ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-8> Сүлдийн соёлын судлал – Минжуур<дээд-8> ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-8> Сүлдийн соёлын судлал – Минжуур<дээд-8>

ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-8> Сүлдийн соёлын судлал – Минжуур<дээд-8>

ᠠᠩᠭᠢᠯᠠᠯ:ᠵᠠᠩ ᠦᠢᠯᠡ
2026-02-08

178

ᠳᠡᠭᠡᠳᠦ ᠪᠦᠯᠦᠭ᠂ᠥᠭᠦᠯᠡᠯ ᠤᠨ ᠡᠮᠬᠢᠳᠬᠡᠯ-8

ᠠᠯᠠᠭ ᠰᠦᠯᠳᠡ (ᠲᠣᠭ) ᠶᠢᠨ ᠪᠡᠯᠭᠡᠳᠡᠯ ᠦᠨ ᠣᠨᠴᠠᠭᠠᠢ ᠤᠳᠬ᠎ᠠ ᠶᠢ ᠰᠢᠨᠵᠢᠯᠡᠨ ᠨᠤᠲᠠᠯᠠᠬᠤ ᠨᠢ


     【ᠠᠭᠤᠯᠭ᠎ᠠ ᠶ᠋ᠢᠨ ᠲᠣᠪᠴᠢ】 
               ᠲᠤᠰ ᠥᠭᠦᠯᠡᠯ ᠳ᠋ᠦ᠍ ᠤᠷᠢᠳ ᠢ᠋ᠶ᠋ᠠᠷ ᠠᠯᠠᠭ ᠰᠦᠯᠳᠡ(ᠲᠤᠭ) ᠢ᠋ 
                    ᠪᠦᠲᠦᠭᠡᠨ ᠰᠢᠲᠦᠭᠰᠡᠨ ᠤᠭ ᠰᠠᠨᠠᠭ᠎ᠠ ᠵᠣᠷᠢᠯᠲᠠ᠂ ᠪᠣᠭᠳᠠ ᠴᠢᠩᠭᠢᠰ ᠤᠨ 
                    ᠠᠯᠠᠭ ᠰᠦᠯᠳᠡ (ᠲᠤᠭ) ᠤ᠋ᠨ ᠪᠦᠲᠦᠴᠡ ᠪᠣᠯᠤᠨ ᠮᠣᠩᠭᠣᠯᠴᠤᠳ ᠤ᠋ᠨ 
                    ᠪᠦᠯᠬᠦᠮᠳᠡᠨ ᠨᠢᠭᠡᠳᠦᠭᠰᠡᠨ ᠪᠠᠢᠳᠠᠯ ᠢ᠋ ᠰᠢᠨᠵᠢᠯᠡᠬᠦ ᠪᠡᠷ ᠳᠠᠮᠵᠢᠨ 
                    ᠠᠯᠠᠭ ᠰᠦᠯᠳᠡ(ᠲᠤᠭ) ᠨᠢ ᠪᠣᠷᠵᠢᠭᠢᠨ ᠣᠪᠣᠭ ᠤᠭᠰᠠᠭᠠᠲᠠᠨ ᠤ᠋ 
                    ᠡᠪ ᠨᠢᠭᠡᠳᠦᠯ ᠢ᠋ᠶ᠋ᠡᠨ ᠳᠠᠭᠠᠳᠬᠠᠳᠠᠭ ᠰᠢᠲᠦᠭᠡᠨ ᠪᠣᠯᠬᠤ ᠶ᠋ᠢ ᠨᠤᠲᠠᠯᠠᠵᠤ᠂ 
                    ᠳᠠᠷᠠᠭ᠎ᠠ ᠳ᠋ᠤ᠌ ᠨᠢ ᠠᠯᠠᠭ ᠰᠦᠯᠳᠡ ᠰᠢᠲᠦᠭᠡᠨ ᠡᠴᠡ ᠪᠡᠨ ᠠᠭᠠᠵᠢᠮ ᠢ᠋ᠶ᠋ᠠᠷ 
                    ᠡᠪ ᠨᠢᠭᠡᠳᠦᠯ ᠤᠨ ᠪᠡᠯᠭᠡᠳᠡᠯ ᠤᠨ ᠡᠳ᠋ ᠪᠣᠯᠤᠨ ᠤᠯᠠᠷᠢᠨ ᠬᠤᠪᠢᠷᠠᠭᠰᠠᠨ ᠢ᠋ 
                    ᠨᠤᠲᠠᠯᠠᠨ ᠥᠭᠦᠯᠡᠬᠦ ᠪᠣᠯᠤᠨ᠎ᠠ᠃ 
     【ᠵᠠᠩᠭᠢᠯᠠᠭ᠎ᠠ ᠦᠭᠡ
               ᠠᠯᠠᠭ ᠰᠦᠯᠳᠡ(ᠲᠤᠭ)᠂ ᠡᠪ ᠨᠢᠭᠡᠳᠦᠯ᠂ ᠪᠡᠯᠭᠡᠳᠡᠯ ᠤᠨ ᠡᠳ᠋ ᠮᠥᠨ᠃ 

       ᠠᠯᠠᠭ ᠰᠦᠯᠳᠡ (ᠲᠤᠭ)  ᠶᠢᠨ ᠡᠪ ᠨᠢᠭᠡᠳᠦᠯ ᠢ᠋ ᠪᠡᠯᠭᠡᠳᠡᠭᠰᠡᠨ ᠣᠨᠴᠠᠭᠠᠢ ᠤᠳᠬ᠎ᠠ ᠪᠣᠯ ᠠᠯᠠᠭ ᠰᠦᠯᠳᠡ (ᠲᠤᠭ)  ᠳᠦ ᠳᠠᠭᠠᠳᠬᠠᠳᠠᠭ ᠠᠭᠤᠯᠭ᠎ᠠ ᠠ᠋ᠴᠠ ᠠᠭᠠᠵᠢᠮ ᠢ᠋ᠶ᠋ᠠᠷ ᠤᠯᠠᠷᠢᠨ ᠭᠠᠷᠤᠭᠰᠠᠨ ᠶᠤᠮ᠂ ᠡᠢᠮᠦ ᠡᠴᠡ ᠠᠯᠠᠭ ᠰᠦᠯᠳᠡ ᠨᠢ ᠴᠣᠬᠣᠮ ᠶᠠᠮᠠᠷ ᠨᠢᠭᠡ ᠵᠦᠢᠯ ᠤᠨ ᠰᠦᠰᠦᠭ ᠪᠢᠰᠢᠷᠡᠯ ᠤᠨ ᠴᠢᠳᠠᠪᠬᠢ ᠬᠡᠷᠡᠭᠴᠡᠭᠡᠲᠦ ᠡᠳ᠋ ᠪᠣᠯᠬᠤ ᠶ᠋ᠢ ᠤᠷᠢᠳ ᠢ᠋ᠶ᠋ᠠᠨ ᠮᠠᠭᠠᠳᠯᠠᠨ ᠨᠤᠲᠠᠯᠠᠬᠤ ᠬᠡᠷᠡᠭᠲᠡᠢ᠃ ᠢᠩᠭᠢᠪᠡᠯ ᠰᠠᠶᠢ ᠠᠯᠠᠭ ᠰᠦᠯᠳᠡ ᠪᠣᠯ ᠨᠢᠭᠡᠨ ᠡᠪ ᠨᠢᠭᠡᠳᠦᠯ ᠤᠨ ᠪᠡᠯᠭᠡᠳᠡᠯ ᠤᠨ ᠡᠳ᠋ ᠪᠣᠯᠬᠤ ᠶ᠋ᠢ ᠰᠢᠨᠵᠢᠯᠡᠨ ᠨᠤᠲᠠᠯᠠᠵᠤ ᠴᠢᠳᠠᠨ᠎ᠠ᠃ 

               ᠠᠯᠠᠭ ᠰᠦᠯᠳᠡ ᠶ᠋ᠢ ᠪᠦᠲᠦᠭᠡᠨ ᠰᠢᠲᠦᠭᠰᠡᠨ 
               ᠤᠭ ᠰᠠᠨᠠᠭ᠎ᠠ ᠵᠣᠷᠢᠯᠲᠠ ᠶ᠋ᠢ ᠰᠢᠨᠵᠢᠯᠡᠬᠦ ᠨᠢ 

       ᠰᠤᠳᠤᠯᠭᠠᠨ ᠤ᠋ ᠥᠭᠦᠯᠡᠯ ᠳ᠋ᠦ᠍ 《ᠠᠷᠪᠠᠨ ᠨᠢᠭᠡᠳᠦᠭᠡᠷ ᠵᠠᠭᠤᠨ ᠤ᠋ ᠦᠶ᠎ᠡ ᠳ᠋ᠦ᠍ ᠪᠣᠷᠵᠢᠭᠢᠨ ᠮᠣᠩᠭᠣᠯᠴᠤᠳ ᠳᠣᠬᠢᠭᠤᠷ ᠳᠣᠯᠣᠭᠠᠨ ᠣᠳᠣᠨ ᠤ᠋ ᠪᠦᠷᠢᠯᠸ᠎ᠠ ᠪᠠᠷ ᠣᠪᠣᠭ ᠤᠭᠰᠠᠭ᠎ᠠ ᠳ᠋ᠠᠭᠠᠨ ᠪᠣᠷᠵᠢᠭᠢᠨ ᠲᠡᠮᠳᠡᠭᠲᠦ ᠠᠯᠠᠭ ᠰᠦᠯᠳᠡ ᠶ᠋ᠢ ᠡᠭᠦᠳᠦᠨ ᠪᠦᠲᠦᠭᠡᠵᠡᠢ》① ᠭᠡᠵᠦ ᠮᠠᠭᠠᠳᠯᠠᠭᠰᠠᠨ ᠪᠠᠢᠳᠠᠭ᠃ ᠡᠢᠮᠦ ᠪᠣᠯᠬᠣᠷ ᠠᠯᠠᠭ ᠰᠦᠯᠳᠡ ᠶ᠋ᠢ ᠪᠦᠲᠦᠭᠡᠨ ᠰᠢᠲᠦᠭᠰᠡᠨ ᠬᠥᠮᠦᠨ ᠤ᠋ ᠣᠭ ᠰᠠᠨᠠᠭ᠎ᠠ ᠵᠣᠷᠢᠯᠲᠠ ᠶ᠋ᠢ ᠮᠠᠭᠠᠳᠯᠠᠨ ᠲᠣᠳᠣᠯᠠᠬᠤ ᠳ᠋ᠤ᠌ ᠤᠷᠢᠳ ᠢ᠋ᠶ᠋ᠠᠷ ᠠᠷᠪᠠᠨ ᠨᠢᠭᠡᠳᠦᠭᠡᠷ ᠵᠠᠭᠤᠨ ᠤ᠋ ᠪᠣᠷᠵᠢᠭᠢᠨ ᠣᠪᠣᠭᠲᠠᠨ ᠤ᠋ ᠲᠡᠦᠬᠡᠨ ᠤᠴᠢᠷ ᠶᠠᠪᠤᠳᠠᠯ ᠬᠢᠭᠡᠳ ᠦᠵᠡᠯ ᠤᠬᠠᠮᠰᠠᠷ ᠢ ᠵᠠᠳᠠᠯᠤᠨ ᠰᠢᠨᠵᠢᠯᠡᠬᠦ ᠴᠢᠬᠤᠯᠠᠲᠠᠢ ᠪᠠᠢᠨ᠎ᠠ᠃ ᠪᠤᠳᠠᠨᠴᠠᠷ ᠪᠣᠯ ᠪᠣᠷᠵᠢᠭᠢᠨ ᠣᠪᠣᠭᠲᠠᠨ ᠤ᠋ ᠡᠪᠦᠭᠡ ᠨᠢ ᠪᠣᠯᠤᠨ᠎ᠠ᠃ ᠠᠷᠪᠠᠳᠤᠭᠠᠷ ᠵᠠᠭᠤᠨ ᠤ᠋ ᠰᠡᠭᠦᠯᠴᠢ ᠶ᠋ᠢᠨ ᠦᠶ᠎ᠡ ᠳ᠋ᠦ᠍ ᠲᠥᠷᠥᠵᠡᠢ᠃ ᠠᠯᠤᠨ ᠭᠤᠸ᠎ᠠ ᠬᠠᠲᠤᠨ ᠤ᠋ 《ᠲᠡᠭᠷᠢ ᠶ᠋ᠢᠨ ᠭᠤᠷᠪᠠᠨ ᠬᠥᠪᠡᠭᠦᠨ》 ᠭᠡᠭᠴᠢ ᠶ᠋ᠢᠨ ᠨᠢᠭᠡ ᠨᠢ ᠪᠣᠯᠤᠨ᠎ᠠ᠃ ᠲᠡᠷᠡ ᠡᠬᠡ ᠶ᠋ᠢᠨ ᠢ᠋ᠶ᠋ᠡᠨ 《ᠪᠦᠯᠬᠦᠮᠳᠡᠯ ᠤᠨ ᠬᠦᠴᠦᠨ》 ᠤ ᠰᠤᠷᠭᠠᠯ ᠢ᠋ᠶ᠋ᠠᠷ ᠬᠥᠮᠦᠵᠢᠭᠳᠡᠭᠰᠡᠨ ᠤ ᠳᠡᠭᠡᠷ᠎ᠡ ᠥᠪᠡᠷ ᠤᠨ ᠪᠡᠶ᠎ᠡ ᠨᠢ ᠬᠠᠭᠠᠴᠠᠯ ᠤ᠋ᠨ ᠬᠣᠣᠷ ᠢ᠋ ᠠᠮᠰᠠᠭᠰᠠᠨ ᠪᠣᠯᠬᠣᠷ ᠪᠦᠯᠬᠦᠮᠳᠡᠨ ᠨᠢᠭᠡᠳᠬᠦ ᠶ᠋ᠢᠨ ᠴᠢᠬᠤᠯᠠ ᠴᠢᠨᠠᠷ ᠢ᠋ ᠭᠦᠢᠴᠡᠳ ᠲᠠᠨᠢᠵᠠᠢ᠃ ᠡᠢᠮᠦ ᠡᠴᠡ ᠲᠡᠷᠡ ᠦᠷ᠎ᠡ ᠬᠡᠦᠬᠡᠳ ᠲᠡᠭᠡᠨ ᠮᠥᠨ ᠡᠶ᠎ᠡ ᠡᠪ ᠲᠡᠢ ᠪᠦᠯᠬᠦᠮᠳᠡᠨ ᠨᠢᠭᠡᠳᠬᠦ ᠶ᠋ᠢ ᠰᠤᠷᠭᠠᠵᠤ ᠪᠠᠢᠭᠰᠠᠨ ᠨᠢ ᠯᠠᠪᠲᠠᠢ᠃ ᠭᠡᠲᠡᠯ᠎ᠡ ᠪᠤᠳᠠᠨᠴᠠᠷ ᠤ᠋ᠨ ᠳᠣᠣᠷ᠎ᠠ ᠭᠤᠷᠪᠠᠳᠤᠭᠠᠷ ᠦᠶ᠎ᠡ ᠡᠴᠡ ᠪᠣᠷᠵᠢᠭᠢᠨ ᠣᠪᠣᠭᠲᠠᠨ ᠤ᠋ ᠳᠣᠲᠣᠭᠠᠳᠤ ᠶ᠋ᠢᠨ ᠡᠶ᠎ᠡ ᠡᠪ ᠮᠠᠭᠤᠳᠠᠭᠠᠳ ᠳᠥᠷᠪᠡᠳᠦᠭᠡᠷ ᠦᠶ᠎ᠡ (ᠮᠠᠨᠠᠨ ᠲᠤᠳᠤᠨ ᠤ᠋ ᠣᠮᠪᠣᠯ ᠬᠥᠪᠡᠭᠦᠳ) ᠬᠦᠷᠬᠦ ᠳ᠋ᠦ᠍ ᠣᠪᠣᠭ ᠤ᠋ᠨ ᠬᠠᠭᠠᠴᠠᠯ ᠭᠠᠷᠴᠠᠢ᠂ ᠡᠭᠦᠨ ᠢ᠋ 《ᠮᠣᠩᠭᠣᠯ ᠤ᠋ᠨ ᠨᠢᠭᠤᠴᠠ ᠲᠣᠪᠴᠢᠶᠠᠨ》 ᠤ᠋ ᠳᠥᠴᠢᠨ ᠵᠢᠷᠭᠤᠳᠤᠭᠠᠷ ᠵᠤᠷᠪᠤᠰ ᠤ᠋ᠨ 《ᠬᠠᠴᠢ ᠬᠦᠯᠦᠭ ᠤᠨ ᠬᠥᠪᠡᠭᠦᠨ ᠬᠠᠢᠳᠤ᠂ ᠨᠤᠮᠤᠯᠤᠨ ᠡᠬᠡ ᠡᠴᠡ ᠲᠥᠷᠥᠪᠡ᠃ ᠬᠠᠴᠢᠨ ᠤ ᠬᠥᠪᠡᠭᠦᠨ ᠨᠣᠶᠠᠭᠢᠳᠠᠢ ᠭᠡᠬᠦ ᠨᠡᠷ᠎ᠡ ᠲᠡᠢ᠂ ᠨᠣᠶᠠᠨᠴᠢ ᠣᠪᠣᠷ ᠲᠠᠢ ᠲᠤᠯᠠ ᠨᠤᠶᠠᠬᠢᠨ ᠣᠪᠣᠭᠲᠠᠨ ᠪᠣᠯᠪᠠ᠃ ᠬᠠᠴᠠᠭᠤ ᠶ᠋ᠢᠨ ᠬᠥᠪᠡᠭᠦᠨ ᠪᠠᠷᠤᠯᠠᠲᠠᠢ ᠭᠡᠳᠡᠭ ᠨᠡᠷ᠎ᠡ ᠲᠡᠢ᠂ ᠶᠡᠬᠡ ᠪᠡᠶ᠎ᠡ ᠲᠡᠢ ᠢᠳᠡᠭᠡᠨ ᠬᠣᠭᠣᠰᠣᠷᠠᠭᠤᠯᠳᠠᠭ ᠲᠤᠯᠠ ᠪᠠᠷᠤᠯᠠᠰ ᠣᠪᠣᠭᠲᠠᠨ ᠪᠣᠯᠪᠠ᠃ ᠬᠠᠴᠤᠯᠠ ᠶ᠋ᠢᠨ ᠬᠥᠪᠡᠭᠦᠨ ᠮᠥᠨ ᠶᠡᠬᠡ ᠢᠳᠡᠳᠡᠭ ᠲᠤᠯᠠ ᠶᠡᠬᠡ ᠪᠠᠷᠤᠯᠠ᠂ ᠪᠠᠭ᠎ᠠ ᠪᠠᠷᠤᠯᠠ ᠭᠡᠵᠦ ᠨᠠᠷᠡᠢᠳᠴᠤ ᠪᠠᠷᠤᠯᠠᠰ ᠣᠪᠣᠭᠲᠠᠨ ᠪᠣᠯᠵᠤ᠂ ᠡᠷᠳᠡᠮᠲᠦ ᠪᠠᠷᠤᠯᠠ᠂ ᠲᠥᠳᠥᠭᠡᠨ ᠪᠠᠷᠤᠯᠠ ᠲᠡᠷᠢᠭᠦᠲᠡᠨ ᠪᠠᠷᠤᠯᠠᠰ ᠣᠪᠣᠭᠲᠠᠨ ᠪᠣᠯᠪᠠ᠃ ᠬᠠᠷᠠᠯᠳᠠᠢ ᠶ᠋ᠢᠨ ᠬᠥᠪᠡᠭᠦᠳ ᠪᠤᠳᠠᠭ᠎ᠠ ᠬᠤᠳᠬᠤᠬᠤ ᠮᠡᠲᠦ ᠡᠬᠢ ᠠᠳᠠᠭ ᠦᠭᠡᠢ ᠲᠤᠯᠠ ᠪᠤᠳᠠᠭᠠᠳ ᠣᠪᠣᠭᠲᠠᠨ ᠪᠣᠯᠪᠠ᠃ ᠬᠠᠴᠢᠭᠤᠨ ᠤ᠋ ᠬᠥᠪᠡᠭᠦᠨ ᠠᠲᠠᠷᠬᠢᠳᠠᠢ ᠭᠡᠬᠦ ᠨᠡᠷ᠎ᠡ ᠲᠡᠢ᠂ ᠠᠬ᠎ᠠ ᠳᠡᠭᠦᠦ ᠵᠠᠭᠤᠷ᠎ᠠ ᠪᠠᠨ ᠠᠲᠠᠭᠠᠷᠬᠠᠵᠤ ᠥᠰᠢᠶᠡᠷᠬᠡᠬᠦ ᠲᠤᠯᠠ ᠠᠲᠠᠷᠬᠢᠨ ᠣᠪᠣᠭᠲᠠᠨ ᠪᠣᠯᠪᠠ᠃ ᠨᠠᠴᠢᠨ ᠪᠠᠭᠠᠲᠤᠷ ᠤ᠋ᠨ ᠬᠥᠪᠡᠭᠦᠨ ᠤᠷᠤᠭᠤᠲᠠᠢ ᠮᠠᠩᠭᠤᠲᠠᠢ ᠬᠣᠶᠠᠷ ᠪᠣᠯᠠᠢ᠂ ᠣᠷᠤᠭᠤᠳ ᠮᠠᠩᠭᠤᠳ ᠣᠪᠣᠭᠲᠠᠨ ᠪᠣᠯᠪᠠ》② ᠭᠡᠰᠡᠨ ᠲᠡᠮᠳᠡᠭᠯᠡᠯ ᠡᠴᠡ ᠮᠡᠳᠡᠵᠦ ᠪᠣᠯᠤᠨ᠎ᠠ᠃ ᠪᠠᠷᠭᠤᠴᠤᠳ ᠤ᠋ᠨ ᠤᠯᠠᠮᠵᠢᠯᠠᠯ ᠶᠠᠷᠢᠶ᠎ᠠ ᠶ᠋ᠢ ᠦᠨᠳᠦᠰᠦᠯᠡᠪᠡᠯ ᠡᠨᠡ ᠬᠦ᠌ ᠣᠪᠣᠭ ᠤ᠋ᠨ ᠬᠠᠭᠠᠴᠠᠯ ᠨᠢ ᠪᠣᠷᠵᠢᠭᠢᠨ ᠣᠪᠣᠭᠲᠠᠨ ᠢ᠋ ᠣᠪᠣᠭ ᠲᠠᠰᠤᠷᠠᠮᠠᠷ ᠠᠶᠤᠯ ᠳ᠋ᠤ᠌ ᠲᠤᠯᠭᠠᠷᠠᠭᠤᠯᠵᠠᠢ᠃《ᠬᠢᠳᠠᠨ ᠴᠡᠷᠢᠭ ᠤᠨ ᠨᠢᠭᠡᠨ ᠤᠳᠠᠭᠠᠨ ᠤ᠋ ᠳᠣᠪᠲᠣᠯᠤᠯᠲᠠ ᠳ᠋ᠤ᠌ ᠵᠠᠯᠠᠢᠷᠴᠤᠳ ᠬᠢᠶᠠᠷᠠᠲᠠᠯ᠎ᠠ ᠴᠣᠬᠢᠭᠳᠠᠭᠠᠳ ᠬᠠᠴᠢ ᠬᠦᠯᠦᠭ ᠤᠨ ᠬᠠᠷᠢᠶ᠎ᠠ ᠨᠤᠲᠤᠭ ᠲᠤ᠌ ᠳᠤᠲᠠᠭᠠᠨ ᠢᠷᠡᠵᠦ ᠪᠠᠭᠤᠳᠠᠯᠯᠠᠵᠠᠢ᠃ ᠡᠨᠡ ᠦᠶ᠎ᠡ ᠳ᠋ᠦ᠍ ᠬᠠᠴᠢ ᠬᠦᠯᠦᠭ ᠨᠠᠰᠤ ᠪᠠᠷᠠᠵᠤ᠂ ᠲᠡᠭᠦᠨ ᠤ ᠬᠠᠲᠤᠨ ᠨᠣᠮᠤᠯᠤᠨ ᠭᠡᠭᠴᠢ ᠬᠠᠲᠤᠨ ᠬᠡᠳᠦᠨ ᠬᠡᠦᠬᠡᠳ ᠲᠡᠢ ᠪᠡᠨ ᠡᠷᠦᠬᠡ ᠭᠡᠷ ᠢ᠋ᠶ᠋ᠡᠨ ᠠᠪᠴᠤ ᠣᠨᠳᠣᠷᠣᠵᠤ ᠪᠠᠢᠵᠠᠢ᠃ ᠬᠠᠢᠳᠤ ᠶ᠋ᠢ ᠪᠠᠷᠭᠤ ᠠᠢᠮᠠᠭ ᠲᠤ᠌ ᠬᠦᠷᠭᠡᠨ ᠪᠣᠯᠭᠠᠨ ᠬᠦᠷᠭᠡᠭᠰᠡᠨ ᠪᠠᠢᠵᠠᠢ᠃ ᠨᠣᠮᠤᠯᠤᠨ ᠤ᠋ ᠬᠢ ᠪᠣᠯ ᠲᠤᠬᠠᠢ ᠶ᠋ᠢᠨ ᠦᠶ᠎ᠡ ᠳ᠋ᠦ᠍ ᠲᠣᠭ᠎ᠠ ᠲᠣᠮᠰᠢ ᠦᠭᠡᠢ ᠠᠳᠤᠭᠤ ᠮᠠᠯ ᠲᠠᠢ ᠶᠡᠬᠡ ᠪᠠᠶᠠᠨ ᠠᠢᠯ ᠪᠠᠢᠵᠠᠢ᠃ ᠵᠠᠯᠠᠢᠷᠴᠤᠳ ᠨᠤᠮᠤᠯᠠᠨ ᠤ᠋ ᠨᠤᠲᠤᠭ ᠲᠤ᠌ ᠢᠷᠡᠭᠡᠳ ᠡᠪᠡᠰᠦᠨ ᠤ ᠦᠨᠳᠦᠰᠦ ᠮᠠᠯᠲᠠᠵᠤ᠂ ᠭᠠᠵᠠᠷ ᠤᠬᠤᠭᠠᠳ ᠮᠠᠯ ᠤ᠋ᠨ ᠪᠡᠯᠴᠢᠭᠡᠷ ᠢ᠋ ᠡᠪᠳᠡᠪᠡ᠃ ᠲᠡᠢᠮᠦ ᠡᠴᠡ ᠨᠤᠲᠤᠭ ᠪᠡᠯᠴᠢᠭᠡᠷ ᠢ᠋ ᠡᠪᠳᠡᠪᠡ ᠭᠡᠳ ᠨᠣᠮᠤᠯᠤᠨ ᠡᠬᠡ ᠶ᠋ᠢᠨ ᠬᠥᠪᠡᠭᠦᠳ ᠡᠴᠡ ᠨᠡᠭᠦᠳᠡᠯᠯᠡᠨ ᠢᠷᠡᠭᠰᠡᠨ ᠵᠠᠯᠠᠢᠷᠴᠤᠳ ᠲᠠᠢ ᠬᠡᠷᠡᠭᠦᠯ ᠪᠣᠯᠵᠠᠢ᠃ ᠡᠨᠡ ᠬᠡᠷᠡᠭᠦᠯ ᠡᠴᠡ ᠪᠣᠯᠤᠭᠠᠳ ᠵᠠᠯᠠᠢᠷᠴᠤᠳ ᠬᠠᠷᠢᠨ ᠬᠠᠷ᠎ᠠ ᠪᠣᠳᠣᠵᠤ᠂ ᠨᠤᠮᠤᠯᠤᠨ ᠡᠬᠡ ᠬᠥᠪᠡᠭᠦᠳ ᠢ᠋ ᠬᠢᠳᠤᠨ ᠠᠯᠠᠪᠠ᠃ ᠨᠤᠮᠤᠯᠤᠨ ᠤ᠋ ᠪᠠᠭ᠎ᠠ ᠬᠥᠪᠡᠭᠦᠨ ᠬᠠᠢᠳᠤ ᠨᠢ ᠪᠠᠷᠭᠤᠳ ᠠᠢᠮᠠᠭ ᠲᠤ᠌ ᠬᠦᠷᠭᠡᠨ ᠪᠣᠯᠵᠤ ᠪᠠᠢᠭᠰᠠᠨ ᠪᠣᠯᠬᠣᠷ ᠡᠨᠡ ᠬᠦ᠌ ᠠᠶᠤᠯᠲᠤ ᠬᠢᠳᠤᠯᠭ᠎ᠠ ᠠ᠋ᠴᠠ ᠠᠮᠢ ᠬᠡᠯᠲᠦᠷᠢᠵᠦ》③ ᠵᠣᠯ ᠵᠠᠪᠰᠢᠶᠠᠨ ᠢ᠋ᠶ᠋ᠠᠷ ᠪᠣᠷᠵᠢᠭᠢᠨ ᠣᠪᠣᠭᠲᠠᠨ ᠤ᠋ ᠴᠣᠷ ᠤ᠋ᠨ ᠭᠠᠭᠴᠠ ᠵᠠᠯᠭᠠᠮᠵᠢᠯᠠᠭᠴᠢ ᠨᠢ ᠪᠣᠯᠵᠠᠢ᠃  
       ᠬᠠᠢᠳᠤ《ᠡᠬᠡ ᠪᠣᠯᠤᠨ ᠠᠬ᠎ᠠ ᠨᠠᠷ ᠨᠢ ᠠᠯᠠᠭᠳᠠᠵᠤ᠂ ᠡᠳ᠋ ᠬᠥᠷᠥᠩᠭᠡ ᠶ᠋ᠢ ᠨᠢ ᠵᠠᠯᠠᠢᠷᠴᠤᠳ ᠡᠵᠡᠯᠡᠨ ᠰᠠᠭᠤᠭᠰᠠᠨ ᠢ᠋ ᠰᠣᠨᠣᠰᠤᠭᠠᠳ ᠶᠡᠬᠡᠳᠡ ᠬᠢᠯᠢᠩᠯᠡᠵᠦ᠂ ᠵᠠᠯᠠᠢᠷᠴᠤᠳ ᠢ᠋ ᠴᠣᠬᠢᠬᠤ ᠪᠠᠷ ᠰᠢᠢᠳᠴᠡᠢ᠃ ᠪᠠᠷᠭᠤ ᠠᠢᠮᠠᠭ ᠴᠤ᠌ ᠮᠣᠷᠢᠲᠤ ᠴᠡᠷᠢᠭ ᠭᠠᠷᠭᠠᠨ ᠬᠦᠷᠭᠡᠨ ᠢ᠋ᠶ᠋ᠡᠨ ᠳᠠᠮᠵᠢᠨ ᠲᠤᠰᠠᠯᠠᠭᠠᠳ ᠨᠤᠲᠤᠭ ᠪᠡᠯᠴᠢᠭᠡᠷ ᠢ᠋ ᠡᠪᠳᠡᠭᠰᠡᠨ ᠵᠠᠯᠠᠢᠷᠴᠤᠳ ᠢ᠋ ᠳᠠᠷᠤᠩᠭᠤᠢᠯᠠᠨ ᠡᠷᠬᠡᠰᠢᠶᠡᠵᠦ᠂ ᠵᠠᠯᠠᠢᠷᠴᠤᠳ ᠢ᠋ ᠪᠣᠷᠵᠢᠭᠢᠨ ᠣᠪᠣᠭ ᠤ᠋ᠨ ᠬᠠᠢᠳᠤ ᠶ᠋ᠢᠨ ᠡᠵᠡᠮᠰᠢᠯ ᠳ᠋ᠦ᠍ ᠣᠷᠣᠭᠤᠯᠵᠤ ᠥᠭᠴᠡᠢ》④᠃ ᠬᠠᠢᠳᠤ ᠭᠤᠷᠪᠠᠨ ᠬᠥᠪᠡᠭᠦᠨ ᠲᠡᠢ᠂ ᠲᠡᠳᠡ ᠨᠢ ᠪᠦᠷ ᠪᠣᠷᠵᠢᠭᠢᠨ ᠣᠪᠣᠭ ᠢ᠋ᠶ᠋ᠠᠨ ᠵᠠᠯᠭᠠᠮᠵᠢᠯᠠᠵᠤ᠂ ᠪᠣᠷᠵᠢᠭᠢᠨ ᠣᠪᠣᠭᠲᠤ ᠥᠭᠡᠳᠡᠯᠡᠬᠦ ᠵᠦᠭ ᠲᠡᠭᠡᠨ ᠣᠷᠣᠵᠠᠢ᠃ ᠭᠡᠲᠡᠯ᠎ᠡ ᠲᠡᠭᠦᠨ ᠤ ᠣᠮᠪᠣᠯ ᠬᠥᠪᠡᠭᠦᠳ ᠤᠨ ᠦᠶ᠎ᠡ (ᠪᠤᠳᠠᠨᠴᠠᠷ ᠠ᠋ᠴᠠ ᠳᠣᠷᠣᠭᠰᠢ ᠵᠢᠷᠭᠤᠳᠤᠭᠠᠷ ᠦᠶ᠎ᠡ) ᠬᠦᠷᠬᠦ ᠳ᠋ᠦ᠍ ᠪᠠᠰᠠ ᠯᠠ ᠣᠪᠣᠭ ᠤ᠋ᠨ ᠬᠠᠭᠠᠴᠠᠯ ᠭᠠᠷᠤᠭᠠᠳ ᠭᠠᠭᠴᠠ ᠲᠤᠮᠪᠢᠨᠠᠢ ᠰᠡᠴᠡᠨ ⑤ ᠨᠢ ᠯᠡ ᠪᠣᠷᠵᠢᠭᠢᠨ ᠣᠪᠣᠭ ᠢ᠋ᠶ᠋ᠠᠨ ᠵᠠᠯᠭᠠᠮᠵᠢᠯᠠᠵᠠᠢ᠃ ᠡᠭᠦᠨ ᠢ 《ᠮᠣᠩᠭᠣᠯ ᠤ᠋ᠨ ᠨᠢᠭᠤᠴᠠ ᠲᠣᠪᠴᠢᠶᠠᠨ》 ᠤ᠋ ᠳᠥᠴᠢᠨ ᠳᠣᠯᠣᠳᠤᠭᠠᠷ ᠵᠤᠷᠪᠤᠰ ᠤ᠋ᠨ 《ᠬᠠᠢᠳᠤ ᠶ᠋ᠢᠨ ᠬᠥᠪᠡᠭᠦᠨ ᠪᠠᠢᠰᠢᠩᠬᠤᠷ ᠲᠣᠭᠰᠢᠨ᠂ ᠴᠠᠷᠠᠬᠠᠢ ᠮᠢᠩᠬᠤ᠂ ᠴᠠᠦᠵᠢᠨ ᠥᠷᠲᠡᠭᠡᠢ ᠪᠣᠯᠠᠢ᠃ ᠪᠠᠢᠰᠢᠩᠬᠤᠷ ᠲᠣᠭᠰᠢᠨ ᠤ᠋ ᠬᠥᠪᠡᠭᠦᠨ ᠲᠤᠮᠪᠢᠨᠠᠢ ᠰᠡᠴᠡᠨ ᠭᠡᠳᠡᠭ᠃ ᠴᠠᠷᠠᠬᠠᠢ ᠯᠢᠩᠬᠤ ᠶ᠋ᠢᠨ ᠬᠥᠪᠡᠭᠦᠨ ᠰᠡᠩᠭᠦᠮ ᠪᠢᠯᠭᠡ᠂ ᠠᠮᠪᠠᠭᠠᠷ ᠨᠠᠷ ᠲᠠᠢᠴᠢᠭᠤᠳ ᠣᠪᠣᠭᠲᠠᠨ ᠪᠣᠯᠪᠠ᠂ ᠴᠣᠵᠢᠨ ᠥᠷᠲᠡᠭᠡᠢ ᠶ᠋ᠢᠨ ᠬᠥᠪᠡᠭᠦᠨ ᠣᠷᠤᠨᠠᠷ᠂ ᠬᠣᠩᠬᠣᠳᠠ᠂ ᠠᠷᠤᠯᠠᠳ᠂ ᠰᠥᠨᠢᠳ᠂ ᠬᠠᠪᠲᠤᠷᠠᠰ᠂ ᠭᠡᠨᠢᠬᠡᠰ ᠣᠪᠣᠭᠲᠠᠨ ᠪᠣᠯᠪᠠ》⑥ ᠭᠡᠰᠡᠨ ᠲᠡᠮᠳᠡᠭᠯᠡᠯ ᠡᠴᠡ ᠨᠠᠷᠢᠨ ᠮᠡᠳᠡᠵᠦ ᠪᠣᠯᠤᠨ᠎ᠠ᠃ ᠲᠤᠮᠪᠢᠨᠠᠢ ᠰᠡᠴᠡᠨ ᠪᠣᠯ ᠤᠬᠠᠭᠠᠨ ᠰᠡᠷᠭᠦᠯᠡᠩ ᠪᠣᠳᠣᠯᠭ᠎ᠠ ᠭᠦᠨ᠂ ᠪᠣᠷᠵᠢᠭᠢᠨ ᠣᠪᠣᠭ ᠤᠭᠰᠠᠭᠠᠲᠠᠨ ᠤ᠋ ᠪᠦᠯᠬᠦᠮᠳᠡᠨ ᠨᠢᠭᠡᠳᠬᠦ ᠳ᠋ᠦ᠍ ᠲᠤᠢᠯ ᠤ᠋ᠨ ᠴᠢᠬᠤᠯᠠ ᠵᠢᠳᠬᠦᠯ ᠭᠠᠷᠭᠠᠭᠰᠠᠨ ᠬᠥᠮᠦᠨ ᠪᠣᠯᠤᠨ᠎ᠠ᠃ ᠡᠢᠮᠦ ᠡᠴᠡ ᠰᠡᠴᠡᠨ ᠴᠣᠯᠠ ᠨᠡᠷ᠎ᠡ ᠪᠡᠷ ᠲᠡᠦᠬᠡᠨ᠎ᠡ ᠠᠯᠳᠠᠷᠰᠢᠵᠠᠢ᠃ ᠲᠤᠬᠠᠢ ᠶ᠋ᠢᠨ ᠦᠶ᠎ᠡ ᠶ᠋ᠢᠨ ᠨᠡᠢᠭᠡᠮ ᠤᠨ ᠦᠵᠡᠯ ᠤᠬᠠᠮᠰᠠᠷ ᠠ᠋ᠴᠠ ᠦᠵᠡᠪᠡᠯ ᠳᠡᠭᠡᠳᠦᠰ ᠤᠨ ᠠᠷᠢᠭᠤᠨ ᠰᠦᠨᠡᠰᠦᠨ ᠳ᠋ᠡᠭᠡᠨ ᠣᠰᠣᠯᠳᠠᠭᠰᠠᠨ ᠤᠳᠠᠭ᠎ᠠ ᠳᠠᠷᠠᠭ᠎ᠠ ᠶ᠋ᠢᠨ ᠣᠪᠣᠭ ᠤ᠋ᠨ ᠬᠠᠭᠠᠴᠠᠯ ᠨᠢ ᠲᠤᠮᠪᠢᠨᠠᠢ ᠰᠡᠴᠡᠨ ᠳ᠋ᠦ᠍ ᠣᠪᠣᠭ ᠤ᠋ᠨ ᠳᠣᠲᠣᠭᠠᠳᠤ ᠳ᠋ᠤ᠌ ᠡᠪ ᠨᠢᠭᠡᠳᠦᠯ ᠢ᠋ ᠡᠪᠳᠡᠭᠴᠢ ᠠᠲᠠ ᠴᠢᠳᠬᠥᠷ ᠣᠷᠣᠰᠢᠵᠤ ᠪᠠᠢᠨ᠎ᠠ ᠭᠡᠰᠡᠨ ᠰᠡᠳᠬᠢᠯᠴᠢ ᠦᠵᠡᠯ ᠤᠨ ᠲᠠᠨᠢᠯᠲᠠ ᠶ᠋ᠢ ᠪᠣᠢ ᠪᠣᠯᠭᠠᠵᠠᠢ᠃ ᠳᠠᠬᠢᠭᠠᠳ ᠬᠡᠯᠡᠪᠡᠯ ᠮᠣᠩᠭᠣᠯᠴᠤᠳ ᠾᠦᠩᠨᠦ ᠶ᠋ᠢᠨ ᠲᠥᠷᠥ ᠶ᠋ᠢᠨ ᠲᠤᠭ ᠪᠠ ᠬᠠᠷ᠎ᠠ ᠰᠦᠯᠳᠡ ᠶ᠋ᠢ ᠬᠦᠨᠳᠦᠯᠡᠨ ᠰᠢᠲᠦᠳᠡᠭ᠂ ᠲᠤᠮᠪᠢᠨᠠᠢ ᠰᠡᠴᠡᠨ ᠴᠦ᠍ ᠡᠭᠦᠨ ᠡᠴᠡ ᠭᠠᠳᠠᠭᠤᠷ ᠦᠭᠡᠢ ᠪᠠᠢᠬ᠎ᠠ᠃ ᠲᠡᠦᠬᠡ ᠶ᠋ᠢᠨ ᠰᠤᠳᠤᠯᠭᠠᠨ ᠤ᠋ ᠮᠠᠲ᠋ᠧᠷᠢᠶᠠᠯ ᠤ᠋ᠳ ᠢ᠋  ᠦᠨᠳᠦᠰᠦᠯᠡᠪᠡᠯ ᠾᠦᠩᠨᠦ ᠶᠢᠨ ᠲᠥᠷᠥ ᠶ᠋ᠢᠨ ᠲᠤᠭ ᠪᠠ ᠬᠠᠷ᠎ᠠ ᠰᠦᠯᠳᠡ ᠶ᠋ᠢᠨ ᠰᠢᠲᠦᠯᠭᠡ ᠨᠢ ᠲᠡᠭᠷᠢ ᠶ᠋ᠢ ᠰᠢᠲᠦᠬᠦ ᠰᠦᠰᠦᠭ ᠪᠢᠰᠢᠷᠡᠯ ᠡᠴᠡ ᠢᠷᠡᠯᠲᠡᠢ᠂ ᠪᠥᠬᠡ ᠮᠥᠷᠭᠥᠯ ᠤᠨ ᠱᠠᠰᠢᠨ ᠰᠢᠲᠦᠯᠭᠡ ᠶ᠋ᠢᠨ ᠨᠢᠭᠡ ᠠᠭᠤᠯᠭ᠎ᠠ ᠨᠢ ᠪᠣᠯᠳᠠᠭ᠃ ᠡᠷᠲᠡᠨ ᠤ ᠬᠥᠮᠦᠰ ᠪᠠᠢᠭᠠᠯᠢ ᠶ᠋ᠢᠨ ᠣᠯᠠᠨ ᠵᠦᠢᠯ ᠤᠨ ᠦᠵᠡᠭᠳᠡᠯ ᠤᠨ ᠡᠮᠦᠨ᠎ᠡ ᠶᠠᠭᠠᠬᠢᠬᠤ ᠶ᠋ᠢᠨ ᠠᠷᠭ᠎ᠠ ᠦᠭᠡᠢ ᠪᠣᠯᠬᠤ ᠳ᠋ᠠᠭᠠᠨ ᠰᠡᠳᠬᠢᠯᠴᠢ ᠦᠵᠡᠯᠲᠡ ᠪᠡᠷ ᠬᠥᠮᠦᠨ ᠤ ᠵᠣᠯ ᠵᠢᠷᠭᠠᠯ ᠢ᠋ ᠲᠡᠭᠷᠢ ᠢᠪᠡᠭᠡᠵᠦ᠂ ᠭᠠᠢ ᠪᠠᠷᠴᠢᠳ ᠢ᠋ ᠲᠡᠭᠷᠢ ᠪᠠᠭᠤᠯᠭᠠᠳᠠᠭ ᠭᠡᠰᠡᠨ 《ᠲᠡᠭᠷᠢ ᠶ᠋ᠢᠨ ᠬᠦᠴᠦᠨ》᠂ 《ᠲᠡᠭᠷᠢ ᠶ᠋ᠢᠨ ᠵᠠᠶᠠᠭᠠᠨ ᠤ᠋ ᠣᠨᠣᠯ》 ᠢ᠋ ᠢᠲᠡᠭᠡᠳᠡᠭ᠂ ᠡᠢᠮᠦ ᠡᠴᠡ ᠲᠡᠳᠡ ᠲᠡᠭᠷᠢ ᠶ᠋ᠢ ᠰᠢᠲᠦᠭᠰᠡᠭᠡᠷ ᠢᠷᠡᠵᠡᠢ᠃ ᠰᠡᠭᠦᠯᠳᠡᠵᠦ ᠢᠷᠡᠭᠡᠳ ᠪᠠᠰᠠ ᠪᠣᠳᠠᠲᠠᠢᠵᠢᠭᠤᠯᠤᠭᠰᠠᠨ ᠲᠡᠭᠷᠢ ᠶ᠋ᠢ ᠰᠢᠲᠦᠬᠦ ᠪᠣᠯᠵᠠᠢ᠃ ᠪᠣᠳᠠᠲᠠᠢ ᠪᠠᠷ ᠬᠡᠯᠡᠪᠡᠯ 《ᠾᠦᠩᠨᠦᠴᠦᠳ ᠲᠡᠭᠷᠢ ᠶ᠋ᠢᠨ ᠪᠦᠷᠢᠯᠸ᠎ᠠ᠂ ᠳᠠᠷᠤᠢ<ᠨᠠᠷᠠ᠂ ᠰᠠᠷᠠ᠂ ᠭᠠᠯ᠂ ᠪᠤᠭᠤ ᠭᠥᠷᠦᠭᠡᠰᠦᠨ ᠤ ᠳᠦᠷᠰᠦ ᠲᠡᠢ ᠲᠤᠭ ᠰᠦᠯᠳᠡ> ᠶ᠋ᠢ ᠡᠭᠦᠳᠦᠨ ᠪᠦᠲᠦᠭᠡᠭᠡᠳ ᠰᠢᠲᠦᠵᠦ ᠪᠠᠢᠵᠠᠢ᠃ ᠨᠡᠢᠲᠡ ᠶ᠋ᠢᠨ ᠣᠨ ᠲᠣᠭᠠᠯᠠᠯ ᠠ᠋ᠴᠠ ᠡᠮᠦᠨ᠎ᠡ 209 ᠣᠨ ᠳ᠋ᠤ᠌ ᠮᠤᠳᠤᠨ ᠴᠠᠨ ᠢᠦᠢ ᠬᠠᠭᠠᠨ ᠰᠠᠭᠤᠬᠤ ᠳ᠋ᠤ᠌ ᠡᠨᠡ ᠬᠦ᠌ ᠰᠦᠯᠳᠡ ᠪᠡᠨ ᠾᠦᠩᠨᠦ ᠤᠯᠤᠰ ᠤ᠋ᠨ ᠲᠥᠷᠥ ᠶ᠋ᠢᠨ ᠰᠦᠯᠳᠡ ᠪᠣᠯᠭᠠᠵᠤ ᠳᠡᠭᠡᠳᠦᠯᠡᠨ ᠬᠡᠷᠡᠭᠯᠡᠵᠡᠢ᠃ ᠬᠣᠵᠢᠮ ᠨᠢ ᠾᠦᠩᠨᠦ ᠤᠯᠤᠰ ᠵᠠᠳᠠᠷᠠᠭᠰᠠᠨ ᠪᠣᠯᠪᠠᠴᠤ ᠲᠡᠭᠦᠨ ᠤ ᠰᠦᠯᠳᠡ (ᠲᠤᠭ) ᠨᠢ ᠮᠥᠬᠥᠵᠦ ᠰᠥᠨᠥᠭᠰᠡᠨ ᠦᠭᠡᠢ ᠬᠠᠷᠢᠨ ᠮᠣᠩᠭᠣᠯᠴᠤᠳ ᠲᠤ᠌ ᠰᠢᠲᠦᠭᠳᠡᠭᠰᠡᠭᠡᠷ ᠪᠠᠢᠵᠠᠢ》⑦᠃《ᠮᠣᠩᠭᠣᠯᠴᠤᠳ ᠠᠯᠢ ᠡᠷᠲᠡᠨ(ᠠᠷᠪᠠᠳᠤᠭᠠᠷ ᠵᠠᠭᠤᠨ ᠤ᠋ ᠦᠶ᠎ᠡ) ᠳ᠋ᠦ᠍ ᠪᠠᠰᠠ ᠲᠡᠭᠷᠢ ᠶ᠋ᠢᠨ ᠪᠦᠷᠢᠯᠸ᠎ᠠ᠂ ᠳᠠᠷᠤᠢ ᠬᠠᠷ᠎ᠠ ᠰᠦᠯᠳᠡ ᠶ᠋ᠢ ᠪᠦᠲᠦᠭᠡᠨ ᠰᠢᠲᠦᠵᠦ ᠪᠠᠢᠵᠠᠢ》⑧᠃ ᠡᠷᠲᠡᠨ ᠤ ᠮᠣᠩᠭᠣᠯᠴᠤᠳ ᠶᠠᠮᠠᠷ ᠨᠢᠭᠡᠨ ᠭᠠᠢ ᠵᠣᠪᠠᠯᠠᠩ ᠠ᠋ᠴᠠ ᠬᠡᠯᠲᠦᠷᠢᠬᠦ ᠪᠤᠶᠤ ᠬᠢᠭᠰᠡᠨ ᠦᠢᠯᠡ ᠶᠠᠪᠤᠳᠠᠯ ᠨᠢ ᠢᠯᠠᠯᠲᠠ ᠣᠯᠪᠠᠯ ᠡᠭᠦᠨ ᠢ᠋ ᠪᠦᠷ ᠰᠦᠯᠳᠡ ᠲᠡᠭᠷᠢ ᠶ᠋ᠢᠨ ᠢᠪᠡᠭᠡᠯ ᠭᠡᠵᠦ ᠦᠵᠡᠭᠡᠳ ᠢᠷᠡᠭᠡᠳᠦᠢ ᠶ᠋ᠢᠨ ᠥᠭᠡᠳᠡ ᠡᠰᠡᠷᠡᠭ ᠢ᠋ᠶ᠋ᠡᠨ ᠪᠦᠷ ᠰᠦᠯᠳᠡ ᠲᠡᠭᠷᠢ ᠳ᠋ᠦ᠍ ᠳᠠᠭᠠᠳᠬᠠᠳᠠᠭ ᠵᠠᠩᠰᠢᠯ ᠲᠠᠢ ᠪᠠᠢᠵᠠᠢ᠃ ᠡᠢᠮᠦ ᠪᠣᠯᠬᠣᠷ ᠲᠤᠮᠪᠢᠨᠠᠢ ᠰᠡᠴᠡᠨ ᠳ᠋ᠦ᠍ ᠾᠦᠩᠨᠦ ᠶ᠋ᠢᠨ ᠲᠥᠷᠥ ᠶ᠋ᠢᠨ ᠰᠦᠯᠳᠡ ᠪᠠ ᠬᠠᠷ᠎ᠠ ᠰᠦᠯᠳᠡ ᠲᠡᠢ ᠠᠳᠠᠯᠢ ᠲᠡᠭᠷᠢ ᠶ᠋ᠢᠨ ᠰᠦᠷ ᠬᠦᠴᠦᠨ ᠲᠡᠢ᠂ ᠭᠡᠪᠡᠴᠦ ᠰᠦᠰᠦᠭ ᠪᠢᠰᠢᠷᠡᠯ ᠤᠨ ᠴᠢᠳᠠᠪᠬᠢ ᠬᠡᠷᠡᠭᠴᠡᠭᠡ ᠨᠢ ᠥᠭᠡᠷ᠎ᠡ - ᠳᠠᠷᠤᠢ ᠡᠪ ᠨᠢᠭᠡᠳᠦᠯ ᠢ᠋ ᠡᠪᠳᠡᠭᠴᠢ ᠡᠨᠳᠡ ᠴᠢᠳᠬᠥᠷ ᠢ᠋ ᠳᠠᠷᠤᠵᠤ ᠪᠦᠯᠬᠦᠮᠳᠡᠨ ᠨᠢᠭᠡᠳᠬᠦ ᠶ᠋ᠢ ᠢᠪᠡᠭᠡᠳᠡᠭ ᠣᠪᠣᠭ ᠤᠭᠰᠠᠭ᠎ᠠ ᠶ᠋ᠢᠨ ᠬᠠᠮᠲᠤ ᠶ᠋ᠢᠨ ᠰᠢᠲᠦᠭᠡᠨ ᠢ᠋ ᠪᠦᠲᠦᠭᠡᠨ ᠰᠢᠲᠦᠵᠦ᠂ ᠪᠣᠷᠵᠢᠭᠢᠨ ᠣᠪᠣᠭ ᠤᠭᠰᠠᠭ᠎ᠠ ᠪᠠᠨ ᠪᠦᠯᠬᠦᠮᠳᠡᠬᠦᠯᠦᠶ᠎ᠡ ᠭᠡᠰᠡᠨ ᠰᠠᠨᠠᠭ᠎ᠠ ᠵᠣᠷᠢᠯᠲᠠ ᠪᠣᠢ ᠪᠣᠯᠵᠠᠢ᠃ ᠡᠢᠮᠦ ᠡᠴᠡ ᠲᠡᠷᠡ 《ᠪᠣᠷᠵᠢᠭᠢᠨ ᠲᠡᠮᠳᠡᠭᠲᠦ》 ᠠᠯᠠᠭ ᠰᠦᠯᠳᠡ ᠶ᠋ᠢ ᠪᠦᠲᠦᠭᠡᠨ ᠰᠢᠲᠦᠵᠡᠢ ᠭᠡᠳᠡᠭ ᠢ᠋ ᠵᠦᠢᠴᠢᠯᠡᠨ ᠮᠡᠳᠡᠵᠦ ᠪᠣᠯᠤᠨ᠎ᠠ᠃ ᠳᠡᠭᠡᠷᠡᠬᠢ ᠵᠠᠳᠠᠯᠤᠨ ᠰᠢᠨᠵᠢᠯᠡᠯᠲᠡ ᠳ᠋ᠦ᠍ ᠠᠯᠠᠭ ᠰᠦᠯᠳᠡ ᠪᠣᠯ ᠳᠠᠷᠤᠢ ᠪᠣᠷᠵᠢᠭᠢᠨ ᠣᠪᠣᠭ ᠤ᠋ᠨ ᠲᠤᠮᠪᠢᠨᠠᠢ ᠰᠡᠴᠡᠨ ᠤ ᠡᠭᠦᠳᠦᠨ ᠪᠦᠲᠦᠭᠡᠭᠰᠡᠨ ᠡᠪ ᠨᠢᠭᠡᠳᠦᠯ ᠢ᠋ᠶ᠋ᠡᠨ  ᠳᠠᠭᠠᠳᠬᠠᠳᠠᠭ ᠰᠢᠲᠦᠭᠡᠨ ᠮᠥᠨ ᠭᠡᠳᠡᠭ ᠨᠢ ᠲᠣᠳᠣᠬᠠᠨ ᠬᠠᠷᠠᠭᠳᠠᠵᠤ ᠪᠠᠢᠨ᠎ᠠ᠃  

               ᠠᠯᠠᠭ ᠰᠦᠯᠳᠡ ᠶ᠋ᠢᠨ ᠪᠦᠲᠦᠴᠡ ᠶ᠋ᠢ ᠰᠢᠨᠵᠢᠯᠡᠬᠦ ᠨᠢ 

       ᠪᠣᠭᠳᠠ ᠴᠢᠩᠭᠢᠰ ᠲᠤᠭ (ᠲᠠᠢᠴᠢᠭᠤᠳ ᠤ᠋ᠨ ᠬᠠᠭᠠᠴᠠᠯ ᠢ᠋ ᠡᠪᠰᠡᠭᠦᠯᠬᠦ ᠦᠶ᠎ᠡ ᠳ᠋ᠦ᠍ ᠲᠤᠭ ᠭᠡᠰᠡᠨ ᠨᠡᠷ᠎ᠡ ᠠᠩᠬ᠎ᠠ ᠮᠠᠨᠳᠤᠵᠠᠢ)  ᠤᠨ ᠪᠦᠲᠦᠴᠡ ᠶ᠋ᠢ ᠵᠠᠰᠠᠨ ᠲᠡᠭᠦᠯᠳᠡᠷᠵᠢᠭᠦᠯᠵᠦ ᠲᠡᠭᠦᠨ ᠤ ᠡᠪ ᠨᠢᠭᠡᠳᠦᠯ ᠤᠨ ᠰᠢᠲᠦᠭᠡᠨ ᠪᠣᠯᠬᠤ ᠶ᠋ᠢ ᠤᠯᠠᠮ ᠲᠣᠳᠣᠷᠠᠭᠤᠯᠤᠨ ᠠᠯᠠᠭ ᠲᠤᠭ (ᠸᠠᠩ ᠬᠠᠨ ᠢ᠋ ᠳᠣᠪᠲᠣᠯᠬᠤ ᠦᠶ᠎ᠡ ᠳ᠋ᠦ᠍ ᠠᠯᠠᠭ ᠲᠤᠭ ᠭᠡᠰᠡᠨ ᠨᠡᠷ᠎ᠡ ᠠᠩᠬ᠎ᠠ ᠤᠳᠠᠭ᠎ᠠ ᠮᠠᠨᠳᠤᠵᠠᠢ) ᠭᠡᠮᠡᠨ ᠨᠡᠷᠡᠢᠳᠴᠡᠢ᠃ ᠠᠯᠠᠭ ᠰᠦᠯᠳᠡ ᠶ᠋ᠢᠨ ᠬᠢᠯᠣᠪᠠᠷ᠂ ᠴᠠᠷ᠎ᠠ᠂ ᠮᠠᠨᠵᠢᠯᠭ᠎ᠠ᠂ ᠰᠢᠯᠪᠢ ᠵᠡᠷᠭᠡ ᠪᠦᠲᠦᠴᠡ ᠡᠳ᠋ ᠢ᠋ ᠡᠷᠲᠡᠨ ᠤ ᠮᠣᠩᠭᠣᠯᠴᠤᠳ ᠤ᠋ᠨ ᠤᠯᠠᠮᠵᠢᠯᠠᠯᠲᠤ ᠦᠵᠡᠯᠲᠡ ᠪᠡᠷ ᠲᠤᠰ ᠲᠤᠰ ᠲᠤ᠌ ᠨᠢ ᠵᠠᠳᠠᠯᠤᠨ ᠰᠢᠨᠵᠢᠯᠡᠪᠡᠯ ᠠᠯᠠᠭ ᠰᠦᠯᠳᠡ ᠨᠢ ᠨᠢᠭᠡᠨ ᠡᠪ ᠨᠢᠭᠡᠳᠦᠯ ᠤᠨ ᠰᠢᠲᠦᠭᠡᠨ ᠪᠣᠯᠬᠤ ᠶ᠋ᠢ ᠮᠠᠭᠠᠳᠯᠠᠨ ᠮᠡᠳᠡᠵᠦ ᠪᠣᠯᠤᠨ᠎ᠠ᠃ (ᠨᠢᠭᠡ) ᠠᠯᠠᠭ ᠰᠦᠯᠳᠡ ᠶ᠋ᠢᠨ 《ᠭᠢᠯᠦᠪᠠᠷ》 ᠢ᠋ ᠤᠤᠯ ᠨᠢ ᠲᠡᠮᠦᠷ ᠢ᠋ᠶ᠋ᠡᠷ ᠵᠢᠳᠠ ᠶ᠋ᠢᠨ ᠬᠡᠯᠪᠡᠷᠢ ᠮᠠᠶᠢᠭ ᠲᠠᠢ ᠦᠢᠯᠡᠳᠦᠭᠡᠳ ᠬᠠᠪᠲᠠᠭᠠᠢ ᠲᠠᠯ᠎ᠠ ᠳᠡᠭᠡᠷ᠎ᠡ ᠨᠢ ᠳᠣᠬᠢᠭᠤᠷ ᠳᠣᠯᠣᠭᠠᠨ ᠣᠳᠣᠨ ᠤ᠋ ᠳᠦᠷᠰᠦ ᠶ᠋ᠢ ᠮᠥᠩᠭᠥ ᠪᠡᠷ ᠤᠷᠠᠯᠠᠨ ᠰᠢᠭᠢᠳᠬᠡᠵᠦ᠂ ᠴᠠᠷ᠎ᠠ ᠶ᠋ᠢᠨ ᠲᠥᠪ ᠳᠤᠮᠳᠠ ᠨᠢ ᠳᠡᠭᠡᠭᠰᠢ ᠬᠠᠨᠳᠤᠭᠤᠯᠤᠨ ᠲᠣᠭᠲᠠᠭᠠᠭᠰᠠᠨ ᠪᠠᠢᠳᠠᠭ᠃ᠡᠭᠦᠨ ᠤ ᠣᠨᠴᠠᠭᠠᠢ ᠤᠳᠬ᠎ᠠ ᠨᠢ ᠭᠡᠪᠡᠯ ᠪᠣᠷᠵᠢᠭᠢᠨ ᠣᠪᠣᠭ ᠤᠭᠰᠠᠭᠠᠲᠠᠨ ᠲᠡᠮᠦᠷ ᠮᠡᠲᠦ ᠬᠠᠭᠠᠴᠠᠨ ᠰᠠᠯᠤᠰᠢ ᠦᠭᠡᠢ ᠣᠷᠣᠰᠢᠨ ᠲᠣᠭᠲᠠᠨᠢᠬᠤ ᠡᠷᠢᠯ ᠬᠦᠰᠡᠯ ᠢ᠋ᠶ᠋ᠡᠨ ᠢᠯᠡᠳᠬᠡᠭᠰᠡᠨ ᠮᠥᠷᠲᠡᠭᠡᠨ ᠪᠠᠰᠠ ᠡᠷᠢᠯ ᠬᠦᠰᠡᠯ ᠤᠨ ᠪᠡᠶᠡᠯᠡᠭᠳᠡᠯ ᠢ᠋ᠶ᠋ᠡᠨ ᠳᠣᠬᠢᠭᠤᠷ ᠳᠣᠯᠣᠭᠠᠨ ᠣᠳᠣᠨ ᠳ᠋ᠤ᠌ ᠳᠠᠭᠠᠳᠬᠠᠵᠤ ᠪᠠᠢᠬᠤ ᠪᠠᠨ ᠴᠤ᠌ ᠢᠯᠡᠳᠬᠡᠵᠡᠢ᠃ ᠴᠢᠨᠠᠭᠰᠢ ᠨᠠᠷᠢᠨ ᠵᠠᠳᠠᠯᠪᠠᠯ ᠤᠯᠠᠮᠵᠢᠯᠠᠯᠲᠤ ᠦᠵᠡᠯᠲᠡ ᠨᠢ ᠲᠡᠮᠦᠷ ᠢ᠋ 《ᠪᠠᠲᠤ ᠪᠥᠬᠡ》 ᠶ᠋ᠢᠨ ᠪᠡᠯᠭᠡᠳᠡᠯ ᠦ᠋ᠨ ᠡᠳ᠋ ᠭᠡᠵᠦ ᠦᠵᠡᠳᠡᠭ ᠪᠣᠯᠬᠣᠷ ᠠᠯᠠᠭ ᠰᠦᠯᠳᠡ ᠶ᠋ᠢᠨ 《ᠬᠢᠯᠣᠪᠠᠷ》 ᠢ᠋ ᠲᠡᠮᠦᠷ ᠢ᠋ᠶ᠋ᠡᠷ ᠦᠢᠯᠡᠳᠴᠦ᠂ ᠬᠠᠭᠠᠴᠠᠨ ᠰᠠᠯᠤᠰᠢ ᠦᠭᠡᠢ ᠪᠠᠲᠤ ᠪᠥᠬᠡ ᠭᠡᠰᠡᠨ ᠤᠳᠬ᠎ᠠ ᠶ᠋ᠢ ᠢᠯᠡᠳᠬᠡᠵᠡᠢ᠃ ᠵᠢᠳᠠ ᠪᠣᠯ ᠢᠵᠠᠭᠤᠷ ᠮᠣᠩᠭᠣᠯᠴᠤᠳ ᠤ᠋ᠨ ᠡᠭᠡᠯᠢᠲᠡᠢ ᠡᠳ᠋ ᠤᠨ ᠨᠢᠭᠡ ᠨᠢ ᠪᠣᠯᠤᠨ᠎ᠠ᠃ ᠮᠣᠩᠭᠣᠯ ᠠᠢᠮᠠᠭ ᠤ᠋ᠨ ᠢᠵᠠᠭᠤᠷ ᠳᠡᠭᠡᠳᠦᠰ ᠵᠢᠳᠠ ᠶ᠋ᠢ ᠦᠢᠯᠡᠳᠪᠦᠷᠢᠯᠡᠯ ᠳᠡᠭᠡᠷ᠎ᠡ ᠬᠡᠷᠡᠭᠯᠡᠵᠦ ᠪᠠᠢᠭᠰᠠᠨ ᠪᠥᠭᠡᠳ ᠲᠡᠢᠨ ᠪᠠᠢᠯᠳᠤᠭᠠᠨ ᠳᠡᠭᠡᠷ᠎ᠡ ᠴᠦ᠍ ᠬᠡᠷᠡᠭᠯᠡᠵᠦ ᠪᠠᠢᠵᠠᠢ᠃ ᠰᠡᠭᠦᠯᠳᠡᠵᠦ ᠢᠷᠡᠭᠡᠳ ᠭᠣᠣᠯᠳᠠᠭᠤ ᠲᠡᠢᠨ ᠪᠠᠢᠯᠳᠤᠭᠠᠨ ᠳᠡᠭᠡᠷ᠎ᠡ ᠬᠡᠷᠡᠭᠯᠡᠬᠦ ᠪᠣᠯᠵᠠᠢ᠃ ᠠᠭᠤᠯᠠᠨ᠎ᠠ ᠭᠠᠷᠴᠤ ᠠᠩ ᠬᠦᠷᠦᠭᠡ ᠬᠢᠬᠦ ᠪᠠ ᠮᠥᠰᠥ ᠶ᠋ᠢ ᠬᠠᠭᠠᠯᠤᠨ ᠵᠢᠭᠠᠰᠤ ᠭᠣᠬᠠᠳᠠᠵᠤ᠂ ᠠᠮᠢ ᠭᠣᠣᠯ ᠢ᠋ᠶ᠋ᠠᠨ ᠲᠡᠵᠢᠭᠡᠬᠦ ᠤᠳᠬ᠎ᠠ ᠰᠠᠨᠠᠭ᠎ᠠ ᠠ᠋ᠴᠠ ᠬᠡᠯᠡᠪᠡᠯ ᠲᠡᠷᠡ ᠨᠢ ᠦᠢᠯᠡᠳᠪᠦᠷᠢᠯᠡᠯ ᠤᠨ ᠪᠠᠭᠠᠵᠢ ᠮᠥᠨ᠃ ᠳᠠᠢᠰᠤᠨ ᠲᠠᠢ ᠲᠡᠮᠡᠴᠡᠵᠦ ᠠᠮᠢ ᠪᠡᠶ᠎ᠡ ᠪᠡᠨ ᠬᠠᠮᠠᠭᠠᠯᠠᠬᠤ ᠤᠳᠬ᠎ᠠ ᠰᠠᠨᠠᠭ᠎ᠠ ᠠ᠋ᠴᠠ ᠬᠡᠯᠡᠪᠡᠯ ᠲᠡᠷᠡ ᠨᠢ ᠪᠠᠰᠠ ᠴᠤ᠌ ᠴᠡᠷᠢᠭ ᠤᠨ ᠵᠡᠪᠰᠡᠭ ᠮᠥᠨ᠃ ᠡᠢᠮᠦ ᠪᠣᠯᠬᠣᠷ ᠮᠣᠩᠭᠣᠯᠴᠤᠳ ᠤ᠋ᠨ ᠢᠵᠠᠭᠤᠷ ᠳᠡᠭᠡᠳᠦᠰ ᠵᠢᠳᠠ ᠶ᠋ᠢ ᠣᠷᠣᠰᠢᠨ ᠲᠣᠭᠲᠠᠨᠢᠬᠤ ᠳ᠋ᠤ᠌ ᠳᠤᠲᠠᠭᠳᠠᠵᠤ ᠪᠣᠯᠣᠰᠢ ᠦᠭᠡᠢ ᠡᠭᠡᠯᠢᠲᠡᠢ ᠡᠳ᠋ ᠤᠨ ᠨᠢᠭᠡ ᠪᠡᠷ ᠦᠵᠡᠵᠦ ᠪᠠᠢᠵᠠᠢ᠃ ᠡᠢᠮᠦ ᠡᠴᠡ ᠠᠯᠠᠭ ᠰᠦᠯᠳᠡ ᠶ᠋ᠢᠨ ᠭᠢᠯᠦᠪᠠᠷ ᠢ᠋ ᠵᠢᠳᠠ ᠶ᠋ᠢᠨ ᠬᠡᠯᠪᠡᠷᠢ ᠮᠠᠶᠢᠭ ᠢ᠋ᠶ᠋ᠠᠷ ᠬᠢᠵᠦ᠂ ᠵᠢᠳᠠ ᠶ᠋ᠢ ᠲᠥᠯᠦᠭᠡᠯᠡᠭᠦᠯᠦᠭᠡᠳ ᠥᠪᠡᠷ ᠤᠨ ᠣᠷᠣᠰᠢᠯ ᠲᠣᠭᠲᠠᠨᠢᠯ ᠢ᠋ᠶ᠋ᠠᠨ ᠪᠡᠯᠭᠡᠳᠡᠭᠰᠡᠨ ᠤᠳᠬ᠎ᠠ ᠶ᠋ᠢ ᠢᠯᠡᠳᠬᠡᠵᠡᠢ᠃ ᠳᠣᠬᠢᠭᠤᠷ ᠳᠣᠯᠣᠭᠠᠨ ᠣᠳᠤᠨ ᠪᠣᠯ ᠬᠡᠵᠢᠶᠡᠳᠡ ᠬᠠᠭᠠᠴᠠᠨ ᠰᠠᠯᠳᠠᠭ ᠦᠭᠡᠢ ᠬᠠᠮᠲᠤ ᠣᠷᠣᠰᠢᠵᠤ ᠪᠠᠢᠳᠠᠭ ᠢ᠋ᠶ᠋ᠠᠷ ᠢ᠋ᠶ᠋ᠠᠨ ᠪᠦᠯᠬᠦᠮᠳᠡᠯ ᠤᠨ ᠪᠡᠯᠭᠡ ᠲᠡᠮᠳᠡᠭ ᠪᠣᠯᠤᠭᠰᠠᠨ ᠪᠦᠯᠦᠭ ᠣᠳᠣ ᠪᠣᠯᠤᠨ᠎ᠠ᠃ ᠮᠠᠯ ᠠᠵᠤ ᠠᠬᠤᠢ ᠶ᠋ᠢ ᠡᠷᠬᠢᠯᠡᠭᠴᠢ ᠨᠡᠭᠦᠳᠡᠯᠴᠢᠨ ᠦᠨᠳᠦᠰᠦᠲᠡᠨ ᠳ᠋ᠦ᠍ ᠠᠪᠴᠤ ᠬᠡᠯᠡᠪᠡᠯ ᠲᠡᠷᠡ ᠨᠢ ᠪᠠᠰᠠ ᠴᠠᠭ ᠤᠯᠠᠷᠢᠯ ᠢ᠋ ᠮᠡᠳᠡᠭᠡᠯᠡᠭᠴᠢ ᠪᠥᠭᠡᠳ ᠵᠦᠭ ᠴᠢᠭ ᠢ᠋ ᠵᠢᠭᠠᠨ ᠥᠭᠭᠦᠭᠴᠢ ᠪᠠᠷᠢᠮᠵᠢᠶ᠎ᠠ ᠣᠳᠣ ᠪᠣᠯᠤᠨ᠎ᠠ᠃ ᠪᠥᠬᠡ ᠮᠥᠷᠭᠥᠯ ᠤᠨ ᠨᠣᠮᠯᠠᠯ ᠳ᠋ᠤ᠌ ᠲᠡᠭᠦᠨ ᠢ᠋ ᠭᠤᠴᠢᠨ ᠭᠤᠷᠪᠠᠨ ᠲᠡᠭᠷᠢ ᠶ᠋ᠢᠨ ᠨᠢᠭᠡ ᠨᠢ ᠭᠡᠵᠦ ᠦᠵᠡᠳᠡᠭ᠃ᠰᠠᠢᠨᠵᠢᠷᠭᠠᠯ ᠤ᠋ᠨ 《ᠡᠷᠲᠡᠨ ᠤ ᠮᠣᠩᠭᠣᠯ ᠠᠢᠮᠠᠭ ᠤ᠋ᠨ 〈ᠠᠲᠠᠭ᠎ᠠ ᠲᠡᠭᠷᠢ〉 ᠶ᠋ᠢ ᠰᠢᠲᠦᠭᠴᠢ ᠪᠦᠬᠦᠨ ᠳᠣᠯᠣᠭᠠᠨ ᠪᠤᠷᠬᠠᠨ ᠣᠳᠣ ᠶ᠋ᠢ ᠰᠢᠲᠦᠳᠡᠭ》⑨ ᠭᠡᠰᠡᠨ ᠲᠡᠮᠳᠡᠭᠯᠡᠯ ᠪᠣᠯᠤᠨ ᠴᠢ· ᠠᠶᠤᠰᠢ ᠶ᠋ᠢᠨ 《ᠮᠣᠩᠭᠣᠯ ᠤ᠋ᠨ ᠠᠯᠢ ᠴᠤ᠌ ᠨᠤᠲᠤᠭ ᠲᠤ᠌ ᠦᠳᠡᠰᠢ ᠣᠷᠣᠢ ᠰᠦ ᠰᠠᠭᠠᠯᠢ ᠶ᠋ᠢᠨ ᠳᠡᠭᠡᠵᠢ ᠪᠡᠨ ᠳᠣᠯᠣᠭᠠᠨ ᠪᠤᠷᠬᠠᠨ ᠣᠳᠣ ᠳ᠋ᠤ᠌ ᠡᠷᠭᠦᠵᠦ᠂ ᠮᠠᠯ ᠢᠳᠡᠭᠡ ᠪᠡᠨ ᠳᠠᠭᠠᠳᠬᠠᠳᠠᠭ ᠦᠭᠡᠢ ᠠᠢᠯ ᠭᠡᠵᠦ ᠪᠠᠢᠭᠰᠠᠨ ᠦᠭᠡᠢ》⑩ ᠭᠡᠰᠡᠨ ᠲᠡᠮᠳᠡᠭᠯᠡᠯ ᠢ᠋ ᠦᠨᠳᠦᠰᠦᠯᠡᠪᠡᠯ ᠪᠣᠷᠵᠢᠭᠢᠨ ᠣᠪᠣᠭ ᠤᠭᠰᠠᠭᠠᠲᠠᠨ ᠳᠣᠬᠢᠭᠤᠷ ᠳᠣᠯᠣᠭᠠᠨ ᠣᠳᠣ ᠶ᠋ᠢ ᠰᠢᠲᠦᠵᠦ ᠪᠠᠢᠵᠠᠢ᠃ ᠡᠢᠮᠦ ᠤᠴᠢᠷ ᠠ᠋ᠴᠠ ᠬᠢᠯᠦᠪᠠᠷ ᠤ᠋ᠨ ᠬᠠᠪᠲᠠᠭᠠᠢ ᠲᠠᠯ᠎ᠠ ᠳᠡᠭᠡᠷ᠎ᠡ ᠨᠢ ᠳᠣᠬᠢᠭᠤᠷ ᠳᠣᠯᠣᠭᠠᠨ ᠣᠳᠣᠨ ᠤ᠋ ᠳᠦᠷᠰᠦ ᠶ᠋ᠢ ᠮᠥᠩᠭᠥ ᠪᠡᠷ ᠤᠷᠠᠯᠠᠨ ᠰᠢᠭᠢᠳᠬᠡᠵᠦ᠂ ᠠᠯᠠᠭ ᠰᠦᠯᠳᠡ ᠶ᠋ᠢ ᠳᠣᠬᠢᠭᠤᠷ ᠳᠣᠯᠣᠭᠠᠨ ᠣᠳᠣᠨ ᠤ᠋ ᠪᠦᠷᠢᠯᠸ᠎ᠠ ᠪᠣᠯᠭᠠᠵᠤ᠂ ᠡᠪ ᠨᠢᠭᠡᠳᠦᠯ ᠢ᠋ᠶ᠋ᠡᠨ ᠠᠯᠠᠭ ᠰᠦᠯᠳᠡ ᠳ᠋ᠦ᠍ ᠳᠠᠭᠠᠳᠬᠠᠵᠤ᠂ ᠬᠠᠭᠠᠴᠠᠨ ᠰᠠᠯᠤᠰᠢ ᠦᠭᠡᠢ ᠣᠷᠣᠰᠢᠨ ᠲᠣᠭᠲᠠᠨᠢᠬᠤ ᠡᠷᠢᠯ ᠬᠦᠰᠡᠯ ᠢ᠋ᠶ᠋ᠡᠨ ᠪᠡᠶᠡᠯᠡᠭᠦᠯᠬᠦ ᠪᠠᠲᠤᠯᠠᠭ᠎ᠠ ᠪᠣᠯᠭᠠᠭᠰᠠᠨ ᠪᠠᠢᠨ᠎ᠠ᠃ (ᠬᠣᠶᠠᠷ) ᠠᠯᠠᠭ ᠰᠦᠯᠳᠡ ᠶ᠋ᠢᠨ 《ᠴᠠᠷ᠎ᠠ》 ᠶ᠋ᠢ ᠮᠥᠩᠭᠥ ᠪᠡᠷ ᠲᠣᠭᠣᠷᠢᠭ ᠦᠢᠯᠡᠳᠴᠦ᠂ ᠲᠡᠭᠦᠨ ᠤ ᠬᠥᠪᠡᠭᠡᠨ ᠳ᠋ᠦ᠍ ᠨᠢ ᠮᠠᠨᠵᠢᠯᠭ᠎ᠠ ᠤᠨᠵᠢᠭᠤᠯᠬᠤ ᠶᠢᠰᠦ ᠶᠢᠰᠦ ᠶ᠋ᠢᠨ ᠨᠠᠶᠠᠨ ᠨᠢᠭᠡᠨ ᠨᠦᠬᠡ ᠶ᠋ᠢ ᠴᠤᠭᠤᠯᠤᠭᠰᠠᠨ ᠪᠠᠢᠳᠠᠭ᠃ ᠡᠭᠦᠨ ᠤ ᠣᠨᠴᠠᠭᠠᠢ ᠤᠳᠬ᠎ᠠ ᠨᠢ ᠭᠡᠪᠡᠯ ᠮᠥᠩᠬᠡ ᠲᠡᠭᠷᠢ ᠶ᠋ᠢᠨ ᠢᠪᠡᠭᠡᠯ ᠢ᠋ᠶ᠋ᠡᠷ ᠪᠣᠷᠵᠢᠭᠢᠨ ᠣᠪᠣᠭ ᠤᠭᠰᠠᠭᠠᠲᠠᠨ ᠤ᠋ 《ᠬᠡᠢ ᠮᠣᠷᠢ ᠮᠠᠨᠳᠤᠬᠤ》 ᠶ᠋ᠢ ᠪᠡᠯᠭᠡᠳᠡᠭᠰᠡᠨ ᠤᠳᠬ᠎ᠠ ᠶ᠋ᠢ ᠢᠯᠡᠳᠬᠡᠵᠡᠢ᠃ ᠴᠢᠨᠠᠭᠰᠢ ᠨᠠᠷᠢᠨ ᠵᠠᠳᠠᠯᠪᠠᠯ ᠤᠯᠠᠮᠵᠢᠯᠠᠯᠲᠤ ᠦᠵᠡᠯᠲᠡ ᠮᠥᠩᠭᠥ ᠶ᠋ᠢ 《ᠮᠥᠩᠬᠡ》 ᠶ᠋ᠢᠨ ᠪᠡᠯᠭᠡᠳᠡᠯ ᠤᠨ ᠡᠳ᠋ ᠭᠡᠵᠦ ᠦᠵᠡᠳᠡᠭ ᠪᠣᠯᠬᠣᠷ ᠴᠠᠷ᠎ᠠ ᠶ᠋ᠢ ᠮᠥᠩᠭᠥ ᠪᠡᠷ ᠦᠢᠯᠡᠳᠴᠦ᠂ 《ᠮᠥᠩᠬᠡ》 ᠶ᠋ᠢᠨ ᠤᠳᠬ᠎ᠠ ᠶ᠋ᠢ ᠢᠯᠡᠳᠬᠡᠵᠡᠢ᠃ ᠴᠠᠷ᠎ᠠ ᠶ᠋ᠢ ᠲᠣᠭᠣᠷᠢᠭ ᠦᠢᠯᠡᠳᠳᠡᠭ ᠶᠣᠰᠣ ᠨᠢ 《ᠲᠡᠭᠷᠢ ᠲᠣᠭᠣᠷᠢᠭ ᠭᠠᠵᠠᠷ ᠳᠥᠷᠪᠡᠯᠵᠢᠨ》 ᠭᠡᠰᠡᠨ ᠤᠯᠠᠮᠵᠢᠯᠠᠯᠲᠤ  ᠦᠵᠡᠯᠲᠡ ᠪᠡᠷ ᠴᠢᠯᠠᠭᠤᠨ ᠣᠪᠣᠭ᠎ᠠ ᠶ᠋ᠢ ᠲᠣᠭᠣᠷᠢᠭ ᠬᠡᠯᠪᠡᠷᠢᠲᠡᠢ ᠪᠠᠷᠢᠵᠤ ᠲᠡᠭᠷᠢ ᠭᠡᠰᠡᠨ ᠤᠳᠬ᠎ᠠ ᠶ᠋ᠢ ᠢᠯᠡᠳᠬᠡᠳᠡᠭ ᠲᠡᠢ ᠠᠳᠠᠯᠢ ᠮᠥᠨ ᠴᠠᠷ᠎ᠠ ᠶ᠋ᠢ ᠲᠣᠭᠣᠷᠢᠭ ᠦᠢᠯᠡᠳᠴᠦ᠂ 《ᠲᠡᠭᠷᠢ》 ᠭᠡᠰᠡᠨ ᠤᠳᠬ᠎ᠠ ᠶ᠋ᠢ ᠢᠯᠡᠳᠬᠡᠵᠡᠢ᠃ ᠤᠯᠠᠮᠵᠢᠯᠠᠯᠲᠤ ᠦᠵᠡᠯᠲᠡ ᠪᠡᠷ ᠶᠢᠰᠦ ᠶᠢᠰᠦ ᠶ᠋ᠢᠨ ᠨᠠᠶᠠᠨ ᠨᠢᠭᠡ ᠶ᠋ᠢᠨ ᠲᠣᠭ᠎ᠠ ᠶ᠋ᠢ 《ᠬᠡᠢ ᠮᠣᠷᠢ ᠮᠠᠨᠳᠤᠬᠤ ᠪᠡᠯᠭᠡᠳᠡᠯ ᠤᠨ ᠳᠣᠭ᠎ᠠ》 ᠭᠡᠵᠦ ᠦᠵᠡᠳᠡᠭ ᠪᠣᠯᠬᠣᠷ ᠴᠠᠷ᠎ᠠ ᠶ᠋ᠢᠨ ᠬᠥᠪᠡᠭᠡᠨ ᠤ ᠮᠠᠨᠵᠢᠯᠭ᠎ᠠ ᠤᠨᠵᠢᠭᠤᠯᠬᠤ ᠨᠦᠬᠡ ᠶ᠋ᠢ ᠶᠢᠰᠦ ᠶᠢᠰᠦ ᠶ᠋ᠢᠨ ᠨᠠᠶᠠᠨ ᠨᠢᠭᠡ ᠴᠣᠭᠣᠯᠵᠤ᠂ 《ᠬᠡᠢ ᠮᠣᠷᠢ ᠮᠠᠨᠳᠤᠬᠤ》 ᠪᠡᠯᠭᠡᠳᠡᠯ ᠤᠨ ᠤᠳᠬ᠎ᠠ ᠶ᠋ᠢ ᠢᠯᠡᠳᠬᠡᠵᠡᠢ᠃ (ᠭᠤᠷᠪᠠ) ᠠᠯᠠᠭ ᠰᠦᠯᠳᠡ ᠶ᠋ᠢᠨ 《ᠮᠠᠨᠵᠢᠯᠭ᠎ᠠ》 ᠶ᠋ᠢ ᠴᠠᠷ᠎ᠠ ᠶ᠋ᠢᠨ ᠬᠥᠪᠡᠭᠡᠨ ᠳ᠋ᠡᠬᠢ ᠶᠢᠰᠦ ᠶᠢᠰᠦ ᠶ᠋ᠢᠨ ᠨᠠᠶᠠᠨ ᠨᠢᠭᠡᠨ ᠨᠦᠬᠡ ᠡᠴᠡ ᠣᠩᠭᠤᠨ ᠴᠠᠭᠠᠨ ᠠᠵᠢᠷᠭᠠᠨ ᠤ᠋ ᠬᠥᠬᠥᠯ ᠪᠠ ᠣᠩᠭᠤᠨ ᠬᠠᠷ᠎ᠠ ᠠᠵᠢᠷᠭᠠᠨ ᠤ᠋ ᠬᠥᠬᠥᠯ ᠢ᠋ ᠲᠠᠰᠠᠮ᠎ᠠ (ᠲᠠᠰᠠᠮ᠎ᠠ ᠶ᠋ᠢ ᠲᠠᠬᠢᠯᠭ᠎ᠠ ᠶ᠋ᠢᠨ ᠢᠮᠠᠭᠠᠨ ᠤ᠋ ᠠᠷᠠᠰᠤ ᠶ᠋ᠢ ᠠᠷᠢᠬᠢ ᠰᠢᠷ᠎ᠠ ᠲᠣᠰᠣ ᠪᠠᠷ ᠢᠳᠡᠭᠡᠯᠡᠨ ᠨᠠᠷᠢᠨ ᠵᠦᠰᠦᠵᠦ ᠬᠢᠳᠡᠭ ᠭᠡᠳᠡᠭ) ᠪᠠᠷ ᠰᠦᠯᠵᠢᠨ ᠲᠣᠭᠲᠠᠭᠠᠵᠤ ᠤᠨᠵᠢᠭᠤᠯᠤᠨ ᠬᠢᠭᠰᠡᠨ ᠪᠠᠢᠳᠠᠭ᠃ ᠡᠭᠦᠨ ᠤ ᠣᠨᠴᠠᠭᠠᠢ ᠤᠳᠬ᠎ᠠ ᠨᠢ ᠭᠡᠪᠡᠯ ᠬᠠᠷ᠎ᠠ ᠥᠩᠭᠡᠨ ᠤ ᠲᠣᠭᠰᠢᠨ ᠬᠦᠴᠦᠨ ᠢᠶᠠᠷ ᠡᠪ ᠨᠢᠭᠡᠳᠦᠯ ᠢ᠋ ᠡᠪᠳᠡᠭᠴᠢ ᠠᠳᠠ ᠴᠢᠳᠬᠥᠷ ᠢ᠋ ᠳᠠᠷᠤᠵᠤ᠂ ᠴᠠᠭᠠᠨ ᠥᠩᠭᠡᠨ ᠤ ᠡᠨᠡᠷᠢᠩᠭᠦᠢ ᠬᠦᠴᠦᠨ ᠢ᠋ᠶ᠋ᠡᠷ ᠪᠦᠯᠬᠦᠮᠳᠡᠨ ᠨᠢᠭᠡᠳᠦᠭᠰᠡᠳ ᠢ᠋ ᠢᠪᠡᠭᠡᠨ ᠲᠡᠳᠬᠦᠵᠦ᠂ ᠣᠪᠣᠭ ᠤᠭᠰᠠᠭ᠎ᠠ ᠪᠠᠨ ᠪᠦᠯᠬᠦᠮᠳᠡᠬᠦᠯᠦᠨ ᠨᠢᠭᠡᠳᠦᠭᠦᠯᠬᠦ ᠶ᠋ᠢ ᠪᠡᠯᠭᠡᠳᠡᠵᠡᠢ᠃ ᠴᠢᠨᠠᠭᠰᠢ ᠨᠠᠷᠢᠨ ᠵᠠᠳᠠᠯᠪᠠᠯ ᠣᠩᠭᠤᠨ ᠴᠠᠭᠠᠨ ᠠᠵᠢᠷᠭᠠᠨ ᠤ᠋ ᠬᠥᠬᠥᠯ ᠪᠣᠯ ᠬᠣᠪᠣᠷ ᠡᠷᠳᠡᠨᠢ ᠪᠣᠯᠬᠤ ᠮᠥᠷᠲᠡᠭᠡᠨ ᠪᠠᠰᠠ ᠴᠠᠭᠠᠨ ᠥᠩᠭᠡ ᠶ᠋ᠢ ᠠᠴᠢᠶᠠᠯᠠᠭᠴᠢ ᠡᠳ᠋ ᠪᠣᠯᠤᠨ᠎ᠠ᠃ ᠤᠯᠠᠮᠵᠢᠯᠠᠯᠲᠤ ᠦᠵᠡᠯᠲᠡ ᠳ᠋ᠦ᠍ ᠲᠡᠭᠷᠢ ᠶ᠋ᠢᠨ ᠢᠪᠡᠭᠡᠯ ᠨᠢ ᠨᠠᠷᠠᠨ ᠤ᠋ ᠭᠡᠷᠡᠯ ᠭᠡᠭᠡ ᠪᠡᠷ ᠳᠠᠮᠵᠢᠨ ᠬᠦᠷᠳᠡᠭ᠂ ᠴᠠᠭᠠᠨ ᠪᠣᠯ ᠨᠠᠷᠠᠨ ᠤ᠋ ᠭᠡᠷᠡᠯ ᠭᠡᠭᠡᠨ ᠤ ᠳᠣᠬᠢᠶ᠎ᠠ ᠲᠥᠯᠥᠭᠡᠯᠡᠯ ᠪᠣᠯᠤᠭᠰᠠᠨ ᠡᠨᠡᠷᠢᠩᠭᠦᠢ ᠥᠩᠭᠡ ᠮᠥᠨ ᠭᠡᠵᠦ ᠦᠵᠡᠳᠡᠭ᠃ ᠣᠩᠭᠤᠨ ᠬᠠᠷ᠎ᠠ ᠠᠵᠢᠷᠭᠠᠨ ᠤ᠋ ᠬᠥᠬᠥᠯ ᠪᠣᠯ ᠬᠣᠪᠣᠷ ᠡᠷᠳᠡᠨᠢ ᠪᠣᠯᠬᠤ ᠮᠥᠷᠲᠡᠭᠡᠨ ᠪᠠᠰᠠ ᠬᠠᠷ᠎ᠠ ᠥᠩᠭᠡ ᠶ᠋ᠢ ᠠᠴᠢᠶᠠᠯᠠᠭᠴᠢ ᠡᠳ᠋ ᠪᠣᠯᠤᠨ᠎ᠠ᠃ ᠮᠣᠩᠭᠣᠯᠴᠤᠳ ᠤ᠋ᠨ ᠠᠩᠬᠠᠨ ᠤ᠋ ᠤᠯᠠᠮᠵᠢᠯᠠᠯᠲᠤ  ᠦᠵᠡᠯᠲᠡ ᠳ᠋ᠦ᠍ ᠲᠡᠭᠷᠢ ᠶ᠋ᠢᠨ ᠠᠶᠤᠯ ᠭᠠᠮᠰᠢᠭ ᠨᠢ ᠪᠠᠯᠠᠷ ᠬᠠᠷᠠᠩᠭᠤᠢ ᠪᠠᠷ ᠳᠠᠮᠵᠢᠨ ᠪᠠᠭᠤᠳᠠᠭ᠂ ᠬᠠᠷ᠎ᠠ ᠪᠣᠯ ᠳᠣᠭᠰᠢᠨ ᠠᠶᠤᠮᠰᠢᠭᠲᠤ ᠬᠦᠴᠦᠨ ᠤ ᠳᠣᠬᠢᠶ᠎ᠠ ᠲᠥᠯᠥᠭᠡᠯᠡᠯ ᠪᠣᠯᠤᠭᠰᠠᠨ ᠳᠣᠭᠰᠢᠨ ᠥᠩᠭᠡ ᠮᠥᠨ ᠭᠡᠵᠦ ᠦᠵᠡᠳᠡᠭ᠃ ᠴᠠᠭᠠᠨ ᠪᠠ ᠬᠠᠷ᠎ᠠ ᠥᠩᠭᠡ ᠪᠣᠯ ᠮᠣᠩᠭᠣᠯᠴᠤᠳ ᠤ᠋ᠨ ᠡᠷᠲᠡᠨ ᠡᠴᠡ ᠪᠡᠨ ᠡᠷᠬᠢᠮᠯᠡᠭᠰᠡᠭᠡᠷ ᠢᠷᠡᠭᠰᠡᠨ ᠪᠡᠯᠭᠡᠳᠡᠯ ᠤᠨ ᠤᠳᠬ᠎ᠠ ᠲᠠᠢ ᠥᠩᠭᠡ ᠪᠣᠯᠤᠨ᠎ᠠ᠃ ᠣᠩᠭᠤᠨ ᠠᠵᠢᠷᠭᠠᠨ ᠤ᠋ ᠬᠥᠬᠥᠯ ᠪᠣᠯ ᠠᠳᠤᠭᠤ ᠮᠠᠯ ᠤ᠋ᠨ ᠭᠠᠷᠤᠯᠲᠠ ᠶ᠋ᠢᠨ ᠳᠡᠭᠡᠵᠢ ᠨᠢ ᠪᠣᠯᠬᠤ ᠮᠥᠷᠲᠡᠭᠡᠨ ᠮᠠᠯ ᠠᠵᠤ ᠠᠬᠤᠢ ᠶ᠋ᠢ ᠡᠷᠬᠢᠯᠡᠭᠴᠢ ᠦᠨᠳᠦᠰᠦᠲᠡᠨ ᠳ᠋ᠦ᠍ ᠯᠡ ᠪᠠᠢᠳᠠᠭ ᠣᠨᠴᠠᠭᠠᠢ ᠬᠣᠪᠣᠷ ᠡᠳ᠋ ᠪᠣᠯᠤᠨ᠎ᠠ᠃ ᠡᠢᠮᠦ ᠡᠴᠡ ᠠᠯᠠᠭ ᠰᠦᠯᠳᠡ ᠶ᠋ᠢ ᠵᠠᠰᠠᠨ ᠰᠢᠨᠡᠳᠬᠡᠬᠦ ᠳ᠋ᠡᠭᠡᠨ ᠣᠩᠭᠤᠨ ᠴᠠᠭᠠᠨ ᠠᠵᠢᠷᠭᠠᠨ ᠤ᠋ ᠬᠥᠬᠥᠯ ᠪᠣᠯᠤᠨ ᠣᠩᠭᠤᠨ ᠬᠠᠷ᠎ᠠ ᠠᠵᠢᠷᠭᠠᠨ ᠤ᠋ ᠬᠥᠬᠥᠯ ᠢ᠋ᠶ᠋ᠡᠷ ᠠᠯᠠᠭᠯᠠᠭᠰᠠᠨ ᠮᠠᠨᠵᠢᠯᠭ᠎ᠠ ᠬᠢᠵᠦ᠂ ᠪᠥᠬᠡ ᠮᠥᠷᠭᠥᠯ ᠤᠨ ᠵᠢᠷᠤᠬᠠᠢ ᠶ᠋ᠢᠨ ᠠᠷᠭ᠎ᠠ ᠪᠢᠯᠢᠭ ᠤᠨ ᠤᠬᠠᠭᠠᠨ ᠢ᠋ ᠲᠤᠰᠬᠠᠵᠤ᠂ ᠣᠪᠣᠭ ᠤᠭᠰᠠᠭ᠎ᠠ ᠪᠠᠨ ᠪᠦᠯᠬᠦᠮᠳᠡᠭᠦᠯᠦᠨ ᠨᠢᠭᠡᠳᠬᠡᠬᠦ ᠶ᠋ᠢ ᠪᠡᠯᠭᠡᠳᠡᠭᠰᠡᠨ ᠤᠳᠬ᠎ᠠ ᠲᠠᠢ ᠭᠡᠳᠡᠭ ᠢ᠋ ᠮᠡᠳᠡᠵᠦ ᠪᠣᠯᠤᠨ᠎ᠠ᠃ ᠪᠠᠰᠠ ᠪᠣᠷᠵᠢᠭᠢᠨ ᠣᠪᠣᠭᠲᠠᠨ ᠡᠨᠡ ᠬᠦ᠌ ᠬᠥᠬᠥᠯ ᠭᠡᠬᠦ ᠬᠣᠪᠣᠷ ᠡᠷᠳᠡᠨᠢ ᠶ᠋ᠢ ᠬᠡᠷᠡᠭᠯᠡᠭᠰᠡᠨ ᠶᠠᠪᠤᠳᠠᠯ ᠨᠢ ᠲᠡᠳᠡᠨ ᠤ ᠠᠳᠤᠭᠤ ᠮᠠᠯ ᠲᠠᠯ᠎ᠠ ᠳᠦᠭᠦᠷᠦᠭᠰᠡᠨ ᠲᠠᠩᠰᠤᠭ ᠪᠠᠶᠠᠨ ᠠᠮᠢᠳᠤᠷᠠᠯ ᠲᠠᠢ ᠪᠠᠢᠭᠰᠠᠨ ᠢ ᠬᠠᠷᠠᠭᠤᠯᠬᠤ ᠮᠥᠷᠲᠡᠭᠡᠨ ᠨᠡᠭᠦᠳᠡᠯᠴᠢᠨ ᠦᠨᠳᠦᠰᠦᠲᠡᠨ ᠤ ᠠᠵᠤ ᠠᠬᠤᠢ ᠶ᠋ᠢᠨ ᠣᠨᠴᠠᠯᠢᠭ᠋ ᠢ᠋ ᠴᠦ᠍ ᠳᠤᠰᠬᠠᠵᠤ ᠪᠠᠢᠨ᠎ᠠ᠃ (ᠳᠥᠷᠪᠡ) ᠠᠯᠠᠭ ᠰᠦᠯᠳᠡ ᠶ᠋ᠢᠨ 《ᠰᠢᠯᠪᠢ》 ᠶ᠋ᠢ ᠬᠤᠰᠤ ᠮᠣᠳᠣ ᠪᠠᠷ ᠬᠢᠭᠰᠡᠨ ᠪᠠᠢᠳᠠᠭ᠃ ᠡᠭᠦᠨ ᠤ ᠣᠨᠴᠠᠭᠠᠢ ᠤᠳᠬ᠎ᠠ ᠨᠢ ᠭᠡᠪᠡᠯ ᠬᠤᠰᠤ ᠪᠣᠯ ᠭᠢᠯᠦᠭᠡᠷ ᠴᠠᠭᠠᠨ ᠦᠢᠰᠦ ᠲᠡᠢ ᠨᠢᠭᠲᠠ ᠰᠢᠷᠬᠡᠭᠲᠦ ᠮᠣᠳᠣ ᠪᠣᠯᠤᠨ᠎ᠠ᠃《ᠪᠥᠬᠡ ᠮᠥᠷᠭᠥᠯ ᠤᠨ ᠰᠢᠳᠢᠲᠦ ᠳᠠᠭᠤᠤ ᠪᠣᠯᠤᠨ ᠢᠷᠦᠭᠡᠯ ᠦᠭᠡᠨ ᠳ᠋ᠦ᠍ ᠥᠪᠡᠷ ᠤᠨ ᠳᠡᠭᠡᠳᠦᠰ ᠢ᠋ᠶ᠋ᠡᠨ 〈ᠬᠠᠳᠠᠨ ᠴᠢᠯᠠᠭᠤᠨ ᠡᠴᠢᠭᠡ ᠲᠡᠢ᠂ ᠬᠤᠰᠤ ᠮᠤᠳᠤᠨ ᠡᠬᠡ ᠲᠡᠢ〉 ᠭᠡᠵᠦ ᠮᠠᠭᠲᠠᠨ ᠳᠠᠭᠤᠯᠠᠳᠠᠭ》⑪᠃ ᠡᠭᠦᠨ ᠡᠴᠡ ᠦᠵᠡᠪᠡᠯ ᠬᠤᠰᠤ ᠮᠣᠳᠣ ᠶ᠋ᠢ ᠰᠢᠲᠦᠵᠦ ᠪᠠᠢᠭᠰᠠᠨ ᠪᠣᠯᠤᠯᠲᠠᠢ᠃ ᠡᠢᠮᠦ ᠪᠣᠯᠬᠣᠷ ᠠᠯᠠᠭ ᠰᠦᠯᠳᠡ (ᠲᠤᠭ)  ᠶᠢ ᠰᠢᠨᠡᠳᠬᠡᠨ ᠪᠦᠲᠦᠭᠡᠬᠦ ᠳ᠋ᠦ᠍ ᠲᠤᠰᠬᠠᠢᠯᠠᠨ ᠬᠤᠰᠤ ᠮᠣᠳᠣ ᠪᠠᠷ ᠠᠯᠠᠭ ᠰᠦᠯᠳᠡ (ᠲᠤᠭ)  ᠶᠢᠨ ᠰᠢᠯᠪᠢ ᠬᠢᠵᠦ᠂ ᠣᠪᠣᠭ ᠤᠭᠰᠠᠭ᠎ᠠ ᠪᠠᠨ ᠬᠤᠰᠤ ᠮᠣᠳᠣᠨ ᠤ᠋ ᠰᠠᠯᠠᠭ᠎ᠠ ᠮᠡᠲᠦ ᠦᠷᠡᠵᠢᠨ ᠣᠯᠠᠰᠢᠷᠠᠬᠤ ᠶ᠋ᠢ ᠪᠡᠯᠭᠡᠳᠡᠭᠰᠡᠨ ᠤᠳᠬ᠎ᠠ ᠶ᠋ᠢ ᠢᠯᠡᠳᠬᠡᠵᠡᠢ᠃ ᠳᠡᠭᠡᠷᠡᠬᠢ ᠶ᠋ᠢ ᠬᠤᠷᠢᠶᠠᠩᠭᠤᠢᠯᠠᠨ ᠦᠵᠡᠪᠡᠯ ᠠᠯᠠᠭ ᠰᠦᠯᠳᠡ ᠪᠣᠯ 《ᠪᠠᠲᠤ ᠪᠥᠬᠡ》 ᠶ᠋ᠢᠨ ᠤᠳᠬ᠎ᠠ ᠲᠠᠢ ᠲᠡᠮᠦᠷ ᠢ᠋ ᠬᠡᠷᠡᠭᠯᠡᠨ ᠮᠣᠩᠭᠣᠯᠴᠤᠳ ᠤ᠋ᠨ ᠡᠭᠡᠯᠢᠲᠡᠢ ᠡᠳ᠋ - ᠵᠢᠳᠠ ᠶ᠋ᠢᠨ ᠬᠡᠯᠪᠡᠷᠢ ᠮᠠᠶᠢᠭ ᠢ᠋ᠶ᠋ᠠᠷ ᠦᠢᠯᠡᠳᠦᠭᠰᠡᠨ 《ᠭᠢᠯᠣᠪᠠᠷ》᠂ ᠮᠥᠩᠬᠡ ᠶ᠋ᠢᠨ ᠤᠳᠬ᠎ᠠ ᠲᠠᠢ ᠮᠥᠩᠭᠥ ᠶ᠋ᠢ ᠬᠡᠷᠡᠭᠯᠡᠨ ᠲᠡᠭᠷᠢ ᠶ᠋ᠢ ᠢᠯᠡᠳᠬᠡᠬᠦ ᠲᠣᠭᠣᠷᠢᠭ ᠬᠡᠯᠪᠡᠷᠢ ᠲᠡᠢ ᠦᠢᠯᠡᠳᠦᠭᠰᠡᠨ ᠬᠥᠪᠡᠭᠡᠨ ᠳ᠋ᠡᠭᠡᠨ ᠮᠠᠨᠵᠢᠯᠭ᠎ᠠ ᠤᠨᠵᠢᠭᠤᠯᠬᠤ ᠶᠢᠰᠦ ᠶᠢᠰᠦ ᠶ᠋ᠢᠨ ᠨᠠᠶᠠᠨ ᠨᠢᠭᠡ ᠶ᠋ᠢᠨ ᠪᠡᠯᠭᠡᠲᠦ ᠲᠣᠭᠠᠨ ᠤ᠋ ᠨᠦᠬᠡ ᠲᠡᠢ 《ᠴᠠᠷ᠎ᠠ》᠂ ᠬᠣᠪᠣᠷ ᠡᠷᠳᠡᠨᠢ ᠪᠣᠯᠬᠤ ᠮᠥᠷᠲᠡᠭᠡᠨ ᠴᠠᠭᠠᠨ ᠬᠠᠷ᠎ᠠ ᠶ᠋ᠢᠨ ᠪᠡᠯᠭᠡᠲᠦ ᠥᠩᠭᠡ ᠲᠡᠢ ᠣᠩᠭᠤᠨ ᠠᠵᠢᠷᠭᠠᠨ ᠤ᠋ 《ᠬᠥᠬᠥᠯ》᠂ ᠰᠢᠲᠦᠯᠭᠡᠲᠦ ᠬᠤᠰᠤ ᠮᠣᠳᠣᠨ ᠤ᠋《ᠰᠢᠯᠪᠢ》 ᠵᠡᠷᠭᠡ ᠡᠷᠬᠢᠮ ᠳᠡᠭᠡᠳᠦ ᠪᠦᠲᠦᠴᠡ ᠶ᠋ᠢ ᠪᠦᠷᠢᠯᠳᠦᠭᠦᠯᠦᠭᠡᠳ ᠳᠣᠬᠢᠭᠤᠷ ᠳᠣᠯᠣᠭᠠᠨ ᠣᠳᠣᠨ ᠢ᠋ ᠠᠯᠠᠭ ᠰᠦᠯᠳᠡ ᠶ᠋ᠢᠨ ᠬᠢᠯᠤᠪᠠᠷ ᠲᠤ᠌ ᠨᠢ ᠢᠯᠡᠷᠡᠭᠦᠯᠦᠨ ᠪᠦᠲᠦᠭᠡᠵᠡᠢ᠃ ᠰᠡᠭᠦᠯ ᠦᠶ᠎ᠡ ᠶ᠋ᠢᠨ ᠠᠯᠠᠭ ᠰᠦᠯᠳᠡ ᠶ᠋ᠢ ᠠᠵᠢᠭᠯᠠᠬᠤ ᠳ᠋ᠤ᠌ ᠲᠡᠭᠦᠨ ᠤ ᠪᠦᠲᠦᠴᠡ ᠶ᠋ᠢᠨ ᠬᠤᠪᠢᠷᠠᠯᠲᠠ ᠨᠢ ᠬᠡᠳᠦᠢᠪᠡᠷ ᠣᠯᠠᠨ ᠵᠦᠢᠯ ᠪᠠᠢᠬᠤ ᠪᠣᠯᠪᠠᠴᠤ ᠪᠦᠷ ᠯᠡ ᠡᠨᠡ ᠬᠦ᠌ ᠰᠣᠶᠣᠯ ᠤ᠋ᠨ ᠰᠠᠭᠤᠷᠢᠨ ᠳᠡᠭᠡᠷ᠎ᠡ ᠶᠠᠪᠤᠭᠳᠠᠭᠤᠯᠤᠭᠰᠠᠨ ᠪᠠᠢᠳᠠᠭ᠃ ᠡᠨᠡ ᠨᠢ ᠡᠮᠦᠨᠡᠬᠢ ᠵᠠᠳᠠᠯᠤᠨ ᠰᠢᠨᠵᠢᠯᠡᠯᠲᠡ ᠶ᠋ᠢᠨ ᠵᠥᠪ ᠪᠣᠯᠬᠤ ᠶ᠋ᠢ ᠤᠯᠠᠮ ᠪᠠᠲᠤᠯᠠᠵᠤ ᠪᠣᠯᠤᠨ᠎ᠠ᠃ ᠳᠡᠭᠡᠷᠡᠬᠢ ᠪᠦᠲᠦᠴᠡ ᠶ᠋ᠢᠨ ᠵᠠᠳᠠᠯᠤᠨ ᠰᠢᠨᠵᠢᠯᠡᠯᠲᠡ ᠡᠴᠡ ᠪᠢᠳᠡ ᠬᠣᠶᠠᠷ ᠵᠦᠢᠯ ᠢ᠋ ᠮᠡᠳᠡᠵᠦ ᠪᠣᠯᠬᠤ ᠶᠤᠮ᠃ ᠨᠢᠭᠡ ᠨᠢ ᠠᠯᠠᠭ ᠰᠦᠯᠳᠡ ᠪᠣᠯ ᠮᠣᠩᠭᠣᠯᠴᠤᠳ ᠤ᠋ᠨ ᠡᠷᠬᠢᠮᠯᠡᠳᠡᠭ ᠳᠦᠷᠰᠦ᠂ ᠥᠩᠭᠡ᠂ ᠲᠣᠭ᠎ᠠ ᠪᠣᠯᠤᠨ ᠡᠳ᠋ ᠢ᠋ᠶ᠋ᠡᠷ ᠪᠦᠲᠦᠭᠡᠭᠰᠡᠨ ᠪᠥᠬᠡ ᠮᠥᠷᠭᠥᠯ ᠤᠨ ᠰᠢᠲᠦᠯᠭᠡ ᠶ᠋ᠢᠨ ᠣᠨᠴᠠᠯᠢᠭ ᠪᠦᠬᠦᠢ ᠡᠪ ᠨᠢᠭᠡᠳᠦᠯ ᠤᠨ ᠰᠢᠲᠦᠭᠡᠨ ᠪᠣᠯᠤᠨ᠎ᠠ᠃ ᠵᠠᠷᠢᠮ ᠡᠷᠳᠡᠮᠲᠡᠨ ᠡᠨᠡ ᠬᠦ᠌ ᠡᠪ ᠨᠢᠭᠡᠳᠦᠯ ᠤᠨ ᠰᠢᠨᠵᠢ ᠲᠡᠮᠳᠡᠭ ᠡᠴᠡ ᠨᠢ ᠠᠯᠠᠭ ᠰᠦᠯᠳᠡ ᠪᠣᠢ ᠪᠣᠯᠤᠭᠰᠠᠨ ᠴᠠᠭ ᠠ᠋ᠴᠠ ᠪᠠᠨ ᠪᠡᠯᠭᠡᠳᠡᠯ ᠤᠨ ᠣᠨᠴᠠᠭᠠᠢ ᠤᠳᠬ᠎ᠠ ᠲᠠᠢ ᠪᠠᠢᠭᠰᠠᠨ ᠭᠡᠵᠦ ᠦᠵᠡᠳᠡᠭ᠃ ᠭᠡᠪᠡᠴᠦ ᠡᠬᠢᠨ ᠤ ᠦᠶ᠎ᠡ ᠳ᠋ᠦ᠍ ᠠᠯᠠᠭ ᠰᠦᠯᠳᠡ ᠶ᠋ᠢᠨ ᠪᠡᠯᠭᠡᠳᠡᠯ ᠤᠨ ᠰᠣᠶᠣᠯ ᠨᠢ ᠬᠠᠷᠠᠬᠠᠨ ᠪᠦᠷᠢᠯᠳᠦᠭᠡᠳᠦᠢ᠂ ᠲᠡᠷᠡ ᠨᠢ ᠵᠥᠪᠬᠡᠨ ᠨᠢᠭᠡ ᠰᠢᠲᠦᠭᠡᠨ ᠤ ᠬᠤᠪᠢ ᠪᠠᠷ ᠣᠷᠣᠰᠢᠵᠤ ᠪᠠᠢᠵᠠᠢ᠃ ᠬᠣᠶᠠᠷ ᠨᠢ ᠠᠯᠠᠭ ᠰᠦᠯᠳᠡ ᠶ᠋ᠢ ᠦᠢᠯᠡᠳᠬᠦ ᠰᠣᠶᠣᠯ ᠤ᠋ᠨ ᠠᠭᠤᠯᠤᠭᠳᠠᠬᠤᠨ ᠢ ᠡᠭᠦᠨ ᠡᠴᠡ ᠣᠢᠯᠠᠭᠠᠵᠤ ᠪᠣᠯᠤᠨ᠎ᠠ᠃  

              ᠮᠣᠩᠭᠣᠯᠴᠤᠳ ᠤ᠋ᠨ ᠪᠦᠯᠬᠦᠮᠳᠡᠨ ᠨᠢᠭᠡᠳᠦᠭᠰᠡᠨ ᠪᠠᠢᠳᠠᠯ ᠢ᠋ ᠰᠢᠨᠵᠢᠯᠡᠬᠦ ᠨᠢ 

       ᠠᠯᠠᠭ ᠰᠦᠯᠳᠡ ᠪᠣᠯ ᠲᠤᠮᠪᠢᠨᠠᠢ ᠰᠡᠴᠡᠨ ᠣᠪᠣᠭ ᠤᠭᠰᠠᠭ᠎ᠠ ᠶ᠋ᠢᠨ ᠡᠪ ᠨᠢᠭᠡᠳᠦᠯ ᠢ᠋ᠶ᠋ᠡᠨ ᠴᠢᠩᠭᠠᠳᠬᠠᠬᠤ ᠰᠠᠨᠠᠭ᠎ᠠ ᠵᠣᠷᠢᠯᠲᠠ ᠠ᠋ᠴᠠ ᠡᠭᠦᠳᠦᠨ ᠪᠦᠲᠦᠭᠡᠭᠰᠡᠨ ᠪᠣᠷᠵᠢᠭᠢᠨ ᠣᠪᠣᠭ ᠤᠭᠰᠠᠭᠠᠲᠠᠨ ᠤ᠋ ᠰᠢᠲᠦᠭᠡᠨ ᠪᠣᠯᠤᠨ᠎ᠠ᠃ ᠭᠡᠪᠡᠴᠦ ᠲᠡᠷᠡ ᠨᠢ ᠲᠡᠭᠷᠢ ᠶ᠋ᠢ ᠰᠢᠲᠦᠬᠦ ᠵᠠᠩᠰᠢᠯ ᠢ᠋ᠶ᠋ᠠᠷ ᠭᠣᠣᠯ ᠠᠭᠤᠯᠭ᠎ᠠ ᠪᠣᠯᠭᠠᠨ ᠮᠣᠩᠭᠣᠯᠴᠤᠳ ᠤ᠋ᠨ ᠤᠯᠠᠮᠵᠢᠯᠠᠯᠲᠤ ᠦᠵᠡᠯᠲᠡ ᠪᠡᠷ ᠦᠢᠯᠡᠳᠴᠦ ᠪᠦᠲᠦᠭᠡᠭᠰᠡᠨ ᠲᠤᠯᠠ ᠶᠠᠷᠢᠶᠠᠨ ᠦᠭᠡᠢ ᠲᠡᠭᠷᠢ ᠶ᠋ᠢ ᠰᠢᠲᠦᠬᠦ ᠰᠣᠶᠣᠯ ᠤ᠋ᠨ ᠪᠦᠲᠦᠭᠡᠭᠳᠡᠬᠦᠨ ᠪᠣᠯᠬᠤ ᠶᠣᠰᠣᠲᠠᠢ᠃ ᠡᠢᠮᠦ ᠡᠴᠡ ᠪᠣᠷᠵᠢᠭᠢᠨ ᠣᠪᠣᠭ ᠤᠭᠰᠠᠭᠠᠲᠠᠨ ᠰᠢᠲᠦᠬᠦ ᠪᠡᠷ ᠦᠯᠦ ᠪᠠᠷᠠᠨ ᠬᠠᠮᠤᠭ ᠮᠣᠩᠭᠣᠯ ᠢ᠋ᠶ᠋ᠠᠷ ᠢ᠋ᠶ᠋ᠠᠨ ᠳᠡᠭᠡᠳᠦᠯᠡᠨ ᠰᠢᠲᠦᠪᠡᠰᠦ ᠵᠣᠬᠢᠬᠤ ᠨᠢᠭᠡᠨ ᠡᠪ ᠨᠢᠭᠡᠳᠦᠯ ᠤᠨ ᠰᠢᠲᠦᠭᠡᠨ ᠪᠣᠯᠵᠠᠢ᠃ ᠮᠣᠩᠭᠣᠯᠴᠤᠳ ᠪᠦᠯᠬᠦᠮᠳᠡᠨ ᠨᠢᠭᠡᠳᠴᠦ ᠴᠢᠳᠠᠭᠰᠠᠨ ᠠ᠋ᠴᠠ ᠬᠠᠪᠤᠯ ᠬᠠᠨ ᠠᠯᠲᠠᠨ ᠤᠯᠤᠰ ᠤ᠋ᠨ ᠬᠠᠷᠭᠢᠰ ᠨᠣᠶᠠᠷᠬᠠᠯ ᠢ᠋ ᠡᠰᠡᠷᠭᠦᠴᠡᠵᠦ᠂ ᠮᠣᠩᠭᠣᠯ ᠠᠢᠮᠠᠭ ᠢ᠋ ᠪᠡᠶ᠎ᠡ ᠪᠡᠨ ᠳᠠᠭᠠᠭᠠᠭᠰᠠᠨ ᠲᠤᠰᠠᠭᠠᠷ ᠠᠢᠮᠠᠭ ᠪᠣᠯᠭᠠᠭᠰᠠᠨ ᠶᠤᠮ᠃ᠮᠣᠩᠭᠣᠯᠴᠤᠳ ᠤ᠋ᠨ ᠠᠯᠠᠭ ᠰᠦᠯᠳᠡ ᠪᠡᠨ ᠳᠡᠭᠡᠳᠦᠯᠡᠨ ᠰᠢᠲᠦᠭᠰᠡᠨ ᠨᠢ ᠮᠣᠩᠭᠣᠯᠴᠤᠳ ᠤ᠋ᠨ ᠪᠦᠯᠬᠦᠮᠳᠡᠨ ᠨᠢᠭᠡᠳᠬᠦ ᠳ᠋ᠦ᠍ ᠴᠢᠬᠤᠯᠠ ᠦᠢᠯᠡᠳᠦᠯ ᠭᠠᠷᠭᠠᠵᠤ ᠪᠠᠢᠯ᠎ᠠ ᠭᠡᠳᠡᠭ ᠢ᠋ ᠡᠭᠦᠨ ᠡᠴᠡ ᠵᠦᠢᠴᠢᠯᠡᠨ ᠮᠡᠳᠡᠵᠦ ᠪᠣᠯᠤᠨ᠎ᠠ᠃᠂《ᠬᠠᠪᠤᠯ ᠬᠠᠨ ᠳᠣᠯᠣᠭᠠᠨ ᠬᠥᠪᠡᠭᠦᠨ ᠲᠡᠢ ᠪᠠᠢᠲᠠᠯ᠎ᠠ ᠰᠡᠩᠭᠦᠮ ᠪᠢᠯᠭᠡ ᠶ᠋ᠢᠨ ᠬᠦᠦ ᠠᠮᠪᠠᠭᠠᠢ ᠬᠠᠨ ᠢ᠋ᠶ᠋ᠠᠷ ᠬᠠᠮᠤᠭ ᠮᠣᠩᠭᠣᠯ ᠢ᠋ ᠵᠠᠬᠢᠷᠤᠭᠤᠯᠤᠭᠰᠠᠨ》⑫ ᠶᠠᠪᠤᠳᠠᠯ ᠨᠢ ᠪᠣᠷᠵᠢᠭᠢᠨ ᠲᠠᠢᠴᠢᠭᠤᠳ ᠣᠪᠣᠭᠲᠠᠨ ᠠᠯᠠᠭ ᠰᠦᠯᠳᠡ ᠭᠡᠰᠡᠨ ᠨᠢᠭᠡ ᠡᠪ ᠨᠢᠭᠡᠳᠦᠯ ᠤᠨ ᠬᠠᠮᠲᠤ ᠶ᠋ᠢᠨ ᠰᠢᠲᠦᠭᠡᠨ ᠲᠡᠢ ᠪᠠᠢᠭᠰᠠᠨ ᠠ᠋ᠴᠠ ᠪᠠᠨ ᠪᠣᠯᠵᠠᠢ ᠭᠡᠳᠡᠭ ᠢ᠋ ᠬᠠᠷᠠᠭᠤᠯᠵᠤ ᠪᠠᠢᠨ᠎ᠠ᠂ ᠡᠭᠦᠨ ᠡᠴᠡ ᠦᠵᠡᠬᠦ ᠳ᠋ᠦ᠍ ᠠᠯᠠᠭ ᠰᠦᠯᠳᠡ ᠨᠢ ᠪᠣᠷᠵᠢᠭᠢᠨ ᠣᠪᠣᠭ ᠤᠭᠰᠠᠭᠠᠲᠠᠨ ᠤ᠋ ᠡᠪ ᠨᠢᠭᠡᠳᠦᠯ ᠢ᠋ᠶ᠋ᠡᠨ ᠳᠠᠭᠠᠳᠬᠠᠳᠠᠭ ᠰᠢᠲᠦᠭᠡᠨ ᠪᠠᠢᠭᠰᠠᠨ ᠠ᠋ᠴᠠ ᠬᠠᠮᠤᠭ ᠮᠣᠩᠭᠣᠯ ᠤ᠋ᠨ ᠡᠪ ᠨᠢᠭᠡᠳᠦᠯ ᠢ᠋ᠶ᠋ᠡᠨ ᠳᠠᠭᠠᠳᠬᠠᠳᠠᠭ ᠰᠢᠲᠦᠭᠡᠨ ᠪᠣᠯᠤᠨ ᠲᠣᠭᠲᠠᠨᠢᠵᠤ᠂ ᠮᠣᠩᠭᠣᠯᠴᠤᠳ ᠤ᠋ᠨ ᠵᠣᠷᠢᠭ ᠰᠠᠨᠠᠭᠠᠨ ᠤ᠋ ᠲᠤᠯᠭᠠᠭᠤᠷ ᠪᠣᠯᠵᠤ᠂ ᠮᠣᠩᠭᠣᠯ ᠠᠢᠮᠠᠭ ᠤᠯᠠᠮ ᠢ᠋ᠶ᠋ᠠᠷ ᠪᠦᠯᠬᠦᠮᠳᠡᠨ ᠬᠦᠴᠦᠷᠬᠡᠭᠵᠢᠬᠦ ᠳ᠋ᠦ᠍ ᠴᠢᠬᠤᠯᠠ ᠦᠢᠯᠡᠳᠦᠯ ᠭᠠᠷᠭᠠᠵᠠᠢ᠃ ᠪᠣᠷᠵᠢᠭᠢᠨ ᠣᠪᠣᠭ ᠤ᠋ᠨ ᠲᠤᠮᠪᠢᠨᠠᠢ ᠰᠡᠴᠡᠨ ᠤ ᠬᠣᠢᠴᠢᠰ ᠦᠶ᠎ᠡ ᠤᠯᠠᠷᠢᠨ ᠠᠯᠠᠭ ᠰᠦᠯᠳᠡ ᠪᠡᠨ ᠰᠢᠲᠦᠵᠦ᠂ ᠡᠶ᠎ᠡ ᠡᠪ ᠲᠡᠢ ᠪᠦᠯᠬᠦᠮᠳᠡᠨ ᠨᠢᠭᠡᠳᠦᠭᠡᠳ ᠬᠣᠵᠢᠮ ᠨᠢ 《ᠠᠯᠲᠠᠨ ᠤᠷᠤᠭᠲᠠᠨ》 ᠪᠣᠯᠵᠠᠢ᠃《ᠮᠣᠩᠭᠣᠯ ᠤ᠋ᠨ ᠨᠢᠭᠤᠴᠠ ᠲᠣᠪᠴᠢᠶᠠᠨ》 ᠤ᠋ 《ᠳᠥᠴᠢᠨ ᠨᠠᠢ᠍ᠮᠠ᠂ ᠲᠤᠮᠪᠢᠨᠠᠢ ᠰᠡᠴᠡᠨ ᠤ ᠬᠥᠪᠡᠭᠦᠨ ᠬᠠᠪᠤᠯ ᠬᠠᠨ᠂ ᠰᠠᠮ ᠰᠠᠴᠤᠯᠠ ᠶ᠋ᠢ ᠨᠢ ᠬᠥᠪᠡᠭᠦᠨ ᠪᠦᠯᠳᠡᠴᠦ ᠪᠠᠭᠠᠲᠤᠷ ᠭᠡᠳᠡᠭ᠃ ᠬᠠᠪᠤᠯ ᠬᠠᠨ ᠳᠣᠯᠣᠭᠠᠨ ᠬᠥᠪᠡᠭᠦᠨ ᠲᠡᠢ᠂ ᠤᠤᠭᠠᠨ ᠬᠥᠪᠡᠭᠦᠨ ᠨᠢ ᠥᠬᠢᠨ ᠪᠠᠷᠠᠬᠠᠭ᠂ ᠳᠠᠷᠠᠭ᠎ᠠ ᠨᠢ ᠪᠠᠷᠳᠠᠨ ᠪᠠᠭᠠᠲᠤᠷ᠂ ᠬᠤᠲᠤᠭᠲᠤ ᠮᠥᠩᠭᠥᠷ᠂ ᠬᠣᠲᠠᠯᠠ ᠬᠠᠨ᠂ ᠬᠤᠯᠠᠨ᠂ ᠬᠠᠲᠠᠭᠠᠨ᠂ ᠲᠥᠳᠥᠭᠡᠨ ᠣᠳᠴᠢᠬᠢᠨ ᠳᠣᠯᠣᠭ᠎ᠠ ᠪᠣᠢ᠃ ᠳᠥᠴᠢ ᠶᠢᠰᠦ᠂ ᠥᠬᠢᠨ ᠪᠠᠷᠠᠬᠠᠭ ᠤ᠋ᠨ ᠬᠥᠪᠡᠭᠦᠨ ᠬᠤᠲᠤᠭᠲᠤ ᠵᠦᠷᠬᠢ ᠭᠡᠳᠡᠭ᠃ ᠬᠤᠲᠤᠭᠲᠤ ᠵᠦᠷᠬᠢ ᠶ᠋ᠢᠨ ᠬᠥᠪᠡᠭᠦᠨ ᠰᠡᠴᠡᠨ ᠪᠡᠬᠢ᠂ ᠳᠠᠢᠴᠤ ᠬᠣᠶᠠᠷ ᠪᠣᠯᠠᠢ᠃ ᠲᠡᠳᠡ ᠵᠦᠷᠬᠢ ᠣᠪᠣᠭᠲᠠᠨ ᠪᠣᠯᠪᠠ᠃ ᠲᠠᠪᠢ᠂ ᠪᠠᠷᠳᠠᠨ ᠪᠠᠭᠠᠲᠤᠷ ᠤ᠋ᠨ ᠮᠡᠩᠭᠡᠲᠦ ᠬᠢᠶᠠᠨ᠂ ᠨᠡᠭᠦᠨ ᠲᠠᠢᠵᠢ᠂ ᠶᠢᠰᠦᠭᠡᠢ ᠪᠠᠭᠠᠲᠤᠷ᠂ ᠳᠠᠷᠢᠲᠠᠢ ᠣᠳᠴᠢᠬᠢᠨ ᠳᠥᠷᠪᠡ ᠪᠣᠯᠠᠢ᠃ ᠬᠤᠲᠤᠭᠲᠤ ᠮᠥᠩᠭᠥᠷ ᠤᠨ ᠬᠥᠪᠡᠭᠦᠨ ᠪᠦᠷᠢ ᠪᠥᠬᠡ ᠪᠣᠯᠠᠢ᠃ ᠲᠠᠪᠢᠨ ᠨᠢᠭᠡ᠂ ᠬᠣᠲᠠᠯᠠ ᠬᠠᠨ ᠤ᠋ ᠬᠥᠪᠡᠭᠦᠨ ᠵᠣᠴᠢ᠂ ᠬᠢᠷᠮᠠᠭᠤ᠂ ᠠᠯᠲᠠᠨ ᠭᠤᠷᠪᠠ ᠪᠣᠯᠠᠢ᠃ ᠬᠤᠯᠠᠨ ᠪᠠᠭᠠᠲᠤᠷ ᠤ᠋ᠨ ᠬᠥᠪᠡᠭᠦᠨ ᠶᠡᠬᠡ ᠴᠡᠷᠡᠨ ᠭᠡᠳᠡᠭ᠃ ᠪᠠᠳᠠᠢ ᠬᠢᠰᠢᠯᠢᠭ ᠬᠣᠶᠠᠷ ᠳᠠᠷᠬᠠᠳ ᠤ᠋ᠨ ᠨᠣᠶᠠᠨ ᠪᠠᠢᠪᠠ᠃ᠬᠠᠲᠠᠭᠠᠨ ᠲᠥᠳᠥᠭᠡᠨ ᠬᠣᠶᠠᠷ ᠦᠷ᠎ᠡ ᠦᠭᠡᠢ ᠥᠩᠭᠡᠷᠡᠪᠡ᠃ ᠵᠢᠷᠠ᠂ ᠶᠢᠰᠦᠭᠡᠢ ᠪᠠᠭᠠᠲᠤᠷ ᠤ᠋ᠨ ᠥᠭᠡᠯᠦᠨ ᠦᠵᠢᠨ ᠡᠴᠡ ᠲᠡᠮᠦᠵᠢᠨ᠂ ᠬᠠᠰᠠᠷ᠂ ᠬᠠᠴᠢᠭᠤᠳ᠂ ᠲᠡᠮᠦᠭᠡ ᠳᠥᠷᠪᠡᠨ ᠬᠥᠪᠡᠭᠦᠨ ᠲᠥᠷᠥᠵᠦ᠂ ᠲᠡᠮᠡᠦᠯᠦᠨ ᠨᠡᠷ᠎ᠡ ᠲᠡᠢ ᠨᠢᠭᠡᠨ ᠥᠬᠢᠨ ᠲᠥᠷᠥᠪᠡ》⑬ ᠭᠡᠰᠡᠨ ᠲᠡᠮᠳᠡᠭᠯᠡᠯ ᠡᠴᠡ ᠦᠵᠡᠪᠡᠯ ᠪᠣᠷᠵᠢᠭᠢᠨ ᠣᠪᠣᠭ ᠤ᠋ᠨ ᠲᠤᠮᠪᠢᠨᠠᠢ ᠰᠡᠴᠡᠨ ᠠᠯᠠᠭ ᠰᠦᠯᠳᠡ ᠶ᠋ᠢ ᠪᠦᠲᠦᠭᠡᠨ ᠰᠢᠲᠦᠭᠰᠡᠨ ᠡᠴᠡ ᠬᠣᠢᠰᠢ ᠲᠤᠮᠪᠢᠨᠠᠢ ᠰᠡᠴᠡᠨ ᠤ ᠭᠣᠴᠢ ᠬᠥᠪᠡᠭᠦᠨ ᠰᠡᠴᠡᠨ ᠪᠡᠬᠢ᠂ ᠳᠠᠢᠴᠤ ᠬᠣᠶᠠᠷ ᠨᠢ ᠯᠡ ᠳᠡᠭᠡᠳᠦᠰ ᠤᠨ ᠰᠤᠷᠭᠠᠯ ᠢ᠋ ᠤᠮᠠᠷᠲᠠᠨ ᠬᠦᠰᠡᠯ ᠢ᠋ ᠵᠥᠷᠢᠴᠡᠵᠦ ᠵᠦᠷᠬᠢ ᠣᠪᠣᠭᠲᠠᠨ ᠪᠣᠯᠤᠭᠰᠠᠨ ᠢ᠋ ᠭᠠᠷᠭᠠᠪᠠᠯ ᠪᠤᠰᠤᠳ ᠨᠢ ᠥᠭᠡᠷ᠎ᠡ ᠥᠭᠡᠷ᠎ᠡ ᠣᠪᠣᠭ ᠪᠣᠯᠵᠤ ᠬᠠᠭᠠᠴᠠᠨ ᠰᠠᠯᠤᠭᠰᠠᠨ ᠦᠭᠡᠢ ᠪᠦᠯᠬᠦᠮᠳᠡᠨ ᠨᠢᠭᠡᠳᠦᠭᠰᠡᠨ ᠨᠢ ᠦᠨᠡᠨ ᠪᠣᠳᠠᠲᠠᠢ ᠪᠠᠢᠨ᠎ᠠ᠃ ᠠᠯᠠᠭ ᠰᠦᠯᠳᠡ ᠶ᠋ᠢᠨ ᠡᠪ ᠪᠦᠯᠬᠦᠮᠳᠡᠯ ᠤᠨ ᠦᠢᠯᠡᠳᠦᠯ ᠢ᠋ ᠭᠠᠷᠭᠠᠵᠤ ᠪᠠᠢᠭᠰᠠᠨ ᠢ᠋ ᠣᠶᠤᠨ ᠰᠠᠨᠠᠭ᠎ᠠ ᠠ᠋ᠴᠠ ᠪᠣᠳᠠᠰ ᠲᠤ᠌ ᠬᠦᠷᠬᠦ ᠬᠤᠪᠢᠰᠤᠩᠭᠤᠢ ᠦᠵᠡᠯᠲᠡ ᠪᠡᠷ ᠦᠵᠡᠪᠡᠯ ᠲᠡᠷᠡ ᠨᠢ ᠰᠦᠰᠦᠭ ᠪᠢᠰᠢᠷᠡᠯ ᠡᠴᠡ ᠢᠲᠡᠭᠡᠯ ᠪᠣᠢ ᠪᠣᠯᠵᠤ᠂ ᠢᠲᠡᠭᠡᠯ ᠡᠴᠡ ᠠᠤᠭ᠎ᠠ ᠦᠢᠯᠡᠰ ᠢ᠋ ᠪᠦᠲᠦᠭᠡᠬᠦ ᠬᠦᠴᠦᠨ ᠵᠦᠢᠯ ᠪᠣᠢ ᠪᠣᠯᠵᠠᠢ ᠭᠡᠳᠡᠭ ᠶᠣᠰᠣ ᠶ᠋ᠢ ᠬᠠᠷᠠᠭᠤᠯᠵᠤ ᠪᠠᠢᠨ᠎ᠠ᠃ ᠳᠡᠭᠡᠷᠡᠬᠢ ᠵᠠᠳᠠᠯᠤᠨ ᠰᠢᠨᠵᠢᠯᠡᠯᠲᠡ ᠡᠴᠡ ᠦᠵᠡᠪᠡᠯ ᠠᠯᠠᠭ ᠰᠦᠯᠳᠡ ᠪᠣᠯ ᠮᠣᠩᠭᠣᠯᠴᠤᠳ ᠤ᠋ᠨ ᠡᠪ ᠨᠢᠭᠡᠳᠦᠯ ᠢ᠋ᠶ᠋ᠡᠨ ᠳᠠᠭᠠᠳᠬᠠᠳᠠᠭ ᠰᠢᠲᠦᠭᠡᠨ ᠮᠥᠨ ᠭᠡᠵᠦ ᠮᠠᠭᠠᠳᠯᠠᠵᠤ ᠪᠣᠯᠤᠨ᠎ᠠ᠃ 

               ᠠᠯᠠᠭ ᠰᠦᠯᠳᠡ ᠨᠢ ᠰᠢᠲᠦᠭᠡᠨ ᠡᠴᠡ ᠠᠶᠠᠨᠳᠠᠭᠠᠨ 
               ᠡᠪ ᠨᠢᠭᠡᠳᠦᠯ ᠤᠨ ᠪᠡᠯᠭᠡᠳᠡᠯ ᠤᠨ ᠡᠳ᠋ ᠪᠣᠯᠤᠭᠰᠠᠨ ᠨᠢ 

       ᠠᠷᠪᠠᠨ ᠬᠣᠶᠠᠳᠤᠭᠠᠷ ᠵᠠᠭᠤᠨ ᠤ᠋ ᠡᠬᠢ ᠪᠡᠷ ᠪᠣᠷᠵᠢᠭᠢᠨ ᠣᠪᠣᠭ ᠤᠭᠰᠠᠭᠠᠲᠠᠨ ᠤ᠋ ᠡᠪ ᠨᠢᠭᠡᠳᠦᠯ ᠨᠢ ᠶᠡᠬᠡ ᠪᠡᠷ ᠴᠢᠩᠭᠠᠷᠠᠵᠤ᠂ ᠪᠣᠷᠵᠢᠭᠢᠨ ᠣᠪᠣᠭ ᠤ᠋ᠨ ᠬᠠᠪᠤᠯ ᠬᠠᠨ ᠨᠢ ᠬᠠᠮᠤᠭ ᠮᠣᠩᠭᠣᠯ ᠢ᠋ ᠵᠠᠬᠢᠷᠴᠤ᠂ ᠮᠣᠩᠭᠣᠯ ᠠᠢᠮᠠᠭ ᠢ᠋ ᠪᠡᠶ᠎ᠡ ᠪᠡᠨ ᠳᠠᠭᠠᠭᠠᠭᠰᠠᠨ ᠲᠤᠰᠠᠭᠠᠷ ᠤᠯᠤᠰ ᠪᠣᠯᠭᠠᠵᠠᠢ᠃ᠮᠣᠩᠭᠣᠯᠴᠤᠳ ᠡᠭᠦᠨ ᠢ᠋ ᠠᠯᠠᠭ ᠰᠦᠯᠳᠡ ᠶ᠋ᠢᠨ ᠢᠪᠡᠭᠡᠯ ᠭᠡᠵᠦ ᠦᠵᠡᠭᠡᠳ ᠠᠯᠠᠭ ᠰᠦᠯᠳᠡ ᠶ᠋ᠢ ᠢᠳᠡᠭᠡᠨ ᠪᠢᠰᠢᠷᠡᠬᠦ ᠰᠡᠳᠬᠢᠴᠡ ᠨᠢ ᠤᠯᠠᠮ ᠢ᠋ᠶ᠋ᠠᠷ ᠨᠡᠮᠡᠭᠳᠡᠵᠦ᠂ ᠠᠯᠠᠭ ᠰᠦᠯᠳᠡ ᠶ᠋ᠢ ᠬᠠᠮᠤᠭ ᠮᠣᠩᠭᠣᠯ ᠢ᠋ᠶ᠋ᠠᠷ ᠢ᠋ᠶ᠋ᠠᠨ ᠳᠡᠭᠡᠳᠦᠯᠡᠨ ᠰᠢᠲᠦᠬᠦ ᠪᠣᠯᠵᠠᠢ᠃ ᠡᠢᠮᠦ ᠡᠴᠡ ᠬᠣᠵᠢᠮ ᠨᠢ ᠠᠯᠠᠭ ᠰᠦᠯᠳᠡ ᠳ᠋ᠦ᠍ ᠳᠠᠭᠠᠳᠬᠠᠳᠠᠭ ᠠᠭᠤᠯᠭ᠎ᠠ ᠨᠢ ᠠᠭᠠᠵᠢᠮ ᠢ᠋ᠶ᠋ᠠᠷ ᠡᠪ ᠨᠢᠭᠡᠳᠦᠯ ᠢ᠋ ᠪᠡᠯᠭᠡᠳᠡᠭᠰᠡᠨ ᠣᠨᠴᠠᠭᠠᠢ ᠤᠳᠬ᠎ᠠ ᠲᠠᠢ ᠪᠣᠯᠤᠨ ᠤᠯᠠᠷᠢᠨ ᠬᠤᠪᠢᠷᠠᠵᠤ᠂ ᠠᠯᠠᠭ ᠰᠦᠯᠳᠡ ᠨᠢ ᠨᠢᠭᠡ ᠰᠢᠲᠦᠭᠡᠨ ᠮᠥᠷᠲᠡᠭᠡᠨ ᠡᠪ ᠨᠢᠭᠡᠳᠦᠯ ᠤᠨ ᠪᠡᠯᠭᠡᠳᠡᠯ ᠤᠨ ᠡᠳ᠋ ᠪᠣᠯᠵᠠᠢ᠃ ᠪᠢᠴᠢᠭ ᠰᠤᠳᠤᠷ ᠤ᠋ᠨ ᠲᠡᠮᠳᠡᠭᠯᠡᠯ ᠪᠠ ᠰᠤᠳᠤᠯᠭᠠᠨ ᠤ᠋ ᠮᠠᠲ᠋ᠧᠷᠢᠶᠠᠯ ᠤ᠋ᠨ ᠭᠡᠷᠡᠴᠢᠯᠡᠬᠦ ᠪᠡᠷ ᠮᠣᠩᠭᠣᠯᠴᠤᠳ ᠤᠨ ᠳᠡᠭᠡᠳᠦᠰ ᠠᠯᠢ ᠡᠷᠲᠡᠨ ᠡᠴᠡ ᠠᠯᠠᠭ ᠰᠦᠯᠳᠡ ᠶ᠋ᠢ ᠡᠪ ᠨᠢᠭᠡᠳᠦᠯ ᠤᠨ ᠪᠡᠯᠭᠡᠳᠡᠯ ᠢ᠋ᠶ᠋ᠡᠷ ᠳᠡᠭᠡᠳᠦᠯᠡᠨ ᠬᠡᠷᠡᠭᠯᠡᠵᠦ ᠪᠠᠢᠵᠠᠢ᠃ ᠲᠠᠢᠴᠢᠭᠤᠳ ᠤ᠋ᠨ ᠲᠠᠷᠭᠤᠲᠠᠢ ᠬᠢᠷᠢᠯᠳᠤᠭ ᠶᠢᠰᠦᠭᠡᠢ ᠪᠠᠭᠠᠲᠤᠷ ᠦᠭᠡᠢ ᠪᠣᠯᠤᠭᠰᠠᠨ ᠬᠣᠢᠨ᠎ᠠ᠂ ᠲᠡᠮᠦᠵᠢᠨ ᠤ ᠪᠠᠯᠴᠢᠷ ᠪᠠᠭ᠎ᠠ ᠪᠠᠢᠬᠤ ᠶ᠋ᠢ ᠵᠠᠪᠳᠤᠵᠤ᠂ ᠬᠠᠭᠠᠴᠠᠯ ᠡᠭᠦᠰᠬᠡᠨ ᠬᠠᠮᠤᠭ ᠮᠣᠩᠭᠣᠯ ᠤ᠋ᠨ ᠬᠠᠭᠠᠨ ᠰᠠᠭᠤᠬᠤ ᠪᠠᠷ ᠣᠷᠣᠯᠳᠣᠵᠠᠢ᠂ ᠬᠠᠮᠤᠭ ᠮᠣᠩᠭᠣᠯ ᠤ᠋ᠨ ᠬᠠᠭᠠᠴᠠᠨ ᠰᠠᠯᠵᠤ ᠪᠠᠢᠭ᠎ᠠ ᠡᠨᠡ ᠬᠦ᠌ ᠵᠠᠩᠭᠢᠯᠠᠭ᠎ᠠ ᠶ᠋ᠢᠨ ᠴᠠᠭ ᠮᠥᠴᠡ ᠳ᠋ᠦ᠍ ᠥᠭᠡᠯᠦᠨ ᠥᠵᠢᠨ ᠲᠤᠭ (ᠠᠯᠠᠭ ᠰᠦᠯᠳᠡ)  ᠢ ᠲᠠᠬᠢᠵᠤ ᠰᠠᠭᠤᠭᠰᠠᠨ ᠦᠭᠡᠢ ᠬᠠᠷᠢᠨ ᠲᠤᠭ ᠢ᠋ᠶ᠋ᠠᠨ ᠡᠷᠭᠦᠨ ᠪᠠᠷᠢᠭᠠᠳ ᠤᠯᠤᠰ ᠢᠷᠭᠡᠳ ᠤᠨ ᠪᠦᠯᠬᠦᠮᠳᠡᠨ ᠨᠢᠭᠡᠳᠬᠦ ᠶ᠋ᠢ ᠪᠡᠯᠭᠡᠳᠡᠭᠰᠡᠨ ᠪᠠᠢᠵᠠᠢ᠃ ᠡᠭᠦᠨ ᠢ᠋ 《ᠮᠣᠩᠭᠣᠯ ᠤ᠋ᠨ ᠨᠢᠭᠤᠴᠠ ᠲᠣᠪᠴᠢᠶᠠᠨ》 ᠤ᠋ 《ᠳᠠᠯᠠᠠ ᠬᠣᠶᠠᠷ᠂ <ᠡᠳᠡᠨ ᠤ ᠬᠠᠨ ᠬᠥᠪᠡᠭᠦᠳ ᠢ᠋ ᠠᠷᠭᠠᠴᠠᠭᠠᠵᠤ ᠨᠤᠲᠤᠭ ᠲᠤ᠌ ᠣᠷᠬᠢᠵᠤ ᠨᠡᠭᠦᠶ᠎ᠡ᠂ ᠪᠢᠲᠡᠭᠡᠢ ᠠᠪᠴᠤ ᠶᠠᠪᠤᠶ᠎ᠠ> ᠭᠡᠪᠡ᠃ ᠮᠠᠷᠭᠠᠰᠢ ᠡᠳᠦᠷ ᠨᠢ ᠲᠠᠢᠴᠢᠭᠤᠳ ᠤ᠋ᠨ ᠲᠠᠷᠭᠤᠲᠠᠢ ᠬᠢᠷᠢᠯᠳᠤᠭ᠂ ᠲᠥᠳᠥᠭᠡᠨ ᠬᠢᠷᠳᠡ ᠨᠠᠷ ᠤᠨᠤᠨ ᠮᠥᠷᠡᠨ ᠤᠷᠤᠭᠤ ᠬᠥᠳᠡᠯᠪᠡ᠃ ᠲᠠᠢᠴᠢᠭᠤᠳ ᠥᠭᠡᠯᠦᠨ ᠦᠵᠢᠨ ᠢ᠋ ᠡᠬᠡ ᠬᠡᠦᠬᠡᠳ ᠲᠡᠢ ᠨᠢ ᠣᠷᠬᠢᠵᠤ ᠨᠡᠭᠦᠭᠰᠡᠨ ᠳ᠋ᠦ᠍ ᠬᠣᠩᠬᠣᠲᠠᠨ ᠤ᠋ ᠴᠢᠷᠠᠬ᠎ᠠ ᠡᠪᠦᠭᠡᠨ ᠣᠴᠢᠵᠤ ᠢᠳᠬᠠᠭᠰᠠᠨ ᠳ᠋ᠤ᠌ ᠲᠥᠳᠥᠭᠡᠨ ᠬᠢᠷᠲᠡ : <ᠴᠡᠭᠡᠯ ᠤᠨ ᠤᠰᠤᠨ ᠰᠢᠷᠭᠢᠵᠦ᠂ ᠴᠡᠭᠡᠨ ᠴᠢᠯᠠᠭᠤ ᠰᠤᠢᠷᠠᠪᠠᠢ> ᠭᠡᠳ ᠴᠢᠨᠠᠭᠰᠢ ᠨᠡᠭᠦᠵᠦ᠂ ᠴᠢᠷᠠᠬ᠎ᠠ ᠡᠪᠦᠭᠡᠨ ᠢ <ᠴᠢ ᠶᠠᠭᠤᠨ ᠤ᠋ ᠬᠢᠨᠢ ᠢᠳᠬᠠᠬᠤ ᠶᠤᠮ> ᠭᠡᠳ ᠵᠣ ᠨᠢᠷᠤᠭᠤ ᠥᠭᠡᠳᠡ ᠵᠢᠳᠠᠯᠠᠪᠠ᠃ ᠳᠠᠯᠠᠨ ᠭᠤᠷᠪᠠ᠂ ᠴᠢᠷᠠᠬ᠎ᠠ ᠡᠪᠦᠭᠡᠨ ᠰᠢᠷᠬᠠᠲᠤᠵᠤ ᠭᠡᠷ ᠲᠡᠭᠡᠨ ᠢᠷᠡᠭᠡᠳ ᠵᠣᠪᠠᠵᠤ ᠬᠡᠪᠲᠡᠬᠦ ᠳ᠋ᠦ᠍ ᠲᠡᠮᠦᠵᠢᠨ ᠦᠵᠡᠬᠦ ᠪᠡᠷ ᠣᠴᠢᠪᠠ᠃ ᠲᠡᠨᠳᠡ ᠬᠣᠩᠬᠣᠳᠠᠨ ᠤ᠋ ᠴᠢᠷᠠᠬ᠎ᠠ ᠡᠪᠦᠭᠡᠨ ᠥᠭᠦᠯᠡᠷᠦᠨ : <ᠰᠠᠢᠨ ᠡᠴᠢᠭᠡ ᠶ᠋ᠢᠨ ᠴᠢᠨᠢ ᠬᠤᠷᠢᠶᠠᠭᠰᠠᠨ ᠤᠯᠤᠰ ᠢ᠋ ᠪᠦᠬᠦᠨ ᠢ᠋ᠶ᠋ᠡᠷ ᠳᠠᠭᠠᠭᠤᠯᠤᠨ ᠨᠡᠭᠦᠬᠦ ᠶ᠋ᠢ ᠢᠳᠬᠠᠬᠤ ᠭᠡᠮᠡᠨ ᠣᠴᠢᠭᠠᠳ ᠢᠩᠭᠢᠵᠦ ᠵᠢᠳᠠᠯᠠᠭᠳᠠᠪᠠ> ᠭᠡᠰᠡᠨ ᠳ᠋ᠦ᠍ ᠲᠡᠮᠦᠵᠢᠨ ᠲᠡᠰᠴᠦ ᠶᠠᠳᠠᠨ ᠤᠬᠢᠯᠠᠨ ᠭᠠᠷᠴᠤ ᠶᠠᠪᠤᠪᠠ᠃ ᠥᠭᠡᠯᠦᠨ ᠦᠵᠢᠨ ᠥᠪᠡᠷ ᠤᠨ ᠪᠡᠶ᠎ᠡ ᠪᠡᠷ ᠲᠤᠭ ᠪᠠᠷᠢᠵᠤ ᠮᠣᠷᠳᠠᠭᠠᠳ ᠣᠷᠬᠢᠵᠤ ᠨᠡᠭᠦᠭᠰᠡᠨ ᠢᠷᠭᠡᠳ ᠤᠨ ᠵᠠᠷᠢᠮ ᠢ᠋ ᠨᠢ ᠪᠤᠴᠠᠭᠠᠪᠠ》⑭ ᠭᠡᠰᠡᠨ ᠲᠡᠮᠳᠡᠭᠯᠡᠯ ᠭᠡᠷᠡᠴᠢᠯᠡᠵᠦ ᠪᠣᠯᠬᠤ ᠶᠤᠮ᠃ ᠲᠤᠭ(ᠠᠯᠠᠭ ᠰᠦᠯᠳᠡ)  ᠢᠶᠠᠨ ᠡᠷᠭᠦᠵᠦ ᠪᠠᠷᠢᠭᠠᠳ ᠡᠪ ᠨᠢᠭᠡᠳᠦᠯ ᠢ᠋ᠶ᠋ᠡᠨ ᠪᠡᠯᠭᠡᠳᠡᠳᠡᠭ ᠨᠢ ᠨᠡᠭᠦᠳᠡᠯᠴᠢᠨ ᠦᠨᠳᠦᠰᠦᠲᠡᠨ ᠤ ᠣᠨᠴᠠᠯᠢᠭ ᠲᠤ᠌ ᠵᠣᠬᠢᠴᠠᠭᠰᠠᠨ ᠠᠩᠬᠠᠨ ᠤ᠋ ᠪᠡᠯᠭᠡᠳᠡᠬᠦ ᠬᠡᠯᠪᠡᠷᠢ ᠪᠠᠢᠬ᠎ᠠ᠃ ᠪᠠᠰᠠ ᠬᠡᠯᠡᠪᠡᠯ ᠮᠥᠩᠬᠡ ᠬᠠᠭᠠᠨ ᠤ᠋ ᠵᠢᠷᠭᠤᠳᠤᠭᠠᠷ ᠣᠨ(1256 ᠣᠨ) ᠳ᠋ᠤ᠌ ᠬᠤᠪᠢᠯᠠᠢ ᠪᠠᠭ᠎ᠠ ᠬᠤᠷᠠᠬᠤ ᠶ᠋ᠢᠨ ᠠᠭᠤᠯᠠ ᠶ᠋ᠢᠨ ᠬᠣᠷᠮᠣᠢ ᠯᠤᠸᠠᠨ ᠾᠧ ᠭᠣᠣᠯ ᠤ᠋ᠨ ᠳᠡᠭᠡᠳᠦ ᠤᠷᠤᠰᠬᠠᠯ ᠤ᠋ᠨ ᠬᠣᠢᠲᠤ ᠳᠡᠨᠵᠢᠨ ᠳᠡᠭᠡᠷ᠎ᠡ ᠰᠢᠨ᠎ᠡ ᠬᠣᠲᠠ ᠶ᠋ᠢ ᠡᠬᠢᠯᠡᠵᠦ ᠪᠠᠢᠭᠤᠯᠬᠤ ᠳ᠋ᠤ᠌ ᠮᠣᠩᠭᠣᠯᠴᠤᠳ ᠤ᠋ᠨ ᠬᠦᠷᠢᠶ᠎ᠡ ᠪᠠᠭᠤᠪᠠᠯ ᠲᠤᠭ ᠰᠦᠯᠳᠡ ᠪᠡᠨ ᠵᠠᠯᠠᠨ ᠰᠢᠲᠦᠳᠡᠭ ᠤᠯᠠᠮᠵᠢᠯᠠᠯᠲᠤ ᠵᠠᠩᠰᠢᠯ ᠢ᠋ᠶ᠋ᠠᠷ ᠢ᠋ᠶ᠋ᠠᠨ ᠠᠯᠠᠭ ᠰᠦᠯᠳᠡ ᠪᠡᠨ ᠬᠠᠲᠠᠨᠲᠠᠶ ᠠᠭᠤᠯᠠ ᠶ᠋ᠢᠨ ᠣᠷᠣᠢ ᠳᠡᠭᠡᠷ᠎ᠡ ᠵᠠᠯᠠᠵᠤ᠂ ᠲᠥᠷᠥᠯ ᠤᠭᠰᠠᠭ᠎ᠠ ᠪᠠᠷ ᠢ᠋ᠶ᠋ᠠᠨ ᠡᠪ ᠪᠦᠬᠦᠮᠳᠡᠯ ᠲᠡᠢ ᠪᠠᠢᠬᠤ ᠶ᠋ᠢ ᠪᠡᠯᠭᠡᠳᠡᠵᠡᠢ᠃ ᠠᠯᠠᠭ ᠰᠦᠯᠳᠡ ᠶ᠋ᠢ ᠬᠦᠨᠳᠦᠲᠡᠢ ᠭᠠᠵᠠᠷ ᠲᠠᠭᠠᠨ ᠵᠠᠯᠠᠵᠤ᠂ ᠡᠪ ᠨᠢᠭᠡᠳᠦᠯ ᠢ᠋ᠶ᠋ᠡᠨ ᠪᠡᠯᠭᠡᠳᠡᠳᠡᠭ ᠨᠢ ᠨᠢᠭᠡᠨ ᠬᠥᠭᠵᠢᠭᠰᠡᠨ ᠬᠡᠯᠪᠡᠷᠢ ᠪᠠᠢᠬ᠎ᠠ᠃ ᠭᠡᠪᠡᠴᠦ ᠬᠥᠮᠦᠰ ᠤᠨ ᠳᠠᠭᠠᠳᠬᠠᠯ ᠬᠢᠬᠦ ᠳ᠋ᠦ᠍ ᠵᠣᠷᠢᠭᠤᠯᠤᠭᠰᠠᠨ ᠨᠢᠭᠡ ᠲᠠᠯ᠎ᠠ ᠶ᠋ᠢ ᠦᠭᠡᠢᠰᠬᠡᠵᠦ ᠪᠣᠯᠬᠤ ᠦᠭᠡᠢ ᠶᠦᠮ᠃ ᠯᠢᠭᠳᠡᠨ ᠬᠠᠭᠠᠨ(ᠮᠣᠩᠭᠣᠯ ᠲᠥᠷᠥ ᠶ᠋ᠢᠨ ᠬᠠᠮᠤᠭ ᠰᠡᠭᠦᠯ ᠤᠨ ᠬᠠᠭᠠᠨ ᠪᠣᠯᠤᠨ᠎ᠠ) ᠸᠴᠢᠷᠲᠦ ᠴᠠᠭᠠᠨ ᠬᠣᠲᠠᠨ ᠳ᠋ᠤ᠌ ᠠᠯᠠᠭ ᠰᠦᠯᠳᠡ ᠪᠡᠨ ᠪᠡᠯᠭᠡᠳᠡᠯ ᠤᠨ ᠡᠳ᠋ ᠢ᠋ᠶ᠋ᠡᠷ ᠳᠡᠭᠡᠳᠦᠯᠡᠨ ᠬᠡᠷᠡᠭᠯᠡᠵᠦ ᠪᠠᠢᠵᠠᠢ᠃ ᠲᠡᠷᠡ ᠮᠠᠨᠵᠤ ᠶ᠋ᠢᠨ ᠴᠡᠷᠢᠭ ᠲᠦ᠍ ᠰᠢᠬᠠᠭᠳᠠᠨ ᠪᠠᠷᠠᠭᠤᠨᠰᠢ ᠬᠥᠬᠡᠨᠠᠭᠤᠷ ᠵᠦᠭ ᠶᠠᠪᠤᠬᠤ ᠳ᠋ᠠᠭᠠᠨ ᠠᠯᠠᠭ ᠰᠦᠯᠳᠡ ᠪᠡᠨ ᠬᠡᠰᠡᠭ ᠰᠦᠯᠳᠡ ᠶ᠋ᠢᠨ ᠲᠤᠰᠬᠠᠢ ᠠᠯᠪᠠᠲᠤ ᠲᠠᠢ ᠨᠢ ᠣᠷᠳᠣᠰ ᠲᠤ᠌ ᠦᠯᠡᠳᠡᠭᠡᠨ ᠶᠠᠪᠤᠵᠠᠢ᠃ ᠳᠡᠭᠡᠷᠡᠬᠢ ᠶ᠋ᠢ ᠶᠡᠷᠦᠩᠬᠡᠢᠯᠡᠨ ᠦᠵᠡᠪᠡᠯ ᠠᠯᠠᠭ ᠰᠦᠯᠳᠡ ᠪᠣᠯ ᠨᠢᠭᠡ ᠰᠢᠲᠦᠭᠡᠨ ᠪᠣᠯᠬᠤ ᠮᠥᠷᠲᠡᠭᠡᠨ ᠪᠠᠰᠠ ᠡᠪ ᠨᠢᠭᠡᠳᠦᠯ ᠤᠨ ᠪᠡᠯᠭᠡᠳᠡᠯ ᠤᠨ ᠡᠳ᠋ ᠪᠣᠯᠤᠨ᠎ᠠ᠃ ᠠᠯᠠᠭ ᠰᠦᠯᠳᠡ ᠳ᠋ᠦ᠍ ᠳᠠᠭᠠᠳᠬᠠᠬᠤ ᠠᠭᠤᠯᠭ᠎ᠠ ᠨᠢ ᠣᠯᠠᠨ ᠪᠠᠢᠳᠠᠭ ᠪᠣᠯᠬᠣᠷ ᠠᠯᠠᠭ ᠰᠦᠯᠳᠡ ᠶ᠋ᠢᠨ ᠪᠡᠯᠭᠡᠳᠡᠯ ᠤᠨ ᠣᠨᠴᠠᠭᠠᠢ ᠤᠳᠬ᠎ᠠ ᠴᠤ᠌ ᠣᠯᠠᠨ ᠰᠠᠯᠪᠤᠷᠢᠯᠠᠭᠰᠠᠨ ᠪᠠᠢᠬᠤ ᠮᠠᠭᠠᠳ᠂ ᠭᠡᠪᠡᠴᠦ ᠡᠪ ᠨᠢᠭᠡᠳᠦᠯ ᠢ᠋ ᠪᠡᠯᠭᠡᠳᠡᠭᠰᠡᠨ ᠣᠨᠴᠠᠭᠠᠢ ᠤᠳᠬ᠎ᠠ ᠨᠢ ᠭᠣᠣᠯ ᠪᠣᠯᠬᠤ ᠶᠣᠰᠣᠲᠠᠢ᠃  ᠠᠯᠠᠭ ᠰᠦᠯᠳᠡ ᠪᠣᠯ ᠨᠢᠭᠡ ᠡᠪ ᠨᠢᠭᠡᠳᠦᠯ ᠤᠨ ᠪᠡᠯᠭᠡᠳᠡᠯ ᠤᠨ ᠡᠳ᠋ ᠪᠣᠯᠬᠣᠷ ᠡᠩᠬᠡᠵᠢᠨ ᠪᠠ ᠴᠡᠷᠢᠭ ᠤᠨ ᠠᠯᠢ ᠠᠯᠢᠨ ᠳ᠋ᠤ᠌ ᠨᠢ ᠴᠦ᠍ ᠬᠡᠷᠡᠭᠯᠡᠳᠡᠭ ᠪᠠᠢᠭᠰᠠᠨ ᠠᠵᠤᠭᠤ᠃ ᠡᠷᠳᠡᠮᠲᠡᠨ ᠮᠡᠷᠭᠡᠳ ᠤᠨ ᠨᠤᠲᠠᠯᠠᠬᠤ ᠶ᠋ᠢ ᠴᠢᠩ ᠰᠡᠳᠬᠢᠯ ᠡᠴᠡ ᠬᠦᠰᠡᠵᠦ ᠪᠠᠢᠨ᠎ᠠ᠃ 

ᠵᠡᠭᠦᠯᠲᠡ 
①⑦⑧ ᠲᠤᠰ ᠨᠣᠮ ᠤ᠋ᠨ 《ᠰᠦᠯᠳᠡ ᠪᠣᠯ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠮᠥᠨ》 ᠭᠡᠰᠡᠨ ᠥᠭᠦᠯᠡᠯ ᠳ᠋ᠦ᠍ ᠦᠵᠡᠭᠡᠷᠡᠢ᠃ 
②⑥⑫⑬⑭ ᠮᠠᠨᠰᠠᠩ ᠤ᠋ᠨ ᠰᠢᠨ᠎ᠡ ᠪᠡᠷ ᠣᠷᠴᠢᠭᠤᠯᠵᠤ ᠲᠠᠢᠯᠪᠤᠷᠢᠯᠠᠭᠰᠠᠨ《ᠮᠣᠩᠭᠣᠯ ᠤ᠋ᠨ ᠨᠢᠭᠤᠴᠠ ᠲᠣᠪᠴᠢᠶᠠᠨ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠤᠨ ᠬᠣᠷᠢᠶ᠎ᠠ᠂1985 ᠣᠨ᠂13᠂13᠂14᠂14᠂ 44 ᠳ᠋ᠦ᠍ᠭᠡᠷ ᠨᠢᠭᠤᠷ ᠲᠤ᠌᠃ 
③④ ᠴᠣ᠂ ᠳᠤᠭᠠᠷᠵᠠᠪ ᠤ᠋ᠨ ᠪᠠᠷᠭᠤ ᠰᠣᠶᠣᠯ ᠤ᠋ᠨ ᠴᠤᠪᠤᠷᠠᠯ ᠪᠢᠴᠢᠭ《ᠪᠠᠷᠭᠤ ᠳᠣᠮᠣᠭ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠤᠨ ᠬᠣᠷᠢᠶ᠎ᠠ᠂ 2007 ᠣᠨ᠂ 10᠂ 11 ᠳ᠋ᠦ᠍ᠭᠡᠷ ᠨᠢᠭᠤᠷ ᠲᠤ᠌᠃ 
⑤ ᠲᠤᠮᠪᠢᠨᠠᠢ ᠰᠡᠴᠡᠨ ᠪᠣᠯ ᠴᠣᠯᠠᠯᠠᠵᠤ ᠳᠠᠭᠤᠳᠠᠬᠤ ᠠ᠋ᠴᠠ ᠪᠣᠯᠵᠤ ᠬᠤᠪᠢᠷᠠᠭᠰᠠᠨ ᠨᠡᠷ᠎ᠡ ᠪᠣᠯᠤᠨ᠎ᠠ᠃ ᠶᠢᠨ ᠹᠧᠩ《ᠴᠣᠯᠠ ᠭᠡᠭᠴᠢ ᠶᠡᠷᠦ ᠨᠢ ᠲᠤᠬᠠᠢ ᠶ᠋ᠢᠨ ᠬᠥᠮᠦᠨ ᠤ ᠨᠡᠢᠭᠡᠮ ᠤᠨ ᠡᠷᠬᠡ ᠰᠦᠷ᠂ ᠪᠠᠢᠷᠢ ᠰᠠᠭᠤᠷᠢ ᠬᠢᠭᠡᠳ ᠡᠭᠦᠷᠭᠡ ᠲᠤᠰᠢᠶᠠᠯ ᠤ᠋ᠨ ᠣᠨᠴᠠᠭᠠᠢ ᠰᠢᠨᠵᠢ ᠲᠡᠮᠳᠡᠭ ᠪᠣᠯᠬᠤ ᠶᠤᠮ᠃ ᠡᠷᠲᠡᠨ ᠤ ᠮᠣᠩᠭᠣᠯᠴᠤᠳ ᠤ᠋ᠨ ᠴᠣᠯᠠ ᠨᠢ ᠨᠢᠭᠡᠳ ᠨᠢᠭᠡ ᠪᠡᠷ ᠢ᠋ᠶ᠋ᠡᠨ ᠴᠥᠮ ᠲᠤᠬᠠᠢ ᠶ᠋ᠢᠨ ᠦᠶ᠎ᠡ ᠶ᠋ᠢᠨ ᠬᠥᠮᠦᠨ ᠤ ᠨᠠᠷ᠎ᠠ ᠳ᠋ᠤ᠌ ᠠᠳᠠᠯᠢ ᠪᠤᠰᠤ ᠪᠠᠷ ᠬᠤᠷᠰᠢᠨ ᠬᠡᠷᠡᠭᠯᠡᠭᠳᠡᠵᠦ᠂ ᠬᠥᠮᠦᠨ ᠤ ᠨᠠᠷ᠎ᠠ ᠶ᠋ᠢᠨ ᠪᠦᠷᠢᠯᠳᠦᠬᠦᠨ ᠬᠡᠰᠡᠭ ᠪᠣᠯᠬᠤ ᠪᠤᠶᠤ ᠰᠢᠭᠤᠳ ᠣᠷᠣᠯᠠᠨ ᠬᠥᠮᠦᠨ ᠤ ᠨᠠᠷ᠎ᠠ ᠪᠣᠯᠤᠭᠰᠠᠨ ᠪᠠᠢᠳᠠᠭ᠃ ᠵᠢᠱ᠌ᠢᠶᠡᠯᠡᠪᠡᠯ ᠠᠵᠢᠨᠠᠢ ᠮᠡᠷᠭᠡᠨ᠂ ᠲᠣᠭᠲᠣᠭ᠎ᠠ ᠪᠡᠬᠢ᠂ ᠳ᠋ᠠᠢ ᠰᠡᠴᠡᠨ ᠭᠡᠬᠦ ᠵᠡᠷᠭᠡ ᠶ᠋ᠢᠨ ᠳᠡᠭᠡᠷ᠎ᠡ ᠬᠡᠰᠡᠭ ᠨᠢ ᠬᠥᠮᠦᠨ ᠤ ᠨᠠᠷ᠎ᠠ ᠪᠠᠢᠵᠤ᠂ ᠳᠣᠣᠷ᠎ᠠ ᠬᠡᠰᠡᠭ ᠨᠢ ᠲᠡᠳᠡᠨ ᠤ ᠲᠤᠰ ᠲᠤᠰ ᠤ᠋ᠨ ᠬᠢᠨᠢ ᠴᠣᠯᠠ ᠪᠣᠯᠬᠤ ᠶᠤᠮ》 ᠭᠡᠵᠦ ᠲᠠᠢᠯᠪᠤᠷᠢᠯᠠᠭᠰᠠᠨ ᠪᠠᠢᠳᠠᠭ᠃ 
⑨ ᠰᠠᠢᠨᠵᠢᠷᠭᠠᠯ: 《ᠮᠣᠩᠭᠣᠯ ᠲᠠᠬᠢᠯᠭ᠎ᠠ》᠂ ᠦᠨᠳᠦᠰᠦᠲᠡᠨ ᠤ ᠬᠡᠪᠯᠡᠯ ᠤᠨ ᠬᠣᠷᠢᠶ᠎ᠠ᠂ 2001 ᠣᠨ᠂ 318 ᠳ᠋ᠤᠭᠠᠷ ᠨᠢᠭᠤᠷ ᠲᠤ᠌᠃ 
⑩  ᠴᠠ‍᠂ ᠠᠶᠤᠰᠢ᠄ 《ᠴᠢᠩᠬᠢᠰ ᠦᠨ ᠲᠣᠭ》᠂ ᠤᠯᠠᠭᠠᠨᠪᠠᠭᠠᠲᠤᠷ᠂1991 ᠣᠨ᠂ ᠬᠣᠶᠠᠳᠤᠭᠠᠷ ᠬᠤᠭᠤᠴᠠᠭ᠎ᠠ ᠳ᠋ᠤ᠌᠃    
⑪ 斯钦朝克图;《蒙古语言文化学论丛》(第一卷),民族出版社,2009年,第686页。
                                      
                                        2010 ᠣᠨ ᠤ᠋11 ᠰᠠᠷ᠎ᠠ


  【ᠵᠣᠬᠢᠶᠠᠯ ᠤ᠋ᠨ ᠲᠠᠨᠢᠯᠴᠠᠭᠤᠯᠭ᠎ᠠ】 《ᠲᠢᠶᠧ ᠹᠠᠨ ᠭᠠᠨ》 ᠢ᠋ ᠮᠣᠩᠭᠣᠯᠴᠤᠳ ᠤ᠋ᠨ ᠠᠯᠠᠭ ᠰᠦᠯᠳᠡ ᠮᠥᠨ ᠭᠡᠵᠦ ᠮᠠᠭᠠᠳᠯᠠᠬᠤ ᠠ᠋ᠴᠠ ᠡᠬᠢᠯᠡᠨ 《ᠲᠢᠶᠧ ᠹᠠᠨ ᠭᠠᠨ ᠤ ᠲᠤᠬᠠᠢ ᠥᠭᠦᠯᠡᠬᠦ ᠨᠢ》᠂ 《ᠶᠤᠸᠠᠨ ᠤᠯᠤᠰ ᠤ᠋ᠨ ᠦᠶ᠎ᠡ ᠶ᠋ᠢᠨ ᠠᠯᠠᠭ ᠰᠦᠯᠳᠡ 》 ᠪᠣᠯᠤᠨ 《ᠬᠠᠳᠠᠨᠲᠠᠶ ᠠᠭᠤᠯᠠ ᠶ᠋ᠢᠨ ᠠᠯᠠᠭ ᠰᠦᠯᠳᠡ ᠶ᠋ᠢᠨ ᠰᠡᠷᠭᠦᠭᠡᠯᠲᠡ ᠵᠢᠷᠤᠭ ᠪᠠ ᠲᠠᠢᠯᠪᠤᠷᠢ ᠥᠭᠦᠯᠡᠯ》 ᠭᠡᠰᠡᠨ ᠵᠣᠬᠢᠶᠠᠯ ᠤ᠋ᠳ ᠢ᠋ ᠲᠤᠭᠤᠷᠪᠢᠨ ᠪᠢᠴᠢᠬᠦ ᠬᠦᠷᠲᠡᠯ᠎ᠡ ᠠᠯᠠᠭ ᠰᠦᠯᠲᠠᠨ ᠤ᠋ ᠪᠡᠯᠭᠡᠳᠡᠯ ᠤᠨ ᠰᠣᠶᠣᠯ ᠤ᠋ᠨ ᠲᠤᠬᠠᠢ ᠨᠡᠯᠢᠶᠡᠳ ᠣᠢᠯᠠᠭᠠᠯᠲᠠ ᠲᠠᠢ ᠪᠣᠯᠵᠠᠢ᠃ ᠡᠢᠮᠦ ᠡᠴᠡ ᠲᠤᠰ ᠥᠭᠦᠯᠡᠯ ᠢ᠋ ᠲᠤᠭᠤᠷᠪᠢᠨ ᠪᠢᠴᠢᠵᠦ᠂ ᠳᠤᠮᠳᠠᠳᠤ ᠤᠯᠤᠰ ᠤ᠋ᠨ ᠭᠤᠷᠪᠠᠳᠤᠭᠠᠷ ᠤᠳᠠᠭᠠᠨ ᠤ᠋ ᠮᠣᠩᠭᠣᠯ ᠬᠡᠯᠡ ᠰᠣᠶᠣᠯ ᠤ᠋ᠨ ᠡᠷᠳᠡᠮ ᠰᠢᠨᠵᠢᠯᠡᠭᠡᠨ ᠤ ᠶᠠᠷᠢᠯᠴᠠᠬᠤ ᠬᠤᠷᠠᠯ ᠳ᠋ᠤ᠌ ᠣᠷᠣᠯᠴᠠᠬᠤ ᠳ᠋ᠤ᠌ ᠬᠤᠷᠠᠯ ᠤ᠋ᠨ ᠥᠭᠦᠯᠡᠯ ᠪᠣᠯᠭᠠᠨ ᠳᠡᠪᠰᠢᠭᠦᠯᠪᠡ᠃ 
       ᠲᠤᠰ ᠥᠭᠦᠯᠡᠯ ᠨᠢ《ᠰᠢᠯᠢ ᠶ᠋ᠢᠨ ᠭᠣᠣᠯ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠤ ᠰᠡᠳᠬᠦᠯ》 ᠦ᠋ᠨ2010 ᠣᠨ ᠤ᠋ ᠬᠣᠶᠠᠳᠤᠭᠠᠷ ᠬᠤᠭᠤᠴᠠᠭᠠᠨ ᠳ᠋ᠤ᠌ ᠨᠡᠢᠲᠡᠯᠡᠭᠳᠡᠪᠡ᠃ 
                               ᠵᠣᠬᠢᠶᠠᠭᠴᠢ