ᠬᠠᠢᠷ᠎ᠠ ᠶ᠋ᠢᠨ ᠥᠩᠭᠡ - ᠴᠢᠯᠠᠭᠤᠨᠴᠢᠮᠡᠭ ᠭᠦᠷᠦᠪᠠᠳᠠᠮ Hairiin ungu - Chuluunchimeg GurbadamХайрын өнгө - Чулуунчимэг Гүрбадам ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶ᠋ᠢᠨ ᠥᠩᠭᠡ - ᠴᠢᠯᠠᠭᠤᠨᠴᠢᠮᠡᠭ ᠭᠦᠷᠦᠪᠠᠳᠠᠮ Hairiin ungu - Chuluunchimeg GurbadamХайрын өнгө - Чулуунчимэг Гүрбадам

ᠬᠠᠢᠷ᠎ᠠ ᠶ᠋ᠢᠨ ᠥᠩᠭᠡ - ᠴᠢᠯᠠᠭᠤᠨᠴᠢᠮᠡᠭ ᠭᠦᠷᠦᠪᠠᠳᠠᠮ Hairiin ungu - Chuluunchimeg GurbadamХайрын өнгө - Чулуунчимэг Гүрбадам

ᠠᠩᠭᠢᠯᠠᠯ:ᠳᠠᠭᠤᠤ ᠬᠥᠭᠵᠢᠮ
2026-02-09

312

ᠬᠠᠢᠷ᠎ᠠ ᠶ᠋ᠢᠨ ᠥᠩᠭᠡ

    
    ᠦᠭᠡ᠄ ᠫ· ᠪᠠᠲᠤᠲᠤᠯᠭ᠎ᠠ 
    ᠠᠶ᠎ᠠ᠄ ᠴ· ᠠᠮᠤᠷᠵᠢᠷᠭᠠᠯ 
    ᠳᠠᠭᠤᠴᠢᠨ᠄ ᠭᠦᠷᠪᠠᠳᠮ᠎ᠠ᠂  ᠴᠢᠯᠠᠭᠤᠨᠴᠢᠮᠡᠭ 

ᠥᠩᠭᠡ ᠶ᠋ᠢᠨ ᠴᠡᠴᠡᠭᠡᠰ ᠤᠷᠭᠤᠵᠤ ᠭᠦᠢᠴᠡᠭᠡᠳ 
ᠥᠩᠭᠡ ᠭᠡᠳᠡᠭ ᠨᠢ ᠬᠣᠣᠰᠯᠠᠨ᠎ᠠ ᠬᠦ 
ᠥᠪᠡᠷ ᠦ᠋ᠨ ᠪᠣᠯᠭᠠᠭ᠎ᠠ ᠦᠭᠡᠢ ᠰᠡᠳᠬᠢᠯ ᠢ᠋ᠶ᠋ᠡᠨ ᠬᠦ 
ᠥᠷᠥᠪᠳᠦᠵᠦ ᠰᠠᠭᠤᠭᠠᠳ ᠤᠬᠢᠯᠠᠨ᠎ᠠ ᠬᠦ 

ᠨᠠᠮᠤᠷ ᠤ᠋ᠨ ᠰᠡᠷᠢᠭᠦᠨ ᠤᠨᠠᠭᠠᠳ ᠢᠷᠡᠬᠦ ᠪᠡᠷ ᠨᠢ 
ᠨᠠᠪᠴᠢᠰ ᠮᠣᠳᠣᠳ ᠨᠢ ᠰᠢᠷᠭᠠᠯᠳᠠᠨ᠎ᠠ ᠬᠦ 
ᠨᠠᠮᠲᠠᠷ ᠲᠡᠦᠬᠡ ᠪᠡᠨ ᠳᠤᠷᠠᠰᠤᠨ ᠪᠣᠳᠣᠬᠤ ᠪᠠᠷ ᠢ᠋ᠶ᠋ᠠᠨ 
ᠨᠠᠢᠵᠠᠯᠠᠵᠤ ᠶᠠᠪᠤᠭᠰᠠᠨ ᠨᠢ ᠣᠢᠷᠠᠬᠠᠨ 

ᠲᠠᠢᠭ᠎ᠠ ᠶ᠋ᠢᠨ ᠠᠭᠤᠯᠠ ᠨᠢ ᠴᠠᠢᠷᠠᠭᠠᠳ ᠢᠷᠡᠬᠦ ᠪᠡᠷ
ᠲᠠᠯ᠎ᠠ ᠶ᠋ᠢᠨ ᠨᠠᠭᠤᠷ ᠲᠠᠢ ᠢᠵᠢᠯᠢᠰᠢᠨ᠎ᠡ ᠬᠦ
ᠲᠠᠩᠬᠢᠯ ᠴᠢᠮ᠎ᠠ ᠶ᠋ᠢ ᠪᠡᠨ ᠦᠭᠡᠢᠯᠡᠨ ᠰᠠᠭᠤᠬᠤ ᠳ᠋ᠤ᠌
ᠲᠠᠨᠢᠯᠴᠠᠭᠰᠠᠨ ᠦᠶ᠎ᠡ ᠰᠠᠢᠬᠠᠨ ᠳᠠ ᠬᠦ

ᠬᠠᠪᠤᠷ ᠤ᠋ᠨ ᠤᠷᠢᠨ ᠣᠷᠣᠭᠠᠳ ᠢᠷᠡᠬᠦ ᠪᠡᠷ
ᠬᠠᠢᠯᠠᠰᠤ ᠮᠣᠳᠣᠳ ᠨᠢ ᠴᠡᠴᠡᠭᠯᠡᠨ ᠳᠡ ᠬᠦ
ᠬᠠᠢᠷ᠎ᠠ ᠶ᠋ᠢᠨ ᠦᠭᠡ ᠪᠡᠨ ᠰᠢᠪᠡᠨᠡᠨ ᠰᠠᠭᠤᠬᠤ ᠳ᠋ᠤ᠌ ᠪᠠᠨ
ᠬᠠᠭᠠᠴᠠᠵᠤ ᠰᠠᠯᠬᠤ ᠶ᠋ᠢ ᠮᠡᠳᠡᠭᠰᠡᠨ ᠦᠭᠡᠢ ᠳᠡ

ᠬᠠᠢᠷ᠎ᠠ ᠶ᠋ᠢᠨ ᠦᠭᠡ ᠪᠡᠨ ᠰᠢᠪᠡᠨᠡᠨ ᠰᠠᠭᠤᠬᠤ ᠳ᠋ᠤ᠌ ᠪᠠᠨ
ᠬᠠᠭᠠᠴᠠᠵᠤ ᠰᠠᠯᠬᠤ ᠶ᠋ᠢ ᠮᠡᠳᠡᠭᠰᠡᠨ ᠦᠭᠡᠢ ᠳᠡ
ᠬᠠᠭᠠᠴᠠᠵᠤ ᠰᠠᠯᠬᠤ ᠶ᠋ᠢ ᠮᠡᠳᠡᠭᠰᠡᠨ ᠦᠭᠡᠢ ᠳᠡ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ