ᠠᠭᠢᠲᠤ ᠲᠣᠯᠣᠭᠠᠢ -ᠰᠠᠷᠠᠨᠲᠤᠨᠠᠯ ᠥᠩᠭᠡᠨ᠌ᠨᠬᠠᠰ ᠠᠯᠲᠠᠨ᠌ᠠᠭᠤᠯᠠАгьт толгой-Сарантунал Өнгөнхас АлтануулАгьт толгой-Сарантунал Өнгөнхас Алтануул
ᠠᠭᠢᠲᠤ ᠲᠣᠯᠣᠭᠠᠢ
ᠣᠷᠳᠣᠰ ᠠᠷᠠᠳ ᠤ᠋ᠨ ᠳᠠᠭᠤᠤ
ᠳᠠᠭᠤᠴᠢᠳ ᠬᠥᠭᠵᠢᠮᠴᠢᠳ᠄ ᠣᠷᠳᠣᠰ ᠬᠣᠲᠠ ᠶ᠋ᠢᠨ ᠦᠦᠰᠢᠨ ᠬᠤᠰᠢᠭᠤᠨ ᠤ᠋ ᠤᠯᠠᠭᠠᠨᠮᠥ᠋ᠴᠢᠷ
ᠠᠭᠢᠲᠤ ᠲᠣᠯᠣᠭᠠᠢ ᠶ᠋ᠢᠨ ᠠᠷᠴᠠᠲᠤ ᠶ᠋ᠢᠨ ᠪᠠᠯᠠᠷ
ᠠᠳᠤᠭᠤ ᠮᠠᠯ ᠤ᠋ᠨ ᠪᠡᠯᠴᠢᠭᠡᠷ ᠰᠢᠦ
ᠠᠪᠤ ᠡᠵᠢ ᠬᠣᠶᠠᠷ ᠮᠢᠨᠢ
ᠠᠮᠢᠳᠤ ᠪᠤᠷᠬᠠᠨ ᠰᠢᠦ᠃
ᠡᠷᠭᠢᠨ ᠦ᠌ ᠳᠡᠭᠡᠭᠦᠷ ᠡᠷᠭᠢᠯᠳᠦᠨ ᠵᠢᠷᠣᠭᠠᠯᠠᠳᠠᠭ
ᠡᠷᠪᠡᠬᠡᠢ ᠴᠣᠬᠣᠷ ᠰᠢᠦ
ᠡᠯᠢᠭᠡ ᠶᠤ᠌ ᠵᠢᠷᠦᠬᠡ ᠶ᠋ᠢ ᠮᠢᠨᠢ ᠰᠢᠮᠰᠢᠷᠡᠭᠦᠯᠦᠭᠡᠳ ᠪᠠᠢᠳᠠᠭ
ᠡᠵᠢ ᠠᠪᠤ ᠬᠣᠶᠠᠷ ᠰᠢᠦ
ᠡᠯᠢᠭᠡ ᠶᠤ᠌ ᠵᠢᠷᠦᠬᠡ ᠶ᠋ᠢ ᠮᠢᠨᠢ ᠰᠢᠮᠰᠢᠷᠡᠭᠦᠯᠦᠭᠡᠳ ᠪᠠᠢᠳᠠᠭ
ᠡᠵᠢ ᠠᠪᠤ ᠬᠣᠶᠠᠷ ᠰᠢᠦ᠃
ᠬᠠᠳᠠᠨ ᠤ᠋ ᠳᠡᠭᠡᠭᠦᠷ ᠬᠠᠷᠭᠢᠯᠤᠨ ᠵᠢᠷᠣᠭᠠᠯᠠᠳᠠᠭ
ᠬᠠᠷᠴᠠᠭᠠᠢ ᠴᠣᠬᠣᠷ ᠰᠢᠦ
ᠬᠠᠮᠤᠭ ᠠ᠋ᠴᠠ ᠤᠷᠢᠳᠠᠪᠡᠷ ᠪᠣᠳᠣᠭᠳᠠᠭᠠᠳ ᠪᠠᠢᠳᠠᠭ
ᠡᠵᠢ ᠠᠪᠤ ᠬᠣᠶᠠᠷ ᠰᠢᠦ᠃
ᠠᠯᠠᠭ ᠶᠤ᠌ ᠮᠣᠷᠢᠨ ᠳ᠋ᠤ᠌ ᠪᠠᠨ ᠡᠮᠡᠭᠡᠯ ᠢ᠋ᠶ᠋ᠡᠨ ᠲᠣᠬᠣᠭᠠᠳ
ᠬᠠᠮᠢᠭᠠᠰᠢ ᠴᠤ᠌ ᠶᠠᠪᠤᠬᠤ ᠶᠤᠮ ᠳ᠋ᠣᠣ
ᠠᠭᠢᠲᠤ ᠲᠣᠯᠣᠭᠠᠢ ᠶ᠋ᠢᠨ ᠠᠳᠤᠭᠤᠨ ᠤ᠋ ᠪᠠᠨ ᠪᠡᠯᠴᠢᠭᠡᠷ ᠢ᠋ᠶ᠋ᠡᠨ
ᠡᠷᠭᠢᠬᠦ ᠪᠡᠷ ᠶᠠᠪᠤᠶ᠎ᠠ ᠳ᠋ᠣᠣ
ᠠᠪᠤ ᠡᠵᠢ ᠬᠣᠶᠠᠷ ᠮᠢᠨᠢ ᠠᠮᠢᠳᠤ ᠪᠤᠷᠬᠠᠨ ᠰᠢᠦ
ᠠᠮᠢᠳᠤ ᠪᠤᠷᠬᠠᠨ ᠰᠢᠦ᠃
ᠦᠰᠦᠭ ᠬᠠᠲᠠᠵᠤ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
