ᠭᠠᠯ ᠤ᠋ᠨ ᠢᠷᠦᠭᠡᠯ -ᠡᠷᠳᠡᠮᠲᠦ Galyn yerööl-ErdemtГалын ерөөл-Эрдэмт
ᠭᠠᠯ ᠤ᠋ᠨ ᠢᠷᠦᠭᠡᠯ
ᠤᠶᠠᠩᠭᠠᠯᠠᠭᠴᠢ᠄ ᠡᠷᠳᠡᠮᠲᠦ
ᠤᠮ ᠰᠠᠢᠨ ᠠᠮᠤᠭᠤᠯᠠᠩ ᠪᠣᠯᠲᠤᠭᠠᠢ
ᠳᠡᠭᠡᠷ᠎ᠡ ᠮᠥᠩᠬᠡ ᠲᠩᠷᠢ ᠶ᠋ᠢ
ᠲᠡᠪᠰᠢ ᠶ᠋ᠢᠨ ᠴᠢᠨᠡᠭᠡᠨ ᠪᠦᠬᠦᠢ ᠡᠴᠡ
ᠳᠣᠣᠷ᠎ᠠ ᠡᠯᠢᠭᠡᠨ ᠡᠬᠡ ᠶ᠋ᠢ
ᠥᠯᠮᠡᠢ ᠶ᠋ᠢᠨ ᠴᠢᠨᠡᠭᠡᠨ ᠪᠦᠬᠦᠢ ᠡᠴᠡ
ᠰᠦᠮᠪᠦᠷ ᠶᠡᠬᠡ ᠠᠭᠤᠯᠠ ᠶ᠋ᠢ
ᠳᠣᠪᠣᠨ ᠲᠡᠳᠦᠢ ᠪᠦᠬᠦᠢ ᠡᠴᠡ
ᠰᠦᠨ ᠠᠨᠠᠪᠠᠳ ᠳᠠᠯᠠᠢ ᠶ᠋ᠢ
ᠱᠠᠯᠴᠢᠭ ᠲᠡᠳᠦᠢ ᠪᠦᠬᠦᠢ ᠡᠴᠡ
ᠡᠭᠦᠳᠦᠨ ᠵᠠᠶᠠᠭᠠᠭᠰᠠᠨ
ᠭᠠᠯ ᠭᠠᠯᠢᠬᠠᠨ ᠡᠬᠡ ᠳ᠋ᠦ᠍ ᠪᠡᠨ
ᠥᠭᠡᠬᠦ ᠲᠣᠰᠣ᠌ ᠶ᠋ᠢ ᠡᠷᠭᠦᠨᠡᠮ
ᠡᠰᠦᠭ ᠳᠠᠷᠠᠰᠤ ᠶ᠋ᠢ ᠳᠤᠰᠤᠭᠠᠨᠠᠮ
ᠥᠭᠡᠳᠡ ᠶᠡᠬᠡ ᠪᠤᠶᠠᠨ ᠤ᠋ ᠳᠤᠮᠳᠠ
ᠦᠯᠡᠮᠵᠢ ᠵᠢᠷᠭᠠᠨ ᠰᠠᠭᠤᠲᠤᠭᠠᠢ!
ᠬᠠᠩᠭᠠᠢ ᠬᠠᠨ ᠢ᠋ ᠳᠣᠪᠣ ᠪᠦᠬᠦᠢ ᠡᠴᠡ
ᠬᠠᠲᠤᠨ ᠳᠠᠯᠠᠢ ᠶ᠋ᠢ ᠱᠠᠯᠴᠢᠭ ᠪᠦᠬᠦᠢ ᠡᠴᠡ
ᠬᠠᠨ ᠭᠠᠷᠤᠳᠢ ᠶ᠋ᠢ ᠳᠡᠭᠳᠡᠭᠡᠬᠡᠢ ᠪᠦᠬᠦᠢ ᠡᠴᠡ
ᠬᠠᠢᠯᠠᠰᠤᠨ ᠮᠣᠳᠣ ᠶ᠋ᠢ ᠨᠠᠢᠯᠵᠠᠭᠤᠷ ᠪᠦᠬᠦᠢ ᠡᠴᠡ
ᠬᠠᠭᠠᠨ ᠴᠢᠩᠭᠢᠰ ᠦ᠋ᠨ ᠲᠠᠬᠢᠭᠰᠠᠨ
ᠬᠠᠲᠤᠨ ᠡᠬᠡ ᠶ᠋ᠢᠨ ᠦᠯᠢᠶᠡᠭᠰᠡᠨ
ᠬᠠᠢᠷ ᠴᠢᠯᠠᠭᠤᠨ ᠡᠬᠡᠲᠦ
ᠬᠠᠳᠠ ᠲᠡᠮᠦᠷ ᠡᠴᠢᠭᠡᠲᠦ
ᠴᠢᠩ ᠴᠢᠯᠠᠭᠤᠨ ᠡᠬᠡᠲᠦ
ᠴᠡᠩᠭᠡᠯ ᠲᠡᠮᠦᠷ ᠡᠴᠢᠭᠡᠲᠦ
ᠡᠭᠦᠯᠡ ᠮᠡᠲᠦ ᠤᠨᠢᠶᠠᠷᠲᠤ
ᠥᠳᠬᠡᠨ ᠮᠡᠲᠦ ᠢᠯᠴᠢᠲᠦ
ᠲᠣᠷᠭᠠᠨ ᠴᠢᠷᠠᠢᠲᠤ ᠲᠣᠰᠣᠨ ᠠᠮᠢᠳᠤ
ᠥᠷᠭᠡᠨ ᠴᠢᠷᠠᠢᠲᠤ ᠥᠭᠡᠬᠦᠨ ᠠᠮᠢᠳᠤ
ᠬᠠᠲᠠᠭᠤ ᠶ᠋ᠢ ᠤᠶᠠᠷᠠᠭᠤᠯᠤᠭᠴᠢ᠂
ᠬᠠᠷᠠᠩᠭᠤᠢ ᠶ᠋ᠢ ᠭᠡᠢᠭᠦᠯᠦᠭᠴᠢ
ᠭᠡᠭᠡᠨ ᠴᠢᠨᠠᠷᠲᠤ ᠭᠡᠷᠡᠯ ᠢᠯᠴᠢᠲᠦ
ᠭᠠᠯ ᠭᠠᠯᠢᠬᠠᠨ ᠡᠬᠡ ᠳ᠋ᠦ᠍ ᠪᠡᠨ
ᠥᠭᠡᠬᠦ ᠲᠣᠰᠣ᠌ ᠡᠷᠭᠦᠨᠡᠮ
ᠡᠰᠦᠭ ᠳᠠᠷᠠᠰᠤ ᠶ᠋ᠢ ᠳᠤᠰᠤᠭᠠᠨᠠᠮ
ᠥᠭᠡᠳᠡᠯᠡᠬᠦ ᠶᠡᠬᠡ ᠵᠢᠷᠭᠠᠯᠠᠩ
ᠥᠨᠢᠳᠡ ᠣᠷᠣᠰᠢᠬᠤ ᠪᠣᠯᠲᠤᠭᠠᠢ!
ᠳᠠᠶᠠᠩ ᠬᠠᠨ ᠢ᠋ ᠳᠣᠪᠣ ᠪᠦᠬᠦᠢ ᠡᠴᠡ
ᠳᠠᠯᠠᠢ ᠲᠠᠩᠭᠢᠰ ᠢ᠋ ᠱᠠᠯᠴᠢᠭ ᠪᠦᠬᠦᠢ ᠡᠴᠡ
ᠳᠠᠭᠠᠷᠢ ᠬᠠᠷᠴᠠᠭᠠᠢ ᠶ᠋ᠢ ᠵᠤᠯᠵᠠᠭ᠎ᠠ ᠪᠦᠬᠦᠢ ᠡᠴᠡ
ᠲᠠᠷᠭᠠᠢ ᠲᠠᠬᠢ ᠶ᠋ᠢ ᠢᠰᠢᠭᠡ ᠪᠦᠬᠦᠢ ᠡᠴᠡ
ᠬᠠᠯᠠᠭᠤᠨ ᠭᠣᠯᠣᠮᠲᠠ ᠳ᠋ᠤ᠌ ᠣᠷᠣᠰᠢᠨ
ᠬᠠᠮᠤᠭ ᠲᠤᠷ ᠵᠠᠶᠠᠭᠠᠭᠰᠠᠨ
ᠭᠠᠯ ᠭᠠᠯᠢᠬᠠᠨ ᠡᠬᠡ ᠳ᠋ᠦ᠍ ᠪᠡᠨ
ᠬᠠᠷ᠎ᠠ ᠠᠷᠢᠬᠢ ᠶ᠋ᠢ ᠠᠶᠠᠭ᠎ᠠ ᠪᠠᠷ ᠳᠤᠰᠤᠭᠠᠵᠤ
ᠬᠠᠯᠢᠮ ᠥᠭᠡᠬᠦ ᠶ᠋ᠢ ᠠᠯᠠᠭ᠎ᠠ ᠪᠠᠷ ᠡᠷᠭᠦᠵᠦ
ᠥᠯᠵᠡᠢᠲᠦ ᠡᠨᠡ ᠡᠳᠦᠷ ᠴᠢᠨᠦ
ᠦᠨᠡᠰᠦ ᠶ᠋ᠢ ᠴᠢᠨᠢ ᠳᠠᠭᠤᠳᠠᠬᠤ
ᠦᠰᠦᠭ ᠢ᠋ ᠴᠢᠨᠢ ᠳᠤᠷᠠᠳᠬᠠᠬᠤ
ᠦᠨᠡᠨ ᠰᠢᠯᠲᠠᠭᠠᠨ ᠶᠠᠭᠤ ᠪᠣᠢ ᠭᠡᠪᠡᠯ
ᠨᠠᠭᠤᠷ ᠲᠤ᠌ ᠵᠣᠭᠰᠣᠬᠤ ᠣᠯᠠᠨ
ᠠᠯᠠᠭ ᠠᠳᠤᠭᠤ ᠲᠠᠢ ᠪᠣᠯᠭᠠᠮᠤ
ᠨᠤᠲᠤᠭ ᠢ᠋ᠶ᠋ᠠᠨ ᠡᠵᠡᠯᠡᠬᠦ ᠣᠮᠣᠭᠲᠤ ᠴᠢᠭᠢᠷᠠᠭ
ᠬᠥᠪᠡᠭᠦᠳ ᠲᠡᠢ ᠪᠣᠯᠭᠠᠮᠤ
ᠵᠠᠳᠠᠭᠠᠢ ᠳ᠋ᠤ᠌ ᠤᠰᠤᠯᠠᠬᠤ ᠬᠤᠨ ᠴᠠᠭᠠᠨ
ᠬᠣᠨᠢᠳ ᠲᠠᠢ ᠪᠣᠯᠭᠠᠮᠤ
ᠵᠠᠩ ᠰᠠᠢᠲᠠᠢ ᠬᠣᠩᠭᠣᠷ
ᠴᠡᠴᠡᠨ ᠥᠬᠢᠳ ᠲᠡᠢ ᠪᠣᠯᠭᠠᠮᠤ
ᠬᠠᠯᠠᠭᠤᠨ ᠠᠮᠢ ᠶ᠋ᠢ ᠮᠢᠨᠢ ᠮᠥᠩᠬᠡ ᠪᠣᠯᠭᠠᠵᠤ
ᠬᠠᠷᠠᠢᠵᠤ ᠪᠠᠷᠠᠢᠬᠤ ᠥᠮᠴᠢ ᠶ᠋ᠢ ᠡᠩᠬᠡ ᠪᠣᠯᠭᠠᠵᠤ
ᠬᠠᠢᠷᠠᠯᠠᠬᠤ ᠲᠠᠪᠤᠨ ᠬᠣᠰᠢᠭᠤ ᠮᠠᠯ ᠮᠢᠨᠢ
ᠬᠠᠩᠭᠠᠢ ᠵᠣ ᠶ᠋ᠢ ᠪᠦᠷᠬᠦᠨ
ᠭᠠᠳᠠᠨ᠎ᠠ ᠪᠠᠢᠬᠤ ᠮᠠᠯ ᠮᠢᠨᠢ
ᠭᠠᠯᠠᠭᠤ ᠮᠡᠲᠦ ᠥᠰᠴᠦ
ᠭᠠᠬᠠᠢ ᠮᠡᠲᠦ ᠲᠠᠷᠭᠤᠯᠠᠵᠤ
ᠭᠠᠵᠠᠷ ᠤᠰᠤ ᠶ᠋ᠢ ᠪᠦᠷᠬᠦᠬᠦ ᠪᠣᠯᠲᠤᠭᠠᠢ!
ᠬᠣᠷᠮᠣᠢ ᠮᠢᠨᠢ ᠬᠤᠲᠤᠭ ᠲᠠᠢ ᠪᠣᠯᠲᠤᠭᠠᠢ
ᠲᠣᠬᠣᠢ ᠮᠢᠨᠢ ᠲᠣᠰᠣ᠌ ᠲᠠᠢ ᠪᠣᠯᠲᠤᠭᠠᠢ
ᠬᠤᠷᠤᠢ ᠬᠤᠷᠤᠢ ᠬᠤᠷᠤᠢ!
ᠠᠯᠲᠠᠲᠤ ᠶ᠋ᠢ ᠡᠳ᠋ᠯᠡᠵᠦ ᠠᠮᠲᠠᠲᠤ ᠶ᠋ᠢ ᠢᠳᠡᠵᠦ
ᠠᠰᠢᠳᠠ ᠶ᠋ᠢᠨ ᠵᠢᠷᠭᠠᠯᠠᠩ ᠤ᠋ᠨ
ᠳᠤᠮᠳᠠ ᠠᠬᠤ ᠪᠣᠯᠲᠤᠭᠠᠢ
ᠰᠦᠮᠪᠦᠷ ᠠᠭᠤᠯᠠ ᠮᠡᠲᠦ ᠪᠠᠲᠤ ᠭᠣᠯᠣᠮᠲᠠ
ᠰᠦᠨ ᠳᠠᠯᠠᠢ ᠮᠡᠲᠦ ᠪᠠᠶᠠᠨ
ᠬᠥᠷᠥᠩᠭᠡ ᠲᠡᠢ ᠪᠣᠯᠭᠠᠮᠤ
ᠲᠠᠰᠤᠷᠬᠠᠢ ᠶ᠋ᠢ ᠮᠢᠨᠢ ᠵᠠᠯᠭᠠᠵᠤ
ᠲᠠᠮᠲᠤᠷᠬᠠᠢ ᠶ᠋ᠢ ᠮᠢᠨᠢ ᠨᠥᠬᠥᠬᠦ
ᠦᠭᠡᠢᠷᠡᠭᠰᠡᠨ ᠢ᠋ ᠮᠢᠨᠢ ᠪᠠᠶᠠᠵᠢᠭᠤᠯᠵᠤ
ᠦᠷᠡᠭᠳᠡᠭᠰᠡᠨ ᠢ᠋ ᠮᠢᠨᠢ ᠣᠯᠭᠣᠵᠤ
ᠳᠤᠮᠳᠠ ᠶ᠋ᠢ ᠮᠢᠨᠢ ᠳᠦᠭᠦᠷᠭᠡᠵᠦ
ᠳᠤᠲᠠᠭᠤ ᠶ᠋ᠢ ᠮᠢᠨᠢ ᠭᠦᠢᠴᠡᠭᠡᠬᠦ
ᠮᠡᠬᠦᠰ ᠢ᠋ ᠮᠢᠨᠢ ᠳᠡᠭᠵᠢᠷᠡᠭᠦᠯᠵᠦ
ᠲᠡᠭᠦᠰ ᠪᠦᠷᠢᠨ ᠪᠣᠯᠭᠠᠮᠤ
ᠬᠤᠷᠤᠢ ᠬᠤᠷᠤᠢ ᠬᠤᠷᠤᠢ!
ᠬᠥᠷᠥᠩᠭᠡ ᠶ᠋ᠢᠨ ᠡᠯᠪᠡᠭ ᠪᠠᠶᠠᠨ ᠴᠤᠭᠯᠠᠷᠠᠵᠤ
ᠬᠥᠪᠴᠢᠨ ᠳᠠᠶᠠᠭᠠᠷ ᠡᠩᠬᠡ ᠵᠢᠷᠭᠠᠲᠤᠭᠠᠢ!
ᠵᠣᠭᠳᠣᠷ ᠶᠡᠬᠡᠲᠦ ᠪᠤᠤᠷ᠎ᠠ
ᠲᠤᠭᠤᠯᠭ᠎ᠠ ᠶᠡᠬᠡᠲᠦ ᠪᠤᠬ᠎ᠠ
ᠳᠠᠭᠤ ᠶᠡᠬᠡᠲᠦ ᠨᠣᠬᠠᠢ
ᠳᠡᠯ ᠶᠡᠬᠡᠲᠦ ᠠᠵᠢᠷᠭ᠎ᠠ
ᠳᠠᠯᠠᠩ ᠶᠡᠬᠡᠲᠦ ᠭᠡᠭᠦᠦ
ᠬᠣᠨᠳᠣᠯᠠᠢ ᠰᠠᠢᠲᠤ ᠦᠬᠡᠷ
ᠬᠣᠩᠭᠣ ᠬᠥᠬᠥᠲᠦ ᠦᠨᠢᠶ᠎ᠡ
ᠳᠡᠩᠬᠡᠢᠭᠰᠡᠨ ᠳᠠᠭ᠎ᠠ
ᠢᠬᠡᠷᠡᠯᠡᠭᠰᠡᠨ ᠢᠰᠢᠭᠡ
ᠪᠡᠶᠡᠵᠢᠭᠰᠡᠨ ᠪᠢᠷᠠᠭᠤ
ᠲᠥᠯᠵᠢᠭᠰᠡᠨ ᠲᠥᠯᠥᠭᠡ
ᠪᠣᠢᠯᠠᠭᠰᠠᠨ ᠪᠣᠲᠣᠭᠣ
ᠴᠢᠨᠳᠠᠮᠤᠨᠢ ᠪᠠᠷ ᠪᠥᠭᠡᠯᠵᠢᠬᠦ ᠴᠠᠭᠠᠨ ᠬᠤᠯᠤᠭᠠᠨ᠎ᠠ
ᠡᠷᠳᠡᠨᠢ ᠪᠡᠷ ᠪᠠᠭᠠᠬᠤ ᠡᠷᠳᠡᠨᠢᠲᠦ ᠲᠣᠭᠣᠰ
ᠡᠨᠡ ᠪᠦᠬᠦᠨ ᠡᠷᠬᠢᠮ ᠵᠦᠢᠯᠡᠰ
ᠡᠳ᠋ ᠦ᠋ᠨ ᠬᠡᠰᠢᠭ ᠣᠷᠣᠰᠢᠬᠤ ᠪᠣᠯᠲᠤᠭᠠᠢ!
ᠬᠤᠷᠤᠢ
ᠬᠤᠷᠤᠢ
ᠬᠤᠷᠤᠢ
ᠡᠬᠢ ᠰᠤᠷᠪᠤᠯᠵᠢ᠄ ᠰᠢᠯᠢ ᠶ᠋ᠢᠨ ᠭᠣᠣᠯ ᠬᠠᠮ ᠵᠠᠭᠤᠴᠢᠯᠠᠭᠤᠷ
