ᠰᠠᠷ᠎ᠠ ᠰᠢᠨ᠎ᠡ ᠶ᠋ᠢᠨ ᠮᠡᠨᠳᠦ- ᠲᠤᠭᠴᠢ ᠯᠤᠪᠰᠠᠩ Sar shiniin mend-Tugch LuvsanСар шинийн мэнд--Тугч Лувсан
ᠰᠠᠷ᠎ᠠ ᠰᠢᠨ᠎ᠡ ᠶ᠋ᠢᠨ ᠮᠡᠨᠳᠦ
ᠦᠭᠡ᠄ ᠲᠤᠭᠴᠢ ᠯᠤᠪᠰᠠᠩ
ᠠᠶ᠎ᠠ᠄ ᠲᠠᠢᠵᠢ ᠷᠢᠨᠴᠢᠨ
ᠪᠢᠴᠢᠬᠠᠨ ᠳᠠᠭᠤᠴᠢᠨ᠄ ᠨᠢᠰᠴᠢᠨ᠂ ᠰᠠᠨᠢᠴᠡᠷ᠂ ᠮᠸᠳᠠᠯ᠂ ᠠᠢᠯᠢᠰ᠂ ᠵᠡᠭᠡᠭᠡᠭᠰᠡᠨ
ᠴᠠᠰᠤᠨ ᠴᠡᠴᠡᠭ ᠠᠶᠠᠷᠬᠠᠨ ᠪᠥᠵᠢᠭᠯᠡᠭᠰᠡᠨ
ᠴᠠᠭ ᠤ᠋ᠨ ᠰᠠᠢᠬᠠᠨ ᠢ᠋ ᠳᠠᠭᠤᠯᠠᠨ ᠪᠠᠢᠨ᠎ᠠ
ᠴᠡᠯ ᠪᠤᠭᠤᠷᠤᠯ ᠥᠩ ᠲᠡᠢ ᠡᠪᠦᠯ ᠢ᠋ ᠪᠡᠨ
ᠴᠠᠢ ᠶ᠋ᠢᠨ ᠢ᠋ᠶ᠋ᠡᠨ ᠳᠡᠭᠡᠵᠢ ᠪᠡᠷ ᠦᠳᠡᠨ ᠪᠠᠢᠨ᠎ᠠ
ᠠᠵᠠ ᠵᠢᠷᠭᠠᠯ ᠨᠠᠮ᠎ᠠ ᠪᠠᠨ ᠳᠠᠯᠠᠯᠤᠭᠠᠳ
ᠠᠯᠢᠪᠠ ᠪᠦᠬᠦᠨ ᠬᠠᠢᠷ᠎ᠠ ᠪᠠᠷ ᠪᠢᠯᠬᠠᠨ᠎ᠠ
ᠠᠯᠲᠠᠨ ᠳᠡᠯᠡᠬᠡᠢ ᠶ᠋ᠢᠨ ᠰᠣᠨᠣᠷ ᠲᠤ᠌
ᠠᠶᠠᠯᠭᠤ ᠳᠠᠭᠤᠨ ᠴᠤᠤᠷᠢᠶᠠᠲᠤᠭᠠᠳ
ᠰᠠᠨᠰᠠᠷ ᠬᠣᠷᠸ᠎ᠠ ᠴᠤ᠌ ᠪᠢᠳᠡᠨ ᠢ᠋ ᠪᠡᠨ
ᠰᠠᠢᠬᠠᠨ ᠵᠢᠷᠭᠠᠬᠤ ᠶ᠋ᠢ ᠬᠦᠰᠡᠨ
ᠰᠠᠷ᠎ᠠ ᠰᠢᠨ᠎ᠡ ᠶ᠋ᠢᠨ ᠪᠠᠶᠠᠷ ᠲᠤ᠌ ᠪᠠᠨ
ᠰᠠᠢᠨ ᠤ᠋ ᠢᠷᠦᠭᠡᠯ ᠢ᠋ᠶ᠋ᠡᠨ ᠳᠡᠪᠰᠢᠭᠦᠯᠦᠶ᠎ᠡ
ᠠᠮᠤᠷ ᠰᠠᠢᠨ ᠢ᠋ᠶ᠋ᠠᠨ ᠠᠰᠠᠭᠤᠨ ᠮᠡᠨᠳᠦᠯᠡᠭᠰᠡᠨ
ᠠᠢᠯᠴᠢᠨ ᠭᠡᠢᠴᠢᠨ ᠢ᠋ᠶ᠋ᠡᠨ ᠤᠭᠲᠤᠨ ᠪᠠᠢᠨ᠎ᠠ
ᠠᠪᠤ ᠳᠡᠭᠡᠳᠦ ᠶ᠋ᠢᠨ ᠪᠤᠶᠠᠨ ᠬᠡᠰᠢᠭ ᠢ᠋ᠶ᠋ᠡᠨ
ᠠᠰᠢᠳᠠ ᠶ᠋ᠢᠨ ᠪᠡᠯᠭᠡ ᠪᠡᠷ ᠮᠢᠯᠢᠶᠠᠨ ᠪᠠᠢᠨ᠎ᠠ
ᠠᠵᠠ ᠵᠢᠷᠭᠠᠯ ᠨᠠᠮ᠎ᠠ ᠪᠠᠨ ᠳᠠᠯᠠᠯᠤᠭᠠᠳ
ᠠᠯᠢᠪᠠ ᠪᠦᠬᠦᠨ ᠬᠠᠢᠷ᠎ᠠ ᠪᠠᠷ ᠪᠢᠯᠬᠠᠨ᠎ᠠ
ᠠᠯᠲᠠᠨ ᠳᠡᠯᠡᠬᠡᠢ ᠶ᠋ᠢᠨ ᠰᠣᠨᠣᠷ ᠲᠤ᠌
ᠠᠶᠠᠯᠭᠤ ᠳᠠᠭᠤᠨ ᠴᠤᠤᠷᠢᠶᠠᠲᠤᠭᠠᠳ
ᠰᠠᠨᠰᠠᠷ ᠬᠣᠷᠸ᠎ᠠ ᠴᠤ᠌ ᠪᠢᠳᠡᠨ ᠢ᠋ ᠪᠡᠨ
ᠰᠠᠢᠬᠠᠨ ᠵᠢᠷᠭᠠᠬᠤ ᠶ᠋ᠢ ᠬᠦᠰᠡᠨ
ᠰᠠᠷ᠎ᠠ ᠰᠢᠨ᠎ᠡ ᠶ᠋ᠢᠨ ᠪᠠᠶᠠᠷ ᠲᠤ᠌ ᠪᠠᠨ
ᠰᠠᠢᠨ ᠤ᠋ ᠢᠷᠦᠭᠡᠯ ᠢ᠋ᠶ᠋ᠡᠨ ᠳᠡᠪᠰᠢᠭᠦᠯᠦᠶ᠎ᠡ
ᠣᠷᠴᠢᠯᠠᠩ ᠳᠡᠯᠡᠬᠡᠢ ᠤᠨᠢᠶᠠᠷᠲᠤᠭᠰᠠᠨ
ᠣᠨ ᠤ᠋ ᠰᠢᠨᠵᠢ ᠶ᠋ᠢ ᠲᠤᠩᠭᠠᠨ ᠪᠠᠢᠨ᠎ᠠ
ᠦᠯᠡᠮᠵᠢ ᠲᠠᠩᠰᠤᠭ ᠪᠠᠶᠠᠷ ᠴᠡᠩᠭᠡᠯ ᠢ᠋ ᠪᠡᠨ
ᠢᠷᠦᠭᠡᠯ ᠵᠥᠩᠨᠡᠯ ᠢ᠋ᠶ᠋ᠡᠷ ᠢᠪᠡᠭᠡᠨ ᠪᠠᠢᠨ᠎ᠠ
ᠠᠵᠠ ᠵᠢᠷᠭᠠᠯ ᠨᠠᠮ᠎ᠠ ᠪᠠᠨ ᠳᠠᠯᠠᠯᠤᠭᠠᠳ
ᠠᠯᠢᠪᠠ ᠪᠦᠬᠦᠨ ᠬᠠᠢᠷ᠎ᠠ ᠪᠠᠷ ᠪᠢᠯᠬᠠᠨ᠎ᠠ
ᠠᠯᠲᠠᠨ ᠳᠡᠯᠡᠬᠡᠢ ᠶ᠋ᠢᠨ ᠰᠣᠨᠣᠷ ᠲᠤ᠌
ᠠᠶᠠᠯᠭᠤ ᠳᠠᠭᠤᠨ ᠴᠤᠤᠷᠢᠶᠠᠲᠤᠭᠠᠳ
ᠰᠠᠨᠰᠠᠷ ᠬᠣᠷᠸ᠎ᠠ ᠴᠤ᠌ ᠪᠢᠳᠡᠨ ᠢ᠋ ᠪᠡᠨ
ᠰᠠᠢᠬᠠᠨ ᠵᠢᠷᠭᠠᠬᠤ ᠶ᠋ᠢ ᠬᠦᠰᠡᠨ
ᠰᠠᠷ᠎ᠠ ᠰᠢᠨ᠎ᠡ ᠶ᠋ᠢᠨ ᠪᠠᠶᠠᠷ ᠲᠤ᠌ ᠪᠠᠨ
ᠰᠠᠢᠨ ᠤ᠋ ᠢᠷᠦᠭᠡᠯ ᠢ᠋ᠶ᠋ᠡᠨ ᠳᠡᠪᠰᠢᠭᠦᠯᠦᠶ᠎ᠡ
ᠦᠰᠦᠭ ᠠᠮᠢᠯᠠᠭᠤᠯᠤᠭᠴᠢ᠄ ᠲᠤᠭᠴᠢ ᠯᠤᠪᠰᠠᠩ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ ᠪᠠᠭᠰᠢ᠄ ᠲᠤᠭᠴᠢ ᠯᠤᠪᠰᠠᠩ
