ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠬᠥᠯᠥᠭ ᠪᠠᠭᠠᠲᠤᠷ ᠲᠠ ᠠᠮᠤᠭᠤᠯᠠᠩ ᠮᠣᠷᠢᠯᠠᠭᠠᠷᠠᠢ> Хүлэг баатар буурч - Б. Өлзийсүрэн <Хүлэг баатар та амгалан морилоорой> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠬᠥᠯᠥᠭ ᠪᠠᠭᠠᠲᠤᠷ ᠲᠠ ᠠᠮᠤᠭᠤᠯᠠᠩ ᠮᠣᠷᠢᠯᠠᠭᠠᠷᠠᠢ> Хүлэг баатар буурч - Б. Өлзийсүрэн <Хүлэг баатар та амгалан морилоорой>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠬᠥᠯᠥᠭ ᠪᠠᠭᠠᠲᠤᠷ ᠲᠠ ᠠᠮᠤᠭᠤᠯᠠᠩ ᠮᠣᠷᠢᠯᠠᠭᠠᠷᠠᠢ> Хүлэг баатар буурч - Б. Өлзийсүрэн <Хүлэг баатар та амгалан морилоорой>

ᠠᠩᠭᠢᠯᠠᠯ:ᠲᠡᠦᠬᠡ ᠰᠣᠶᠣᠯ
2026-02-08

203

ᠬᠦᠯᠦᠭ ᠪᠠᠭᠠᠲᠤᠷ ᠲᠠ ᠠᠮᠤᠭᠤᠯᠠᠩ ᠮᠣᠷᠢᠯᠠᠭᠠᠷᠠᠢ


       ᠲᠡᠦᠬᠡᠨ ᠭᠠᠵᠠᠷ ᠵᠦᠢᠴᠢ᠂ ᠠᠷᠬᠢᠯᠤᠬᠢᠴᠢ᠂ ᠳᠣᠮᠣᠭ ᠵᠦᠢ ᠰᠤᠳᠤᠯᠤᠭᠠᠴᠢ᠂ ᠬᠡᠯᠡ ᠪᠢᠴᠢᠭ ᠤᠳᠬ᠎ᠠ ᠰᠣᠶᠣᠯ ᠰᠤᠳᠤᠯᠤᠭᠠᠴᠢ ᠡᠷᠳᠡᠮᠲᠡᠳ ᠦ᠋ᠨ ᠣᠯᠠᠨ ᠵᠢᠯ ᠦ᠋ᠨ ᠰᠤᠳᠤᠯᠭ᠎ᠠ ᠰᠢᠨᠵᠢᠯᠡᠭᠡᠨ ᠦ᠌ ᠦᠷ᠎ᠡ ᠪᠡᠷ ᠴᠢᠩᠭᠢᠰ ᠬᠠᠭᠠᠨ ᠤ᠋ ᠶᠢᠰᠦᠨ ᠥᠷᠯᠥᠭ᠂ ᠳᠥᠷᠪᠡᠨ ᠬᠦᠯᠦᠭ ᠪᠠᠭᠠᠲᠤᠷ ᠤ᠋ᠨ ᠨᠢᠭᠡᠨ ᠪᠣᠭᠤᠷᠴᠢ ᠶ᠋ᠢᠨ ᠲᠥᠷᠥᠵᠦ ᠥᠰᠦᠭᠰᠡᠨ ᠨᠤᠲᠤᠭ ᠤᠰᠤ ᠨᠢ ᠬᠠᠭᠤᠴᠢᠨ ᠰᠡᠴᠡᠨ ᠬᠠᠨ ᠠᠢᠮᠠᠭ ᠤ᠋ᠨ ᠭᠣᠩᠭᠣᠷ ᠳᠠᠢᠴᠢᠨ ᠪᠠᠢᠰᠠ ᠶ᠋ᠢᠨ ᠬᠤᠰᠢᠭᠤᠨ ᠤ᠋(ᠬᠡᠨᠲᠡᠢ ᠶ᠋ᠢᠨ ᠪᠠᠲᠤᠨᠣᠷᠪᠤ) ᠨᠤᠲᠤᠭ ᠭᠠᠵᠠᠷ ᠮᠥᠨ ᠭᠡᠮᠡᠨ ᠬᠦᠬᠦᠷ ᠦ᠋ᠨ ᠲᠠᠯ᠎ᠠ ᠳ᠋ᠤ᠌ ᠭᠡᠷᠡᠯᠲᠦ ᠬᠥᠰᠢᠶ᠎ᠡ ᠪᠤᠰᠬᠠᠭᠰᠠᠨ ᠪᠢᠯᠡ᠃ ᠬᠠᠮᠢᠭᠠᠰᠢ ᠬᠠᠮᠢᠭᠠᠰᠢ ᠪᠠᠨ ᠠᠭᠤᠵᠢᠮ ᠰᠠᠢᠬᠠᠨ ᠬᠦᠬᠦᠷ ᠦ᠋ᠨ ᠲᠠᠯ᠎ᠠ ᠳ᠋ᠤ᠌ ᠨᠠᠬᠤ ᠪᠠᠶᠠᠨ ᠤ᠋ ᠣᠯᠠᠨ ᠠᠳᠤᠭᠤ ᠪᠡᠯᠴᠢᠵᠦ ᠶᠠᠪᠤᠭᠰᠠᠨ ᠨᠢ ᠭᠠᠴᠠᠭ᠎ᠠ ᠦᠭᠡᠢ᠃ ᠨᠠᠬᠤ ᠪᠠᠶᠠᠨ ᠤ᠋ ᠨᠤᠲᠤᠭ ᠰᠤᠮᠤ ᠣᠷᠣᠨ ᠤ᠋ ᠬᠢᠨ ᠴᠦ᠍ ᠡᠪᠦᠭᠡ ᠳᠡᠭᠡᠳᠦᠰ ᠦ᠋ᠨ ᠢ᠋ᠶ᠋ᠡᠨ ᠲᠡᠦᠬᠡ ᠶ᠋ᠢᠨ ᠤᠯᠪᠠᠭ᠎ᠠ ᠶ᠋ᠢ ᠤᠯᠠᠮ ᠡᠷᠭᠦᠵᠦ ᠠᠳᠤᠭᠤ ᠪᠠᠨ ᠥᠰᠬᠡᠨ ᠦᠷᠡᠵᠢᠭᠦᠯᠵᠦ ᠰᠡᠭᠦᠯ ᠦ᠋ᠨ ᠲᠠᠪᠤᠨ ᠵᠢᠯ ᠳ᠋ᠦ᠍ ᠤᠯᠤᠰ ᠤ᠋ᠨ ᠬᠠᠮᠤᠭ ᠤ᠋ᠨ ᠣᠯᠠᠨ ᠠᠳᠤᠭᠤ ᠲᠠᠢ ᠰᠤᠮᠤ ᠶ᠋ᠢᠨ ᠴᠡᠭᠡᠵᠢᠨ ᠳ᠋ᠦ᠍ ᠶᠠᠪᠤᠳᠠᠭ ᠪᠣᠯᠤᠭᠰᠠᠨ᠃ ᠬᠡᠷᠦᠯᠦᠨ ᠦ᠌ ᠲᠡᠨᠢᠭᠦᠨ ᠬᠥᠨᠳᠡᠢ᠂ ᠬᠦᠬᠦᠷ ᠦ᠋ᠨ ᠲᠠᠯ᠎ᠠ᠂ ᠰᠤᠪᠤᠷᠭ᠎ᠠ ᠶ᠋ᠢᠨ ᠬᠥᠨᠳᠡᠢ ᠶᠡᠷᠦ ᠨᠢ ᠪᠦᠬᠦᠨ ᠢ᠋ᠶ᠋ᠡᠷ ᠢ᠋ᠶ᠋ᠡᠨ ᠠᠳᠤᠭᠤᠨ ᠤ᠋ ᠨᠤᠲᠤᠭ ᠶᠤᠮ᠃ 
      《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠳᠤᠷᠠᠳᠤᠭᠰᠠᠨ ᠨᠠᠬᠤ ᠪᠠᠶᠠᠨ ᠤ᠋ ᠨᠤᠲᠤᠭ ᠨᠢ ᠪᠠᠶᠠᠨ ᠬᠠᠢᠷᠬᠠᠨ (ᠵᠡᠭᠦᠨ ᠪᠠᠶᠠᠨ) ᠠᠭᠤᠯᠠ ᠶ᠋ᠢᠨ ᠣᠷᠴᠢᠮ ᠳ᠋ᠤ᠌ ᠪᠠᠢᠭᠰᠠᠨ ᠨᠢ ᠨᠤᠲᠠᠯᠠᠭᠳᠠᠳᠠᠭ ᠭᠡᠵᠦ ᠭᠠᠵᠠᠷ ᠵᠦᠢᠴᠢ ᠣ· ᠰᠦᠬᠡᠪᠠᠭᠠᠲᠤᠷ ᠦᠵᠡᠳᠡᠭ᠃ ᠮᠣᠩᠭᠣᠯ ᠤ᠋ᠨ ᠲᠡᠦᠬᠡ ᠶ᠋ᠢ ᠪᠠᠷᠢᠮᠲᠠᠵᠢᠭᠤᠯᠬᠤ ᠨᠢ ᠠᠴᠢ ᠬᠣᠯᠪᠣᠭᠳᠠᠯ ᠲᠠᠢ ᠤᠴᠢᠷ ᠪᠠᠲᠤᠨᠣᠷᠪᠤ ᠰᠤᠮᠤ ᠡᠷᠳᠡᠮᠲᠡᠨ ᠰᠤᠳᠤᠯᠤᠭᠴᠢᠳ ᠤ᠋ᠨ ᠰᠠᠨᠠᠯ ᠢ᠋ ᠬᠦᠯᠢᠶᠡᠨ ᠠᠪᠴᠤ᠂ 2003 ᠣᠨ ᠳ᠋ᠤ᠌ ᠬᠦᠬᠦᠷ ᠦ᠋ᠨ ᠲᠠᠯ᠎ᠠ ᠳ᠋ᠤ᠌ ᠬᠦᠰᠡᠶ᠎ᠡ ᠪᠣᠰᠬᠠᠪᠠ᠃ ᠬᠥᠰᠢᠶ᠎ᠡ ᠨᠢ《ᠰᠤᠤᠲᠤ ᠪᠣᠭᠳᠠ ᠴᠢᠩᠭᠢᠰ ᠬᠠᠭᠠᠨ ᠤ᠋ ᠢᠲᠡᠭᠡᠯᠲᠦ ᠬᠦᠯᠦᠭ ᠪᠠᠭᠠᠲᠤᠷ ᠪᠣᠭᠤᠷᠴᠢ ᠶ᠋ᠢᠨ ᠲᠥᠷᠥᠭᠰᠡᠨ ᠨᠤᠲᠤᠭ ᠪᠣᠯᠠᠢ》 ᠭᠡᠰᠡᠨ ᠪᠢᠴᠢᠭᠡᠰᠦ ᠲᠡᠢ᠃ ᠡᠨᠡ ᠴᠠᠭ ᠠ᠋ᠴᠠ ᠬᠣᠢᠰᠢ ᠪᠠᠲᠤᠨᠣᠷᠪᠤ ᠰᠤᠮᠤ ᠶ᠋ᠢᠨ ᠬᠢᠨ ᠬᠦᠯᠦᠭ ᠪᠣᠭᠣᠷᠴᠢ ᠶ᠋ᠢ ᠪᠡᠨ ᠬᠦᠨᠳᠦᠳᠬᠡᠨ ᠪᠠᠬᠠᠷᠬᠠᠬᠤ ᠨᠢ ᠢᠯᠡᠭᠦᠦ ᠲᠡᠢ ᠪᠣᠯᠵᠤ᠂ ᠪᠣᠭᠣᠷᠴᠢ ᠶ᠋ᠢᠨ ᠢ᠋ᠶ᠋ᠡᠨ ᠲᠤᠬᠠᠢ ᠳᠠᠭᠤᠤ ᠵᠣᠬᠢᠶᠠᠨ ᠳᠠᠭᠤᠯᠠᠵᠤ ᠪᠥᠵᠢᠭ ᠳᠢᠭᠯᠡᠨ ᠪᠠᠬᠠᠳᠤᠨ ᠨᠠᠭᠠᠳᠳᠠᠭ ᠪᠣᠯᠤᠭᠰᠠᠨ ᠶᠤᠮ᠃ ᠡᠨᠡ ᠪᠠᠬᠠᠳᠤᠯ ᠬᠦᠷᠢᠶ᠎ᠡ ᠢᠯᠡᠷᠬᠡᠢ ᠬᠣᠯᠠ ᠪᠣᠯᠵᠤ᠂ ᠪᠠᠲᠤᠨᠣᠷᠪᠤ ᠰᠤᠮᠤ ᠶ᠋ᠢᠨ ᠤᠤᠭᠠᠯ ᠡᠷᠳᠡᠮᠲᠡᠨ᠂ ᠵᠣᠬᠢᠶᠠᠯᠴᠢ᠂ ᠪᠤᠶᠡᠨᠳᠡᠯᠭᠡᠷ ᠦ᠋ᠨ ᠥᠯᠵᠡᠢᠰᠦ᠋ᠷᠦᠩ ᠭᠤᠸᠠᠢ ᠪᠣᠭᠣᠷᠴᠢ ᠶ᠋ᠢᠨ ᠲᠤᠬᠠᠢ ᠷᠣᠮᠠᠨ ᠪᠢᠴᠢᠵᠦ ᠪᠠᠢᠭ᠎ᠠ ᠰᠤᠷᠠᠭ ᠳᠤᠭᠤᠯᠳᠠᠪᠠ᠃ ᠨᠢᠭᠡ ᠡᠳᠦᠷ ᠡᠪᠦᠭᠡᠨ ᠪᠢᠴᠢᠭᠡᠴᠢ ᠮᠠᠨᠢ ᠨᠣᠮ ᠢ᠋ᠶ᠋ᠠᠨ ᠰᠤᠭᠤᠪᠴᠢᠯᠠᠴᠢᠬᠠᠭᠰᠠᠨ ᠣᠷᠣᠭᠠᠳ ᠢᠷᠡᠯ᠎ᠡ᠃ ᠥᠯᠵᠡᠢᠰᠦ᠋ᠷᠦᠩ ᠠᠬ᠎ᠠ ᠪᠢᠳᠡ ᠬᠣᠶᠠᠷ ᠡᠮᠦᠨ᠎ᠡ ᠨᠢ ᠨᠢᠭᠡ ᠪᠤᠰᠤ ᠨᠣᠮ ᠬᠠᠮᠲᠤᠷᠠᠨ ᠪᠢᠴᠢᠭᠰᠡᠨ᠂ ᠪᠡᠶ᠎ᠡ ᠪᠠᠶᠠᠨ ᠳ᠋ᠠᠭᠡᠨ ᠡᠯᠢᠭᠡᠰᠡᠭ ᠬᠠᠨᠳᠤᠳᠠᠭ ᠪᠠᠢᠯ᠎ᠠ᠃ ᠥᠯᠵᠡᠢᠰᠥ᠋ᠷᠦᠩ ᠭᠤᠸᠠᠢ᠄     
       — ᠵᠠ᠂ ᠡᠪᠦᠭᠡᠨ ᠠᠬ᠎ᠠ ᠨᠢ ᠬᠡᠳᠦᠨ ᠵᠢᠯ ᠪᠣᠳᠣᠭᠰᠠᠨ ᠷᠣᠮᠠᠨ ᠢ᠋ᠶ᠋ᠠᠨ ᠨᠢᠭᠡ ᠵᠢᠯ ᠶᠠᠭ ᠰᠠᠭᠤᠭᠠᠳ ᠥᠪᠡᠷᠦᠨ ᠬᠡᠮᠵᠢᠶᠡᠨ ᠳ᠋ᠦ᠍ ᠭᠠᠷ ᠠ᠋ᠴᠠ ᠪᠠᠨ ᠭᠠᠷᠭᠠᠭᠠᠳ ᠳᠡᠭᠦᠦ ᠳ᠋ᠡᠭᠡᠨ ᠠᠪᠤᠭᠠᠳ ᠢᠷᠡᠯ᠎ᠡ᠃ ᠦᠵᠡᠭᠡᠳ ᠰᠠᠨᠠᠯ ᠰᠢᠭᠦᠮᠵᠢᠯᠡᠯ ᠢ᠋ᠶ᠋ᠡᠨ ᠬᠠᠷᠠᠮ ᠦᠭᠡᠢ ᠬᠡᠯᠡᠭᠡᠷᠡᠢ᠂ ᠪᠣᠯᠤᠮᠠᠷ ᠪᠣᠯ ᠦᠭᠡ ᠪᠢᠴᠢᠭᠦᠯᠦᠨ᠎ᠡ᠂ ᠬᠡᠳᠦᠨ ᠵᠢᠷᠤᠭ ᠴᠤ᠌ ᠵᠢᠷᠤᠭᠤᠯᠤᠮᠠᠷ ᠪᠠᠢᠨ᠎ᠠ ᠭᠡᠪᠡ᠃      
       ᠪᠢ ᠴᠦ᠍ ᠥᠯᠵᠡᠢᠰᠥ᠋ᠷᠦᠩ ᠭᠤᠸᠠᠢ ᠶ᠋ᠢᠨ ᠢ᠋ᠶ᠋ᠡᠨ ᠪᠣᠭᠣᠷᠴᠢ ᠶ᠋ᠢᠨ ᠲᠤᠬᠠᠢ ᠷᠣᠮᠠᠨ ᠤ᠋ ᠠᠩᠬᠠᠨ ᠤ᠋ ᠡᠬᠡ ᠶ᠋ᠢ ᠬᠦᠨᠳᠦᠳᠬᠡᠯᠲᠡᠢ ᠪᠡᠷ ᠠᠪᠬᠤ ᠳ᠋ᠠᠭᠠᠨ ᠡᠪᠦᠭᠡᠨ ᠮᠥᠨ ᠶᠠᠭᠠᠬᠢᠭ᠎ᠠ ᠴᠤ᠌ ᠦᠭᠡᠢ ᠪᠠᠢᠨ᠎ᠠ ᠰᠢᠦ! ᠨᠠᠶᠠ ᠬᠦᠷᠬᠦ ᠨᠠᠰᠤᠨ ᠳ᠋ᠠᠭᠠᠨ ᠲᠡᠦᠬᠡ ᠤᠷᠠᠨ ᠰᠠᠢᠬᠠᠨ ᠤ᠋ ᠷᠣᠮᠠᠨ ᠪᠢᠴᠢᠵᠦ ᠪᠠᠢᠳᠠᠭ᠃ ᠡᠪᠦᠭᠡᠨ ᠪᠢᠴᠢᠭᠡᠴᠢ ᠶ᠋ᠢ ᠵᠢᠷᠪᠢᠰ ᠬᠠᠷᠠᠭᠠᠳ ᠮᠥᠨᠥᠬᠢ ᠷᠣᠮᠠᠨ ᠤ᠋ ᠬᠢᠨᠢ ᠭᠣᠣᠯ ᠪᠠᠭᠠᠲᠤᠷ ᠬᠦᠯᠦᠭ ᠪᠣᠭᠣᠷᠴᠢ ᠨᠠᠶᠠᠭᠠᠳ ᠨᠠᠰᠤᠨ ᠳ᠋ᠠᠭᠠᠨ ᠥᠯᠵᠡᠢᠰᠥ᠋ᠷᠦᠩ ᠭᠤᠸᠠᠢ ᠰᠢᠭ᠋ ᠡᠢᠮᠦᠷᠬᠦᠦ ᠶᠣᠩᠬᠢᠬᠰᠠᠨ ᠡᠪᠦᠭᠡᠨ ᠰᠠᠭᠤᠵᠤ ᠪᠠᠢᠭᠰᠠᠨ ᠳᠠ᠃ ᠮᠠᠨ ᠤ᠋ ᠬᠥᠮᠦᠨ ᠶᠡᠷᠦ ᠪᠣᠭᠣᠷᠴᠢ ᠶ᠋ᠢ ᠬᠢᠷᠢ ᠪᠢᠴᠢᠭᠡ ᠪᠣᠯ? ᠬᠤᠷᠳᠤᠨ ᠯᠠ ᠤᠩᠰᠢᠬᠤ ᠰᠠᠨ ᠭᠡᠵᠦ ᠬᠣᠷᠣᠬᠠᠢ ᠠᠰᠠᠪᠠ᠃      
       1964 ᠣᠨ ᠳ᠋ᠤ᠌ ᠪ·ᠥᠯᠵᠡᠢᠰᠥ᠋ᠷᠦᠩ ᠭᠤᠸᠠᠢ ᠮᠣᠩᠭᠣᠯ ᠤᠯᠤᠰ ᠤ᠋ᠨ ᠶᠡᠬᠡ ᠰᠤᠷᠭᠠᠭᠤᠯᠢ ᠶ᠋ᠢᠨ ᠳᠡᠷᠭᠡᠳᠡᠬᠢ ᠤᠳᠬ᠎ᠠ ᠵᠣᠬᠢᠶᠠᠯ ᠤ᠋ᠨ ᠣᠷᠣᠢ ᠶ᠋ᠢᠨ ᠳᠡᠭᠡᠳᠦ ᠰᠤᠷᠭᠠᠭᠤᠯᠢ ᠶ᠋ᠢ ᠳᠦᠭᠦᠷᠭᠡᠬᠦ ᠦᠶ᠎ᠡ ᠡᠴᠡ ᠡᠬᠢᠯᠡᠨ ᠲᠡᠭᠦᠨ ᠦ᠌《ᠥᠪᠡᠷᠦᠨ ᠰᠠᠨᠠᠯ 》᠂《ᠠᠮᠢᠳᠤᠷᠠᠯ ᠪᠠᠭᠰᠢ 》 ᠬᠡᠮᠡᠬᠦ ᠲᠣᠮᠣᠬᠠᠨ ᠬᠡᠯᠪᠡᠷᠢ ᠶ᠋ᠢᠨ ᠵᠣᠬᠢᠶᠠᠯ ᠤ᠋ᠳ ᠢ᠋ ᠨᠢ ᠡᠷᠳᠡᠮᠲᠡᠨ ᠱ᠊· ᠭᠠᠳᠠᠮᠪᠠ ᠲᠩᠷᠢ ᠳ᠋ᠦ᠍ ᠲᠤᠯᠲᠠᠯ᠎ᠠ ᠮᠠᠭᠲᠠᠨ᠂ ᠤᠳᠬ᠎ᠠ ᠵᠣᠬᠢᠶᠠᠯ ᠭᠡᠭᠴᠢ ᠶᠡᠷᠦ ᠡᠢᠮᠦᠷᠬᠦᠦ ᠶᠠᠭᠤᠮ᠎ᠠ ᠪᠠᠢᠬᠤ ᠶᠣᠰᠣᠲᠠᠢ ᠭᠡᠵᠦ ᠬᠠᠮᠢᠭ᠎ᠠ ᠯᠠ ᠬᠢᠴᠢᠶᠡᠯ ᠵᠢᠭᠠᠨ᠎ᠠ᠂ ᠲᠡᠨᠳᠡ ᠵᠢᠱ᠌ᠢᠶᠡᠯᠡᠨ ᠶᠠᠷᠢᠳᠠᠭ ᠪᠠᠢᠵᠠᠢ᠃ ᠥᠯᠵᠡᠢᠰᠦ᠋ᠷᠦᠩ ᠶᠡᠬᠡ ᠭᠠᠳᠠᠮᠪᠠ ᠶ᠋ᠢᠨ ᠬᠠᠷᠠᠭᠠᠨ ᠳ᠋ᠤ᠌ ᠥᠷᠲᠥᠭᠰᠡᠨ ᠴᠦ᠍ ᠶᠡᠬᠡ ᠤᠳᠬ᠎ᠠ ᠵᠣᠬᠢᠶᠠᠯ ᠳ᠋ᠤ᠌ ᠨᠢᠭᠡ ᠶᠡᠬᠡ ᠮᠠᠭᠲᠠᠭᠳᠠᠬᠤ ᠴᠤ᠌ ᠦᠭᠡᠢ᠂ ᠰᠢᠭᠦᠮᠵᠢᠯᠡᠭᠦᠯᠦᠨ ᠮᠠᠭᠤᠰᠢᠶᠠᠭᠳᠠᠭᠰᠠᠨ ᠴᠤ᠌ ᠦᠭᠡᠢ ᠭᠤᠴᠢ ᠭᠠᠷᠤᠢ ᠨᠣᠮ ᠪᠢᠴᠢᠵᠦ ᠨᠠᠶᠠᠨ ᠨᠠᠰᠤᠨ ᠤ᠋ ᠰᠡᠭᠦᠳᠡᠷ ᠵᠡᠷᠭᠡᠴᠡᠵᠡᠢ᠃ ᠥᠯᠵᠡᠢᠰᠥ᠋ᠷᠦᠩ ᠭᠤᠸᠠᠢ ᠶ᠋ᠢᠨ ᠡᠴᠢᠭᠡ ᠨᠠᠸᠠᠨᠪᠠᠯᠳᠠᠨ ᠭᠠᠪᠵᠤ ᠬᠥᠮᠦᠨ ᠪᠠᠢᠵᠤ ᠭᠤᠴᠢᠭᠠᠳ ᠣᠨ ᠳ᠋ᠤ᠌ ᠭᠡᠯᠮᠡᠭᠳᠡᠵᠡᠢ᠃ ᠨᠠᠰᠤ ᠰᠡᠭᠦᠳᠡᠷ ᠢ᠋ ᠨᠢ ᠬᠡᠯᠡᠯᠴᠡᠪᠡᠯ ᠯᠧᠨᠢᠨ ᠪᠠᠭᠰᠢ ᠲᠠᠢ ᠴᠢᠴᠠᠤ ᠬᠥᠮᠦᠨ ᠪᠠᠢᠭᠰᠠᠨ ᠭᠡᠳᠡᠭ᠃ ᠥᠯᠵᠡᠢᠰᠥ᠋ᠷᠦᠩ ᠭᠤᠸᠠᠢ ᠠᠪᠤ ᠶ᠋ᠢᠨ ᠢ᠋ᠶ᠋ᠡᠨ ᠵᠢᠷᠠᠭᠠᠳ ᠨᠠᠰᠤᠲᠠᠢ ᠳ᠋ᠤ᠌᠂ ᠡᠵᠢ ᠶ᠋ᠢᠨ ᠢ᠋ᠶ᠋ᠡᠨ ᠳᠥᠴᠢᠭᠡᠳ ᠨᠠᠰᠤᠲᠠᠢ ᠳ᠋ᠤᠨᠢ ᠭᠠᠷᠤᠭᠰᠠᠨ ᠬᠡᠨᠵᠡ ᠬᠡᠦᠬᠡᠳ ᠠᠵᠢ᠃ ᠪᠠᠲᠤᠨᠣᠷᠪᠤ ᠶ᠋ᠢᠨ ᠬᠠᠷᠭᠠᠨ᠎ᠠ ᠶ᠋ᠢᠨ ᠳᠤᠮᠳᠠ ᠪᠤᠯᠠᠭ ᠤ᠋ᠨ ᠰᠠᠷᠢ ᠶ᠋ᠢᠨ ᠡᠭᠦᠷᠲᠦ ᠭᠡᠳᠡᠭ ᠬᠠᠳᠠᠨ ᠤ᠋ ᠠᠷᠤ ᠳ᠋ᠤ᠌ ᠮᠣᠭᠠᠢ ᠵᠢᠯ ᠦ᠋ᠨ (1929 ᠣᠨ) ᠵᠤᠨ ᠤ᠋ ᠡᠬᠢᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠬᠠᠪᠢᠴᠠᠭ᠎ᠠ ᠲᠥᠷᠥᠭᠰᠡᠨ ᠭᠡᠳᠡᠭ᠃     
       — ᠪᠢ ᠴᠢᠨᠢ ᠬᠠᠴᠢᠨ ᠬᠥᠮᠦᠨ᠂ ᠲᠥᠷᠥᠭᠰᠡᠨ ᠭᠠᠵᠠᠷ ᠢ᠋ᠶ᠋ᠠᠨ ᠶᠡᠷᠦ ᠣᠴᠢᠳᠠᠭ ᠦᠭᠡᠢ ᠶᠦᠮ ᠭᠡᠨ᠎ᠡ᠃ ᠪ·ᠥᠯᠵᠡᠢᠰᠥ᠋ᠷᠥᠩ ᠭᠤᠸᠠᠢ ᠠᠪᠤ ᠶ᠋ᠢᠨ ᠢ᠋ᠶ᠋ᠡᠨ ᠴᠢᠴᠠᠤᠲᠠᠨ ᠶᠡᠬᠡ ᠯᠧᠨᠢᠨ ᠪᠠᠭᠰᠢ ᠶ᠋ᠢᠨ ᠲᠤᠬᠠᠢ ᠪᠠᠭ᠎ᠠ ᠦᠭᠡᠢ ᠪᠢᠴᠢᠭᠰᠡᠨ᠂ ᠵᠠᠩᠵᠤᠨ ᠰᠦᠬᠡᠪᠠᠭᠠᠲᠤᠷ ᠤ᠋ᠨ ᠳᠦᠷᠢ ᠰᠢᠨᠵᠢ ᠮᠣᠩᠭᠣᠯ ᠤ᠋ᠨ ᠤᠳᠬ᠎ᠠ ᠵᠣᠬᠢᠶᠠᠯ ᠳ᠋ᠤ᠌ ᠬᠡᠷᠬᠢᠨ ᠲᠤᠰᠬᠠᠯ ᠢ᠋ᠶ᠋ᠠᠨ ᠣᠯᠤᠭᠰᠠᠨ ᠲᠤᠬᠠᠢ ᠪᠢᠴᠢᠵᠦ ᠡᠷᠳᠡᠮ ᠦ᠋ᠨ ᠵᠡᠷᠭᠡ ᠬᠠᠮᠠᠭᠠᠯᠠᠭᠰᠠᠨ᠃ ᠬᠡᠨᠲᠡᠢ ᠠᠢᠮᠠᠭ ᠤ᠋ᠨ ᠢ᠋ᠶ᠋ᠠᠨ ᠤᠷᠢᠳᠤ ᠪᠣᠯᠤᠭᠠᠳ ᠥᠨᠥ ᠦᠶ᠎ᠡ ᠶ᠋ᠢᠨ ᠲᠡᠦᠬᠡ ᠶ᠋ᠢ ᠬᠡᠳᠦ ᠬᠡᠳᠦᠨ ᠤᠳᠠᠭ᠎ᠠ ᠪᠢᠴᠢᠭᠰᠡᠨ᠃《ᠬᠡᠨᠲᠡᠢ ᠠᠢᠮᠠᠭ1963 》(ᠰ·ᠢᠳᠰᠢᠨᠨᠣᠷᠪᠤ ᠲᠠᠢ ᠬᠠᠮᠲᠤ )᠂《ᠬᠡᠨᠲᠡᠢ ᠠᠢᠮᠠᠭ ᠤ᠋ᠨ ᠬᠤᠷᠢᠶᠠᠩᠭᠤᠢ ᠲᠡᠦᠬᠡ 》(1973 ᠣᠨ) ᠂(ᠬᠡ‍ ·ᠫᠡᠷᠡᠩᠯᠠᠢ ᠲᠠᠢ ᠬᠠᠮᠲᠤ)᠂《ᠬᠠᠯᠬ᠎ᠠ ᠶ᠋ᠢᠨ ᠰᠡᠴᠡᠨ ᠬᠠᠨ ᠠᠢᠮᠠᠭ ᠤ᠋ᠨ ᠬᠤᠷᠢᠶᠠᠩᠭᠤᠢ ᠲᠡᠦᠬᠡ》 (1993 ᠣᠨ) ᠡᠳᠡᠭᠡᠷ ᠨᠣᠮ ᠣᠷᠣᠨ ᠨᠤᠲᠤᠭ ᠤ᠋ᠨ ᠲᠡᠦᠬᠡ ᠰᠤᠳᠤᠯᠤᠯ ᠳ᠋ᠤ᠌ ᠭᠦᠨᠵᠡᠭᠡᠢ ᠮᠥᠷ ᠲᠡᠢ ᠰᠤᠳᠤᠯᠤᠭᠳᠠᠬᠤᠨ ᠪᠣᠯᠳᠠᠭ᠃ ᠪ·ᠥᠯᠵᠡᠢᠰᠥ᠋ᠷᠥᠩ ᠭᠤᠸᠠᠢ ᠶ᠋ᠢᠨ ᠪᠢᠴᠢᠭᠰᠡᠨ ᠬᠦᠯᠦᠭ ᠪᠣᠭᠣᠷᠴᠢ ᠶ᠋ᠢᠨ ᠲᠤᠬᠠᠢ ᠲᠡᠦᠬᠡ ᠤᠷᠠᠨ ᠰᠠᠢᠬᠠᠨ ᠤ᠋ ᠷᠣᠮᠠᠨ ᠢ᠋ ᠨᠢᠭᠲᠠᠯᠠᠨ ᠤᠩᠰᠢᠭᠠᠳ ᠲᠡᠦᠬᠡᠨ ᠪᠣᠳᠠᠲᠤ ᠳᠦᠷᠢ᠂ ᠴᠤᠤ ᠰᠢᠨ᠎ᠡ ᠪᠡᠷ ᠪᠣᠰᠬᠠᠭᠰᠠᠨ ᠤᠷᠠᠨ ᠰᠠᠢᠬᠠᠨ ᠤ᠋ ᠳᠦᠷᠢ ᠬᠣᠭᠣᠷᠣᠨᠳᠣ ᠶ᠋ᠢᠨ ᠬᠠᠷᠢᠴᠠᠭ᠎ᠠ ᠢᠲᠡᠭᠡᠯ ᠦᠨᠡᠮᠰᠢᠯ ᠲᠤᠩ ᠰᠣᠨᠢᠷᠬᠠᠯᠲᠠᠢ ᠥᠷᠨᠢᠵᠦ ᠪᠠᠢᠨ᠎ᠠ᠃ ᠣᠯᠠᠨ ᠵᠢᠯ ᠠᠷᠬᠢᠸ ᠤ᠋ᠨ ᠲᠣᠭᠣᠰᠣᠲᠤ ᠬᠠᠭᠤᠳᠠᠰᠤ ᠡᠷᠭᠢᠭᠦᠯᠵᠦ ᠲᠡᠦᠬᠡᠨ ᠬᠥᠮᠦᠰ ᠦ᠋ᠨ ᠤᠳᠤᠮ ᠭᠠᠷᠤᠯ ᠢ᠋ ᠰᠤᠳᠤᠯᠤᠭᠰᠠᠨ ᠨᠢ ᠡᠨᠡ ᠨᠣᠮ ᠳ᠋ᠤ᠌ ᠲᠤᠰᠬᠠᠯ ᠨᠥᠯᠥᠭᠡ ᠪᠡᠨ ᠣᠯᠵᠠᠢ᠃ ᠷᠣᠮᠠᠨ ᠪᠢᠴᠢᠬᠦ ᠶ᠋ᠢᠨ ᠢ᠋ᠶ᠋ᠡᠨ ᠡᠮᠦᠨ᠎ᠡ ᠨᠢ ᠥᠯᠵᠡᠢᠰᠦ᠋ᠷᠦᠩ ᠭᠤᠸᠠᠢ《ᠮᠣᠩᠭᠣᠯ ᠤ᠋ᠨ ᠨᠢᠭᠤᠴᠠ ᠲᠣᠪᠴᠢᠶ᠎ᠠ᠄ ᠬᠥᠮᠦᠨ ᠦ᠌ ᠨᠡᠷ᠎ᠡ ᠶ᠋ᠢᠨ ᠲᠣᠯᠢ 》 ᠬᠡᠮᠡᠬᠦ ᠨᠣᠮ ᠪᠢᠴᠢᠭᠰᠡᠨ᠃《ᠮᠣᠩᠭᠣᠯ ᠤ᠋ᠨ ᠨᠢᠭᠤᠴᠠ ᠲᠣᠪᠴᠢᠶ᠎ᠠ》 ᠪᠣᠯᠤᠭᠠᠳ ᠪᠤᠰᠤᠳ ᠰᠤᠷᠪᠤᠯᠵᠢ ᠨᠤᠭᠤᠳ ᠲᠤ᠌ ᠳᠤᠷᠠᠳᠤᠭᠳᠠᠨ ᠪᠠᠢᠭ᠎ᠠ 460 ᠭᠠᠷᠤᠢ ᠬᠥᠮᠦᠨ ᠦ᠌ ᠨᠡᠷ᠎ᠡ ᠶ᠋ᠢ ᠭᠠᠷᠭᠠᠨ ᠲᠤᠰ ᠪᠦᠷᠢ ᠪᠡᠷ ᠨᠢ ᠳᠣᠪᠣᠢᠯᠭᠠᠨ ᠪᠢᠴᠢᠭᠰᠡᠨ᠃ ᠡᠨᠡ ᠪᠣᠯ ᠨᠥᠷᠢ ᠠᠵᠢᠯ ᠶᠤᠮ᠃《ᠬᠦᠯᠦᠭ ᠪᠠᠭᠠᠲᠤᠷ ᠪᠣᠭᠣᠷᠴᠢ》 ᠷᠣᠮᠠᠨ ᠳ᠋ᠠᠭᠠᠨ ᠵᠣᠬᠢᠶᠠᠭᠴᠢ ᠲᠡᠦᠬᠡᠨ ᠬᠥᠮᠦᠨ ᠦ᠌ ᠪᠡᠨ ᠦᠢᠯᠡ ᠠᠮᠢᠳᠤᠷᠠᠯ ᠢ᠋ ᠨᠡᠭᠡᠭᠡᠨ ᠭᠠᠷᠭᠠᠬᠤ ᠳ᠋ᠠᠭᠠᠨ ᠰᠢᠨ᠎ᠡ ᠪᠡᠷ ᠪᠤᠰᠬᠠᠭᠰᠠᠨ(ᠵᠣᠬᠢᠶᠠᠭᠰᠠᠨ ᠵ᠊ ᠂ ᠰ ·) ᠬᠡᠷᠦᠯᠦᠨᠵᠢᠨ᠂ ᠲᠡᠭᠦᠰᠬᠡᠨ ᠭᠤᠸ᠎ᠠ᠂ ᠪᠤᠷᠬᠠᠢ᠂ ᠲᠡᠮᠦᠷ᠂ ᠬᠡᠲᠡ ᠵᠡᠷᠭᠡ ᠣᠯᠠᠨ ᠳᠦᠷᠢ ᠶ᠋ᠢ ᠤᠷᠠᠯᠠᠨ ᠭᠠᠷᠭᠠᠵᠤ ᠢᠷᠡᠵᠡᠢ᠃ ᠪᠣᠭᠣᠷᠴᠢ ᠶ᠋ᠢᠨ ᠤᠨᠠᠭᠠᠨ ᠲᠥᠷᠥᠯᠬᠢ ᠨᠤᠲᠤᠭ ᠤ᠋ᠨ ᠭᠠᠵᠠᠷ ᠤᠰᠤᠨ ᠤ᠋ ᠨᠡᠷᠡᠰ ᠢ᠋ ᠪᠠᠷᠢᠮ᠎ᠠ ᠲᠠᠯᠪᠢᠮ᠎ᠠ ᠢᠲᠡᠭᠡᠯ ᠦᠨᠡᠮᠰᠢᠯ ᠲᠡᠢ ᠪᠡᠷ ᠨᠡᠷᠡᠯᠡᠨ ᠪᠢᠴᠢᠭᠰᠡᠨ ᠨᠢ ᠲᠡᠦᠬᠡᠨ ᠭᠠᠵᠠᠷ ᠵᠦᠢ ᠶ᠋ᠢᠨ ᠰᠤᠳᠤᠯᠭᠠᠨ ᠳ᠋ᠤ᠌ ᠴᠤ᠌ ᠠᠴᠢ ᠬᠣᠯᠪᠣᠭᠳᠠᠯ ᠲᠠᠢ ᠶᠤᠮ᠃ ᠷᠣᠮᠠᠨ ᠳ᠋ᠤ᠌ ᠳᠦᠷᠰᠦᠯᠡᠭᠳᠡᠨ ᠪᠠᠢᠭ᠎ᠠ ᠭᠠᠵᠠᠷ ᠣᠷᠣᠨ ᠨᠢ ᠵᠣᠬᠢᠶᠠᠭᠴᠢ ᠶ᠋ᠢᠨ ᠤᠤᠭᠠᠯ ᠨᠤᠲᠤᠭ ᠤᠰᠤ ᠤᠴᠢᠷ ᠬᠠᠷᠠᠭ᠎ᠠ ᠪᠠᠷ᠎ᠠ᠂ ᠴᠢᠭ ᠪᠠᠷᠢᠮᠵᠢᠶ᠎ᠠ᠂ ᠬᠠᠳᠠ ᠴᠢᠯᠠᠭᠤ᠂ ᠳᠠᠢᠯᠭ᠎ᠠ ᠲᠠᠬᠢᠯᠭ᠎ᠠ ᠨᠢ ᠬᠦᠷᠲᠡᠯ᠎ᠡ ᠪᠠᠷᠢᠮ᠎ᠠ ᠲᠠᠯᠪᠢᠮ᠎ᠠ ᠦᠨᠡᠮᠰᠢᠯ ᠲᠡᠢ ᠠᠵᠤᠭᠤ᠃ ᠮᠣᠩᠭᠣᠯ ᠤ᠋ᠨ ᠤᠷᠠᠨ ᠵᠣᠬᠢᠶᠠᠯᠴᠢᠳ ᠥᠨᠥᠳᠥᠷ ᠴᠢᠩᠭᠢᠰ ᠬᠠᠭᠠᠨ ᠤ᠋ ᠪᠠᠨ ᠳᠦᠷᠢ ᠶ᠋ᠢ ᠤᠷᠠᠨ ᠢᠷᠠᠭᠤ ᠪᠠᠷ᠂ ᠢᠲᠡᠭᠡᠯ ᠦᠨᠡᠮᠰᠢᠯ ᠲᠥᠷᠥᠬᠦᠢᠴᠡ᠂ ᠲᠡᠦᠬᠡ ᠶ᠋ᠢᠨ ᠤᠷᠠᠨ ᠰᠠᠢᠬᠠᠨ ᠤ᠋ ᠬᠡᠯᠪᠡᠷᠢ ᠪᠡᠷ ᠲᠤᠭᠤᠷᠪᠢᠨ ᠪᠢᠴᠢᠵᠦ ᠠᠮᠵᠢᠭ᠎ᠠ ᠦᠭᠡᠢ ᠯᠡ ᠪᠠᠢᠨ᠎ᠠ᠃ ᠡᠢᠮᠦ ᠴᠠᠭ ᠦᠶ᠎ᠡ ᠳ᠋ᠦ᠍ ᠶᠡᠬᠡ ᠬᠠᠭᠠᠨ ᠤ᠋ ᠬᠦᠯᠦᠭ ᠪᠠᠭᠠᠲᠤᠷ ᠪᠣᠭᠣᠷᠴᠢ ᠶ᠋ᠢᠨ ᠲᠤᠬᠠᠢ ᠷᠣᠮᠠᠨ ᠵᠣᠷᠢᠭᠯᠠᠨ ᠪᠢᠴᠢᠭᠰᠡᠨ ᠨᠢ ᠲᠡᠮᠦᠵᠢᠨ ᠴᠢᠩᠭᠢᠰ ᠬᠠᠭᠠᠨ ᠤ᠋ ᠪᠠᠨ ᠳᠦᠷᠢ ᠶ᠋ᠢ ᠤᠷᠠᠨ ᠰᠠᠢᠬᠠᠨ ᠤ᠋ ᠠᠷᠭ᠎ᠠ ᠪᠠᠷ ᠬᠠᠷᠠᠭᠤᠯᠬᠤ ᠳ᠋ᠤ᠌ ᠶᠡᠬᠡᠬᠡᠨ ᠠᠯᠬᠤᠮ ᠪᠣᠯᠤᠭᠰᠠᠨ ᠭᠡᠮᠡᠷ᠃ ᠰᠤᠳᠤᠯᠭᠠᠴᠢᠳ᠂ ᠤᠳᠬ᠎ᠠ ᠵᠣᠬᠢᠶᠠᠯ ᠤ᠋ᠨ ᠵᠢᠳᠬᠦᠯᠲᠡᠨ ᠨᠦ᠍ᠭᠦᠳ ᠦ᠋ᠨ ᠶᠡᠷᠦᠩᠬᠡᠢ ᠬᠠᠨᠳᠤᠯᠭ᠎ᠠ ᠶ᠋ᠢ ᠠᠩᠵᠠᠭᠠᠷᠠᠪᠠᠯ᠄ ᠴᠢᠩᠭᠢᠰ ᠬᠠᠭᠠᠨ ᠦᠭᠡᠢ ᠶᠠᠭᠤᠮ᠎ᠠ ᠪᠠᠢᠬᠤ ᠦᠭᠡᠢ ᠪᠣᠯᠤᠯ᠎ᠠ᠃ ᠴᠢᠩᠭᠢᠰ ᠢ᠋ ᠪᠢᠴᠢᠭᠡᠳ ᠶᠠᠭᠠᠬᠢᠬᠤᠪ᠃ ᠭᠠᠳᠠᠭᠠᠳᠤ ᠳᠣᠲᠣᠭᠠᠳᠤ ᠶ᠋ᠢᠨ ᠬᠢᠨ ᠬᠡᠲᠦᠷᠬᠡᠢ ᠶᠡᠬᠡ ᠮᠠᠭᠲᠠᠯ᠎ᠠ᠃ ᠣᠯᠠᠨ ᠴᠤ᠌ ᠺᠢᠨᠣ᠋ ᠲᠠᠢ ᠪᠣᠯᠤᠯ᠎ᠠ ᠭᠡᠬᠦ ᠪᠣᠯᠪᠠᠴᠤ ᠦᠨᠳᠦᠰᠦᠨ ᠳ᠋ᠡᠭᠡᠨ ᠪᠢᠳᠡ ᠶᠡᠬᠡ ᠬᠠᠭᠠᠨ᠂ ᠲᠡᠭᠦᠨ ᠦ᠌ ᠶᠢᠰᠦᠨ ᠥᠷᠯᠥᠭ᠂ ᠬᠦᠯᠦᠭ ᠦ᠋ᠳ ᠦ᠋ᠨ ᠲᠤᠬᠠᠢ ᠪᠠᠷᠤᠭ ᠨᠢᠭᠡ ᠮᠥᠷ ᠴᠦ᠍ ᠲᠠᠯᠪᠢᠭ᠎ᠠ ᠦᠭᠡᠢ ᠰᠠᠭᠤᠭᠰᠠᠭᠠᠷ ᠪᠠᠢᠭ᠎ᠠ ᠪᠢᠯᠡ᠃ ᠡᠨᠡ ᠪᠦᠬᠦᠨ ᠳ᠋ᠦ᠍ ᠥᠯᠵᠡᠢᠰᠦ᠋ᠷᠦᠩ ᠭᠤᠸᠠᠢ ᠶ᠋ᠢᠨ ᠲᠤᠭᠤᠷᠪᠢᠭᠰᠠᠨ《ᠬᠦᠯᠦᠭ ᠪᠠᠭᠠᠲᠤᠷ ᠪᠣᠭᠣᠷᠴᠢ 》 ᠲᠡᠦᠬᠡ᠂ ᠤᠷᠠᠨ ᠰᠠᠢᠬᠠᠨ ᠤ᠋ ᠷᠣᠮᠠᠨ ᠨᠢᠭᠡᠨ ᠰᠠᠨᠠᠭᠤᠯᠭ᠎ᠠ᠂ ᠤᠬᠠᠭᠠᠷᠠᠯ ᠪᠣᠯᠤᠨ᠎ᠠ᠃ ᠡᠪᠦᠭᠡᠨ ᠪᠢᠴᠢᠭᠡᠴᠢ ᠶ᠋ᠢᠨ ᠨᠠᠶᠠᠨ ᠨᠠᠰᠤ ᠪᠠᠨ ᠤᠭᠲᠤᠭᠤᠯᠤᠨ ᠪᠢᠴᠢᠭᠰᠡᠨ《ᠬᠦᠯᠦᠭ ᠪᠠᠭᠠᠲᠤᠷ ᠪᠣᠭᠣᠷᠴᠢ 》 ᠷᠣᠮᠠᠨ ᠨᠢ ᠡᠷᠢᠯ ᠲᠡᠢ᠂ ᠡᠷᠢᠭᠰᠡᠨ ᠡᠷᠢᠯ ᠢ᠋ᠶ᠋ᠡᠨ ᠣᠯᠤᠭᠰᠠᠨ ᠣᠯᠵᠠᠲᠠᠢ ᠵᠣᠬᠢᠶᠠᠯ ᠪᠣᠯᠤᠭᠰᠠᠨ ᠪᠠᠢᠨ᠎ᠠ᠃ 
       ᠠᠯᠢ ᠨᠢᠭᠡ ᠲᠥᠷᠥ ᠶ᠋ᠢᠨ ᠥᠩᠭᠡᠨ ᠳ᠋ᠦ᠍ ᠤᠯᠠᠭᠠᠨ ᠢ᠋ ᠦᠵᠡᠵᠦ ᠤᠷᠪᠠᠯ ᠦᠭᠡᠢ᠂ ᠰᠢᠷ᠎ᠠ ᠶ᠋ᠢ ᠦᠵᠡᠵᠦ ᠰᠢᠷᠪᠠᠯ ᠦᠭᠡᠢ ᠲᠦᠪᠰᠢᠨ ᠨᠢᠷᠤᠭᠤ ᠲᠠᠢ ᠪᠠᠷ ᠪᠢᠴᠢᠵᠦ ᠲᠤᠭᠤᠷᠪᠢᠵᠤ ᠢᠷᠡᠭᠰᠡᠨ ᠡᠪᠦᠭᠡᠨ ᠪᠢᠴᠢᠭᠡᠴᠢ ᠶ᠋ᠢᠨ ᠥᠪᠡᠷ ᠦ᠋ᠨ ᠬᠢᠨᠢ ᠠᠮᠢᠳᠤᠷᠠᠯ ᠤ᠋ᠨ ᠨᠣᠶᠠᠨ ᠨᠢᠷᠤᠭᠤ ᠴᠤ᠌ ᠷᠣᠮᠠᠨ ᠳ᠋ᠤ᠌ ᠲᠤᠰᠬᠠᠯ ᠢ᠋ᠶ᠋ᠠᠨ ᠣᠯᠤᠭᠰᠠᠨ ᠭᠡᠮᠡᠷ᠃ ᠡᠨᠡᠬᠦ ᠷᠣᠮᠠᠨ ᠢ᠋ ᠤᠩᠰᠢᠭᠠᠳ ᠪᠢᠳᠡ ᠬᠦᠯᠦᠭ ᠪᠣᠭᠣᠷᠴᠢ ᠪᠠᠨ ᠲᠠᠨᠢᠳᠠᠭ ᠪᠣᠯᠤᠨ᠎ᠠ᠃   

                  ᠪᠤᠷᠬᠠᠨ ᠬᠠᠯᠳᠤᠨ ᠤᠷᠢᠶᠠᠩᠬᠠᠨ ᠳᠡᠯᠭᠡᠷ ᠦ᠋ᠨ ᠵ·ᠰᠠᠷᠠᠭᠤᠯᠪᠤᠶᠠᠨ    

                                2007 ᠣᠨ ᠤ᠋ 5 ᠳ᠋ᠤᠭᠠᠷ ᠰᠠᠷ᠎ᠠ