ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-7> Сүлдийн соёлын судлал – Минжуур<дээд-7>
ᠳᠡᠭᠡᠳᠦ ᠪᠦᠯᠦᠭ᠂ᠥᠭᠦᠯᠡᠯ ᠤᠨ ᠡᠮᠬᠢᠳᠬᠡᠯ -7
ᠶᠡᠬᠡ ᠶᠤᠸᠠᠨ ᠤᠯᠤᠰ ᠤ᠋ᠨ ᠬᠠᠷ᠎ᠠ ᠰᠦᠯᠳᠡ
【ᠠᠭᠤᠯᠭ᠎ᠠ ᠶ᠋ᠢᠨ ᠲᠣᠪᠴᠢ】 ᠲᠤᠰ ᠥᠭᠦᠯᠡᠯ ᠳ᠋ᠦ᠍ ᠵᠠᠳᠠᠯᠤᠨ ᠮᠠᠭᠠᠳᠯᠠᠬᠤ ᠪᠠ
ᠵᠦᠢᠴᠢᠯᠡᠨ ᠮᠠᠭᠠᠳᠯᠠᠬᠤ ᠪᠠᠷ ᠳᠠᠮᠵᠢᠨ《ᠶᠤᠸᠠᠨ ᠤᠯᠤᠰ ᠤ᠋ᠨ ᠲᠡᠦᠬᠡ》 ᠶ᠋ᠢᠨ
ᠲᠡᠮᠳᠡᠭᠯᠡᠯ ᠳᠡᠭᠡᠷᠡᠬᠢ 《ᠽᠣᠤ ᠳ᠋ᠣᠣ (皂纛)》 ᠶ᠋ᠢ ᠬᠠᠷ᠎ᠠ ᠰᠦᠯᠳᠡ ᠭᠡᠵᠦ
ᠮᠠᠭᠠᠳᠯᠠᠭᠰᠠᠨ ᠰᠠᠭᠤᠷᠢᠨ ᠳᠡᠭᠡᠷ᠎ᠡ ᠶᠡᠬᠡ ᠶᠤᠸᠠᠨ ᠤᠯᠤᠰ ᠬᠠᠷ᠎ᠠ ᠰᠦᠯᠳᠡ ᠶ᠋ᠢ
ᠡᠷᠬᠢᠮ ᠳᠡᠭᠡᠳᠦ ᠪᠡᠯᠭᠡᠳᠡᠯ ᠤᠨ ᠡᠳ᠋ ᠢ᠋ᠶ᠋ᠡᠷ ᠬᠡᠷᠡᠭᠯᠡᠵᠦ ᠪᠠᠢᠭᠰᠠᠨ ᠢ᠋
ᠮᠡᠳᠡᠭᠰᠡᠨ ᠬᠡᠮᠵᠢᠶ᠎ᠡ ᠪᠡᠷ ᠢ᠋ᠶ᠋ᠡᠨ ᠲᠠᠢᠯᠤᠨ ᠶᠠᠷᠢᠬᠤ ᠪᠣᠯᠤᠨ᠎ᠠ᠃
【ᠵᠠᠩᠭᠢᠯᠠᠭ᠎ᠠ ᠦᠭᠡ】 ᠶᠡᠬᠡ ᠶᠤᠸᠠᠨ ᠤᠯᠤᠰ᠂ ᠬᠠᠷ᠎ᠠ ᠰᠦᠯᠳᠡ᠃
ᠬᠠᠷ᠎ᠠ ᠰᠦᠯᠳᠡ ① ᠪᠣᠯ ᠲᠡᠭᠷᠢ ᠲᠠᠬᠢᠬᠤ ᠰᠣᠶᠣᠯ ᠤ᠋ᠨ ᠣᠨᠴᠠ ᠪᠦᠲᠦᠭᠡᠭᠳᠡᠬᠦᠨ ᠮᠥᠨ᠃《ᠮᠣᠩᠭᠣᠯᠴᠤᠳ ᠠᠯᠢ ᠡᠷᠲᠡᠨ ᠡᠴᠡ ᠲᠡᠭᠷᠢ ᠶ᠋ᠢᠨ ᠪᠦᠷᠢᠯᠸ᠎ᠠ ᠬᠠᠷ᠎ᠠ ᠰᠦᠯᠳᠡ ᠶ᠋ᠢ ᠪᠦᠲᠦᠭᠡᠨ ᠲᠠᠬᠢᠵᠤ ᠪᠠᠢᠵᠠᠢ᠃ ᠁ ᠴᠢᠩᠭᠢᠰ ᠬᠠᠭᠠᠨ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢ ᠪᠠᠢᠭᠤᠯᠬᠤ ᠳ᠋ᠤ᠌ (1206 ᠣᠨ) ᠬᠠᠷ᠎ᠠ ᠰᠦᠯᠳᠡ ᠪᠡᠨ ᠴᠡᠷᠢᠭ ᠲᠡᠢᠨ ᠳᠡᠭᠡᠷ᠎ᠡ ᠳᠡᠭᠡᠳᠦᠯᠡᠨ ᠬᠡᠷᠡᠭᠯᠡᠵᠡᠢ》②᠃ ᠡᠭᠦᠨ ᠡᠴᠡ ᠬᠠᠷ᠎ᠠ ᠰᠦᠯᠳᠡ ᠶ᠋ᠢᠨ ᠪᠠᠢᠷᠢ ᠰᠠᠭᠤᠷᠢᠨ ᠳ᠋ᠤ᠌ ᠬᠤᠪᠢᠷᠠᠯᠲᠠ ᠭᠠᠷᠴᠤ᠂ ᠳᠡᠯᠡᠬᠡᠢ ᠳ᠋ᠠᠬᠢᠨ ᠳ᠋ᠤ᠌ ᠠᠯᠳᠠᠷᠰᠢᠵᠠᠢ᠃ ᠬᠤᠪᠢᠯᠠᠢ ᠮᠣᠩᠭᠣᠯ ᠤᠨ ᠨᠢᠭᠡᠳᠦᠭᠰᠡᠨ ᠲᠤᠯᠭᠤᠷ ᠲᠥᠷᠥ ᠶ᠋ᠢᠨ ᠬᠠᠭᠠᠨ ᠰᠠᠭᠤᠷᠢᠨ ᠢ᠋ ᠵᠠᠯᠭᠠᠮᠵᠢᠯᠠᠭᠰᠠᠨ ᠪᠣᠯᠬᠣᠷ ᠬᠠᠷ᠎ᠠ ᠰᠦᠯᠳᠡ ᠶ᠋ᠢ ᠴᠦ᠍ ᠶᠠᠷᠢᠶᠠᠨ ᠦᠭᠡᠢ ᠵᠠᠯᠭᠠᠮᠵᠢᠯᠠᠨ ᠠᠪᠬᠤ ᠶᠣᠰᠣᠲᠠᠢ᠃《ᠰᠦᠯᠳᠡ ᠪᠣᠯ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠮᠥᠨ》 ᠭᠡᠰᠡᠨ ᠥᠭᠦᠯᠡᠯ ᠳ᠋ᠦ᠍ ᠬᠠᠷ᠎ᠠ ᠰᠦᠯᠳᠡ ᠶ᠋ᠢᠨ ᠲᠡᠦᠬᠡᠨ ᠥᠩᠭᠡᠷᠡᠯᠲᠡ ᠪᠠ ᠰᠣᠶᠣᠯ ᠤ᠋ᠨ ᠲᠤᠬᠠᠢ ᠨᠢᠭᠡᠨᠲᠡ ᠥᠭᠦᠯᠡᠵᠦ ᠥᠩᠭᠡᠷᠡᠭᠰᠡᠨ ᠪᠣᠯᠬᠣᠷ ᠲᠤᠰ ᠥᠭᠦᠯᠡᠯ ᠳ᠋ᠦ᠍ ᠵᠥᠪᠬᠡᠨ 《ᠽᠣᠤ ᠳ᠋ᠣᠣ》 ᠭᠡᠳᠡᠭ ᠨᠢ ᠴᠣᠬᠣᠮ ᠶᠠᠮᠠᠷ ᠶᠠᠩᠵᠤ ᠶ᠋ᠢᠨ ᠶᠠᠭᠤᠮ᠎ᠠ ᠪᠣᠯᠬᠤ ᠶ᠋ᠢ ᠮᠠᠭᠠᠳᠯᠠᠭᠰᠠᠨ ᠰᠠᠭᠤᠷᠢᠨ ᠳᠡᠭᠡᠷ᠎ᠡ ᠲᠡᠭᠦᠨ ᠢ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠭᠠᠨ ᠬᠡᠷᠡᠭᠯᠡᠭᠰᠡᠨ ᠪᠠᠢᠳᠠᠯ ᠢ᠋ ᠲᠠᠢᠯᠪᠤᠷᠢᠯᠠᠨ ᠥᠭᠦᠯᠡᠬᠦ ᠪᠣᠯᠤᠨ᠎ᠠ᠃《ᠶᠤᠸᠠᠨ ᠤᠯᠤᠰ ᠤ᠋ᠨ ᠲᠡᠦᠬᠡ》ᠶ᠋ᠢᠨ ᠳᠠᠯᠠᠨ ᠨᠠᠢ᠍ᠮᠠᠳᠤᠭᠠᠷ ᠪᠣᠳᠢ ᠳ᠋ᠤ᠌ 《ᠵᠠᠭᠠᠨ ᠰᠡᠦᠬᠡ ᠢᠨᠦ ᠵᠠᠭᠠᠨ ᠬᠥᠯᠦᠭᠰᠡᠨ ᠲᠡᠷᠭᠡ ᠪᠣᠯᠠᠢ᠂ ᠵᠠᠯᠠᠷᠠᠨ ᠶᠠᠪᠤᠬᠤ ᠪᠦᠷᠢ ᠳ᠋ᠦ᠍ ᠲᠡᠭᠦᠨ ᠢ᠋ ᠬᠡᠷᠡᠭᠯᠡᠮᠦᠢ》③ ᠭᠡᠵᠦ ᠲᠡᠮᠳᠡᠭᠯᠡᠵᠦ᠂ ᠳᠠᠯ᠎ᠠ ᠶᠢᠰᠦᠳᠦᠭᠡᠷ ᠪᠣᠳᠢ ᠳ᠋ᠤ᠌ 《ᠽᠣᠤ ᠳ᠋ᠤᠣ (皂纛) ᠶᠢ ᠲᠥᠷᠥ ᠶ᠋ᠢᠨ ᠬᠡᠯᠡᠨ᠎ᠡ ᠷᠦᠲᠦ ᠭᠡᠮᠡᠨ ᠤᠩᠰᠢᠮᠤᠢ᠃ ᠮᠠᠨᠵᠢᠯᠠᠭ᠎ᠠ ᠶ᠋ᠢ ᠴᠠᠭᠠᠨ ᠰᠢᠷ ᠰᠠᠭᠤᠯᠭᠠᠭᠰᠠᠨ ᠮᠤᠳᠤᠨ ᠰᠢᠯᠪᠢᠨ ᠳᠡᠭᠡᠷ᠎ᠡ ᠲᠣᠭᠲᠠᠭᠠᠭᠰᠠᠨ ᠪᠠᠢᠳᠠᠭ᠃ ᠵᠠᠯᠠᠷᠠᠨ ᠶᠠᠪᠤᠬᠤ ᠪᠣᠯᠭᠠᠨ ᠳ᠋ᠤ᠌ ᠬᠣᠰᠢᠭᠤᠴᠢ ᠳ᠋ᠤᠣ (纛) ᠶᠢ ᠮᠠᠨᠳᠤᠭᠤᠯᠪᠠᠯ ᠮᠣᠷᠢᠨ ᠬᠡᠩᠭᠡᠷᠭᠡ ᠶ᠋ᠢ ᠬᠣᠶᠠᠷ ᠲᠠᠯ᠎ᠠ ᠳ᠋ᠤ᠌ ᠨᠢ ᠬᠠᠪᠴᠢᠨ ᠵᠢᠭᠰᠠᠭᠠᠳᠠᠭ᠃ ᠁ ᠵᠠᠭᠠᠨ ᠢ᠋ ᠡᠮᠡᠭᠡᠯᠯᠡᠬᠦ ᠳ᠋ᠦ᠍ ᠲᠠᠪᠤᠨ ᠥᠩᠭᠡ ᠪᠡᠷ ᠴᠢᠮᠡᠭᠯᠡᠨ ᠬᠡᠷᠡᠯᠳᠦᠭᠦᠯᠦᠭᠰᠡᠨ ᠠᠯᠲᠠᠨ ᠮᠣᠳᠣᠨ ᠤ᠋ ᠪᠠᠳᠮ᠎ᠠ ᠴᠡᠴᠡᠭᠲᠦ ᠰᠠᠭᠤᠳᠠᠯ᠂ ᠤᠯᠠᠭᠠᠨ ᠢ᠋ᠶ᠋ᠠᠷ ᠬᠤᠸᠠᠷᠯᠠᠭᠰᠠᠨ ᠡᠮᠡᠭᠡᠯ ᠠᠪᠠᠷᠢᠬᠤ ᠲᠠᠲᠠᠭᠤᠷ᠂ ᠬᠦᠷᠡᠩ ᠢ᠋ᠶ᠋ᠡᠷ ᠬᠤᠸᠠᠷᠯᠠᠭᠰᠠᠨ ᠣᠭᠴᠣᠷ ᠤᠯᠠᠭᠠᠨ ᠬᠡᠮᠡᠷᠯᠢᠭ ᠣᠯᠪᠣᠭ᠂ ᠭᠠᠤᠯᠢᠨ ᠪᠠᠳᠮ᠎ᠠ ᠴᠡᠴᠡᠭ ᠤᠨ ᠪᠠᠴᠧᠩ᠂ ᠬᠡᠮᠡᠷᠯᠢᠭ ᠬᠥᠪᠡᠭᠡᠲᠦ ᠢᠰᠡᠭᠡᠢ ᠲᠣᠬᠣᠰᠢ᠂ ᠤᠯᠠᠭᠠᠨ ᠰᠠᠷᠯᠤᠭ ᠦᠬᠡᠷ ᠤᠨ ᠰᠡᠭᠦᠯ ᠢ᠋ᠶ᠋ᠡᠷ ᠬᠢᠭᠰᠡᠨ ᠵᠠᠯᠠᠭ᠎ᠠ ᠰᠠᠵᠢᠯᠠᠭᠤᠷ᠂ ᠴᠡᠭᠡᠵᠢ ᠲᠡᠢ ᠨᠢ ᠵᠡᠷᠭᠡᠴᠡᠭᠰᠡᠨ ᠬᠥᠮᠥᠯᠳᠥᠷᠭᠡ᠂ ᠬᠤᠳᠠᠷᠭ᠎ᠠ ᠶ᠋ᠢ ᠬᠡᠷᠡᠭᠯᠡᠳᠡᠭ᠃ ᠬᠥᠮᠥᠯᠳᠥᠷᠭᠡ ᠳᠡᠭᠡᠷ᠎ᠡ ᠡᠴᠡ ᠨᠢ ᠤᠯᠠᠭᠠᠨ ᠰᠠᠷᠯᠤᠭ ᠦᠬᠡᠷ ᠤᠨ ᠰᠡᠭᠦᠯ ᠢ᠋ᠶ᠋ᠡᠷ ᠬᠢᠭᠰᠡᠨ ᠵᠠᠯᠠᠭ᠎ᠠ ᠰᠠᠵᠢᠯᠠᠭᠤᠷ᠂ ᠭᠠᠤᠯᠢᠨ ᠭᠣᠰᠢᠭᠠᠨ ᠤ᠋ ᠲᠦᠷᠦᠭᠦᠨ᠂ ᠭᠦᠢᠯᠡᠰᠦᠨ ᠨᠠᠪᠴᠢ ᠶ᠋ᠢᠨ ᠬᠡᠯᠪᠡᠷᠢᠲᠦ ᠬᠣᠯᠪᠣᠭᠠᠰᠤ ᠬᠡᠷᠡᠭᠰᠡᠯ᠂ ᠤᠯᠠᠭᠠᠨ ᠠᠷᠠᠰᠤᠨ ᠬᠠᠵᠠᠭᠠᠷ ᠤ᠋ᠨ ᠬᠣᠯᠪᠣᠭᠠᠰᠤ ᠬᠡᠷᠡᠭᠰᠡᠯ ᠢ᠋ ᠲᠤᠰ ᠲᠤᠰ ᠵᠡᠭᠦᠯᠭᠡᠭᠰᠡᠨ ᠪᠠᠢᠳᠠᠭ᠃ᠪᠠᠳᠮ᠎ᠠ ᠴᠡᠴᠡᠭᠲᠦ ᠰᠠᠭᠤᠳᠠᠯ ᠳᠡᠭᠡᠷ᠎ᠡ ᠨᠢ ᠨᠢᠭᠡ ᠠᠯᠲᠠ ᠪᠠᠷ ᠰᠢᠷᠲᠡᠭᠰᠡᠨ ᠮᠥᠩᠭᠥᠨ ᠭᠥᠯᠢᠰ ᠲᠠᠯᠪᠢᠵᠤ ᠪᠣᠢ᠃ ᠁ ᠵᠠᠯᠠᠷᠠᠨ ᠶᠠᠪᠤᠬᠤ ᠪᠣᠯᠭᠠᠨ ᠳ᠋ᠤ᠌ ᠣᠯᠠᠨ ᠨᠣᠶᠠᠳ ᠲᠦᠰᠢᠮᠡᠳ ᠵᠠᠮᠴᠢᠯᠠᠭᠠᠳ ᠵᠠᠯᠠᠷᠠᠨ ᠶᠠᠪᠤᠬᠤ ᠶ᠋ᠢ ᠤᠳᠤᠷᠢᠳᠴᠤ᠂ ᠶᠡᠬᠡ ᠨᠢᠶᠠᠨ ᠲᠡᠷᠭᠡ (ᠬᠠᠭᠠᠨ ᠤ᠋ ᠰᠠᠭᠤᠭᠰᠠᠨ ᠲᠡᠷᠭᠡ) ᠶ᠋ᠢ ᠵᠢᠯᠣᠭᠣᠳᠳᠠᠭ᠃
ᠲᠡᠮᠡᠭᠡᠨ ᠬᠡᠩᠭᠡᠷᠭᠡ ᠨᠢ ᠠᠯᠲᠠᠨ ᠴᠢᠮᠡᠭᠲᠦ ᠬᠣᠯᠪᠣᠭᠠᠰᠤ ᠬᠡᠷᠡᠭᠰᠡᠯ᠂ ᠬᠤᠸᠠᠷᠲᠠᠢ ᠢᠰᠡᠭᠡᠢ ᠡᠮᠡᠭᠡᠯ᠂ ᠭᠣᠳᠣᠰ᠂ ᠤᠭᠤᠲᠠ᠂ ᠬᠠᠢᠷᠴᠠᠭ ᠢ᠋ ᠪᠠᠵᠠᠭᠠᠳᠠᠭ᠂ ᠡᠮᠦᠨ᠎ᠡ ᠪᠦᠬᠦ ᠳᠡᠭᠡᠷ᠎ᠡ ᠨᠢ ᠽᠣᠤ ᠳ᠋ᠣᠣ(皂纛) ᠶ᠋ᠢ ᠪᠣᠰᠬᠠᠬᠤ ᠪᠤᠶᠤ ᠥᠩᠭᠡᠲᠦ ᠲᠤᠭ ᠢ᠋ ᠪᠣᠰᠬᠠᠵᠤ᠂ ᠠᠷᠤ ᠪᠦᠬᠦ ᠳᠡᠭᠡᠷ᠎ᠡ ᠨᠢ ᠪᠠᠭ᠎ᠠ ᠲᠤᠭ ᠢ᠋ ᠪᠣᠰᠬᠠᠳᠠᠭ᠃ ᠨᠣᠭᠲᠣ᠂ ᠬᠥᠮᠥᠯᠳᠥᠷᠭᠡ᠂ ᠬᠤᠳᠠᠷᠭ᠎ᠠ ᠲᠠᠢ ᠮᠥᠷᠲᠡᠭᠡᠨ ᠨᠣᠣᠰᠣ ᠪᠠᠷ ᠬᠠᠵᠠᠭᠠᠷ ᠨᠣᠭᠲᠣ ᠪᠣᠯᠭᠠᠳᠠᠭ᠃ ᠲᠠᠪᠤᠨ ᠥᠩᠭᠡ ᠶ᠋ᠢᠨ ᠬᠠᠰ ᠴᠢᠯᠠᠭᠤ᠂ ᠨᠣᠣᠰ ᠤᠨ ᠵᠠᠩᠭᠢᠶᠠᠲᠤ ᠵᠠᠯᠠᠭ᠎ᠠ᠂ ᠭᠠᠤᠯᠢᠨ ᠬᠣᠩᠬᠣ᠂ ᠪᠢᠴᠢᠬᠠᠨ ᠲᠣᠯᠢ ᠶ᠋ᠢ ᠲᠣᠭᠣᠷᠢᠭᠤᠯᠤᠨ ᠬᠡᠯᠬᠢᠵᠦ᠂ ᠳᠡᠭᠡᠷ᠎ᠡ ᠨᠢ ᠨᠢᠭᠡ ᠭᠠᠤᠯᠢᠨ ᠡᠷᠭᠦᠪᠴᠢᠲᠦ ᠪᠠᠭ᠎ᠠ ᠬᠡᠩᠭᠡᠷᠭᠡ ᠲᠠᠯᠪᠢᠳᠠᠭ᠃ ᠨᠢᠭᠡ ᠬᠥᠮᠦᠨ ᠤᠨᠤᠭᠠᠳ ᠵᠢᠯᠣᠭᠣ ᠪᠠᠨ ᠪᠠᠷᠢᠳᠠᠭ᠃ ᠵᠠᠯᠠᠷᠠᠨ ᠶᠠᠪᠤᠬᠤ ᠪᠣᠯᠭᠠᠨ ᠳ᠋ᠤ᠌ ᠤᠷᠢᠳ ᠢ᠋ᠶ᠋ᠠᠷ ᠬᠡᠩᠭᠡᠷᠭᠡ ᠶ᠋ᠢ ᠳᠤᠤᠭᠠᠷᠭᠠᠵᠤ᠂ ᠬᠣᠯᠠ ᠣᠢᠷ᠎ᠡ ᠶ᠋ᠢ ᠰᠦᠷᠳᠡᠭᠦᠯᠳᠡᠭ ᠁
ᠮᠣᠷᠢᠨ ᠬᠡᠩᠭᠡᠷᠭᠡ ᠨᠢ ᠨᠣᠭᠲᠣ᠂ ᠬᠥᠮᠥᠯᠳᠥᠷᠭᠡ᠂ ᠬᠤᠳᠠᠷᠭ᠎ᠠ ᠠ᠋ᠴᠠ ᠪᠦᠷ ᠤᠯᠠᠭᠠᠨ ᠵᠠᠯᠠᠭ᠎ᠠ ᠵᠡᠭᠦᠵᠦ᠂ ᠭᠠᠤᠯᠢᠨ ᠬᠣᠩᠬᠣ ᠰᠠᠵᠢᠯᠠᠭᠤᠯᠳᠠᠭ᠃ ᠭᠦᠢᠯᠡᠰᠦᠨ ᠨᠠᠪᠴᠢ ᠶ᠋ᠢᠨ ᠬᠡᠯᠪᠡᠷᠢᠲᠦ ᠬᠣᠯᠪᠣᠭᠠᠰᠤ ᠬᠡᠷᠡᠭᠰᠡᠯ ᠲᠡᠢ᠂ ᠠᠯᠲᠠ ᠪᠠᠷ ᠰᠢᠷᠲᠡᠭᠰᠡᠨ ᠴᠢᠷᠭᠡᠦᠯ ᠳᠡᠭᠡᠷ᠎ᠡ ᠨᠢ ᠭᠤᠷᠭᠤᠤᠯ ᠤ᠋ᠨ ᠰᠡᠭᠦᠯ ᠬᠠᠳᠬᠤᠵᠠᠢ᠂ ᠳᠡᠭᠡᠷ᠎ᠡ ᠨᠢ ᠳᠥᠷᠪᠡᠨ ᠬᠥᠯᠲᠦ ᠪᠠᠭ᠎ᠠ ᠴᠠᠬᠤ ᠲᠠᠯᠪᠢᠵᠤ᠂ ᠡᠭᠦᠨ ᠤ ᠳᠡᠭᠡᠷ᠎ᠡ ᠨᠢ ᠠᠷᠠᠰᠤᠨ ᠬᠡᠩᠭᠡᠷᠭᠡ ᠶ᠋ᠢ ᠨᠢᠭᠡ ᠲᠠᠯ᠎ᠠ ᠪᠠᠷ ᠨᠢ ᠲᠠᠯᠪᠢᠳᠠᠭ᠂ ᠡᠮᠦᠨ᠎ᠡ ᠨᠢ ᠨᠢᠭᠡ ᠬᠥᠮᠦᠨ ᠬᠥᠲᠥᠯᠳᠡᠭ᠃ ᠵᠠᠯᠠᠷᠠᠨ ᠶᠠᠪᠤᠬᠤ ᠪᠣᠯᠭᠠᠨ ᠳ᠋ᠤ᠌ ᠮᠣᠷᠢᠨ ᠬᠡᠩᠭᠡᠷᠭᠡ ᠶ᠋ᠢ ᠤᠷᠢᠳ ᠢ᠋ᠶ᠋ᠠᠷ ᠳᠣᠪᠲᠣᠯᠭᠠᠵᠤ᠂ ᠳ᠋ᠤᠣ (纛) ᠲᠡᠢ ᠵᠡᠷᠭᠡᠴᠡᠨ ᠶᠠᠪᠤᠳᠠᠭ 》④ ᠭᠡᠵᠦ ᠲᠡᠮᠳᠡᠭᠯᠡᠭᠰᠡᠨ ᠪᠠᠢᠳᠠᠭ᠃ ᠡᠨᠡ ᠲᠡᠮᠳᠡᠭᠯᠡᠯ ᠤᠨ ᠵᠠᠷᠢᠮ ᠬᠠᠴᠢᠨ ᠰᠣᠨᠢᠨ ᠦᠭᠡᠨ ᠳ᠋ᠦ᠍ ᠵᠠᠳᠠᠯᠤᠨ ᠮᠠᠭᠠᠳᠯᠠᠯᠲᠠ ᠪᠠ ᠵᠦᠢᠴᠢᠯᠡᠭᠰᠡᠨ ᠮᠠᠭᠠᠳᠯᠠᠯᠲᠠ ᠬᠢᠪᠡᠯ ᠰᠠᠶᠢ ᠶᠤᠸᠠᠨ ᠤᠯᠤᠰ ᠤ᠋ᠨ ᠦᠶ᠎ᠡ ᠶ᠋ᠢᠨ ᠬᠠᠷ᠎ᠠ ᠰᠦᠯᠳᠡ ᠶ᠋ᠢ ᠣᠢᠯᠠᠭᠠᠵᠤ ᠴᠢᠳᠠᠨ᠎ᠠ᠃ ᠡᠢᠮᠦ ᠡᠴᠡ ᠶᠠᠭᠤᠨ ᠤ᠋ ᠤᠷᠢᠳ ᠲᠤᠰ ᠲᠡᠮᠳᠡᠭᠯᠡᠯ ᠤᠨ ᠳᠣᠲᠣᠷᠠᠬᠢ 《ᠽᠣᠤ ᠳ᠋ᠤᠣ (皂纛)》 ᠭᠡᠳᠡᠭ ᠨᠢ ᠴᠣᠬᠣᠮ ᠶᠠᠭᠤ ᠪᠣᠯᠬᠤ ᠶ᠋ᠢ ᠵᠠᠳᠠᠯᠤᠨ ᠮᠠᠭᠠᠳᠯᠠᠬᠤ ᠴᠢᠬᠤᠯᠠᠲᠠᠢ᠃ ᠲᠤᠰ ᠲᠡᠮᠳᠡᠭᠯᠡᠯ ᠳ᠋ᠡᠬᠢ 《ᠽᠣᠤ ᠳ᠋ᠤᠣ (皂纛) ᠂ ᠲᠥᠷᠥ ᠶ᠋ᠢᠨ ᠬᠡᠯᠡᠨ᠎ᠡ ᠷᠦᠲᠦ ᠭᠡᠮᠡᠨ ᠤᠩᠰᠢᠮᠤᠢ》 ᠭᠡᠰᠡᠨ ᠥᠭᠦᠯᠡᠪᠦᠷᠢ ᠶ᠋ᠢᠨ ᠳᠣᠲᠣᠷᠠᠬᠢ 《ᠽᠣᠤ ᠳ᠋ᠣᠣ》 ᠪᠣᠯ ᠬᠠᠷ᠎ᠠ ᠲᠤᠭ ᠢ᠋ ᠬᠡᠯᠡᠵᠦ ᠪᠠᠢᠨ᠎ᠠ᠃ ᠳᠤᠮᠳᠠᠳᠤ ᠤᠯᠤᠰ ᠤ᠋ᠨ ᠮᠣᠩᠭᠣᠯ ᠦᠨᠳᠦᠰᠦᠲᠡᠨ ᠬᠠᠷ᠎ᠠ ᠲᠤᠭ ᠢ᠋ ᠬᠠᠷ᠎ᠠ ᠰᠦᠯᠳᠡ ᠭᠡᠵᠦ ᠨᠡᠷᠡᠯᠡᠵᠦ ᠵᠠᠩᠰᠢᠵᠠᠢ᠃ ᠱᠠᠩᠬᠠᠢ ᠶ᠋ᠢᠨ ᠲᠣᠯᠢ ᠪᠢᠴᠢᠭ ᠤᠨ ᠬᠡᠪᠯᠡᠯ ᠤᠨ ᠬᠣᠷᠢᠶ᠎ᠠ ᠶ᠋ᠢᠨ 《ᠦᠭᠡᠰ ᠤᠨ ᠳᠠᠯᠠᠢ》 ᠳ᠋ᠤ᠌ 《ᠽᠣᠤ ᠳ᠋ᠣᠣ》 ᠭᠡᠰᠡᠨ ᠦᠭᠡ ᠶ᠋ᠢᠨ ᠲᠠᠢᠯᠪᠤᠷᠢ ᠦᠭᠡᠢ᠃ ᠲᠡᠭᠡᠪᠡᠯ ᠬᠠᠷ᠎ᠠ ᠰᠦᠯᠳᠡ ᠶ᠋ᠢᠨ ᠡᠨᠡ ᠬᠦ᠌ ᠬᠣᠴᠢ ᠨᠡᠷ᠎ᠡ ᠨᠢ ᠲᠡᠦᠬᠡᠨ ᠳᠡᠭᠡᠷ᠎ᠡ ᠶᠠᠭᠠᠬᠢᠵᠤ ᠪᠣᠢ ᠪᠣᠯᠤᠭᠰᠠᠨ ᠪᠣᠢ? ᠤᠤᠯ ᠨᠢ ᠳᠤᠮᠳᠠᠳᠤ ᠣᠷᠣᠨ ᠤ᠋ ᠬᠢᠲᠠᠳ ᠪᠢᠴᠢᠭᠲᠡᠨ᠂ ᠮᠣᠩᠭᠣᠯᠴᠤᠳ ᠤ᠋ᠨ ᠴᠠᠭᠠᠨ᠂ ᠬᠠᠷ᠎ᠠ᠂ ᠠᠯᠠᠭ ᠭᠤᠷᠪᠠᠨ ᠰᠦᠯᠳᠡ ᠶ᠋ᠢᠨ ᠲᠤᠰ ᠪᠦᠷᠢ ᠶ᠋ᠢᠨ ᠤᠬᠠᠭᠳᠠᠬᠤᠨ ᠢ᠋ ᠰᠠᠢᠨ ᠮᠡᠳᠡᠳᠡᠭ ᠦᠭᠡᠢ᠂ ᠰᠦᠯᠳᠡ ᠶ᠋ᠢ ᠪᠦᠷ ᠯᠡ ᠳᠤᠮᠳᠠᠳᠤ ᠣᠷᠣᠨ ᠤ᠋ ᠡᠷᠲᠡᠨ ᠤ ᠴᠡᠷᠢᠭ ᠠᠩᠭᠢ ᠪᠤᠶᠤ ᠶᠣᠰᠣᠯᠠᠯ ᠤ᠋ᠨ ᠡᠩᠨᠡᠭᠡ ᠶ᠋ᠢᠨ ᠡᠮᠦᠨ᠎ᠡ ᠪᠣᠰᠬᠠᠳᠠᠭ ᠬᠠᠷ᠎ᠠ ᠪᠥᠰ ᠲᠤᠭ ᠲᠠᠢ ᠠᠳᠠᠯᠢ ᠶᠠᠭᠤᠮ᠎ᠠ ᠭᠡᠵᠦ ᠪᠤᠷᠤᠭᠤ ᠪᠠᠷ ᠣᠢᠯᠠᠭᠠᠳᠠᠭ᠃ ᠡᠢᠮᠦ ᠡᠴᠡ ᠡᠷᠲᠡᠨ ᠤ ᠮᠣᠩᠭᠣᠯᠴᠤᠳ ᠤ᠋ᠨ ᠬᠠᠷ᠎ᠠ ᠲᠤᠭ ᠨᠢ《ᠽᠣᠤ ᠳ᠋ᠣᠣ》 ᠭᠡᠵᠦ ᠨᠡᠷᠡᠯᠡᠭᠳᠡᠵᠡᠢ᠃ ᠬᠠᠷ᠎ᠠ ᠰᠦᠯᠳᠡ ᠶ᠋ᠢᠨ ᠮᠠᠨᠵᠢᠯᠭ᠎ᠠ ᠨᠢ ᠬᠠᠷ᠎ᠠ ᠥᠩᠭᠡ ᠲᠡᠢ ᠪᠣᠯᠬᠣᠷ ᠲᠡᠷᠡ ᠬᠠᠷᠢᠨ 《ᠳ᠋ᠣᠣ》 ᠦᠰᠦᠭ ᠤᠨ ᠡᠮᠦᠨ᠎ᠡ ᠨᠢ 《ᠽᠣᠤ》 ᠦᠰᠦᠭ ᠢ᠋ ᠨᠡᠮᠡᠭᠡᠳ 《ᠽᠣᠤ ᠳ᠋ᠣᠣ》 ᠪᠣᠯᠭᠠᠨ ᠨᠡᠷᠡᠯᠡᠵᠡᠢ᠃ ᠭᠡᠪᠡᠴᠦ 《ᠽᠣᠤ ᠳ᠋ᠣᠣ》 ᠭᠡᠳᠡᠭ ᠦᠭᠡ ᠶ᠋ᠢᠨ ᠳᠣᠣᠷ᠎ᠠ ᠲᠠᠯ᠎ᠠ ᠳ᠋ᠤ᠌ ᠨᠢ 《ᠲᠥᠷᠥ ᠶ᠋ᠢᠨ ᠬᠡᠯᠡᠨ᠎ᠡ ᠷᠦᠲᠦ ᠭᠡᠮᠡᠨ ᠤᠩᠰᠢᠮᠤᠢ》 ᠭᠡᠵᠦ ᠲᠠᠢᠯᠪᠤᠷᠢᠯᠠᠨ ᠪᠢᠴᠢᠵᠡᠢ᠃《ᠲᠥᠷᠥ ᠶ᠋ᠢᠨ ᠬᠡᠯᠡ》 ᠭᠡᠳᠡᠭ ᠨᠢ ᠫᠠᠬᠤᠠ ᠯᠠᠮᠠ ᠶ᠋ᠢᠨ ᠵᠣᠬᠢᠶᠠᠭᠰᠠᠨ ᠳᠥᠷᠪᠡᠯᠵᠢᠨ ᠮᠣᠩᠭᠣᠯ ᠦᠰᠦᠭ ᠪᠣᠯᠤᠨ᠎ᠠ᠃ ᠶᠤᠸᠠᠨ ᠤᠯᠤᠰ ᠲᠡᠭᠦᠨ ᠢ᠋ ᠲᠥᠷᠥ ᠶ᠋ᠢᠨ ᠬᠡᠯᠡ ᠪᠡᠷ ᠲᠣᠭᠲᠠᠭᠠᠭᠰᠠᠨ ᠲᠤᠯᠠ ᠡᠨᠳᠡ 《ᠲᠥᠷᠥ ᠶ᠋ᠢᠨ ᠬᠡᠯᠡ》 ᠭᠡᠬᠦ ᠨᠢ ᠵᠦᠢᠲᠡᠢ᠃《ᠷᠦᠲᠦ》 ᠪᠣᠯ ᠬᠠᠷ᠎ᠠ ᠲᠤᠭ ᠢ᠋ ᠬᠡᠯᠡᠵᠦ ᠪᠠᠢᠨ᠎ᠠ᠃ ᠬᠢᠲᠠᠳ ᠬᠥᠮᠦᠨ ᠮᠣᠩᠭᠣᠯ ᠨᠡᠷ᠎ᠡ ᠶ᠋ᠢ ᠶᠡᠷᠦ ᠡᠴᠡ ᠣᠨᠣᠪᠴᠢᠲᠠᠢ ᠬᠡᠯᠡᠵᠦ ᠴᠢᠳᠠᠳᠠᠭ ᠦᠭᠡᠢ ᠪᠣᠯᠬᠣᠷ ᠬᠠᠷ᠎ᠠ ᠲᠤᠭ ᠢ 《ᠷᠦᠲᠦ》 ᠭᠡᠵᠦ ᠬᠡᠯᠡᠬᠦ ᠨᠢ ᠳᠡᠮᠡᠢ ᠰᠣᠨᠢᠨ ᠶᠠᠪᠤᠳᠠᠯ ᠪᠢᠰᠢ᠃ ᠡᠢᠮᠦ ᠵᠢᠱ᠌ᠢᠶ᠎ᠡ ᠠᠷᠪᠢᠨ ᠪᠣᠢ᠂ ᠵᠢᠱ᠌ᠢᠶᠡᠯᠡᠪᠡᠯ 《ᠲᠡᠭᠷᠢ》 ᠶ᠋ᠢ ᠳᠠᠨᠵᠢᠯᠢ᠂ 《ᠪᠦᠷᠢᠶ᠎ᠡ》 ᠶ᠋ᠢ ᠲᠦᠸᠧᠯᠦ᠋ᠸᠧ᠂ 《ᠳᠠᠭ᠎ᠠ ᠶ᠋ᠢᠨ ᠲᠠᠯ᠎ᠠ》 ᠶ᠋ᠢ ᠳ᠋ᠠᠭᠠᠢᠲᠠᠨ ᠁ ᠭᠡᠬᠦ ᠮᠡᠲᠦ᠃ ᠳᠡᠭᠡᠷᠡᠬᠢ ᠵᠠᠳᠠᠯᠤᠯᠲᠠ ᠶ᠋ᠢ ᠬᠤᠷᠢᠶᠠᠩᠭᠤᠢᠯᠠᠪᠠᠯ 《ᠽᠣᠤ ᠳ᠋ᠣᠣ᠂ ᠲᠥᠷᠥ ᠶ᠋ᠢᠨ ᠬᠡᠯᠡᠨ᠎ᠡ ᠷᠦᠲᠦ ᠭᠡᠮᠡᠨ ᠤᠩᠰᠢᠮᠤᠢ》 ᠭᠡᠰᠡᠨ ᠥᠭᠦᠯᠡᠪᠦᠷᠢ ᠪᠣᠯ ᠳᠠᠷᠤᠢ ᠽᠣᠤ ᠳ᠋ᠣᠣ ᠶ᠋ᠢ ᠮᠣᠩᠭᠣᠯ ᠬᠡᠯᠡᠨ ᠳ᠋ᠦ᠍ ᠬᠠᠷ᠎ᠠ ᠰᠦᠯᠳᠡ ᠭᠡᠵᠦ ᠬᠡᠯᠡᠳᠡᠭ ᠭᠡᠰᠡᠨ ᠤᠳᠬ᠎ᠠ ᠲᠠᠢ ᠥᠭᠦᠯᠡᠪᠦᠷᠢ ᠪᠣᠯᠬᠤ ᠶ᠋ᠢ ᠮᠡᠳᠡᠵᠦ ᠪᠣᠯᠤᠨ᠎ᠠ᠃《ᠽᠣᠤ ᠳ᠋ᠤᠣ (皂纛)》 ᠭᠡᠳᠡᠭ ᠨᠢ ᠶᠠᠭᠤ ᠪᠣᠯᠬᠤ ᠶ᠋ᠢ ᠮᠡᠳᠡᠴᠢᠬᠡᠪᠡᠯ ᠳᠠᠷᠠᠭ᠎ᠠ ᠠᠯᠬᠤᠮ ᠳ᠋ᠤ᠌ ᠶᠡᠬᠡ ᠶᠤᠸᠠᠨ ᠤᠯᠤᠰ ᠬᠠᠷ᠎ᠠ ᠰᠦᠯᠳᠡ ᠶ᠋ᠢ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠭᠠᠨ ᠬᠦᠨᠳᠦᠯᠡᠨ ᠬᠡᠷᠡᠭᠯᠡᠭᠰᠡᠨ ᠪᠠᠢᠳᠠᠯ ᠢ᠋ ᠲᠠᠢᠯᠪᠤᠷᠢᠯᠠᠬᠤ ᠳ᠋ᠤ᠌ ᠬᠢᠯᠪᠠᠷ ᠪᠣᠯᠤᠨ᠎ᠠ᠃ ᠭᠡᠪᠡᠴᠦ ᠪᠠᠰᠠ ᠲᠡᠮᠳᠡᠭᠯᠡᠯ ᠤᠨ ᠳᠣᠲᠣᠷᠠᠬᠢ 《ᠬᠣᠰᠢᠭᠤᠴᠢ ᠰᠦᠯᠳᠡ (纛) ᠶ᠋ᠢ ᠮᠠᠨᠳᠤᠭᠤᠯᠪᠠᠯ》᠂ 《ᠮᠠᠨᠵᠢᠯᠭ᠎ᠠ》 ᠵᠡᠷᠭᠡ ᠦᠭᠡ ᠥᠭᠦᠯᠡᠪᠦᠷᠢ ᠶ᠋ᠢᠨ ᠤᠳᠬ᠎ᠠ ᠶ᠋ᠢ ᠤᠯᠠᠮ ᠴᠢᠨᠠᠭᠰᠢᠳᠠ ᠮᠠᠭᠠᠳᠯᠠᠬᠤ ᠬᠡᠷᠡᠭᠲᠡᠢ᠃ ᠢᠩᠭᠢᠪᠡᠯ ᠰᠠᠶᠢ ᠨᠡᠩ ᠲᠣᠳᠣᠷᠬᠠᠢ ᠣᠢᠯᠠᠭᠠᠵᠤ ᠴᠢᠳᠠᠨ᠎ᠠ᠃《ᠬᠣᠰᠢᠭᠤᠴᠢ ᠰᠦᠯᠳᠡ (纛) ᠶ᠋ᠢ ᠮᠠᠨᠳᠤᠭᠤᠯᠪᠠᠯ》 ᠭᠡᠰᠡᠨ ᠥᠭᠦᠯᠡᠪᠦᠷᠢ ᠶ᠋ᠢᠨ ᠳᠣᠲᠣᠷᠠᠬᠢ 《ᠬᠣᠰᠢᠭᠤᠴᠢ》 ᠭᠡᠰᠡᠨ ᠦᠭᠡ ᠪᠣᠯ ᠳᠠᠷᠤᠢ ᠰᠦᠯᠳᠡ ᠶ᠋ᠢᠨ ᠲᠤᠰᠬᠠᠢ ᠠᠵᠢᠯ ᠢ᠋ ᠬᠢᠳᠡᠭ ᠴᠡᠷᠢᠭ (ᠬᠡᠪᠲᠡᠭᠦᠯ) ᠦ᠋ᠳ ᠢ᠋ ᠬᠡᠯᠡᠵᠦ ᠪᠠᠢᠨ᠎ᠠ᠃ ᠤᠴᠢᠷ ᠨᠢ ᠬᠠᠷ᠎ᠠ ᠰᠦᠯᠳᠡ ᠪᠣᠯ ᠶᠡᠬᠡ ᠶᠤᠸᠠᠨ ᠤᠯᠤᠰ ᠤ᠋ᠨ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠤᠨ᠎ᠠ᠃ ᠡᠢᠮᠦ ᠡᠴᠡ ᠬᠣᠶᠠᠷ ᠨᠡᠢᠰᠯᠡᠯ ᠬᠣᠲᠠᠨ ᠳ᠋ᠤ᠌ ᠬᠠᠷ᠎ᠠ ᠰᠦᠯᠳᠡ ᠶ᠋ᠢ ᠰᠠᠭᠠᠲᠠᠭᠤᠯᠬᠤ ᠤᠷᠲᠤ ᠭᠡᠷ ᠲᠡᠢ ᠪᠠᠢᠭᠰᠠᠨ ᠮᠥᠷᠲᠡᠭᠡᠨ ᠪᠠᠰᠠ ᠲᠡᠭᠦᠨ ᠢ᠋ ᠵᠠᠯᠠᠵᠤ ᠪᠣᠰᠬᠠᠬᠤ᠂ ᠪᠠᠭᠤᠯᠭᠠᠵᠤ ᠰᠠᠭᠠᠲᠠᠭᠤᠯᠬᠤ ᠪᠠ ᠰᠠᠬᠢᠵᠤ ᠬᠠᠮᠠᠭᠠᠯᠠᠬᠤ ᠲᠤᠰᠬᠠᠢ ᠠᠵᠢᠯ ᠢ᠋ ᠬᠢᠳᠡᠭ ᠴᠡᠷᠢᠭ ᠲᠡᠢ ᠪᠠᠢᠭᠰᠠᠨ ᠪᠠᠢᠬᠤ ᠶᠣᠰᠣᠲᠠᠢ᠃《ᠳ᠋ᠣᠣ》 ᠭᠡᠰᠡᠨ ᠦᠭᠡ ᠪᠣᠯ ᠳᠠᠷᠤᠢ ᠬᠠᠷ᠎ᠠ ᠰᠦᠯᠳᠡ ᠶ᠋ᠢ ᠬᠡᠯᠡᠵᠦ ᠪᠠᠢᠨ᠎ᠠ᠃ ᠤᠴᠢᠷ ᠨᠢ ᠲᠤᠰ ᠲᠡᠮᠳᠡᠭᠯᠡᠯ ᠳ᠋ᠦ᠍ ᠪᠦᠷ ᠯᠡ ᠬᠠᠷ᠎ᠠ ᠰᠦᠯᠳᠡ ᠶ᠋ᠢᠨ ᠲᠤᠬᠠᠢ ᠥᠭᠦᠯᠡᠵᠦ ᠪᠠᠢᠨ᠎ᠠ᠃《ᠬᠣᠰᠢᠭᠤᠴᠢ》 ᠪᠠ 《ᠰᠦᠯᠳᠡ》 ᠶ᠋ᠢᠨ ᠲᠤᠬᠠᠢ ᠬᠢᠭᠰᠡᠨ ᠵᠠᠳᠠᠯᠤᠯᠲᠠ ᠠ᠋ᠴᠠ ᠦᠵᠡᠪᠡᠯ 《ᠬᠣᠰᠢᠭᠤᠴᠢ ᠰᠦᠯᠳᠡ (皂纛) ᠶ᠋ᠢ ᠮᠠᠨᠳᠤᠭᠤᠯᠪᠠᠯ》 ᠭᠡᠰᠡᠨ ᠥᠭᠦᠯᠡᠪᠦᠷᠢ ᠪᠣᠯ ᠲᠡᠳᠡᠭᠡᠷ ᠲᠤᠰᠬᠠᠢ ᠠᠵᠢᠯ ᠤ᠋ᠨ ᠴᠡᠷᠢᠭ ᠬᠠᠷ᠎ᠠ ᠰᠦᠯᠳᠡ ᠶ᠋ᠢ ᠤᠷᠲᠤ ᠭᠡᠷ ᠡᠴᠡ ᠨᠢ ᠵᠠᠯᠠᠨ ᠠᠪᠴᠢᠷᠠᠵᠤ᠂ ᠴᠡᠷᠢᠭ ᠤᠨ ᠵᠢᠭᠰᠠᠭᠠᠯ ᠤ᠋ᠨ ᠭᠠᠵᠠᠷ ᠲᠤ᠌ ᠮᠠᠨᠳᠤᠭᠤᠯᠵᠠᠢ ᠭᠡᠰᠡᠨ ᠤᠳᠬ᠎ᠠ ᠲᠠᠢ ᠭᠡᠵᠦ ᠮᠠᠭᠠᠳᠯᠠᠨ ᠮᠡᠳᠡᠵᠦ ᠪᠣᠯᠤᠨ᠎ᠠ᠃《ᠮᠠᠨᠵᠢᠯᠭ᠎ᠠ》 ᠭᠡᠳᠡᠭ ᠨᠢ ᠬᠠᠷ᠎ᠠ ᠰᠦᠯᠳᠡ ᠶ᠋ᠢᠨ ᠲᠡᠷᠢᠭᠦᠨ ᠢ᠋ ᠢᠯᠡᠳᠬᠡᠵᠦ ᠪᠠᠢᠨ᠎ᠠ ᠭᠡᠵᠦ ᠮᠠᠭᠠᠳᠯᠠᠨ ᠮᠡᠳᠡᠵᠦ ᠪᠣᠯᠤᠨ᠎ᠠ᠃ ᠦᠨᠳᠦᠰᠦᠯᠡᠯ ᠨᠢ ᠭᠡᠪᠡᠯ ᠬᠠᠷ᠎ᠠ ᠰᠦᠯᠳᠡ ᠶ᠋ᠢᠨ ᠲᠡᠷᠢᠭᠦᠨ ᠢ᠋ ᠭᠢᠯᠣᠪᠠᠷ᠂ ᠴᠠᠷ᠎ᠠ᠂ ᠮᠠᠨᠵᠢᠯᠠᠭ᠎ᠠ ᠭᠡᠰᠡᠨ ᠭᠤᠷᠪᠠᠨ ᠵᠦᠢᠯ ᠤᠨ ᠡᠳ᠋ ᠢ᠋ᠶ᠋ᠡᠷ ᠪᠦᠲᠦᠭᠡᠭᠰᠡᠨ ᠪᠠᠢᠳᠠᠭ᠃ ᠬᠢᠯᠣᠪᠠᠷ ᠭᠡᠳᠡᠭ ᠨᠢ ᠣᠨᠴᠠᠭᠠᠢ ᠤᠳᠬ᠎ᠠ ᠪᠦᠬᠦᠢ ᠵᠢᠳᠠ ᠶ᠋ᠢᠨ ᠲᠦᠷᠦᠭᠦᠦ ᠶ᠋ᠢ ᠬᠡᠯᠡᠳᠡᠭ᠂ ᠤᠤᠯ ᠨᠢ ᠲᠡᠭᠦᠨ ᠢ ᠲᠡᠮᠦᠷ ᠢ᠋ᠶ᠋ᠡᠷ ᠬᠢᠳᠡᠭ᠃ ᠴᠠᠷ᠎ᠠ ᠭᠡᠳᠡᠭ ᠨᠢ ᠬᠥᠪᠡᠭᠡ ᠪᠡᠨ ᠲᠣᠭᠣᠷᠢᠨ ᠶᠢᠰᠦ ᠶᠢᠰᠦ ᠶ᠋ᠢᠨ ᠨᠠᠶᠠᠨ ᠨᠢᠭᠡᠨ ᠨᠦᠬᠡ ᠲᠡᠢ ᠬᠠᠪᠲᠠᠭᠠᠢ ᠲᠣᠭᠣᠷᠢᠭ ᠡᠳ᠋ ᠢ᠋ ᠬᠡᠯᠡᠳᠡᠭ᠂ ᠲᠡᠭᠦᠨ ᠢ᠋ ᠮᠥᠩᠭᠥ ᠪᠡᠷ ᠬᠢᠳᠡᠭ᠃ ᠬᠢᠯᠣᠪᠠᠷ ᠤ᠋ᠨ ᠣᠩᠭᠢ ᠶ᠋ᠢ ᠮᠥᠩᠭᠥᠨ ᠴᠠᠷ᠎ᠠ ᠶ᠋ᠢᠨ ᠲᠥᠪ ᠳᠤᠮᠳᠠ ᠨᠢ ᠭᠠᠷᠭᠠᠭᠰᠠᠨ ᠲᠣᠭᠣᠷᠢᠭ ᠨᠦᠬᠡᠨ ᠳ᠋ᠦ᠍ ᠰᠠᠭᠤᠯᠭᠠᠨ ᠲᠣᠭᠲᠠᠭᠠᠳᠠᠭ᠃ ᠮᠠᠨᠵᠢᠯᠭ᠎ᠠ ᠭᠡᠳᠡᠭ ᠨᠢ ᠮᠥᠩᠭᠥᠨ ᠴᠠᠷ᠎ᠠ ᠶ᠋ᠢᠨ ᠬᠥᠪᠡᠭᠡᠨ ᠦ᠌ ᠶᠢᠰᠦ ᠶᠢᠰᠦ ᠶ᠋ᠢᠨ ᠨᠠᠶᠠᠨ ᠨᠢᠭᠡᠨ ᠨᠦᠬᠡᠨ ᠡᠴᠡ ᠲᠠᠰᠠᠮ᠎ᠠ ᠪᠠᠷ ᠳᠣᠷᠣᠭᠰᠢ ᠤᠨᠵᠢᠭᠤᠯᠤᠨ ᠲᠣᠭᠲᠠᠭᠠᠭᠰᠠᠨ ᠣᠩᠭᠤᠨ ᠬᠡᠭᠡᠷ ᠠᠵᠢᠷᠭᠠᠨ ᠤ᠋ ᠬᠥᠬᠥᠯ ᠢ᠋ ᠬᠡᠯᠡᠳᠡᠭ᠃ ᠡᠨᠡ ᠬᠦ᠌ ᠰᠦᠯᠳᠡ ᠶ᠋ᠢᠨ ᠲᠡᠷᠢᠭᠦᠨ ᠢ᠋ ᠴᠠᠭᠠᠨ ᠰᠢᠷ ᠰᠠᠭᠤᠯᠭᠠᠭᠰᠠᠨ ᠰᠢᠯᠪᠢᠨ ᠳᠡᠭᠡᠷ᠎ᠡ ᠨᠢ ᠪᠠᠢᠭᠤᠯᠪᠠᠯ ᠳᠠᠷᠤᠢ ᠬᠠᠷ᠎ᠠ ᠰᠦᠯᠳᠡ ᠪᠦᠲᠦᠴᠢᠬᠡᠨ᠎ᠡ᠃ ᠴᠡᠷᠢᠭ ᠤᠨ ᠵᠢᠭᠰᠠᠭᠠᠯ ᠤ᠋ᠨ ᠳᠤᠮᠳᠠ ᠮᠠᠨᠳᠤᠭᠤᠯᠤᠭᠰᠠᠨ ᠬᠠᠷ᠎ᠠ ᠰᠦᠯᠳᠡ ᠶ᠋ᠢ ᠬᠣᠯᠠ ᠠ᠋ᠴᠠ ᠬᠠᠷᠠᠬᠤ ᠳ᠋ᠤ᠌ ᠲᠡᠭᠦᠨ ᠤ ᠮᠠᠨᠵᠢᠯᠭ᠎ᠠ ᠨᠢ ᠳᠡᠷᠪᠡᠯᠵᠡᠨ ᠬᠡᠢᠰᠦᠭᠡᠳ ᠶᠡᠬᠡ ᠯᠡ ᠪᠠᠷ᠎ᠠ ᠰᠦᠷ ᠲᠡᠢ ᠬᠠᠷᠠᠭᠳᠠᠭᠰᠠᠨ ᠪᠠᠢᠬ᠎ᠠ᠃ ᠡᠢᠮᠦ ᠡᠴᠡ ᠲᠤᠰ ᠲᠡᠮᠳᠡᠭᠯᠡᠯ ᠳ᠋ᠦ᠍ 《ᠮᠠᠨᠵᠢᠯᠭ᠎ᠠ》 ᠪᠠᠷ ᠨᠢ ᠬᠠᠷ᠎ᠠ ᠰᠦᠯᠳᠡ ᠶ᠋ᠢᠨ ᠲᠡᠷᠢᠭᠦᠨ ᠢ᠋ ᠢᠯᠡᠳᠬᠡᠵᠡᠢ᠃
ᠳᠡᠭᠡᠷᠡᠬᠢ ᠮᠠᠭᠠᠳᠯᠠᠯᠲᠠ ᠶ᠋ᠢᠨ ᠰᠠᠭᠤᠷᠢᠨ ᠳᠡᠭᠡᠷ᠎ᠡ 《ᠶᠤᠸᠠᠨ ᠤᠯᠤᠰ ᠤ᠋ᠨ ᠲᠡᠦᠬᠡ》 ᠶ᠋ᠢᠨ ᠳᠠᠯᠠᠨ ᠨᠠᠢ᠍ᠮᠠ᠂ ᠳᠠᠯ᠎ᠠ ᠶᠢᠰᠦᠳᠦᠭᠡᠷ ᠪᠣᠳᠢ ᠳ᠋ᠠᠬᠢ ᠲᠡᠮᠳᠡᠭᠯᠡᠯ ᠢ᠋ ᠦᠨᠳᠦᠰᠦᠯᠡᠵᠦ ᠶᠡᠷᠦᠩᠬᠡᠢᠯᠡᠨ ᠲᠠᠢᠯᠪᠤᠷᠢᠯᠠᠪᠠᠯ ᠬᠠᠭᠠᠨ ᠡᠵᠡᠨ ᠤ ᠵᠠᠯᠠᠷᠠᠨ ᠶᠠᠪᠤᠬᠤ ᠶᠡᠬᠡ ᠠᠶᠠᠯᠠᠯ ᠨᠢ ᠡᠯ᠎ᠡ ᠲᠠᠯ᠎ᠠ ᠶ᠋ᠢᠨ ᠪᠡᠯᠡᠳᠬᠡᠯ ᠠᠵᠢᠯ ᠪᠠᠷᠠᠵᠤ᠂ ᠬᠠᠭᠠᠨ ᠡᠵᠡᠨ ᠤ ᠬᠥᠳᠡᠯᠦᠯᠲᠡ ᠶ᠋ᠢᠨ ᠵᠠᠷᠯᠢᠭ ᠪᠠᠭᠤᠵᠤ᠂ ᠲᠡᠮᠡᠭᠡᠨ ᠬᠡᠩᠭᠡᠷᠭᠡ ᠨᠢᠵᠢᠭᠢᠨᠡᠨ ᠳᠤᠤᠭᠠᠷᠤᠮᠠᠭᠴᠠ ᠡᠬᠢᠯᠡᠨ ᠬᠥᠳᠡᠯᠳᠡᠭ᠃ ᠤᠷᠢᠳ ᠢ᠋ᠶ᠋ᠠᠷ ᠴᠡᠷᠢᠭ ᠤᠨ ᠵᠢᠭᠰᠠᠭᠠᠯ ᠤ᠋ᠨ ᠠᠩᠭᠢ ᠬᠥᠳᠡᠯᠵᠦ᠂ ᠳᠠᠷᠠᠭ᠎ᠠ ᠨᠢ ᠬᠠᠭᠠᠨ ᠡᠵᠡᠨ ᠤ ᠵᠠᠭᠠᠨ ᠬᠥᠯᠦᠭᠰᠡᠨ ᠶᠡᠬᠡ ᠨᠢᠶᠠᠨ ᠲᠡᠷᠭᠡ ᠬᠥᠳᠡᠯᠵᠦ᠂ ᠰᠡᠭᠦᠯ ᠳ᠋ᠦ᠍ ᠨᠢ ᠰᠢᠳᠠᠷ ᠳᠠᠭᠠᠯᠲᠠ ᠴᠡᠷᠢᠭ᠂ ᠲᠣᠭᠣᠷᠢᠨ ᠬᠠᠮᠠᠭᠠᠯᠠᠬᠤ ᠴᠡᠷᠢᠭ᠂ ᠰᠠᠭᠤᠵᠤ ᠰᠡᠷᠭᠡᠢᠯᠡᠬᠦ ᠴᠡᠷᠢᠭ᠂ ᠴᠠᠭᠳᠠᠨ ᠪᠠᠢᠴᠠᠭᠠᠬᠤ ᠴᠡᠷᠢᠭ ᠵᠡᠷᠭᠡ ᠡᠯ᠎ᠡ ᠲᠥᠷᠥᠯ ᠤᠨ ᠴᠡᠷᠢᠭ ᠠᠩᠭᠢ ᠠᠷᠤ ᠠ᠋ᠴᠠ ᠨᠢ ᠬᠥᠳᠡᠯᠳᠡᠭ ᠪᠠᠢᠨ᠎ᠠ᠃ ᠠᠶᠠᠯᠠᠯ ᠬᠥᠳᠡᠯᠦᠮᠡᠭᠴᠡ ᠣᠯᠠᠨ ᠨᠣᠶᠠᠳ ᠲᠦᠰᠢᠮᠡᠳ ᠮᠣᠷᠢᠨ ᠳ᠋ᠠᠭᠠᠨ ᠮᠣᠷᠳᠠᠵᠤ ᠵᠢᠭᠰᠠᠭᠠᠯ ᠤ᠋ᠨ ᠡᠮᠦᠨ᠎ᠡ ᠵᠠᠮᠴᠢᠯᠠᠨ ᠳᠠᠭᠠᠭᠤᠯᠵᠤ᠂ ᠬᠠᠭᠠᠨ ᠡᠵᠡᠨ ᠤ ᠶᠡᠬᠡ ᠨᠢᠶᠠᠨ ᠲᠡᠷᠭᠡ ᠶ᠋ᠢ ᠵᠢᠯᠣᠭᠣᠳᠤᠨ ᠶᠠᠪᠤᠳᠠᠭ᠃ ᠴᠡᠷᠢᠭ ᠤᠨ ᠵᠢᠭᠰᠠᠭᠠᠯ ᠤ᠋ᠨ ᠠᠩᠭᠢ ᠬᠥᠳᠡᠯᠬᠦ ᠳ᠋ᠦ᠍ ᠬᠠᠷ᠎ᠠ ᠰᠦᠯᠳᠡ ᠶ᠋ᠢᠨ ᠬᠣᠶᠠᠷ ᠲᠠᠯ᠎ᠠ ᠳ᠋ᠤ᠌ ᠵᠢᠭᠰᠠᠭᠠᠭᠰᠠᠨ ᠮᠣᠷᠢᠨ ᠬᠡᠩᠭᠡᠷᠭᠡ ᠶ᠋ᠢᠨ ᠡᠩᠨᠡᠭᠡ ᠨᠢ ᠬᠠᠮᠤᠭ ᠤ᠋ᠨ ᠤᠷᠢᠳ ᠢ᠋ᠶ᠋ᠠᠷ ᠬᠡᠩᠭᠡᠷᠭᠡ ᠪᠡᠨ ᠳᠡᠯᠡᠳᠦᠨ ᠬᠠᠷ᠎ᠠ ᠰᠦᠯᠳᠡ ᠲᠡᠢ ᠵᠡᠷᠭᠡᠴᠡᠨ ᠤᠷᠤᠭᠰᠢᠯᠠᠳᠠᠭ᠃ ᠳᠠᠷᠠᠭ᠎ᠠ ᠨᠢ ᠲᠡᠮᠡᠭᠡᠨ ᠬᠡᠩᠭᠡᠷᠭᠡ ᠶ᠋ᠢᠨ ᠡᠩᠨᠡᠭᠡ ᠨᠢ ᠬᠡᠩᠭᠡᠷᠭᠡ ᠪᠡᠨ ᠴᠣᠬᠢᠨ ᠳᠤᠤᠭᠠᠷᠭᠠᠵᠤ ᠬᠣᠯᠠ ᠣᠢᠷ᠎ᠠ ᠶ᠋ᠢ ᠰᠦᠷᠳᠡᠭᠦᠯᠦᠨ ᠤᠷᠤᠭᠰᠢᠯᠠᠳᠠᠭ᠃ ᠨᠡᠢᠰᠯᠡᠯ ᠬᠣᠲᠠᠨ ᠳ᠋ᠠᠭᠠᠨ ᠬᠦᠷᠪᠡᠯ ᠬᠠᠷ᠎ᠠ ᠰᠦᠯᠳᠡ ᠪᠡᠨ ᠪᠠᠭᠤᠯᠭᠠᠨ ᠠᠪᠴᠤ ᠤᠷᠲᠤ ᠭᠡᠷ ᠲᠦ᠍ ᠨᠢ ᠰᠠᠭᠠᠳᠠᠭᠤᠯᠳᠠᠭ᠃ ᠶᠡᠬᠡ ᠨᠡᠢᠰᠯᠡᠯ ᠬᠣᠲᠠ ᠠ᠋ᠴᠠ ᠳᠡᠭᠡᠳᠦ ᠨᠡᠢᠰᠯᠡᠯ ᠬᠣᠲᠠ᠂ ᠳᠡᠭᠡᠳᠦ ᠨᠡᠢᠰᠯᠡᠯ ᠬᠣᠲᠠ ᠠ᠋ᠴᠠ ᠶᠡᠬᠡ ᠨᠡᠢᠰᠯᠡᠯ ᠬᠣᠲᠠ ᠬᠦᠷᠲᠡᠯᠡᠬᠢ ᠪᠦᠬᠦᠢᠯᠡ ᠵᠠᠯᠠᠷᠠᠨ ᠶᠠᠪᠤᠬᠤ ᠬᠤᠭᠤᠴᠠᠭᠠᠨ ᠳ᠋ᠤ᠌ ᠪᠦᠷ ᠬᠠᠷ᠎ᠠ ᠰᠦᠯᠳᠡ ᠪᠡᠷ ᠠᠯᠢᠪᠠ ᠬᠠᠷᠭᠢᠰ ᠮᠠᠭᠤ ᠶ᠋ᠢ ᠠᠶᠤᠯᠭᠠᠨ ᠳᠠᠷᠤᠵᠤ᠂ ᠭᠠᠢ ᠪᠠᠷᠴᠢᠳ ᠪᠦᠬᠦᠨ ᠢ᠋ ᠠᠷᠢᠯᠭᠠᠬᠤ ᠶ᠋ᠢᠨ ᠪᠡᠯᠭᠡᠳᠡᠯ ᠪᠣᠯᠭᠠᠵᠤ ᠪᠠᠢᠵᠠᠢ᠃
ᠪᠦᠬᠦᠢ ᠮᠠᠭᠠᠳᠯᠠᠯᠲᠠ ᠶ᠋ᠢ ᠨᠡᠢᠯᠡᠭᠦᠯᠦᠨ ᠦᠵᠡᠪᠡᠯ ᠶᠤᠸᠠᠨ ᠤᠯᠤᠰ᠂ ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠶ᠋ᠢᠨ ᠬᠠᠷ᠎ᠠ ᠰᠦᠯᠳᠡ ᠶ᠋ᠢ ᠵᠠᠯᠭᠠᠮᠵᠢᠯᠠᠨ ᠠᠪᠴᠤ᠂ ᠬᠠᠭᠠᠨ ᠡᠵᠡᠨ ᠬᠣᠶᠠᠷ ᠨᠡᠢᠰᠯᠡᠯ ᠤᠨ ᠬᠣᠭᠣᠷᠣᠨᠳᠣ ᠵᠠᠯᠠᠷᠠᠨ ᠶᠠᠪᠤᠬᠤ ᠪᠦᠷᠢ ᠳ᠋ᠦ᠍ ᠬᠠᠷ᠎ᠠ ᠰᠦᠯᠳᠡ ᠪᠡᠷ ᠡᠷᠬᠢᠮ ᠳᠡᠭᠡᠳᠦ ᠪᠡᠯᠭᠡᠳᠡᠯ ᠤᠨ ᠡᠳ᠋ ᠪᠣᠯᠭᠠᠵᠤ ᠪᠠᠢᠵᠠᠢ ᠭᠡᠵᠦ ᠮᠡᠳᠡᠵᠦ ᠪᠣᠯᠤᠨ᠎ᠠ᠃ ᠶᠠᠭ ᠡᠢᠮᠦ ᠪᠠᠢᠭᠰᠠᠨ ᠠ᠋ᠴᠠ ᠬᠠᠷ᠎ᠠ ᠰᠦᠯᠳᠡ ᠶ᠋ᠢ 《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ》 ᠭᠡᠰᠡᠨ ᠨᠣᠮ ᠳ᠋ᠠᠭᠠᠨ 《ᠬᠠᠷᠢᠶ᠎ᠠ ᠶᠡᠬᠡᠲᠦ ᠬᠠᠷ᠎ᠠ ᠲᠤᠭ ᠪᠤᠰᠤᠳ ᠢ᠋ ᠠᠶᠤᠯᠭᠠᠬᠤᠢ ᠶ᠋ᠢᠨ ᠪᠡᠯᠭᠡ》 ᠭᠡᠵᠦ ᠪᠢᠴᠢᠵᠦ ᠣᠷᠣᠭᠤᠯᠤᠭᠰᠠᠨ ᠠᠵᠤᠭᠤ᠃ ᠬᠠᠷ᠎ᠠ ᠰᠦᠯᠳᠡ ᠨᠢ ᠪᠡᠯᠭᠡᠳᠡᠯ ᠤᠨ ᠡᠳ᠋ ᠤᠨ ᠬᠤᠪᠢ ᠪᠠᠷ ᠶᠡᠬᠡ ᠶᠤᠸᠠᠨ ᠤᠯᠤᠰ ᠤ᠋ᠨ ᠡᠯ᠎ᠡ ᠭᠠᠵᠠᠷ᠂ ᠣᠯᠠᠨ ᠤᠴᠢᠷ ᠶᠠᠪᠤᠳᠠᠯ ᠳᠡᠭᠡᠷ᠎ᠡ ᠬᠡᠷᠡᠭᠯᠡᠭᠳᠡᠵᠦ ᠪᠠᠢᠭᠰᠠᠨ ᠨᠢ ᠯᠠᠪᠲᠠᠢ᠃ ᠡᠭᠦᠨ ᠢ᠋ ᠤᠯᠠᠮ ᠴᠢᠨᠠᠭᠰᠢᠳᠠ ᠰᠤᠳᠤᠯᠤᠭᠤᠰᠢᠲᠠᠢ᠃ ᠬᠠᠷ᠎ᠠ ᠰᠦᠯᠳᠡ ᠪᠣᠯ ᠮᠣᠩᠭᠣᠯ ᠰᠣᠶᠣᠯ ᠤ᠋ᠨ ᠠᠴᠢᠶᠠᠯᠠᠭᠴᠢ ᠮᠥᠨ᠃ ᠡᠢᠮᠦ ᠡᠴᠡ ᠮᠣᠩᠭᠣᠯ ᠰᠣᠶᠣᠯ ᠢ᠋ ᠰᠤᠳᠤᠯᠬᠤ ᠳ᠋ᠤ᠌ ᠬᠠᠷ᠎ᠠ ᠰᠦᠯᠳᠡ ᠶ᠋ᠢᠨ ᠰᠣᠶᠣᠯ ᠪᠣᠯ ᠣᠮᠲᠣᠭᠠᠢᠯᠠᠵᠤ ᠪᠣᠯᠣᠰᠢ ᠦᠭᠡᠢ ᠨᠢᠭᠡ ᠴᠢᠬᠤᠯᠠ ᠠᠭᠤᠯᠭ᠎ᠠ ᠪᠣᠯᠤᠨ᠎ᠠ᠃ ᠡᠷᠳᠡᠮᠲᠡᠨ ᠮᠡᠷᠭᠡᠳ ᠠᠩᠬᠠᠷᠤᠯ ᠳ᠋ᠠᠭᠠᠨ ᠠᠪᠴᠤ᠂ ᠰᠤᠳᠤᠯᠤᠯᠲᠠ ᠬᠢᠬᠦ ᠪᠠ ᠮᠠᠷᠭᠤᠨ ᠮᠠᠭᠠᠳᠯᠠᠬᠤ ᠶ᠋ᠢ ᠮᠡᠬᠦᠰ ᠮᠢᠨᠦ ᠪᠡᠶ᠎ᠡ ᠴᠢᠩ ᠰᠡᠳᠬᠢᠯ ᠡᠴᠡ ᠪᠡᠨ ᠬᠦᠰᠡᠵᠦ ᠪᠠᠢᠨ᠎ᠠ᠃
ᠵᠡᠭᠦᠯᠲᠡ
① ᠡᠷᠲᠡᠨ ᠳ᠋ᠦ᠍ ᠬᠠᠷ᠎ᠠ ᠲᠤᠭ ᠭᠡᠳᠡᠭ᠂ ᠡᠷᠲᠡᠨ ᠳ᠋ᠦ᠍ ᠬᠠᠷ᠎ᠠ ᠲᠣᠭ ᠪᠣᠯᠤᠨ ᠬᠠᠷ᠎ᠠ ᠰᠦᠯᠳᠡ ᠶ᠋ᠢᠨ ᠤᠬᠠᠭᠳᠠᠬᠤᠨ ᠨᠢ ᠨᠢᠭᠡ ᠠᠳᠠᠯᠢ ᠪᠠᠢᠭᠰᠠᠨ ᠪᠣᠯᠬᠣᠷ ᠣᠳᠣ ᠦᠶ᠎ᠡ ᠳ᠋ᠦ᠍ ᠳᠤᠮᠳᠠᠳᠤ ᠤᠯᠤᠰ ᠤ᠋ᠨ ᠮᠣᠩᠭᠣᠯ ᠦᠨᠳᠦᠰᠦᠲᠡᠨ ᠲᠡᠭᠦᠨ ᠢ᠋ ᠬᠠᠷ᠎ᠠ ᠰᠦᠯᠳᠡ (Har- Suld) ᠭᠡᠳᠡᠭ᠃
② ᠲᠤᠰ ᠨᠣᠮ ᠤ᠋ᠨ《ᠰᠦᠯᠳᠡ ᠪᠣᠯ ᠤᠯᠠᠮᠵᠢᠯᠠᠯᠲᠤ ᠡᠷᠬᠢᠮ ᠳᠡᠭᠡᠳᠦ ᠪᠡᠯᠭᠡᠳᠡᠯ ᠤᠨ ᠡᠳ᠋ ᠮᠥᠨ》 ᠭᠡᠰᠡᠨ ᠥᠬᠦᠯᠡᠯ ᠳ᠋ᠦ᠍ ᠦᠵᠡᠭᠡᠷᠡᠢ᠃
③《元史》,卷七十八,《舆服志一・ 舆辂》。
④《元史》,卷七十九,《舆服志一 ・仪仗》。
【ᠵᠣᠬᠢᠶᠠᠯ ᠤ᠋ᠨ ᠲᠠᠨᠢᠯᠴᠠᠭᠤᠯᠭ᠎ᠠ】 ᠲᠤᠰ ᠵᠣᠬᠢᠶᠠᠯ ᠨᠢ 《ᠰᠢᠯᠢ ᠶ᠋ᠢᠨ ᠭᠣᠣᠯ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠤ ᠰᠡᠳᠬᠦᠯ》 ᠦ᠋ᠨ2010 ᠣᠨ ᠤ᠋ ᠨᠢᠭᠡᠳᠦᠭᠡᠷ ᠬᠤᠭᠤᠴᠠᠭ᠎ᠠ ᠳᠡᠭᠡᠷ᠎ᠡ ᠨᠡᠢᠲᠡᠯᠡᠭᠳᠡᠵᠦ᠂ ᠪᠠᠰᠠ 《ᠶᠤᠸᠠᠨ ᠤᠯᠤᠰ ᠤ᠋ᠨ ᠲᠡᠦᠬᠡ ᠳ᠋ᠡᠬᠢ ᠬᠠᠷ᠎ᠠ ᠰᠦᠯᠳᠡ ᠶ᠋ᠢᠨ ᠲᠡᠮᠳᠡᠭᠯᠡᠯ ᠤᠨ ᠲᠤᠬᠠᠢ ᠥᠭᠦᠯᠡᠬᠦ ᠨᠢ》 ᠭᠡᠰᠡᠨ ᠭᠠᠷᠴᠠᠭ ᠢ᠋ᠶ᠋ᠠᠷ《ᠰᠢᠯᠢ ᠶ᠋ᠢᠨ ᠭᠣᠣᠯ ᠤ᠋ᠨ ᠡᠳᠦᠷ ᠤᠨ ᠰᠣᠨᠢᠨ》 ᠤ᠋ 《ᠰᠢᠨ᠎ᠡ ᠮᠠᠯᠴᠢᠳ ᠤ᠋ᠨ ᠰᠣᠨᠢᠨ》 ᠳ᠋ᠤ᠌ (2010 ᠣᠨ ᠤ᠋ 9 ᠰᠠᠷ᠎ᠠ ᠶ᠋ᠢᠨ 19 ᠤ ᠡᠳᠦᠷ) ᠨᠡᠢᠲᠡᠯᠡᠭᠳᠡᠪᠡ᠃
ᠵᠣᠬᠢᠶᠠᠭᠴᠢ
