ᠲᠦᠷᠦᠭᠦᠦ ᠭᠠᠯᠠᠭᠤ ᠮᠢᠨᠢ ᠰᠠᠨᠠᠭᠳᠠᠨᠠᠮ-ᠬᠣᠨᠢᠴᠢᠨ ᠨᠠ᠊· ᠮᠥᠩᠬᠡᠪᠠᠭᠠᠲᠤᠷ
ᠲᠦᠷᠦᠭᠦᠦ ᠭᠠᠯᠠᠭᠤ ᠮᠢᠨᠢ ᠰᠠᠨᠠᠭᠳᠠᠨᠠᠮ
ᠵᠣᠬᠢᠶᠠᠭᠴᠢ᠄ ᠬᠣᠨᠢᠴᠢᠨ ᠨᠠ᠊· ᠮᠥᠩᠬᠡᠪᠠᠭᠠᠲᠤᠷ
ᠤᠶᠠᠩᠭᠠᠯᠠᠭᠴᠢ᠄ ᠬᠣᠨᠢᠴᠢᠨ ᠨᠠ᠊· ᠮᠥᠩᠬᠡᠪᠠᠭᠠᠲᠤᠷ
ᠠᠯᠳᠠᠷᠲᠤ ᠳᠠᠭᠤᠴᠢᠨ᠄ ᡀᠠᠰᠥ᠋ᠷᠦᠩ ᠪᠠᠭᠰᠢ ᠶ᠋ᠢ ᠳᠤᠷᠠᠰᠬᠤ ᠳ᠋ᠠᠭᠠᠨ᠁
ᠬᠠᠩᠭᠠᠢ ᠲᠡᠨᠢᠭᠦᠨ ᠣᠷᠳᠣᠰ ᠤ᠋ᠨ
ᠬᠠᠩᠭᠢᠨ ᠲᠡᠨᠢᠭᠡᠷ ᠨᠤᠲᠤᠭ ᠠ᠋ᠴᠠ
ᠥᠲᠥᠨ ᠵᠢᠭᠦᠷ ᠢ᠋ᠶ᠋ᠡᠨ ᠳᠡᠯᠭᠡᠨ
ᠥᠷᠭᠡᠨ ᠮᠥᠷᠡᠨ ᠢ᠋ᠶ᠋ᠡᠨ ᠭᠠᠲᠤᠯᠵᠤ
ᠥᠨᠳᠥᠷ ᠠᠭᠤᠯᠠ ᠪᠠᠨ ᠳᠠᠪᠠᠨ
ᠡᠭᠦᠯᠡ ᠭᠡᠵᠢᠭᠡᠳᠡᠨ ᠭᠠᠩᠭᠠᠨᠠᠵᠤ
ᠪᠣᠷᠣ ᠲᠣᠬᠣᠢ ᠶ᠋ᠢᠨ ᠲᠠᠯ᠎ᠠ ᠪᠠᠨ
ᠪᠤᠷᠬᠠᠨ ᠡᠭᠡᠰᠢᠭ ᠢ᠋ᠶ᠋ᠡᠷ ᠤᠶᠠᠩᠭᠠᠷᠠᠭᠤᠯᠵᠤ
ᠳᠣᠷᠣᠨ᠎ᠠ ᠶ᠋ᠢᠨ ᠴᠡᠯᠮᠡᠭ ᠲᠩᠷᠢ ᠶ᠋ᠢ
ᠳᠣᠯᠣᠭᠠᠨ ᠨᠣᠲ ᠢ᠋ᠶ᠋ᠠᠷ ᠴᠤᠤᠷᠢᠶᠠᠯᠠᠨ
ᠲᠢᠪ ᠳᠡᠯᠡᠬᠡᠢ ᠶ᠋ᠢᠨ ᠰᠣᠨᠣᠷ ᠊ᠢ
ᠲᠩᠷᠢᠯᠢᠭ ᠳᠠᠭᠤᠨ ᠢ᠋ᠶ᠋ᠠᠷ ᠮᠢᠯᠢᠶᠠᠭᠰᠠᠨ
ᠥᠨᠳᠡᠭᠡᠨ ᠳᠣᠯᠣᠭᠠᠨ ᠠᠩᠭᠢᠷ ᠤ᠋ᠨ
ᠡᠮᠦᠨ᠎ᠡ ᠳᠡᠭᠦᠯᠢᠭᠰᠡᠨ ᠭᠠᠯᠠᠭᠤ ᠮᠢᠨᠢ
ᠬᠠᠨ ᠬᠣᠷᠸ᠎ᠠ ᠶ᠋ᠢᠨ ᠵᠢᠮ᠎ᠡ ᠪᠡᠷ
ᠬᠠᠲᠠᠭᠤ ᠲᠠᠪᠢᠯᠠᠩ ᠳ᠋ᠤ᠌ ᠬᠥᠲᠥᠯᠦᠭᠳᠡᠨ
ᠬᠠᠨᠠᠭᠠᠷ ᠣᠷᠴᠢᠯᠠᠩ ᠠ᠋ᠴᠠ ᠰᠠᠯᠵᠤ
ᠬᠠᠨᠢ ᠢᠵᠢᠯᠢ ᠡᠴᠡ ᠪᠡᠨ ᠬᠠᠭᠠᠴᠠᠨ
ᠡᠪᠦᠭᠡᠨ ᠰᠢᠪᠠᠭᠤ ᠪᠠᠨ ᠡᠷᠢᠭᠡᠳ
ᠡᠭᠦᠷᠢᠳᠡ ᠬᠣᠯᠠ ᠶᠠᠪᠤᠴᠢᠬᠠᠭᠰᠠᠨ
ᠳᠠᠯᠠᠨ ᠲᠠᠪᠤᠨ ᠳᠠᠪᠠᠭ᠎ᠠ ᠶ᠋ᠢ
ᠳᠠᠪᠠᠵᠤ ᠨᠢᠰᠦᠭᠡᠳ ᠶᠠᠪᠤᠴᠢᠬᠠᠭᠰᠠᠨ
ᠳᠠᠷᠬᠠᠨ ᠢᠷᠠᠭᠤ ᠭᠠᠩᠭᠠᠨᠠᠭ᠎ᠠ ᠪᠠᠨ
ᠳᠠᠶᠠᠩ ᠳ᠋ᠤ᠌ ᠣᠷᠬᠢᠭᠠᠳ ᠶᠠᠪᠤᠴᠢᠬᠠᠭᠰᠠᠨ
ᠬᠠᠭᠠᠨ ᠬᠤᠷᠮᠤᠰᠲᠠ ᠶ᠋ᠢᠨ ᠣᠷᠣᠨ ᠳ᠋ᠤ᠌
ᠬᠠᠯᠢᠨ ᠣᠳᠤᠭᠰᠠᠨ ᠭᠠᠯᠠᠭᠤ ᠪᠠᠨ
ᠬᠠᠮᠪᠤᠨ ᠲᠠᠯ᠎ᠠ ᠶ᠋ᠢᠨ ᠠᠭᠤᠳᠠᠮ ᠠ᠋ᠴᠠ
ᠬᠠᠢᠨ ᠦᠭᠡᠢᠯᠡᠵᠦ ᠮᠥᠷᠥᠭᠡᠳᠦᠨᠡᠮ
ᠭᠠᠯᠪᠢᠷ ᠲᠥᠷᠬᠦ ᠶ᠋ᠢ ᠨᠢ ᠰᠠᠨᠠᠵᠤ
ᠭᠠᠰᠢᠭᠤᠳᠠᠯ ᠤ᠋ᠨ ᠨᠢᠯᠪᠤᠰᠤ ᠤᠨᠠᠭᠠᠨᠠᠮ
ᠭᠠᠩᠭᠠᠨᠠᠬᠤ ᠳᠠᠭᠤᠨ ᠢ᠋ ᠨᠢ ᠳᠤᠷᠠᠰᠴᠤ
ᠭᠠᠰᠠᠯᠤᠨ ᠵᠣᠪᠠᠵᠤ ᠠᠯᠭᠠᠰᠠᠨᠠᠮ
ᠭᠠᠯ ᠬᠡᠢᠮᠣᠷᠢ ᠶ᠋ᠢ ᠨᠢ ᠪᠠᠬᠠᠷᠴᠤ
ᠭᠠᠷ ᠢ᠋ᠶ᠋ᠠᠨ ᠬᠠᠪᠰᠤᠷᠭᠠᠨ ᠰᠦᠵᠢᠭᠯᠡᠨᠡᠮ
ᠭᠠᠩ ᠵᠣᠷᠢᠭ ᠢ᠋ ᠨᠢ ᠪᠢᠰᠢᠷᠡᠵᠦ
ᠭᠠᠯᠪᠠ ᠶ᠋ᠢᠨ ᠵᠠᠢ ᠳ᠋ᠤ᠌ ᠰᠦᠰᠦᠭᠯᠡᠨᠡᠮ
ᠠᠮᠵᠢᠯᠲᠠ ᠪᠦᠲᠦᠭᠡᠯ ᠢ᠋ ᠨᠢ ᠭᠢᠯᠠᠯᠵᠠᠭᠤᠯᠵᠤ
ᠠᠰᠢᠳᠠ ᠶ᠋ᠢᠨ ᠳᠠᠭᠤᠷᠢᠶᠠᠯ ᠢ᠋ᠶ᠋ᠠᠨ ᠪᠣᠯᠭᠠᠨᠠᠮ
ᠠᠯᠳᠠᠷ ᠴᠣᠯᠠ ᠶ᠋ᠢ ᠨᠢ ᠮᠥᠩᠬᠡᠷᠡᠭᠦᠯᠵᠦ
ᠠᠮᠤᠭᠤᠯᠠᠩ ᠨᠣᠢᠷᠰᠤᠬᠤ ᠶ᠋ᠢ ᠨᠢ ᠳᠠᠭᠠᠳᠬᠠᠨᠠᠮ᠃
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠣᠳᠬᠠᠨᠰᠣ᠎ᠠ
