ᠶᠢᠰᠦᠨ ᠡᠷᠳᠡᠨᠢ ᠶ᠋ᠢᠨ ᠡᠬᠡ ᠣᠷᠣᠨ-ᠫ ᠪᠠᠳᠢᠷᠴᠢ ᠰᠢᠯᠦᠭЕсөн эрдэнийн эх орон-П.Бадарч шүлэг
ᠶᠢᠰᠦᠨ ᠡᠷᠳᠡᠨᠢ ᠶ᠋ᠢᠨ ᠡᠬᠡ ᠣᠷᠣᠨ
ᠫ ᠪᠠᠳᠢᠷᠴᠢ
1.
ᠡᠷᠭᠢᠬᠦ ᠡᠬᠡ ᠳᠡᠯᠡᠬᠡᠢ ᠶ᠋ᠢᠨ ᠠᠭᠤᠯᠠ ᠤᠰᠤ ᠨᠢ ᠲᠡᠭᠰᠢᠬᠡᠨ
ᠢᠯᠴᠢ ᠭᠡᠷᠡᠯ ᠦᠨ ᠭᠠᠶ᠋ᠢᠬᠠᠮᠰᠢᠬ ᠮᠠᠨᠳᠤᠭᠰᠠᠨ ᠨᠠᠷᠠ ᠠᠯᠲᠠᠨ ᠪᠢᠯᠡ
ᠡᠩ ᠦᠭᠡᠢ ᠥᠷᠭᠡᠨ ᠲᠠᠯ᠎ᠠ ᠶ᠋ᠢᠨ ᠮᠢᠨᠢ ᠰᠢᠮᠡᠲᠦ ᠬᠥᠷᠥᠰᠥ ᠨᠢ ᠲᠥᠯᠵᠢᠵᠦ
ᠡᠷᠳᠡᠨᠢ ᠶ᠋ᠢᠨ ᠲᠦᠷᠦᠭᠦᠦ ᠰᠤᠭᠰᠤᠷᠤᠭᠤᠯᠤᠭᠰᠠᠨ ᠠᠮᠤ ᠲᠠᠷᠢᠶ᠎ᠠ ᠠᠯᠲᠠᠨ ᠪᠢᠯᠡ
ᠡᠨᠡ ᠰᠠᠶ᠋ᠢᠬᠠᠨ ᠮᠣᠩᠭᠣᠯ ᠤᠨ ᠮᠢᠨᠢ ᠤᠳᠤᠮ ᠵᠠᠯᠭᠠᠭᠰᠠᠨ ᠪᠦᠯᠢ
ᠡᠩᠬᠦᠷᠡᠢ ᠬᠣᠣᠰ ᠠᠮᠠᠷᠠᠭ ᠤᠨ ᠳᠤᠷᠠᠰᠬᠠᠯ ᠤᠨ ᠪᠥᠭᠡᠵᠢ ᠠᠯᠲᠠᠨ ᠪᠢᠯᠡ
ᠡᠨᠡᠷᠢᠯᠲᠦ ᠲᠥᠷᠥ ᠶ᠋ᠢᠨ ᠮᠢᠨᠢ ᠳᠠᠯᠪᠠᠭᠠᠨ ᠳᠤ ᠡᠭᠡᠨᠡᠭᠲᠡ ᠥᠩᠭᠡᠯᠢᠭ ᠭᠢᠯᠠᠯᠵᠠᠭᠰᠠᠨ
ᠡᠷᠳᠡᠨᠢ ᠶ᠋ᠢᠨ ᠰᠣᠶᠣᠩᠪᠣ ᠦᠰᠦᠭ ᠂ ᠡᠯᠡᠭᠳᠡᠰᠢ ᠦᠭᠡᠢ ᠠᠯᠲᠠᠨ ᠪᠢᠯᠡ
ᠠᠪᠤᠷᠠᠯ ᠤᠨ ᠭᠡᠭᠡᠨ ᠨᠠᠷᠠ ᠨᠢ ᠠᠯᠲᠠᠨ
ᠠᠴᠢ ᠲᠠᠢ ᠲᠥᠷᠥ ᠶ᠋ᠢᠨ ᠰᠦᠯᠳᠡ ᠠᠯᠲᠠᠨ
ᠠᠷᠪᠠᠢ ᠶ᠋ᠢᠨ ᠲᠦᠮᠡᠨ ᠲᠦᠷᠦᠭᠦᠦ ᠨᠢ ᠠᠯᠲᠠᠨ
ᠠᠮᠠᠷᠠᠭ ᠬᠣᠣᠰ ᠤᠨ ᠬᠢᠨᠢ ᠳᠤᠷᠠᠰᠬᠠᠯ ᠴᠤ᠌ ᠠᠯᠲᠠᠨ
ᠮᠢᠨᠦ ᠡᠬᠡ ᠣᠷᠣᠨ ᠠᠯᠲᠠᠨ ᠡᠷᠳᠡᠨᠢ ᠪᠢᠯᠡ
2.
ᠰᠠᠪᠠ ᠪᠠᠨ ᠳᠦᠭᠦᠷᠡᠩ ᠮᠡᠯᠲᠡᠯᠵᠡᠬᠦ ᠣᠨᠣᠨ ᠬᠡᠷᠦᠯᠦᠨ ᠦ ᠤᠷᠤᠰᠬᠠᠯ
ᠰᠠᠷ᠎ᠠ ᠲᠠᠢ ᠰᠥᠨᠢ ᠪᠡᠷ ᠣᠴᠢᠬᠤ ᠳᠤ ᠮᠢᠨᠢ ᠮᠥᠩᠭᠥᠨ ᠬᠡ ᠲᠡᠢ ᠪᠠᠶ᠋ᠢᠪᠠ
ᠰᠠᠭᠠᠯᠢ ᠶ᠋ᠢᠨ ᠬᠢᠨᠢ ᠳᠡᠭᠡᠵᠢ ᠶ᠋ᠢ ᠡᠷᠭᠦᠵᠦ ᠠᠶᠠᠨ ᠳᠤ ᠬᠦᠦ ᠪᠡᠨ ᠦᠳᠡᠭᠰᠡᠨ
ᠰᠠᠨᠠᠭ᠎ᠠ ᠴᠠᠶ᠋ᠢᠯᠭᠠᠨ ᠢᠵᠢᠢ
ᠶ᠋ᠢᠨ ᠮᠢᠨᠢ ᠰᠠᠴᠤᠯᠢ ᠶ᠋ᠢᠨ
ᠬᠠᠯᠪᠠᠭ᠎ᠠ ᠮᠥᠩᠭᠥᠨ ᠪᠠᠶ᠋ᠢᠪᠠ
ᠰᠠᠶ᠋ᠢᠨ ᠤ ᠢᠷᠦᠭᠡᠯ ᠲᠣᠭᠲᠠᠭᠠᠵᠤ ᠂ ᠬᠣᠶᠠᠷ ᠭᠠᠷᠳᠠᠨ ᠪᠠᠷᠢᠬᠰᠠᠨ
ᠰᠠᠶ᠋ᠢᠬᠠᠨ ᠬᠣᠣᠰ ᠵᠠᠯᠠᠭᠤᠰ ᠤᠨ ᠮᠢᠨᠢ ᠬᠤᠷᠢᠮ ᠤᠨ ᠬᠤᠨᠳᠠᠭ᠎ᠠ ᠮᠥᠩᠭᠥᠨ
ᠪᠠᠶ᠋ᠢᠪᠠ
ᠰᠠᠭᠠᠲᠠᠵᠤ ᠠᠯᠤᠰ ᠲᠦ ᠰᠠᠭᠤᠭᠠᠳ ᠠᠪᠤ ᠳᠤ ᠪᠠᠨ ᠣᠴᠢᠵᠤ ᠵᠣᠯᠭᠠᠪᠠᠯ
ᠰᠠᠨᠠᠭᠰᠠᠨ ᠬᠡᠰᠡᠭ ᠢ ᠮᠢᠨᠢ ᠵᠡᠬᠡᠭᠰᠡᠨ ᠡᠮᠡᠭᠡᠯ ᠨᠢ ᠮᠥᠩᠭᠥᠨ ᠪᠠᠶ᠋ᠢᠪᠠ
ᠡᠴᠢᠭᠡ ᠶ᠋ᠢᠨ ᠵᠡᠬᠡᠭᠰᠡᠨ ᠡᠮᠡᠭᠡᠯ ᠨᠢ ᠮᠥᠩᠭᠥᠨ
ᠡᠵᠢ ᠶ᠋ᠢᠨ ᠰᠠᠴᠤᠯᠢ ᠶ᠋ᠢᠨ ᠬᠠᠯᠪᠠᠭ᠎ᠠ ᠨᠢ ᠮᠥᠩᠭᠥᠨ
ᠰᠠᠷ᠎ᠠ ᠨᠠᠭᠠᠳᠤᠭᠰᠠᠨ ᠤᠰᠤ ᠨᠢ ᠮᠥᠩᠭᠥᠨ
ᠰᠠᠷᠬᠤᠳ ᠮᠡᠯᠲᠡᠯᠵᠡᠭᠰᠡᠨ ᠬᠤᠨᠳᠠᠭ᠎ᠠ ᠨᠢ ᠴᠤ᠌ ᠮᠥᠩᠭᠥᠨ
ᠮᠢᠨᠦ ᠡᠬᠡ ᠣᠷᠣᠨ ᠮᠥᠩᠭᠥᠨ ᠡᠷᠳᠡᠨᠢ ᠪᠢᠯᠡ
3. ᠤᠯᠤᠰ
ᠤᠨ ᠢᠶ᠋ᠠᠨ ᠵᠠᠶᠠᠭ᠎ᠠ ᠶ᠋ᠢ ᠲᠦᠰᠢᠵᠦ ᠂ ᠬᠤᠪᠢᠰᠬᠠᠯᠴᠢ ᠠᠬ᠎ᠠ ᠨᠠᠷ ᠤᠨ ᠮᠢᠨᠢ
ᠤᠤᠬᠠᠶ᠋ᠢᠯᠠᠨ ᠮᠠᠨᠳᠤᠭᠤᠯᠤᠭᠰᠠᠨ ᠲᠤᠭ ᠂ ᠱ᠌ᠢᠷᠦ ᠠᠳᠠᠯᠢ ᠤᠶᠠᠭᠠᠷᠠᠨ ᠪᠢᠯᠡ
ᠤᠯᠠᠮ ᠡᠷᠲᠡᠨ ᠡᠴᠡ ᠳᠡᠭᠡᠳᠦᠯᠡᠭᠰᠡᠨ ᠮᠣᠩᠭᠣᠯ ᠬᠥᠮᠦᠨ ᠦ ᠭᠣᠯᠣᠮᠲᠠ
ᠤᠭᠠᠯᠵᠠᠲᠤ ᠳᠥᠯᠥᠲᠦ ᠭᠠᠯ ᠮᠢᠨᠢ ᠱ᠌ᠢᠷᠦ ᠠᠳᠠᠯᠢ ᠤᠯᠠᠭᠠᠷᠠᠨ ᠪᠢᠯᠡ
ᠤᠳᠤᠮ ᠠ᠋ᠴᠠ ᠪᠤᠶᠠᠨ ᠲᠡᠭᠦᠰ ᠥᠷᠭᠥᠭᠡ ᠴᠠᠭᠠᠨ ᠭᠡᠷ ᠦᠨ ᠮᠢᠨᠢ
ᠤᠨᠢ ᠲᠣᠭᠣᠨᠣ ᠪᠦᠬᠦᠯᠢ ᠪᠡᠷ ᠢᠶ᠋ᠡᠨ ᠱ᠌ᠢᠷᠦ ᠠᠳᠠᠯᠢ ᠲᠤᠶᠠᠭᠠᠷᠠᠨ ᠪᠢᠯᠡ
ᠠᠭᠤᠯᠠ ᠤᠰᠤᠨ ᠤ ᠰᠠᠪᠠ ᠳᠤ ᠤᠷᠠᠨ ᠪᠡᠶ᠎ᠡ ᠪᠡᠨ ᠨᠠᠶ᠋ᠢᠭᠤᠯᠤᠭᠰᠠᠨ
ᠤᠳᠪᠠᠯᠠ ᠴᠡᠴᠡᠭ ᠦᠨ ᠳᠡᠯᠪᠡᠭᠡ ᠴᠤ᠌ ᠱ᠌ᠢᠷᠦ ᠠᠳᠠᠯᠢ ᠦᠯᠳᠡᠨ ᠪᠢᠯᠡ
ᠬᠤᠷ᠎ᠠ ᠶ᠋ᠢᠨ ᠤᠯᠠᠭᠠᠨ ᠴᠡᠴᠡᠭ ᠨᠢ ᠱ᠌ᠢᠷᠦᠨ
ᠬᠤᠪᠢᠰᠬᠠᠯ ᠤᠨ ᠤᠯᠠᠭᠠᠨ ᠲᠤᠭ ᠨᠢ ᠱ᠌ᠢᠷᠦᠨ
ᠬᠤᠷᠴᠠ ᠤᠯᠠᠭᠠᠨ ᠭᠠᠯ ᠨᠢ ᠱ᠌ᠢᠷᠦᠨ
ᠬᠣᠷᠯᠣ ᠤᠯᠠᠭᠠᠨ ᠲᠣᠭᠣᠨᠣ ᠨᠢ ᠱ᠌ᠢᠷᠦᠨ
ᠮᠢᠨᠦ ᠡᠬᠡ ᠣᠷᠣᠨ ᠱ᠌ᠢᠷᠦ ᠡᠷᠳᠡᠨᠢ ᠪᠢᠯᠡ
4.
ᠥᠷᠭᠡᠨ ᠲᠠᠯ᠎ᠠ ᠶ᠋ᠢᠨ ᠡᠯᠢᠭᠡᠨ ᠳᠦ ᠴᠢᠨᠳᠠᠮᠤᠨᠢᠯᠠᠩᠬᠠᠨ ᠪᠠᠭᠤᠭᠰᠠᠨ
ᠥᠷᠭᠥᠭᠡ ᠴᠠᠭᠠᠨ ᠭᠡᠷ ᠦᠳ ᠨᠢ ᠲᠠᠨᠠᠨ ᠥᠩᠭᠡ ᠪᠡᠷ ᠴᠡᠪᠴᠡᠶ᠋ᠢᠨᠡ
ᠥᠴᠢᠨᠡᠨ ᠦᠶ᠎ᠡ ᠶ᠋ᠢ ᠡᠯᠡᠭᠡᠭᠰᠡᠨ ᠬᠠᠩᠭᠠᠢ ᠶ᠋ᠢᠨ ᠪᠤᠭᠤᠷᠤᠯ ᠠᠭᠤᠯᠠᠰ ᠤᠨ ᠮᠢᠨᠢ
ᠡᠪᠦᠭᠡᠨ ᠴᠠᠰᠤᠲᠤ ᠣᠷᠭᠢᠯ ᠲᠠᠨᠠᠨ ᠥᠩᠭᠡ ᠪᠡᠷ ᠴᠠᠭᠠᠷᠠᠨ᠎ᠠ
ᠥᠯᠵᠡᠶ᠋ᠢᠲᠦ ᠢᠷᠦᠭᠡᠯ ᠪᠡᠯᠭᠡᠳᠡᠵᠦ ᠥᠨᠢ ᠪᠤᠭᠤᠷᠤᠯ ᠡᠬᠡ ᠶ᠋ᠢᠨ
ᠡᠷᠭᠦᠭᠰᠡᠨ ᠰᠦ᠋ ᠶ᠋ᠢᠨ ᠳᠤᠰᠤᠯ ᠲᠠᠨᠠᠨ ᠥᠩᠭᠡ ᠪᠡᠷ ᠰᠠᠴᠤᠷᠠᠨ᠎ᠠ
ᠥᠨᠥᠳᠥᠷ ᠦᠨ ᠰᠠᠶ᠋ᠢᠬᠠᠨ ᠦᠶ᠎ᠡ ᠶ᠋ᠢᠨ ᠪᠠᠲᠤ ᠴᠠᠭᠠᠨ ᠬᠠᠷᠰᠢ ᠤᠳ
ᠥᠪᠯᠡᠵᠦ ᠬᠣᠶ᠋ᠢᠰᠢ ᠳᠤ ᠪᠠᠨ ᠦᠯᠡᠳᠡᠭᠡᠬᠦ ᠲᠠᠨ᠎ᠠ ᠡᠷᠳᠡᠨᠢ ᠪᠢᠯᠡ
ᠬᠠᠶ᠋ᠢᠷ᠎ᠠ ᠶ᠋ᠢᠨ ᠴᠠᠭᠠᠨ ᠰᠦ᠋ ᠨᠢ ᠲᠠᠨᠠᠨ
ᠬᠠᠨᠠᠲᠤ ᠴᠠᠭᠠᠨ ᠭᠡᠷ ᠨᠢ ᠲᠠᠨᠠᠨ
ᠬᠠᠩᠭᠠᠢ ᠶ᠋ᠢᠨ ᠴᠠᠭᠠᠨ ᠣᠷᠭᠢᠯ ᠨᠢ ᠲᠠᠨᠠᠨ
ᠬᠠᠷᠰᠢ ᠶ᠋ᠢᠨ ᠴᠠᠭᠠᠨ ᠣᠷᠳᠤ ᠴᠤ᠌ ᠲᠠᠨᠠᠨ
ᠮᠢᠨᠦ ᠡᠬᠡ ᠣᠷᠣᠨ ᠲᠠᠨ᠎ᠠ ᠡᠷᠳᠡᠨᠢ ᠪᠢᠯᠡ
5.
ᠡᠭᠦᠯᠡ ᠦᠭᠡᠢ ᠰᠥᠨᠢ ᠶ᠋ᠢᠨ
ᠬᠢᠨᠢ ᠲᠩᠷᠢ ᠳᠦ ᠰᠦᠨ ᠵᠠᠭᠠᠳᠠᠰᠤ ᠲᠠᠲᠠᠭᠤᠯᠵᠤ
ᠥᠪᠴᠢ ᠲᠦᠭᠡᠭᠰᠡᠨ ᠣᠳᠣᠳ ᠰᠤᠪᠤᠳ ᠠᠳᠠᠯᠢ ᠭᠢᠯᠠᠯᠵᠠᠨ᠎ᠠ
ᠦᠶᠡᠯᠡᠭᠡᠳ ᠲᠠᠲᠠᠭᠰᠠᠨ ᠲᠠᠯ᠎ᠠ ᠶ᠋ᠢᠨ ᠮᠢᠨᠢ ᠡᠩ ᠢᠶ᠋ᠡᠷ
ᠲᠠᠷᠬᠠᠨ ᠪᠡᠯᠴᠢᠭᠰᠡᠨ
ᠦᠷᠡᠵᠢᠯᠲᠦ ᠬᠣᠨᠢᠨ ᠰᠦᠷᠦᠭ ᠮᠢᠨᠢ ᠰᠤᠪᠤᠳᠷᠠᠩᠬᠠᠨ ᠨᠠᠯᠠᠶ᠋ᠢᠨᠠ
ᠥᠨᠢᠷ ᠲᠠᠩᠰᠤᠭ ᠡᠪᠡᠰᠦᠨ ᠦ ᠰᠢᠷᠬᠡᠭ ᠢ ᠲᠣᠭᠠᠯᠠᠵᠤ ᠪᠠᠭᠤᠭᠰᠠᠨ
ᠦᠦᠷ ᠦᠨ ᠠᠷᠢᠭᠤᠨ ᠰᠢᠭᠦᠳᠡᠷᠢ ᠰᠤᠪᠤᠳᠤᠨ ᠳᠠᠯᠠᠢ ᠪᠠᠶ᠋ᠢᠨ᠎ᠠ
ᠦᠷ᠎ᠡ ᠪᠤᠶᠠᠨ ᠤ ᠲᠩᠷᠢ ᠂ ᠰᠠᠭᠠᠯᠢᠴᠢᠨ ᠮᠣᠩᠭᠣᠯ ᠬᠡᠦᠬᠡᠨ
ᠨᠤᠭᠦᠳ ᠦᠨ ᠮᠢᠨᠢ
ᠦᠰᠦᠨ ᠦ ᠭᠣᠶᠣᠬᠠᠨ ᠳᠠᠷᠤᠭᠤᠯᠤᠭᠠ ᠴᠤ᠌ ᠰᠤᠪᠤᠳᠤᠨ ᠬᠡ ᠲᠡᠢ
ᠪᠠᠶ᠋ᠢᠬᠤ ᠶᠤᠮ
ᠬᠥᠬᠡ ᠲᠩᠷᠢ ᠶ᠋ᠢᠨ ᠣᠳᠣ ᠰᠤᠪᠤᠳ
ᠬᠥᠳᠡᠭᠡ ᠲᠠᠯ᠎ᠠ ᠶ᠋ᠢᠨ ᠰᠦᠷᠦᠭ ᠰᠤᠪᠤᠳ
ᠡᠩᠬᠡ ᠦᠦᠷ ᠦᠨ ᠰᠢᠭᠦᠳᠡᠷᠢ ᠰᠤᠪᠤᠳ
ᠡᠭᠡᠯ ᠬᠡᠦᠬᠡᠨ ᠨᠤᠭᠦᠳ ᠦᠨ ᠭᠣᠶᠣᠯ ᠴᠤ᠌ ᠰᠤᠪᠤᠳ
ᠮᠢᠨᠦ ᠡᠬᠡ ᠣᠷᠣᠨ ᠰᠤᠪᠤᠳ ᠡᠷᠳᠡᠨᠢ ᠪᠢᠯᠡ
6.
ᠡᠷ᠎ᠡ ᠪᠡᠶ᠎ᠡ ᠶ᠋ᠢᠨ ᠬᠡᠶ᠋ᠢᠮᠣᠷᠢ ᠰᠡᠷᠭᠦᠭᠡᠵᠦ ᠦᠦᠷ ᠦᠨ ᠲᠠᠯ᠎ᠠ ᠳᠤ ᠳᠠᠪᠬᠢᠪᠠᠯ
ᠡᠩ ᠦᠭᠡᠢ ᠲᠩᠷᠢ ᠵᠡᠭᠦᠨ ᠡᠴᠡ ᠪᠡᠨ ᠵᠡᠰ ᠦᠨ ᠥᠩᠭᠡ ᠪᠡᠷ ᠬᠠᠶᠠᠭᠠᠷᠠᠯᠠ
ᠡᠭᠡᠯᠢᠲᠦ ᠰᠦᠷᠦᠭ ᠢᠶ᠋ᠡᠨ ᠬᠤᠷᠢᠶᠠᠵᠤ ᠦᠳᠡᠰᠢ ᠶ᠋ᠢᠨ ᠬᠣᠲᠠᠨ ᠳᠤ ᠢᠷᠡᠪᠡᠯ
ᠡᠨᠡᠲᠡᠭᠡ ᠡᠭᠦᠯᠡᠰ ᠦᠨ ᠬᠣᠷᠮᠣᠢ ᠵᠡᠰ ᠡᠮᠵᠢᠶᠡᠷᠢ ᠲᠠᠲᠠᠯ᠎ᠠ
ᠡᠭᠡᠰᠢᠭᠲᠦ ᠳᠠᠭᠤᠤ ᠪᠠᠨ ᠠᠶᠠᠯᠠᠵᠤ ᠂ ᠠᠶ᠋ᠢᠷᠠᠭ ᠢᠶ᠋ᠠᠨ ᠠᠶᠠᠭᠠᠯᠠᠨ ᠰᠠᠭᠤᠪᠠᠯ
ᠢᠳᠡᠭᠡ ᠰᠥᠩᠨᠡᠭᠰᠡᠨ ᠬᠤᠪᠢᠩ ᠨᠢ ᠵᠡᠰ ᠪᠦᠰᠡ ᠲᠡᠢ ᠪᠠᠶ᠋ᠢᠯ᠎ᠠ
ᠡᠩᠬᠡ ᠶ᠋ᠢᠨ ᠶᠡᠬᠡ ᠣᠷᠳᠣᠨ ᠤ ᠭᠠᠩ ᠨᠢᠷᠤᠭᠤ ᠶ᠋ᠢ ᠬᠣᠯᠪᠣᠵᠤ
ᠡᠪ ᠦᠨ ᠭᠠᠩᠨᠠᠭᠤᠷ ᠲᠠᠯᠪᠢᠲᠠᠯ᠎ᠠ ᠵᠡᠰ ᠦᠨ ᠥᠩᠭᠡ ᠪᠡᠷ ᠰᠠᠴᠤᠷᠠᠯ᠎ᠠ
ᠰᠠᠭᠠᠯᠢ ᠶ᠋ᠢᠨ ᠬᠤᠪᠢᠩ ᠤᠨ ᠪᠦᠰᠡ ᠨᠢ ᠵᠡᠰ
ᠰᠠᠶ᠋ᠢᠨ ᠭᠠᠩᠨᠠᠭᠤᠷ ᠤᠨ ᠣᠴᠢ ᠨᠢ ᠵᠡᠰ
ᠣᠩᠭᠣᠨ ᠦᠦᠷ ᠦᠨ ᠲᠤᠶᠠᠭ᠎ᠠ ᠨᠢ ᠵᠡᠰ
ᠣᠷᠣᠢ ᠶ᠋ᠢᠨ ᠡᠭᠦᠯᠡᠰ ᠦᠨ ᠬᠠᠶᠠᠭ᠎ᠠ ᠨᠢ ᠵᠡᠰ
ᠮᠢᠨᠦ ᠡᠬᠡ ᠣᠷᠣᠨ ᠵᠡᠰ ᠡᠷᠳᠡᠨᠢ ᠪᠢᠯᠡ
7.
ᠤᠬᠠᠭᠠᠨ ᠰᠠᠨᠠᠭ᠎ᠠ ᠴᠡᠯᠮᠡᠭᠡᠬᠦ ᠠᠭᠤᠯᠠᠰ ᠤᠨ ᠢᠶ᠋ᠠᠨ ᠬᠢᠷ᠎ᠠ ᠳᠤ ᠭᠠᠷᠪᠠᠯ
ᠤᠷᠭᠤᠭ᠎ᠠ ᠰᠠᠮ ᠰᠢᠬ ᠭᠠᠴᠤᠷ᠎ᠠ ᠣᠭ᠌ᠶᠤ ᠨᠣᠭᠣᠭᠠᠨ ᠪᠠᠶ᠋ᠢᠪᠠ
ᠠᠭᠤᠳᠠᠮ ᠲᠠᠯ᠎ᠠ ᠳᠤ ᠪᠠᠨ ᠢᠷᠡᠭᠡᠳ ᠳᠥᠷᠥᠭᠡ ᠮᠤᠯᠲᠤᠯᠤᠨ ᠪᠠᠭᠤᠪᠠᠯ
ᠤᠷᠢᠬᠠᠨ ᠨᠠᠮᠤᠷ ᠤᠨ ᠭᠠᠩᠭ᠎ᠠ ᠨᠢ ᠣᠭ᠌ᠶᠤ ᠨᠣᠭᠣᠭᠠᠨ ᠪᠠᠶ᠋ᠢᠪᠠ
ᠤᠷᠠᠨ ᠪᠢᠳᠦᠷᠡ ᠲᠠᠲᠠᠬᠤ ᠨᠠᠭᠤᠷ ᠢᠶ᠋ᠠᠨ ᠬᠥᠪᠡᠭᠡᠯᠡᠨ ᠠᠯᠬᠤᠪᠠᠯ
ᠤᠰᠤᠨ ᠤ ᠴᠡᠭᠡᠯ ᠵᠠᠮᠤᠭ ᠨᠢ ᠣᠭ᠌ᠶᠤ ᠨᠣᠭᠣᠭᠠᠨ ᠪᠠᠶ᠋ᠢᠪᠠ
ᠤᠨᠠᠭᠠᠨ ᠬᠦᠯᠦᠭ ᠢᠶ᠋ᠡᠨ ᠬᠠᠨᠲᠠᠶ᠋ᠢᠷᠠᠵᠤ ᠡᠮᠡᠭᠡᠯ ᠦᠨ ᠳᠥᠷᠥᠭᠡ ᠠᠪᠤᠪᠠᠯ
ᠤᠭᠠᠯᠵᠠ ᠰᠢᠷᠡᠭᠡᠯᠡᠭᠰᠡᠨ ᠬᠦᠯᠢᠮ ᠨᠢ ᠣᠭ᠌ᠶᠤ ᠨᠣᠭᠣᠭᠠᠨ ᠪᠠᠶ᠋ᠢᠪᠠ
ᠤᠰᠤᠨ ᠤ ᠵᠥᠭᠡᠯᠡᠨ ᠨᠠᠮᠤᠭ ᠨᠢ ᠣᠭ᠌ᠶᠤ
ᠤᠭᠠᠯᠵᠠ ᠰᠢᠷᠡᠭᠡᠯᠡᠭᠰᠡᠨ ᠬᠦᠯᠢᠮ ᠨᠢ ᠣᠭ᠌ᠶᠤ
ᠤᠷᠢᠬᠠᠨ ᠨᠠᠮᠤᠷ ᠤᠨ ᠭᠠᠩᠭ᠎ᠠ ᠨᠢ ᠣᠭ᠌ᠶᠤ
ᠠᠭᠤᠯᠠᠰ ᠤᠨ ᠰᠠᠶ᠋ᠢᠬᠠᠨ ᠭᠠᠴᠤᠷ᠎ᠠ ᠨᠢ ᠴᠤ᠌ ᠣᠭ᠌ᠶᠤ
ᠮᠢᠨᠦ ᠡᠬᠡ ᠣᠷᠣᠨ ᠣᠭ᠌ᠶᠤ ᠡᠷᠳᠡᠨᠢ ᠪᠢᠯᠡ
8.
ᠬᠦᠦ ᠮᠢᠨᠦ ᠵᠠᠶᠠᠭᠠᠨ ᠳᠤ ᠡᠬᠡ ᠶ᠋ᠢᠨ ᠰᠦ᠋ ᠰᠢᠭ᠌ ᠠᠷᠢᠭᠤᠬᠠᠨ
ᠬᠦᠰᠡᠯ ᠦᠨ ᠰᠠᠶ᠋ᠢᠬᠠᠨ ᠲᠩᠷᠢ ᠨᠣᠮᠢᠨ ᠴᠡᠩᠬᠡᠷ ᠶᠤᠮ
ᠬᠦᠯᠦᠭ ᠮᠣᠷᠢ ᠮᠢᠨᠢ ᠭᠦᠶᠦᠬᠦ ᠬᠠᠪᠤᠷ ᠤᠨ ᠨᠠᠯᠠᠭᠠᠷᠬᠠᠨ ᠡᠳᠦᠷ
ᠬᠦᠷᠢᠶᠡᠯᠡᠭᠰᠡᠨ ᠲᠠᠯ᠎ᠠ ᠶ᠋ᠢᠨ ᠵᠡᠷᠭᠡᠯᠡᠭᠡ ᠨᠢ ᠨᠣᠮᠢᠨ ᠴᠡᠩᠬᠡᠷ ᠶᠤᠮ
ᠬᠦᠢᠲᠡᠨ ᠡᠪᠦᠯ ᠢ ᠬᠠᠯᠠᠭᠰᠠᠨ ᠳᠤᠯᠠᠭᠠᠨ ᠴᠠᠭ ᠤᠨ ᠪᠡᠯᠭᠡᠳᠡᠯ
ᠬᠡᠦᠰᠢ ᠳ᠋ᠤ᠌ ᠤᠷᠭᠤᠭᠰᠠᠨ ᠢᠷᠭᠤᠢ ᠨᠣᠮᠢᠨ ᠴᠡᠩᠬᠡᠷ ᠶᠤᠮ
ᠬᠥᠮᠦᠨ ᠦ ᠳᠡᠭᠡᠳᠦ ᠠᠪᠤ ᠳ᠋ᠠᠭᠠᠨ ᠰᠢᠨ᠎ᠡ ᠶ᠋ᠢᠨ ᠨᠢᠭᠡᠨ ᠳᠦ ᠵᠣᠯᠭᠠᠬᠤ ᠳᠤ ᠪᠠᠨ
ᠬᠦᠨᠳᠦᠯᠡᠨ ᠪᠠᠷᠢᠬᠤ ᠪᠠᠷᠠᠨᠵᠠᠳ ᠨᠣᠮᠢᠨ ᠴᠡᠩᠬᠡᠷ ᠶᠤᠮ
ᠡᠷᠬᠡᠰ ᠦᠨ ᠴᠡᠩᠬᠡᠷ ᠲᠩᠷᠢ ᠨᠢ ᠨᠣᠮᠢᠨ
ᠶᠧᠯᠸᠢ ᠶ᠋ᠢᠨ ᠴᠡᠩᠬᠡᠷ ᠵᠡᠷᠭᠡᠯᠡᠭᠡ ᠨᠢ ᠨᠣᠮᠢᠨ
ᠡᠩᠬᠡ ᠶ᠋ᠢᠨ ᠴᠡᠩᠬᠡᠷ ᠴᠡᠴᠡᠭ ᠨᠢ ᠨᠣᠮᠢᠨ
ᠡᠭᠡᠯᠢ ᠶ᠋ᠢᠨ ᠴᠡᠩᠬᠡᠷ ᠬᠠᠳᠠᠭ ᠨᠢ ᠴᠤ᠌ ᠨᠣᠮᠢᠨ
ᠮᠢᠨᠦ ᠡᠬᠡ ᠣᠷᠣᠨ ᠨᠣᠮᠢᠨ ᠡᠷᠳᠡᠨᠢ ᠪᠢᠯᠡ
9.
ᠡᠷᠡᠮᠡᠭ ᠬᠦᠯᠦᠭ ᠮᠣᠷᠢ ᠮᠢᠨᠢ ᠬᠠᠵᠠᠭᠠᠷ ᠳᠠᠷᠤᠨ ᠬᠠᠲᠠᠷᠢᠬᠤ ᠳᠤ
ᠡᠭᠡᠰᠢᠭ ᠲᠠᠲᠠᠬᠤ ᠠᠮᠠᠭᠠᠢ ᠵᠤᠤᠵᠠᠢ ᠭᠠᠩ ᠪᠢᠯᠡ
ᠢᠯᠴᠢ ᠭᠡᠷᠡᠯ ᠥᠷᠲᠡᠭᠡᠯᠡᠭᠰᠡᠨ ᠠᠪᠤᠷᠭᠤ ᠶᠡᠬᠡ ᠠᠯᠬᠤᠭ᠎ᠠ
ᠡᠷᠴᠢᠮ ᠦᠨ ᠪᠠᠭᠠᠨᠠᠨ ᠳᠤ ᠪᠡᠬᠢᠯᠡᠭᠰᠡᠨ ᠵᠢᠷᠭᠤᠭᠠᠨ ᠤᠲᠠᠰᠤ ᠭᠠᠩ ᠪᠢᠯᠡ
ᠡᠬᠡ ᠰᠠᠶ᠋ᠢᠬᠠᠨ ᠣᠷᠣᠨ ᠤ ᠪᠠᠨ ᠳᠠᠷᠬᠠᠨ ᠬᠢᠯᠢ ᠶ᠋ᠢᠨ ᠬᠠᠷᠠᠭᠤᠯ
ᠡᠷ᠎ᠡ ᠴᠡᠷᠢᠭ ᠦᠨ ᠵᠡᠪᠰᠡᠭ ᠡᠮᠲᠡᠷᠡᠰᠢ ᠦᠭᠡᠢ ᠢᠯᠳᠦ ᠨᠢ ᠭᠠᠩ ᠪᠢᠯᠡ
ᠡᠷᠬᠢᠮ ᠠᠯᠳᠠᠷ ᠢᠶ᠋ᠠᠨ ᠪᠠᠳᠠᠷᠠᠭᠤᠯᠤᠭᠰᠠᠨ ᠥᠨᠢᠷ ᠥᠭᠡᠳᠡᠷᠡᠭ ᠲᠦᠮᠡᠨ ᠮᠢᠨᠢ
ᠡᠷᠡᠯᠬᠡᠭ ᠮᠣᠩᠭᠣᠯ ᠠᠷᠠᠳ ᠤᠨ ᠮᠢᠨᠢ ᠡᠪ ᠨᠢᠭᠡᠳᠦᠯ ᠴᠤ᠌ ᠭᠠᠩ ᠪᠢᠯᠡ
ᠤᠷᠠᠨ ᠬᠠᠵᠠᠭᠠᠷ ᠤᠨ ᠠᠮᠠᠭᠠᠢ ᠭᠠᠩ
ᠤᠷᠤᠰᠬᠤ ᠭᠡᠷᠡᠯ ᠦᠨ ᠬᠢᠨᠢ ᠤᠲᠠᠰᠤ ᠭᠠᠩ
ᠡᠷ᠎ᠡ ᠴᠡᠷᠢᠭ ᠦᠳ ᠮᠢᠨᠢ ᠢᠯᠳᠦ ᠵᠡᠪᠰᠡᠭ ᠴᠤ᠌ ᠭᠠᠩ
ᠡᠷᠬᠡᠲᠦ ᠠᠷᠠᠳ ᠲᠦᠮᠡᠨ ᠦ ᠬᠢᠨᠢ ᠡᠪ ᠨᠢᠭᠡᠳᠦᠯ ᠴᠤ᠌ ᠭᠠᠩ
ᠮᠢᠨᠦ ᠡᠬᠡ ᠣᠷᠣᠨ ᠭᠠᠩ ᠡᠷᠳᠡᠨᠢ ᠪᠢᠯᠡ
