ᠵᠠ》 ᠭᠡᠳ ᠣᠴᠢᠨ ᠪᠠᠷᠠᠭᠠᠯᠬᠠᠬᠤ ᠳ᠋ᠤ᠌ ᠡᠮᠦᠰᠬᠦ ᠳᠡᠪᠡᠯ ᠬᠤᠪᠴᠠᠰᠤ ᠦᠭᠡᠢ ᠪᠡᠨ ᠪᠣᠳᠣᠵᠤ ᠪᠠᠢᠲᠠᠯ᠎ᠠ᠄
— ᠪᠣᠭᠳᠠ ᠳ᠋ᠤ᠌ ᠪᠠᠷᠠᠭᠠᠯᠬᠠᠬᠤ ᠳ᠋ᠠᠭᠠᠨ ᠲᠠ ᠮᠠᠨᠳᠠᠯ ᠡᠷᠭᠦᠨ᠎ᠡ ᠰᠢᠦ ᠳᠡ᠃
— ᠵᠠ ᠭᠡᠳ ᠮᠠᠨᠳᠠᠯ ᠡᠷᠭᠦᠬᠦ ᠳ᠋ᠦ᠍ ᠶᠠᠭᠤ ᠣᠷᠣᠳᠠᠭ ᠰᠠᠨ ᠪᠣᠯ?
— ᠵᠡᠷᠭᠡ ᠵᠢᠩᠰᠡ ᠬᠦᠯᠢᠶᠡᠵᠦ ᠬᠦᠷᠲᠡᠬᠦ ᠮᠠᠨᠳᠠᠯ ᠳᠠ 2500 ᠠ᠋ᠴᠠ ᠳᠣᠷᠣᠭᠰᠢ ᠦᠭᠡᠢ ᠶᠠᠩᠴᠢᠶᠠᠨ ᠪᠣᠯ ᠵᠦᠭᠡᠷ ᠰᠠᠨ ᠭᠡᠵᠦ ᠡᠯᠴᠢ ᠲᠠᠢᠪᠤᠩ ᠢ᠋ᠶ᠋ᠠᠷ ᠥᠭᠦᠯᠡᠪᠡ᠃ (2500!)᠂ ᠥᠭᠡᠯᠦᠯᠭᠡ ᠶ᠋ᠢᠨ ᠰᠡᠳᠬᠢᠯ ᠳ᠋ᠦ᠍ ᠡᠭᠦᠯᠡ ᠮᠠᠨᠠᠨ ᠪᠣᠰᠬᠤ ᠰᠢᠭ᠋ ᠪᠣᠯᠬᠤ ᠪᠠᠯᠪᠠᠵᠤ《ᠵᠠ》 ᠭᠡᠯᠡ᠃
ᠭᠡᠪᠡᠴᠦ ᠥᠭᠡᠯᠦᠯᠭᠡ ᠣᠳᠣ ᠨᠣᠶᠠᠨ᠂ ᠬᠣᠲᠠᠯᠠ ᠬᠣᠰᠢᠭᠤ᠂ ᠭᠠᠵᠠᠷ ᠨᠤᠲᠤᠭ ᠶᠠᠭᠤᠮ᠎ᠠ ᠪᠦᠬᠦᠨ ᠲᠡᠢ ᠶᠣᠰᠣᠲᠠᠢ ᠨᠣᠶᠠᠨ ᠪᠣᠯᠤᠭᠰᠠᠨ ᠤᠴᠢᠷ ᠮᠡᠬᠦᠢᠨ ᠰᠥᠭᠥᠳᠬᠦ ᠦᠭᠡᠢ ᠬᠡᠨ ᠪᠠᠢᠬᠤ ᠪᠢᠯᠡ᠃ ᠲᠡᠷᠡ ᠳᠤᠮᠳᠠ ᠠ᠋ᠴᠠ ᠬᠢᠶᠠᠭᠲᠤ ᠶ᠋ᠢᠨ ᠬᠡᠳᠦᠨ ᠪᠠᠶᠠᠨ ᠫᠦᠰᠡ ᠨᠤᠭᠤᠳ ᠲᠤᠰ ᠪᠦᠷᠢᠨ᠎ᠡ ᠲᠦᠩᠰᠢᠯᠡᠬᠦ ᠶ᠋ᠢ ᠪᠣᠳᠣᠨ ᠲᠣᠯᠢᠭᠠᠨᠠᠵᠠᠭᠠᠬᠤ ᠪᠥᠭᠡᠳ ᠥᠭᠡᠯᠥᠯᠭᠡ ᠲᠡᠳᠡᠨ ᠡᠴᠡ ᠬᠡᠷᠡᠭᠯᠡᠭᠳᠡᠬᠦ ᠮᠥᠩᠭᠥ ᠶᠠᠩᠴᠢᠶᠠᠨ ᠵᠢᠭᠡᠯᠡᠨ ᠠᠪᠴᠤ ᠪᠣᠭᠳᠠ ᠳ᠋ᠤ᠌ ᠪᠠᠷᠠᠭᠠᠯᠬᠠᠪᠠ᠃ ᠥᠪᠡᠷ ᠦ᠋ᠨ ᠢ᠋ᠶ᠋ᠡᠨ ᠶᠠᠰᠤ ᠦᠨᠳᠦᠰᠦᠲᠡᠨ ᠦ᠌ ᠭᠠᠷᠤᠯ ᠡᠭᠦᠰᠦᠯ ᠪᠠ ᠬᠠᠯᠬ᠎ᠠ ᠣᠷᠣᠨ ᠢ᠋ ᠲᠡᠮᠡᠴᠡᠨ ᠢᠷᠡᠭᠰᠡᠨ ᠦ᠌ ᠪᠡᠨ ᠤᠴᠢᠷ ᠰᠢᠯᠲᠠᠭᠠᠨ ᠢ᠋ ᠠᠢᠯᠠᠳᠬᠠᠨ ᠮᠥᠷᠭᠥᠬᠦ ᠳ᠋ᠦ᠍ ᠪᠣᠭᠳᠠ ᠲᠡᠳᠦᠢ ᠯᠡ ᠣᠯᠠᠨ ᠴᠤ᠌ ᠶᠠᠭᠤᠮ᠎ᠠ ᠠᠢᠯᠠᠳᠤᠭᠰᠠᠨ ᠦᠭᠡᠢ᠂《ᠵᠠ ᠪᠢ ᠮᠠᠨᠵᠤ ᠬᠢᠲᠠᠳ ᠤ᠋ᠨ ᠡᠰᠡᠷᠭᠦ ᠲᠡᠮᠡᠴᠡᠵᠦ ᠶᠠᠪᠤᠭᠠᠳ ᠡᠴᠦᠰ ᠲᠦ᠋ᠨᠢ ᠡᠨᠡ ᠦᠨᠳᠦᠰᠦ ᠤᠭᠰᠠᠭ᠎ᠠ ᠨᠢᠭᠡᠲᠦ ᠬᠠᠯᠬ᠎ᠠ ᠮᠣᠩᠭᠣᠯ ᠢ᠋ᠶ᠋ᠠᠨ ᠲᠡᠮᠡᠴᠡᠨ ᠢᠷᠡᠭᠰᠡᠨ ᠦ᠌ ᠴᠢᠨᠢ ᠬᠤᠪᠢ ᠳ᠋ᠤ᠌ ᠴᠢᠮ᠎ᠠ ᠳ᠋ᠤ᠌ ᠢᠲᠡᠭᠡᠵᠦ ᠪᠠᠢᠨ᠎ᠠ᠃ ᠣᠳᠣ ᠤᠷᠢᠳᠠ ᠵᠦᠭ ᠡᠴᠡ ᠪᠠᠬᠠᠨ ᠬᠢᠲᠠᠳ ᠬᠠᠷ᠎ᠠ ᠴᠡᠷᠢᠭ ᠳᠤᠷᠠᠨ ᠤᠯᠤᠰ ᠤ᠋ᠨ ᠬᠢᠯᠢ ᠬᠢᠵᠠᠭᠠᠷ ᠢ᠋ ᠨᠡᠪᠲᠡᠷᠡᠨ ᠣᠷᠣᠵᠤ ᠢᠷᠡᠭᠡᠳ ᠪᠠᠢᠨ᠎ᠠ᠃ ᠪᠢ ᠴᠢᠮ᠎ᠠ ᠳ᠋ᠤ᠌ ᠬᠡᠳᠦᠨ ᠵᠠᠭᠤᠨ ᠰᠢᠯᠢᠳᠡᠭ ᠴᠡᠷᠢᠭ ᠥᠭᠭᠦᠶ᠎ᠡ᠂ ᠴᠢ ᠲᠡᠳᠡᠨ ᠢ᠋ ᠠᠪᠤᠨ ᠮᠣᠷᠳᠠᠵᠤ ᠲᠡᠷᠡ ᠬᠠᠷ᠎ᠠ ᠴᠡᠷᠢᠭ ᠢ᠋ ᠰᠥᠨᠥᠭᠡ!》 ᠭᠡᠵᠦ ᠵᠠᠷᠯᠢᠭ ᠪᠠᠭᠤᠯᠭᠠᠵᠠᠢ᠃
ᠡᠨᠡ ᠦᠶ᠎ᠡ ᠳ᠋ᠦ᠍ ᠬᠤᠵᠢᠷᠪᠤᠯᠤᠩ ᠬᠡᠮᠡᠬᠦ ᠭᠠᠵᠠᠷ ᠬᠣᠶᠠᠷ ᠮᠢᠩᠭᠠᠨ ᠮᠣᠩᠭᠣᠯ ᠴᠡᠷᠢᠭ ᠪᠠᠢᠭᠰᠠᠨ᠃ ᠲᠡᠳᠡ ᠠᠷᠠᠳ ᠲᠦᠮᠡᠨ ᠦ᠌ ᠳᠤᠮᠳᠠ ᠠ᠋ᠴᠠ ᠲᠠᠲᠠᠭᠳᠠᠭᠰᠠᠨ ᠠᠦ᠋ᠲ᠋ᠣᠨᠣᠮᠢᠲᠤ ᠮᠣᠩᠭᠣᠯ ᠤᠯᠤᠰ ᠤ᠋ᠨ ᠴᠡᠷᠢᠭ ᠭᠡᠬᠦ ᠪᠣᠯᠪᠠᠴᠤ ᠡᠮᠦᠰᠦᠭᠰᠡᠨ ᠬᠤᠪᠴᠠᠰᠤ᠂ ᠲᠣᠬᠣᠬᠤ ᠡᠮᠡᠭᠡᠯ ᠠᠮᠢ ᠬᠤᠪᠢ ᠶ᠋ᠢᠨ ᠪᠥᠭᠡᠳ ᠤᠷᠠᠩᠬᠠᠢ ᠨᠣᠣᠷᠠᠩᠬᠠᠢ᠃ ᠢᠳᠡᠬᠦ ᠬᠣᠭᠣᠯᠠ ᠶ᠋ᠢ ᠤᠯᠤᠰ ᠠ᠋ᠴᠠ ᠵᠠᠯᠭᠠᠭᠤᠯᠬᠤ ᠪᠣᠯᠪᠠᠴᠤ ᠲᠡᠷᠡ ᠨᠢ ᠪᠠᠢᠨ ᠪᠠᠢᠨ ᠲᠠᠰᠤᠷᠠᠨ᠎ᠠ᠃ ᠡᠳᠡ ᠴᠣᠬᠣᠮ ᠶᠠᠭᠤ ᠪᠠᠢᠬᠤ ᠪᠣᠢ? ᠭᠡᠪᠡᠯ ᠥᠯᠥᠰᠬᠦᠯᠡᠩ᠂ ᠤᠢᠳᠬᠠᠷ ᠬᠣᠶᠠᠷ᠃ ᠥᠯᠥᠨ ᠰᠢᠷᠣᠢ᠂ ᠬᠤᠷᠴᠠ ᠨᠠᠷᠠ᠂ ᠰᠢᠷᠦᠭᠦᠨ ᠰᠠᠯᠬᠢ ᠵᠡᠷᠭᠡ ᠳ᠋ᠦ᠍ ᠢᠳᠡᠭᠳᠡᠨ ᠪᠤᠬᠢᠨᠢᠳᠤᠭᠰᠠᠨ ᠠᠮᠢᠲᠠᠳ᠃ ᠭᠠᠭᠴᠠᠬᠠᠨ ᠤᠯᠤᠰ ᠣᠷᠣᠨ ᠢ᠋ᠶ᠋ᠠᠨ ᠬᠠᠮᠠᠭᠠᠯᠠᠬᠤ ᠭᠡᠰᠡᠨ ᠰᠡᠳᠬᠢᠯ ᠢ᠋ᠶ᠋ᠡᠷ ᠯᠡ ᠡᠨᠳᠡ ᠬᠣᠷᠭᠣᠳᠠᠨ᠎ᠠ᠃ ᠲᠡᠢᠮᠦ ᠰᠡᠳᠬᠢᠯ ᠦᠭᠡᠢ ᠨᠢ ᠠᠯᠢ ᠬᠡᠳᠦᠢᠨ ᠣᠷᠭᠣᠭᠠᠳ ᠣᠷᠣᠨ ᠨᠤᠲᠤᠭ ᠲᠠᠭᠠᠨ ᠣᠴᠢᠵᠠᠢ᠃ ᠨᠢᠭᠡ ᠡᠳᠦᠷ ᠴᠡᠷᠢᠭ ᠦ᠋ᠳ ᠦ᠋ᠨ ᠳᠤᠮᠳᠠ ᠡᠮᠡᠭᠡᠯ ᠬᠠᠵᠠᠭᠠᠷ ᠪᠠ ᠳᠡᠪᠡᠯ ᠬᠤᠪᠴᠠᠰᠤ ᠪᠦᠷᠢᠨ ᠲᠡᠢ ᠬᠥᠮᠦᠰ ᠢ᠋ ᠤᠷᠢᠳᠠ ᠵᠦᠭ ᠡᠴᠡ ᠬᠠᠯᠳᠠᠨ ᠢᠷᠡᠭᠰᠡᠨ ᠬᠢᠲᠠᠳ ᠴᠡᠷᠢᠭ ᠲᠡᠢ ᠪᠠᠢᠯᠳᠤᠭᠤᠯᠬᠤ ᠪᠠᠷ ᠮᠣᠷᠳᠠᠭᠤᠯᠤᠨ᠎ᠠ ᠭᠡᠵᠦ ᠵᠠᠷ ᠲᠠᠷᠠᠬᠤ ᠶ᠋ᠢ ᠲᠡᠳᠡ ᠠᠶᠤᠨ ᠰᠣᠴᠢᠬᠤ ᠪᠠᠷ ᠪᠢᠰᠢ᠂ ᠬᠠᠷᠢᠨ ᠪᠠᠶᠠᠷ ᠪᠠᠶᠠᠰᠬᠤᠯᠠᠩ ᠢ᠋ᠶ᠋ᠠᠷ ᠤᠭᠲᠤᠨ ᠠᠪᠤᠭᠰᠠᠨ ᠪᠥᠭᠡᠳ ᠳᠠᠷᠤᠢ ᠭᠤᠷᠪᠠᠨ ᠵᠠᠭᠤᠨ ᠡᠷᠡᠰ ᠬᠦᠰᠡᠯ ᠰᠠᠨᠠᠯ ᠢᠯᠡᠷᠬᠡᠢᠯᠡᠭᠰᠡᠨ ᠢ᠋ ᠰᠢᠯᠭᠠᠨ ᠦᠵᠡᠪᠡᠯ ᠵᠠᠭᠤᠭᠠᠳ ᠨᠢ ᠬᠡᠷᠡᠭᠯᠡᠯ ᠳᠤᠲᠠᠮᠠᠭ ᠠᠵᠢ᠃ ᠥᠭᠡᠯᠦᠯᠭᠡ ᠲᠡᠨᠳᠡ ᠡᠴᠡ ᠬᠣᠶᠠᠷ ᠵᠠᠭᠤᠨ ᠰᠠᠢᠨ ᠡᠷ᠎ᠡ ᠶ᠋ᠢ ᠰᠢᠯᠭᠠᠨ ᠠᠪᠴᠠᠢ᠃ ᠡᠳᠡᠨ ᠦ᠌ ᠳᠡᠭᠡᠷ᠎ᠡ ᠥᠪᠥᠷ ᠮᠣᠩᠭᠣᠯ ᠤ᠋ᠨ ᠡᠷᠬᠡ ᠴᠢᠯᠥᠭᠡᠨ ᠦ᠌ ᠪᠡᠨ ᠲᠥᠯᠥᠭᠡ ᠲᠡᠮᠡᠴᠡᠨ᠂ ᠦᠬᠦᠬᠦ ᠡᠴᠡ ᠪᠤᠰᠤᠳ ᠢ᠋ ᠪᠦᠷᠢᠨ ᠦᠵᠡᠭᠰᠡᠨ ᠳᠠᠯᠠᠭᠠᠳ ᠡᠷᠡᠰ ᠢ᠋ ᠨᠡᠢᠯᠡᠭᠦᠯᠦᠨ ᠪᠦᠬᠦ ᠴᠡᠷᠢᠭ ᠭᠤᠷᠪᠠᠨ ᠵᠠᠭᠤ ᠰᠢᠬᠠᠮ ᠪᠣᠯᠤᠭᠰᠠᠨ ᠤ᠋ ᠳᠣᠲᠣᠷ᠎ᠠ ᠭᠣᠣᠵᠤᠤ ᠪᠠᠭᠠᠲᠤᠷ ᠣᠷᠣᠯᠴᠠᠵᠠᠢ᠃ ᠥᠪᠡᠷ ᠦ᠋ᠨ ᠢ᠋ᠶ᠋ᠡᠨ ᠬᠥᠮᠦᠰ ᠡᠴᠡ ᠥᠭᠡᠯᠦᠯᠭᠡ ᠠᠷᠪᠠᠨ ᠬᠣᠶᠠᠷ ᠬᠥᠮᠦᠨ ᠠᠪᠴᠤ ᠶᠠᠪᠤᠭᠰᠠᠨ ᠤ᠋ ᠨᠢᠭᠡ ᠨᠢ ᠳᠠᠮᠫᠢᠯ ᠪᠢᠯᠡ᠃
1915 ᠣᠨ ᠤ᠋ ᠡᠪᠦᠯ ᠪᠠᠢᠯᠳᠤᠬᠤ ᠴᠡᠷᠢᠭ ᠲᠤᠩ ᠤ᠋ᠨ ᠶᠠᠩᠰᠢᠯᠲᠠ(ᠳᠠᠭᠤ) ᠪᠠᠷ ᠵᠢᠷᠭᠤᠭ᠎ᠠ ᠵᠢᠷᠭᠤᠭ᠎ᠠ ᠪᠠᠷ ᠡᠩᠨᠡᠨ ᠵᠢᠭᠰᠠᠵᠤ ᠠᠩᠬ᠎ᠠ ᠬᠥᠳᠡᠯᠬᠦ ᠳ᠋ᠦ᠍ ᠠᠷᠤ ᠳ᠋ᠤᠨᠢ ᠦᠯᠡᠳᠡᠬᠦ ᠬᠠᠨᠢ ᠨᠥᠬᠥᠳ ᠭᠣᠯᠣᠭᠳᠠᠨ ᠬᠣᠴᠣᠷᠴᠤ ᠪᠠᠢᠭ᠎ᠠ ᠳ᠋ᠠᠭᠠᠨ ᠰᠡᠳᠬᠢᠯ ᠭᠤᠲᠤᠷᠠᠬᠤ ᠪᠣᠯᠪᠠᠴᠤ ᠠᠰᠢᠳᠠ ᠶ᠋ᠢᠨ ᠪᠢᠯᠢᠭᠲᠦ ᠰᠠᠢᠨ ᠢ᠋ ᠢᠷᠥᠭᠡᠨ ᠱᠤᠤᠭᠢᠯᠳᠤᠬᠤ ᠨᠢ ᠶᠠᠪᠤᠭᠰᠠᠳ ᠤ᠋ᠨ ᠰᠡᠳᠬᠢᠯ ᠢ᠋ ᠨᠡᠩ ᠴᠤ᠌ ᠬᠥᠭᠵᠢᠭᠡᠪᠡ᠃ ᠲᠤᠤᠯᠠ ᠭᠣᠣᠯ ᠤ᠋ᠨ ᠮᠥᠰᠥᠨ ᠳᠡᠭᠡᠭᠦᠷ ᠲᠡᠳᠡ ᠮᠣᠷᠢᠳ ᠢ᠋ᠶ᠋ᠠᠨ ᠬᠠᠯᠲᠤᠷᠢᠭᠤᠯᠬᠤ ᠦᠭᠡᠢ ᠶ᠋ᠢ ᠬᠢᠴᠢᠶᠡᠨ ᠭᠠᠷᠤᠭᠠᠳ ᠴᠠᠭᠠᠨ᠎ᠠ ᠨᠢ ᠭᠠᠷᠤᠭᠰᠠᠨ ᠤ᠋ ᠬᠣᠢᠨ᠎ᠠ᠂《ᠬᠠᠲᠤᠨ ᠡᠬᠡ ᠠᠬᠠᠢ ᠮᠢᠨᠢ᠂ ᠬᠠᠯᠠᠭᠤᠨ ᠠᠮᠢ ᠪᠦᠯᠢᠶᠡᠨ ᠴᠢᠰᠤ ᠶ᠋ᠢ ᠨᠢ ᠮᠡᠳᠡᠲᠦᠭᠡᠢ》 ᠭᠡᠵᠦ ᠬᠠᠰᠬᠢᠷᠤᠯᠳᠤᠪᠠ᠃
ᠡᠳᠡ ᠪᠣᠯ ᠶᠣᠰᠣᠲᠠᠢ ᠡᠷᠡᠰ᠃ ᠬᠤᠵᠢᠷᠪᠤᠯᠤᠩ ᠳ᠋ᠤ᠌ ᠬᠣᠷᠢᠭᠳᠠᠨ ᠰᠠᠭᠤᠭᠰᠠᠨ ᠢ᠋ ᠨᠢ ᠬᠡᠯᠡᠪᠡᠯ ᠠᠭᠤᠯᠠ ᠶ᠋ᠢᠨ ᠪᠦᠷᠭᠦᠳ ᠭᠢᠨᠵᠢᠯᠡᠭᠳᠡᠨ ᠪᠣᠢᠯᠠᠭᠳᠠᠵᠤ ᠪᠠᠢᠭᠰᠠᠨ ᠤ᠋ ᠠᠳᠠᠯᠢ ᠲᠡᠨᠳᠡ ᠡᠴᠡ ᠠᠱ᠌ᠢᠭᠦᠢ ᠨᠢᠭᠡ ᠮᠤᠯᠲᠤᠷᠠᠨ ᠭᠠᠷᠤᠭᠰᠠᠨ ᠪᠣᠯ᠂ ᠭᠢᠨᠵᠢ ᠲᠠᠰᠤᠷᠠᠨ ᠠᠭᠠᠷ ᠲᠤ ᠬᠥᠭᠡᠷᠬᠦ ᠠᠳᠠᠯᠢ᠃ ᠭᠡᠪᠡᠴᠦ ᠪᠤᠢᠯᠠᠭᠰᠠᠨ ᠪᠦᠷᠭᠦᠳ ᠶᠠᠭᠤ ᠦᠵᠡᠭᠰᠡᠨ ᠤᠷᠤᠭᠤ ᠪᠠᠨ ᠳᠠᠭᠠᠷᠢᠬᠤ ᠠᠳᠠᠯᠢ ᠪᠢᠰᠢ᠂ ᠬᠠᠷᠢᠨ ᠠᠭᠤᠯᠠ ᠶ᠋ᠢᠨ ᠪᠦᠷᠭᠦᠳ ᠠᠩᠭᠠᠬᠠᠢ ᠪᠠᠨ ᠠᠭᠠᠷ ᠲᠤ ᠭᠠᠷᠬᠤ ᠲᠠᠢ ᠪᠣᠯᠬᠤ ᠶ᠋ᠢᠨ ᠬᠢᠨᠢ ᠨᠠᠭᠠᠨ᠎ᠠ ᠦᠷ᠎ᠡ ᠪᠡᠨ ᠦᠬᠦᠲᠡᠯ᠎ᠡ ᠪᠡᠨ ᠠᠮᠢ ᠲᠠᠯᠪᠢᠨ ᠬᠠᠮᠠᠭᠠᠯᠠᠬᠤ ᠠᠳᠠᠯᠢ ᠠᠯᠢᠪᠠ ᠨᠢᠭᠡ ᠲᠠᠯ᠎ᠠ ᠪᠠᠷ ᠠᠰᠤᠷᠤ ᠬᠣᠢᠨ᠎ᠠ ᠬᠣᠴᠣᠷᠤᠭᠰᠠᠨ ᠤᠯᠤᠰ ᠣᠷᠣᠨ ᠢ᠋ᠶ᠋ᠠᠨ ᠬᠠᠮᠠᠭᠠᠯᠠᠭᠴᠢᠳ ᠶᠤᠮ᠃ ᠲᠡᠷᠡ ᠦᠶ᠎ᠡ ᠶ᠋ᠢᠨ ᠶᠠᠮᠠᠷ ᠨᠢᠭᠡ ᠬᠦᠴᠦᠷᠬᠡᠭ ᠣᠷᠣᠨ ᠤ᠋ ᠬᠤᠪᠢ ᠵᠠᠶᠠᠭ᠎ᠠ ᠪᠠᠨ ᠮᠠᠰᠢᠳᠠ ᠥᠨᠳᠥᠷ ᠲᠦ᠍ ᠡᠷᠭᠦᠬᠦ ᠶ᠋ᠢᠨ ᠳᠡᠭᠡᠷ᠎ᠡ ᠤᠯᠤᠰ ᠣᠷᠣᠨ ᠤ᠋ ᠪᠠᠨ ᠡᠵᠡᠷᠬᠡᠢᠯᠡᠨ ᠲᠦᠷᠢᠮᠡᠬᠡᠢᠯᠡᠬᠦ ᠶᠠᠪᠤᠳᠠᠯ ᠢ᠋ ᠪᠠᠭ᠎ᠠ ᠪᠠᠭᠤᠷᠠᠢ ᠣᠷᠣᠨ ᠢ᠋ ᠤᠷᠤᠭᠰᠢ ᠲᠠᠪᠰᠢᠭᠤᠯᠬᠤ ᠢᠪᠡᠭᠡᠯᠲᠦ ᠬᠡᠷᠡᠭ ᠭᠡᠵᠦ ᠦᠵᠡᠳᠡᠭ ᠦᠨᠳᠦᠰᠦᠲᠡᠨ ᠦ᠌ ᠳᠡᠭᠡᠷᠡᠩᠭᠦᠢ ᠦᠵᠡᠯᠲᠡᠨ ᠦ᠌ ᠨᠢᠳᠦᠨ ᠳ᠋ᠦ᠍ ᠪᠣᠯ ᠪᠣᠯᠬᠢ ᠪᠦᠳᠦᠭᠦᠯᠢᠭ ᠪᠤᠵᠠᠷ ᠪᠣᠯᠠᠢ ᠠᠷᠪᠠᠨ ᠬᠡᠳᠦᠨ ᠮᠧᠲ᠋ᠷ ᠦ᠋ᠨ ᠬᠣᠯᠠ ᠠ᠋ᠴᠠ ᠮᠢᠬ᠎ᠠ ᠲᠣᠰᠣ ᠬᠥᠯᠥᠰᠥ ᠦᠨᠦᠷᠲᠦᠭᠰᠡᠨ ᠨᠢᠭᠡ ᠶᠣᠰᠣᠨ ᠤ᠋ ᠡᠷᠲᠡ ᠪᠠᠯᠠᠷ ᠴᠠᠭ ᠤ᠋ᠨ ᠠᠮᠢᠲᠠᠨ᠃ ᠭᠡᠪᠡᠴᠦ ᠦᠨᠡᠨ ᠴᠢᠨᠠᠷ ᠨᠢ ᠭᠡᠪᠡᠯ ᠰᠡᠳᠬᠢᠯ ᠰᠢᠯᠤᠭᠤᠨ᠂ ᠤᠬᠠᠭᠠᠨ ᠰᠡᠷᠭᠦᠯᠡᠩ᠂ ᠵᠣᠷᠢᠭ ᠴᠢᠩᠭ᠎ᠠ ᠪᠤᠰᠤᠳ ᠤ᠋ᠨ ᠡᠮᠦᠨ᠎ᠡ ᠲᠣᠯᠢᠭᠠᠨᠠᠵᠤ ᠪᠠᠢᠭᠠᠳ ᠬᠣᠢᠨ᠎ᠠ ᠨᠢ ᠭᠠᠷᠬᠤ ᠲᠠᠢ ᠪᠠᠨ ᠵᠡᠷᠭᠡ ᠬᠣᠢᠲᠤ ᠬᠣᠷᠮᠣᠢ ᠶ᠋ᠢ ᠣᠭᠲᠣᠯᠤᠨ ᠠᠪᠬᠤ ᠵᠠᠩᠰᠢᠯ ᠢ᠋ ᠳᠠᠩᠴᠤ ᠰᠤᠷᠤᠭᠰᠠᠨ ᠦᠭᠡᠢ᠃ ᠭᠠᠳᠠᠭᠠᠳᠤ ᠪᠠᠢᠳᠠᠯ ᠨᠢ ᠭᠡᠪᠡᠯ ᠬᠠᠷᠢᠨ ᠦᠨᠡᠬᠡᠷ ᠪᠣᠯᠬᠢ᠂ ᠡᠮᠦᠰᠦᠭᠰᠡᠨ ᠭᠤᠲᠤᠯ ᠨᠢ ᠬᠦᠷᠲᠡᠯ᠎ᠡ ᠡᠲᠡᠭᠡᠳ ᠬᠠᠴᠢᠨ ᠪᠣᠯᠪᠠᠴᠤ ᠪᠤᠰᠤᠳ ᠲᠤ ᠬᠠᠯᠳᠠᠪᠤᠷᠢᠯᠠᠬᠤ ᠡᠪᠡᠳᠴᠢᠨ ᠦᠭᠡᠢ᠃ ᠬᠠᠷᠠᠭ᠎ᠠ ᠬᠤᠷᠴᠠ᠂ ᠰᠢᠳᠦ ᠡᠪᠡᠳᠬᠦ ᠶ᠋ᠢ ᠴᠦ᠍ ᠦᠵᠡᠭᠡ ᠦᠭᠡᠢ ᠤᠯᠤᠰ᠃ ᠠᠯᠲᠠ ᠮᠥᠩᠭᠥ ᠬᠣᠶᠠᠷ ᠲᠠᠢ ᠪᠣᠯ ᠬᠥᠮᠦᠨ ᠶᠠᠭᠤ ᠶ᠋ᠢ ᠴᠦ᠍ ᠬᠤᠳᠠᠯᠳᠤᠨ ᠠᠪᠴᠤ ᠪᠣᠯᠤᠨ᠎ᠠ ᠭᠡᠭᠴᠢ ᠶ᠋ᠢ ᠲᠡᠳᠡ ᠰᠠᠢᠨ ᠮᠡᠳᠡᠬᠦ ᠪᠣᠯᠪᠠᠴᠤ ᠠᠶᠠᠨ ᠲᠡᠢᠨ ᠦ᠌ ᠬᠥᠮᠦᠨ ᠳ᠋ᠦ᠍ ᠲᠡᠭᠦᠨ ᠰᠢᠭ ᠲᠡᠭᠡᠭᠡᠷ᠎ᠡ ᠲᠡᠢ ᠶᠠᠭᠤ ᠪᠠᠢᠬᠤ ᠪᠣᠢ! ᠭᠡᠵᠦ ᠬᠣᠭᠣᠷᠣ ᠵᠠᠭᠤᠷ᠎ᠠ ᠬᠡᠯᠡᠯᠴᠡᠨ᠎ᠡ᠃ ᠲᠣᠷᠭ᠎ᠠ ᠬᠣᠷᠭᠣᠢ ᠪᠠᠷ ᠪᠡᠶ᠎ᠡ ᠴᠢᠮᠡᠬᠦ ᠳᠤᠷ᠎ᠠ ᠲᠠᠢ ᠪᠣᠯᠪᠠᠴᠤ ᠲᠡᠢᠨ ᠪᠠᠢᠯᠳᠤᠭᠠᠨ ᠤ᠋ ᠬᠥᠮᠦᠨ ᠳ᠋ᠦ᠍ ᠭᠢᠯᠭᠠᠷᠲᠠᠨᠠ᠃
ᠥᠭᠡᠯᠦᠯᠭᠡ ᠵᠠᠩᠵᠤᠨ ᠤ᠋ ᠴᠡᠷᠢᠭ ᠠᠩᠬ᠎ᠠ ᠤᠳᠠᠭ᠎ᠠ ᠳᠠᠷᠢᠭᠠᠩᠭ᠎ᠠ ᠶ᠋ᠢᠨ ᠨᠤᠲᠤᠭ ᠳᠡᠪᠢᠰᠬᠡᠷ ᠳᠡᠭᠡᠷ᠎ᠡ ᠬᠢᠲᠠᠳ ᠴᠡᠷᠢᠭ ᠲᠡᠢ ᠲᠤᠯᠭᠠᠷᠠᠨ ᠪᠠᠢᠯᠳᠤᠪᠠ᠃ ᠲᠡᠳᠡᠨ ᠢ᠋ ᠲᠡᠨᠳᠡ ᠨᠢ ᠪᠦᠷᠢᠮᠦᠰᠦᠨ ᠤᠰᠠᠳᠬᠠᠵᠤ᠂ ᠶᠡᠬᠡᠩᠬᠢ ᠴᠡᠷᠢᠭ ᠪᠢᠷᠳᠡᠩᠭᠡ᠂ ᠵᠠᠷᠢᠮ ᠨᠢ ᠪᠦᠷ ᠴᠠᠬᠢᠭᠤᠷ ᠫᠤᠤ ᠲᠠᠢ ᠬᠦᠷᠲᠡᠯ᠎ᠡ ᠶᠠᠪᠤᠭᠰᠠᠨ ᠢ᠋ ᠰᠢᠨᠡᠳᠬᠡᠨ ᠰᠢᠨ᠎ᠡ ᠦᠶ᠎ᠡ ᠶ᠋ᠢᠨ ᠵᠡᠪᠰᠡᠭ ᠢ᠋ᠶ᠋ᠡᠷ ᠵᠡᠪᠰᠡᠭᠯᠡᠭᠰᠡᠨ ᠪᠥᠭᠡᠳ ᠮᠥᠨ ᠲᠡᠷᠡ ᠪᠠᠢᠯᠳᠤᠭᠠᠨ ᠠ᠋ᠴᠠ ᠣᠯᠵᠠᠯᠠᠭᠰᠠᠨ ᠦᠬᠡᠷ ᠫᠤᠤ᠂ ᠰᠤᠮᠤ(ᠫᠦᠯᠧᠮᠶᠣᠲ) ᠲᠤᠰ ᠪᠦᠷᠢ ᠨᠢᠭᠡ ᠶ᠋ᠢ ᠠᠰᠢᠭᠯᠠᠨ ᠴᠠᠭᠠᠰᠢ ᠲᠠᠪᠰᠢᠵᠤ ᠲᠤᠯᠤᠨ ᠨᠠᠭᠤᠷ ᠤ᠋ᠨ ᠬᠣᠢᠲᠤᠬᠢ ᠲᠩᠷᠢ ᠡᠯᠡᠰᠦ ᠭᠡᠳᠡᠭ ᠭᠠᠵᠠᠷ ᠬᠣᠶᠠᠳᠠᠬᠢ ᠤᠳᠠᠭ᠎ᠠ ᠶ᠋ᠢᠨ ᠲᠣᠮᠣ ᠳᠣᠯᠣᠭᠠᠨ ᠢ᠋ ᠬᠢᠪᠡ᠃ ᠲᠡᠭᠦᠨᠴᠡ ᠴᠠᠭᠠᠰᠢ ᠪᠠᠰᠠ ᠳᠠᠪᠰᠢᠨ ᠪᠢᠷᠠᠭᠤᠳᠤ ᠬᠣᠲᠠ ᠶ᠋ᠢ ᠮᠥᠨ ᠰᠦᠷᠡᠬᠡᠢ ᠰᠢᠷᠦᠭᠦᠨ ᠲᠤᠯᠤᠯᠳᠤᠭᠠᠨ ᠢ᠋ᠶ᠋ᠠᠷ ᠡᠵᠡᠯᠡᠪᠡ᠃ ᠠᠩᠬ᠎ᠠ ᠮᠣᠷᠳᠠᠭᠰᠠᠨ ᠠ᠋ᠴᠠ ᠠᠪᠤᠭᠠᠳ ᠣᠳᠣ ᠬᠦᠷᠬᠦ ᠪᠡᠷ ᠬᠣᠶᠠᠷ ᠵᠢᠯ ᠪᠣᠯᠵᠠᠢ᠃ ᠡᠴᠦᠰ ᠲᠦ᠋ᠨᠢ ᠣᠷᠣᠰ᠂ ᠬᠢᠲᠠᠳ᠂ ᠮᠣᠩᠭᠣᠯ ᠭᠤᠷᠪᠠᠨ ᠤᠯᠤᠰ ᠤ᠋ᠨ ᠣᠯᠢᠭᠲᠤ ᠬᠡᠯᠡᠯᠴᠡᠭᠡᠷ ᠪᠣᠯᠤᠭᠰᠠᠨ ᠪᠥᠭᠡᠳ ᠠᠦ᠋ᠲ᠋ᠣᠨᠣᠮᠢᠲᠤ ᠮᠣᠩᠭᠣᠯ ᠤ᠋ᠨ ᠪᠣᠳᠣᠯᠭ᠎ᠠ ᠥᠭᠡᠷᠡᠴᠢᠯᠡᠭᠳᠡᠨ ᠥᠭᠡᠯᠦᠯᠭᠡ ᠶ᠋ᠢᠨ ᠠᠩᠭᠢ ᠶ᠋ᠢ ᠡᠷᠭᠢᠭᠦᠯᠦᠨ ᠳᠠᠭᠤᠳᠠᠬᠤ ᠡᠯᠴᠢ ᠢᠯᠡᠭᠡᠭᠰᠡᠨ ᠠᠵᠢ᠃ ᠭᠡᠪᠡᠴᠦ ᠲᠡᠭᠡᠭᠡᠳ ᠲᠡᠢᠨ ᠵᠣᠭᠰᠣᠭᠰᠠᠨ ᠪᠢᠰᠢ᠂ ᠳᠠᠢᠰᠤᠨ ᠤ᠋ ᠠᠷᠤ ᠳ᠋ᠤ᠌ ᠬᠡᠳᠦ ᠣᠷᠣᠭᠰᠠᠨ ᠤᠴᠢᠷ ᠬᠠᠯᠬ᠎ᠠ ᠣᠷᠣᠨ ᠤ᠋ ᠪᠠᠨ ᠬᠢᠵᠠᠭᠠᠷ ᠲᠤ ᠣᠷᠣᠵᠤ ᠢᠷᠡᠬᠦ ᠬᠦᠷᠲᠡᠯ᠎ᠡ ᠰᠢᠪᠲᠤ ᠪᠠᠢᠯᠳᠤᠭᠰᠠᠭᠠᠷ ᠡᠴᠦᠰ ᠦ᠋ᠨ ᠳ᠋ᠦᠩ ᠳ᠋ᠦ᠍ ᠶᠡᠬᠡ ᠪᠠᠭ᠎ᠠ ᠲᠡᠢᠨ ᠳ᠋ᠦ᠍ ᠣᠷᠣᠭᠰᠠᠨ ᠢ᠋ᠶ᠋ᠠᠨ ᠲᠣᠭᠠᠯᠠᠵᠤ ᠦᠵᠡᠬᠦ ᠳ᠋ᠦ᠍ ᠵᠢᠷᠠ ᠭᠠᠷᠤᠢ ᠲᠣᠭᠠᠨ ᠳ᠋ᠤ᠌ ᠬᠦᠷᠬᠦ ᠪᠥᠭᠡᠳ ᠲᠡᠷᠡ ᠪᠦᠷᠢ ᠶ᠋ᠢ ᠨᠡᠷ᠎ᠡ ᠲᠥᠷᠥ ᠲᠡᠢ ᠳᠠᠪᠠᠨ ᠳᠣᠭᠣᠯᠵᠠᠢ᠃
ᠥᠪᠡᠷᠰᠡᠳ ᠢ᠋ ᠪᠡᠨ ᠲᠡᠳᠡ ᠦᠬᠦᠯ ᠦᠭᠡᠢ ᠮᠥᠩᠬᠡ ᠮᠡᠲᠦ ᠦᠵᠡᠨ ᠶᠠᠪᠤᠭᠰᠠᠭᠠᠷ ᠡᠭᠡᠵᠦ ᠢᠷᠡᠭᠰᠡᠨ ᠬᠣᠢᠨ᠎ᠠ ᠪᠠᠨ ᠦᠵᠡᠪᠡᠯ ᠠᠩᠬ᠎ᠠ ᠮᠣᠷᠳᠠᠭᠰᠠᠨ ᠭᠤᠷᠪᠠᠨ ᠵᠠᠭᠤᠨ ᠴᠡᠷᠢᠭ ᠦ᠋ᠨ ᠲᠠᠯ᠎ᠠ ᠬᠤᠪᠢ ᠨᠢ ᠠᠯᠠᠭᠳᠠᠭᠰᠠᠨ ᠪᠠᠢᠯ᠎ᠠ᠃ ᠡᠮᠦᠰᠦᠭᠰᠡᠨ ᠬᠤᠪᠴᠠᠰᠤ ᠬᠤᠨᠠᠷ ᠭᠡᠪᠡᠯ ᠥᠨᠥᠬᠢ ᠮᠠᠭᠤ ᠠ᠋ᠴᠠ ᠪᠠᠨ ᠤᠯᠠᠮ ᠳᠣᠷᠣᠢᠲᠠᠵᠠᠢ᠃ ᠪᠠᠷᠢᠭᠰᠠᠨ ᠲᠤᠭ ᠬᠦᠷᠲᠡᠯ᠎ᠡ ᠲᠩᠷᠢ ᠬᠥᠬᠡ ᠥᠩᠭᠡ ᠪᠡᠨ ᠠᠯᠲᠠᠨ ᠰᠢᠯᠪᠤᠷᠠᠭᠰᠠᠨ ᠪᠥᠭᠡᠳ ᠲᠡᠷᠡ ᠴᠠᠭ ᠲᠤ ᠬᠠᠯᠬ᠎ᠠ ᠮᠣᠩᠭᠣᠯ ᠠ᠋ᠴᠠ ᠲᠠᠪᠤᠨ ᠠᠩᠭᠢ ᠴᠡᠷᠢᠭ ᠣᠷᠣᠭᠰᠢ ᠭᠠᠷᠤᠨ ᠪᠠᠢᠯᠳᠤᠭᠰᠠᠨ ᠤ᠋ ᠬᠠᠮᠤᠭ ᠤ᠋ᠨ ᠠᠮᠢᠵᠢᠯᠲᠠ ᠲᠠᠢ ᠶᠠᠪᠤᠭᠰᠠᠨ ᠨᠢ ᠥᠭᠡᠯᠦᠯᠭᠡ ᠨᠣᠶᠠᠨ ᠤ᠋ ᠠᠩᠭᠢ ᠶᠤᠮ᠃
ᠭᠡᠪᠡᠴᠦ ᠲᠡᠢᠨ ᠪᠦᠷᠢ ᠠᠶᠤᠯᠲᠠᠢ᠂ ᠴᠡᠷᠢᠭ ᠪᠦᠷᠢ ᠨᠢᠭᠦᠯᠲᠡᠨ ᠭᠡᠭᠴᠢ ᠪᠡᠷ ᠲᠡᠳᠡ ᠬᠡᠳᠦᠢᠪᠡᠷ ᠡᠮᠡᠰ ᠥᠬᠢᠳ ᠢ᠋ ᠬᠦᠴᠦᠷᠬᠡᠢᠯᠡᠨ ᠳᠠᠷᠤᠯᠠᠬᠤ᠂ ᠡᠳ᠋ ᠮᠥᠩᠭᠥ ᠶ᠋ᠢ ᠪᠤᠯᠢᠶᠠᠨ ᠡᠪᠦᠷᠯᠡᠭᠡ ᠦᠭᠡᠢ ᠪᠣᠯᠪᠠᠴᠤ ᠡᠳᠦᠷ ᠳᠣᠳᠣᠮ ᠤ᠋ᠨ ᠬᠣᠭᠣᠯᠠ ᠬᠡᠷᠡᠭᠯᠡᠯ ᠢ᠋ ᠬᠠᠮᠢᠭ᠎ᠠ ᠲᠣᠬᠢᠶᠠᠯᠳᠤᠭᠰᠠᠨ ᠭᠠᠵᠠᠷ ᠠ᠋ᠴᠠ ᠪᠠᠨ ᠳᠤᠷ᠎ᠠ ᠵᠣᠷᠢᠭ ᠢ᠋ᠶ᠋ᠠᠷ ᠪᠤᠯᠢᠶᠠᠨ ᠳᠡᠭᠡᠷᠡᠮᠳᠡᠭᠰᠡᠨ᠂ ᠪᠠᠰᠠ ᠰᠤᠮᠤ ᠬᠡᠷᠡᠭᠯᠡᠯ ᠢ᠋ ᠶᠡᠬᠡᠪᠴᠢᠯᠡᠨ ᠲᠡᠢᠨ ᠡᠴᠡ ᠣᠯᠵᠠᠯᠠᠭᠰᠠᠨ ᠢ᠋ᠶ᠋ᠠᠷ ᠨᠥᠬᠥᠨ ᠵᠠᠯᠠᠭᠠᠬᠤ ᠤᠴᠢᠷ ᠠᠯᠠᠨ ᠬᠢᠳᠤᠬᠤ ᠤᠷᠤᠭᠤ ᠪᠡᠶ᠎ᠡ ᠪᠡᠶ᠎ᠡ ᠡᠴᠡ ᠥᠷᠢᠰᠦᠯᠳᠦᠨ ᠵᠢᠳᠬᠦᠵᠦ ᠶᠠᠪᠤᠯ᠎ᠠ᠃ ᠬᠡᠨ ᠰᠠᠢᠨ ᠪᠠᠢᠯᠳᠤᠪᠠᠯ ᠲᠡᠭᠦᠨ ᠦ᠌ ᠡᠪᠦᠷ ᠲᠦᠷᠡᠢ ᠳ᠋ᠦ᠍ ᠫᠤᠤᠳᠠᠬᠤ ᠰᠤᠮᠤ ᠬᠡᠳᠦᠨ ᠵᠠᠭᠤ ᠪᠠᠷ ᠪᠢᠰᠢ᠂ ᠬᠡᠳᠦᠨ ᠮᠢᠩᠭ᠎ᠠ ᠪᠠᠷ ᠱᠠᠵᠢᠭᠢᠨᠠᠨ ᠶᠠᠪᠤᠨ᠎ᠠ᠃ ᠬᠡᠨ ᠮᠠᠭᠤ ᠪᠠᠢᠯᠳᠤᠪᠠᠯ ᠬᠠᠵᠠᠭᠤ ᠶ᠋ᠢᠨ ᠢ᠋ᠶ᠋ᠡᠨ ᠨᠥᠬᠥᠳ ᠡᠴᠡ ᠵᠢᠭᠡᠯ ᠭᠣᠶᠣᠯ ᠬᠢᠨ ᠥᠷᠢ ᠰᠢᠷᠢᠨ ᠳ᠋ᠦ᠍ ᠣᠷᠣᠨ᠎ᠠ᠃ ᠶᠡᠷᠦ ᠲᠡᠳᠡᠨ ᠦ᠌ ᠡᠷᠬᠢᠮᠯᠡᠬᠦ ᠨᠢ ᠭᠠᠭᠴᠠᠬᠠᠨ ᠰᠤᠮᠤ᠂ ᠰᠤᠮᠤ ᠪᠠᠷ ᠮᠥᠷᠥᠢᠴᠡᠨ ᠨᠠᠭᠠᠳᠴᠤ ᠵᠤᠭᠠᠴᠠᠨ᠎ᠠ᠃ ᠬᠤᠳᠠᠯᠳᠤᠭ᠎ᠠ ᠮᠠᠢᠮᠠᠢ ᠴᠤ᠌ ᠬᠢᠨ᠎ᠡ᠃ ᠪᠠᠶᠠᠨ ᠬᠥᠮᠦᠨ ᠲᠠᠪᠤᠨ ᠬᠠᠭᠠᠨ ᠳ᠋ᠤ᠌ ᠨᠢᠭᠤᠷ ᠲᠠᠢ ᠭᠡᠭᠴᠢ ᠪᠡᠷ ᠳ᠋ᠠᠢᠵᠠᠲᠤ ᠰᠤᠮᠤ ᠨᠤᠭᠤᠳ ᠢ᠋ᠶ᠋ᠠᠷ ᠴᠡᠭᠡᠵᠢᠨ ᠪᠡᠶ᠎ᠡ ᠪᠡᠨ ᠬᠡᠳᠦᠨ ᠳᠠᠪᠬᠤᠷ ᠣᠷᠢᠶᠠᠨ ᠲᠡᠭᠦᠨ ᠢ᠋ᠶ᠋ᠡᠨ ᠳᠠᠭᠠᠭᠠᠵᠤ ᠶᠠᠳᠠᠬᠤ ᠮᠡᠲᠦ ᠲᠠᠬᠠᠯᠵᠠᠨ ᠬᠥᠳᠡᠯᠵᠦ ᠶᠠᠪᠤᠪᠠᠯ ᠬᠠᠵᠠᠭᠤ ᠶ᠋ᠢᠨ ᠨᠥᠬᠥᠳ ᠪᠠᠢᠲᠤᠭᠠᠢ ᠳᠡᠭᠡᠳᠦ ᠳᠠᠷᠤᠭ᠎ᠠ ᠪᠣᠯᠪᠠᠴᠤ ᠬᠦᠨᠳᠦᠳᠬᠡᠨ᠎ᠡ᠃
ᠠᠦ᠋ᠲ᠋ᠣᠨᠣᠮᠢᠲᠤ ᠮᠣᠩᠭᠣᠯ ᠤ᠋ᠨ ᠴᠡᠷᠢᠭ ᠡᠢᠮᠦ ᠪᠢᠯᠡ᠃ ᠲᠡᠳᠡᠨ ᠦ᠌ ᠨᠢᠭᠡ ᠨᠢ ᠳᠠᠮᠫᠢᠯ ᠶᠤᠮ᠃ ᠣᠯᠠᠨ ᠨᠡᠢᠲᠡ ᠶ᠋ᠢᠨ ᠳᠤᠮᠳᠠ ᠲᠡᠢᠨ ᠪᠠᠢᠯᠳᠤᠭᠠᠨ ᠳ᠋ᠤ᠌ ᠳᠠᠳᠤᠯᠭᠠᠵᠢᠨ ᠮᠡᠷᠭᠡᠵᠢᠭᠰᠡᠨ ᠪᠠᠭᠠᠲᠤᠷ ᠡᠷ᠎ᠡ ᠭᠡᠵᠦ ᠠᠯᠳᠠᠷᠰᠢᠭᠰᠠᠨ ᠢ᠋ᠶ᠋ᠠᠷ ᠢ᠋ᠶ᠋ᠠᠨ ᠠᠷᠠᠳ ᠤ᠋ᠨ ᠵᠢᠷᠤᠮᠲᠤ ᠴᠡᠷᠢᠭ ᠲᠦ᠍ ᠡᠯᠰᠡᠬᠦ ᠪᠡᠷ ᠢᠷᠡᠬᠦ ᠲᠡᠢ ᠪᠡᠨ ᠵᠡᠷᠭᠡ ᠰᠤᠮᠤᠨ ᠳᠠᠷᠤᠭ᠎ᠠ ᠪᠣᠯᠤᠭᠰᠠᠨ ᠠᠵᠢ᠃ ᠡᠳᠦᠭᠡ ᠥᠨᠳᠥᠷ ᠳᠠᠮᠫᠢᠯ ᠡᠳᠦᠷ ᠦ᠋ᠨ ᠴᠠᠭ ᠢ᠋ᠶ᠋ᠠᠷ ᠴᠡᠷᠢᠭ ᠦ᠋ᠳ ᠢ᠋ᠶ᠋ᠡᠨ ᠰᠤᠷᠭᠠᠭᠤᠯᠢ ᠬᠢᠯᠭᠡᠵᠦ ᠪᠠᠢᠬᠤ ᠳ᠋ᠠᠭᠠᠨ ᠬᠠᠮᠠᠷ ᠢ᠋ᠶ᠋ᠠᠨ ᠰᠠᠷᠲᠠᠢᠯᠭᠠᠨ ᠣᠭᠣᠨᠣ ᠶ᠋ᠢᠨ ᠬᠢ ᠰᠢᠭ ᠥᠨᠳᠥᠷ ᠬᠦᠵᠦᠭᠦᠦ ᠪᠡᠨ ᠭᠣᠨᠠᠯᠵᠢᠭᠤᠯᠤᠨ ᠬᠦᠦᠭᠴᠢᠨ ᠬᠠᠰᠬᠢᠴᠢᠬᠤ ᠨᠢ ᠳᠠᠩᠴᠤ ᠶᠡᠬᠡ ᠪᠠᠢᠳᠠᠭ ᠢ᠋ᠶ᠋ᠠᠷ ᠢ᠋ᠶ᠋ᠠᠨ ᠪᠣᠯ ᠶᠣᠰᠣᠲᠠᠢ ᠰᠢᠵᠢᠶᠡᠷ ᠦᠭᠡᠢ ᠠᠮᠢᠲᠠᠨ ᠪᠣᠯᠪᠠ ᠤᠤ ᠭᠡᠯᠲᠡᠢ ᠪᠣᠯᠪᠠᠴᠤ ᠦᠨᠡᠨ ᠳ᠋ᠡᠭᠡᠨ ᠲᠡᠢᠮᠦ ᠪᠢᠰᠢ᠃ ᠦᠳᠡᠰᠢ ᠶ᠋ᠢᠨ ᠴᠠᠭ ᠢ᠋ᠶ᠋ᠠᠷ ᠦᠵᠡᠵᠦ ᠥᠩᠭᠡᠷᠡᠭᠦᠯᠦᠭᠰᠡᠨ ᠲᠡᠢᠨ ᠪᠠᠢᠯᠳᠤᠭᠠᠨ ᠤ᠋ ᠪᠠᠨ ᠶᠠᠪᠤᠳᠠᠯ ᠠ᠋ᠴᠠ ᠶᠠᠷᠢᠬᠤ ᠳ᠋ᠠᠭᠠᠨ ᠶᠠᠮᠠᠷ ᠨᠢᠭᠡ ᠬᠥᠮᠦᠨ ᠦ᠌ ᠪᠣᠳᠣᠯ ᠤ᠋ᠨ ᠮᠤᠩᠭᠠᠨᠢᠭᠰᠠᠨ ᠢ᠋ ᠶᠦᠮ ᠤᠤ᠂ ᠲᠡᠨᠡᠭᠯᠡᠭᠰᠡᠨ᠂ ᠲᠡᠨᠡᠭᠯᠡᠭᠰᠡᠨ ᠠᠲᠠᠯ᠎ᠠ ᠪᠠᠨ ᠲᠤᠩ ᠰᠡᠴᠡᠨ ᠢ᠋ ᠦᠢᠯᠡᠳᠦᠭᠰᠡᠨ ᠵᠡᠷᠭᠡ ᠶᠠᠪᠤᠳᠠᠯ ᠤ᠋ᠳ ᠲᠤ᠌ ᠢᠨᠢᠶᠡᠳᠦᠮ ᠣᠷᠣᠭᠤᠯᠤᠨ ᠶᠠᠷᠢᠵᠤ ᠤᠷᠲᠤ ᠴᠢᠴᠡᠲᠤ ᠡᠪᠦᠳᠦᠭ ᠢ᠋ᠶ᠋ᠡᠨ ᠪᠠᠢᠨ ᠪᠠᠢᠨ ᠠᠯᠠᠭᠠᠳᠠᠨ ᠬᠠ ᠬᠠ ᠢᠨᠢᠶᠡᠨ᠎ᠡ᠃ ᠲᠡᠷᠡ ᠳᠤᠮᠳᠠ ᠪᠠᠨ ᠳᠠᠮᠫᠢᠯ ᠥᠪᠡᠷ ᠦ᠋ᠨ ᠢ᠋ᠶ᠋ᠡᠨ ᠦᠶ᠎ᠡ ᠶ᠋ᠢ ᠦᠶᠡᠷᠬᠡᠨ ᠨᠥᠬᠥᠷᠯᠡᠭᠰᠡᠨ ᠭᠣᠣᠵᠤᠤ ᠪᠠᠭᠠᠲᠤᠷ ᠭᠡᠭᠴᠢ ᠶ᠋ᠢ ᠪᠠᠬᠠᠳᠤᠨ ᠶᠠᠷᠢᠬᠤ ᠨᠢ ᠮᠠᠰᠢ ᠭᠠᠢᠬᠠᠯᠲᠠᠢ᠃《ᠲᠡᠷᠡ ᠪᠣᠯ ᠰᠤᠮᠤ ᠭᠡᠭᠡᠬᠦ ᠶ᠋ᠢ ᠦᠵᠡᠳᠡᠭ ᠦᠭᠡᠢ ᠮᠡᠷᠭᠡᠨ ᠫᠤᠤᠳᠠᠭᠴᠢ᠃ ᠠᠶᠤᠬᠤ ᠶ᠋ᠢᠨ ᠣᠷᠣᠨ ᠳ᠋ᠤ᠌ ᠢᠨᠢᠶᠡᠬᠦ᠂ ᠢᠨᠢᠶᠡᠬᠦ ᠶ᠋ᠢᠨ ᠣᠷᠣᠨ ᠳ᠋ᠤ᠌ ᠵᠠᠵᠠᠭᠤᠷ ᠵᠠᠭᠤᠨ ᠰᠢᠨ᠎ᠠ ᠭᠦᠷᠡᠯᠵᠡᠭᠦᠯᠦᠨᠡ》 ᠭᠡᠬᠦ ᠶ᠋ᠢᠨ ᠢ᠋ᠶ᠋ᠡᠨ ᠳᠡᠯᠢᠮ ᠳ᠋ᠦ᠍《ᠳᠠᠩ ᠤᠰᠤ ᠪᠠᠷ ᠭᠤᠯᠢᠷ ᠵᠢᠭᠤᠷᠠᠨ ᠬᠠᠪᠲᠠᠭᠠᠢᠯᠠᠵᠤ᠂ ᠬᠠᠯᠠᠭᠠᠳ ᠲᠡᠮᠦᠷ ᠳᠡᠭᠡᠷ᠎ᠡ ᠬᠡᠳᠦᠬᠡᠨ ᠡᠷᠭᠢᠭᠦᠯᠵᠦ ᠬᠢᠲᠠᠳ ᠭᠠᠨ ᠪᠢᠩ ᠬᠡᠮᠡᠬᠦ ᠶᠠᠭᠤᠮ᠎ᠠ ᠶ᠋ᠢ ᠬᠠᠴᠢᠨ ᠰᠠᠢᠬᠠᠨ ᠠᠮᠲᠠᠲᠠᠢ ᠬᠢᠳᠡᠭ》 ᠰᠠᠨ ᠭᠡᠵᠦ ᠵᠠᠪᠠᠯ ᠶᠠᠷᠢᠨ ᠰᠢᠯᠦᠰᠦ ᠵᠠᠯᠭᠢᠨ᠎ᠠ᠃ ᠳᠠᠮᠫᠢᠯ ᠢᠩᠭᠢᠵᠦ ᠶᠠᠷᠢᠬᠤ ᠠᠲᠠᠯ᠎ᠠ ᠴᠡᠷᠢᠭ ᠦ᠋ᠳ ᠡᠴᠡ ᠬᠣᠭᠣᠯᠠ ᠤᠮᠳᠠ ᠶ᠋ᠢᠨ ᠲᠤᠬᠠᠢ ᠭᠣᠮᠣᠳᠠᠯ ᠮᠡᠳᠡᠭᠦᠯᠪᠡᠯ ᠬᠠᠷᠢᠭᠤ ᠳ᠋ᠤᠨᠢ᠄ ᠵᠦᠭᠡᠷ! ᠮᠣᠩᠭᠣᠯ ᠬᠥᠮᠦᠨ᠂ ᠮᠣᠩᠭᠣᠯ ᠮᠣᠷᠢ ᠬᠣᠶᠠᠷ ᠬᠡᠴᠢᠨᠡᠭᠡᠨ ᠣᠯᠠᠨ ᠬᠣᠨᠣᠭ ᠥᠯ ᠬᠣᠭᠣᠯᠠ ᠰᠣᠯᠢᠭᠳᠠᠵᠤ ᠪᠠᠢᠬᠤ ᠶ᠋ᠢᠨ ᠬᠢᠷᠢ ᠪᠡᠷ ᠪᠠᠢᠯᠳᠤᠬᠤ ᠳ᠋ᠠᠭᠠᠨ ᠰᠠᠢᠨ ᠪᠠᠢᠳᠠᠭ ᠶᠤᠮ ᠭᠡᠵᠦ ᠬᠡᠯᠡᠩᠭᠦᠲᠡ ᠪᠡᠨ ᠮᠥᠨ ᠯᠡ ᠬᠠ ᠬᠠ ᠢᠨᠢᠶᠡᠨ᠎ᠡ᠃ ᠳᠡᠪᠡᠯ ᠬᠤᠪᠴᠠᠰᠤ ᠮᠠᠭᠤᠲᠠᠢ ᠬᠥᠮᠦᠨ ᠦ᠌《ᠲᠠᠭᠠᠷᠠᠪᠠ》 ᠭᠡᠬᠦ ᠶ᠋ᠢ ᠰᠣᠨᠣᠰᠪᠠᠯ ᠪᠠᠰᠠ ᠯᠠ《ᠵᠦᠭᠡᠷ!》 ᠤᠳᠠᠬᠤ ᠦᠭᠡᠢ ᠳᠠᠢᠳᠤᠨ᠎ᠠ᠂ ᠲᠡᠭᠡᠬᠦ ᠳ᠋ᠦ᠍ ᠴᠢ ᠥᠪᠡᠷ ᠦ᠋ᠨ ᠡᠷᠬᠡ ᠦᠭᠡᠢ ᠬᠠᠯᠠᠭᠤᠴᠠᠨ ᠬᠠᠨᠴᠤᠢ ᠰᠤᠭᠤᠯᠤᠨ ᠰᠤᠭᠤᠯᠳᠤᠷᠭᠠᠯᠠᠨᠠ ᠭᠡᠵᠦ ᠮᠡᠳᠡ! ᠭᠡᠳ ᠬᠠ ᠬᠠ ᠢᠨᠢᠶᠡᠨ᠎ᠡ᠃ ᠡᠩ ᠦ᠋ᠨ ᠴᠠᠭ ᠲᠤ ᠳᠠᠮᠫᠢᠯ ᠬᠠᠮᠢᠭ᠎ᠠ ᠶᠠᠪᠤᠭ᠎ᠠ ᠲᠡᠷᠡ ᠭᠠᠵᠠᠷ ᠢ᠋ᠶ᠋ᠠᠨ ᠬᠠ ᠬᠠ ᠢᠨᠢᠶᠡᠬᠦ ᠲᠤᠯᠠ ᠬᠥᠮᠦᠰ ᠲᠡᠭᠦᠨ ᠢ᠋ ᠬᠠ ᠬᠠ ᠳᠠᠮᠫᠢᠯ ᠭᠡᠵᠦ ᠨᠡᠷᠡᠯᠡᠳᠡᠭ ᠪᠠᠢᠪᠠ᠃ ᠳᠠᠮᠫᠢᠯ ᠬᠠ ᠬᠠ ᠢᠨᠢᠶᠡᠬᠦ ᠡᠴᠡ ᠭᠠᠳᠠᠨ᠎ᠠ ᠪᠡᠷᠬᠡᠰᠢᠶᠡᠯ ᠪᠦᠷᠢ ᠶ᠋ᠢ《ᠵᠦᠭᠡᠷ》 ᠭᠡᠵᠦ ᠦᠵᠡᠨ᠎ᠡ᠃ ᠲᠡᠭᠦᠨ ᠦ᠌ ᠪᠣᠳᠣᠯ ᠢ᠋ᠶ᠋ᠠᠷ ᠪᠣᠯ ᠥᠯᠥᠰᠬᠦ ᠴᠦ᠍ ᠵᠦᠭᠡᠷ᠂ ᠲᠠᠭᠠᠷᠠᠬᠤ ᠴᠤ᠌ ᠵᠦᠭᠡᠷ᠂ ᠵᠦᠭᠡᠷ ᠦᠭᠡᠢ ᠶᠠᠭᠤᠮ᠎ᠠ ᠭᠡᠪᠡᠯ ᠴᠣᠢᠯᠠᠭᠰᠠᠨ ᠪᠤᠶᠤ ᠲᠡᠨᠦᠭᠰᠡᠨ ᠰᠤᠮᠤ ᠪᠠᠢᠯ᠎ᠠ᠃
— ᠠᠢ ᠳᠠ ᠲᠠ ᠮᠢᠨᠢ ᠴᠢᠭᠯᠡᠭᠰᠡᠨ ᠰᠤᠮᠤ ᠶᠠᠭᠠᠬᠢᠬᠤᠪ᠂ ᠴᠢᠬᠢᠨ ᠦ᠌ ᠬᠠᠵᠠᠭᠤ ᠪᠠᠷ ᠰᠢᠪ ᠬᠢᠨ ᠥᠩᠭᠡᠷᠡᠨ᠎ᠡ᠂ ᠬᠠᠷᠢᠨ ᠴᠣᠢᠯᠠᠭᠰᠠᠨ ᠨᠢ ᠵᠣᠪᠬᠢᠨ ᠳ᠋ᠤ᠌ ᠲᠡᠨᠦᠭᠰᠡᠨ ᠨᠢ ᠲᠠᠷᠢᠬᠢᠨ ᠳ᠋ᠤ᠌ ᠭᠡᠭᠴᠢ ᠪᠡᠷ ᠡᠨᠡ ᠬᠣᠶᠠᠷ ᠲᠤ ᠡᠷ᠎ᠡ ᠶ᠋ᠢᠨ ᠠᠮᠢ ᠶ᠋ᠢ ᠠᠪᠴᠢᠳᠠᠭ ᠶᠠᠭᠤᠮ᠎ᠠ ᠮᠠᠨᠢ ᠪᠣᠢ ᠰᠢᠦ ᠳᠡ ᠭᠡᠵᠦ ᠴᠡᠷᠢᠭ ᠦ᠋ᠳ ᠲᠦ᠍ ᠵᠠᠬᠢᠳᠠᠭ ᠪᠠᠢᠯ᠎ᠠ᠃
ᠦᠰᠦᠭ ᠠᠮᠢᠯᠠᠭᠤᠯᠤᠭᠰᠠᠨ ᠨᠢ᠄ ᠪᠠᠭᠠᠲᠤᠷ
