ᠰᠣᠨᠳᠣᠭᠣᠢ ᠲᠣᠭ᠎ᠠ᠎ᠲᠠᠢ ᠰᠢᠪᠠᠭᠤ-ᠣ᠊ ∙ ᠣᠳᠣᠨᠴᠢᠮᠡᠭSondgoi tootoi shuvuu-Odonchimeg.O - Сондгой тоотой шувуу-О.Одончимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠣᠨᠳᠣᠭᠣᠢ ᠲᠣᠭ᠎ᠠ᠎ᠲᠠᠢ ᠰᠢᠪᠠᠭᠤ-ᠣ᠊ ∙ ᠣᠳᠣᠨᠴᠢᠮᠡᠭSondgoi tootoi shuvuu-Odonchimeg.O - Сондгой тоотой шувуу-О.Одончимэг

ᠰᠣᠨᠳᠣᠭᠣᠢ ᠲᠣᠭ᠎ᠠ᠎ᠲᠠᠢ ᠰᠢᠪᠠᠭᠤ-ᠣ᠊ ∙ ᠣᠳᠣᠨᠴᠢᠮᠡᠭSondgoi tootoi shuvuu-Odonchimeg.O - Сондгой тоотой шувуу-О.Одончимэг

ᠠᠩᠭᠢᠯᠠᠯ:ᠳᠠᠭᠤᠤ ᠬᠥᠭᠵᠢᠮ
2026-02-07

1436

ᠰᠣᠨᠳᠣᠭᠣᠢ ᠲᠣᠭ᠎ᠠ ᠲᠠᠢ ᠰᠢᠪᠠᠭᠤ


   ᠦᠭᠡ᠄ ᠠ᠊᠂ ᠰᠠᠮᠤᠨ᠎ᠠ 
   ᠠᠶ᠎ᠠ᠄᠂ ᠪ᠂ ᠫᠦᠪᠦᠰᠥ᠋ᠷᠦᠩ 
   ᠳᠠᠭᠤᠴᠢᠨ᠄ ᠤ᠊᠂ ᠤᠳᠤᠨᠴᠢᠮᠡᠭ 

ᠬᠠᠪᠤᠷ ᠤ᠋ᠨ ᠰᠢᠪᠠᠭᠤᠳ ᠭᠠᠩᠭᠠᠨᠠᠵᠤ 
ᠬᠠᠢᠯᠭᠠᠨ ᠰᠡᠳᠬᠢᠯ ᠡᠨᠡᠯᠦᠭᠦᠯᠦᠭᠡᠯ᠎ᠡ 
ᠡᠷᠭᠢᠨ ᠡᠷᠭᠢᠨ ᠭᠠᠩᠭᠠᠨᠠᠯ᠎ᠠ 
ᠡᠯᠢᠭᠡ ᠪᠡᠷ ᠢ᠋ᠶ᠋ᠡᠨ ᠮᠡᠨᠳᠦ ᠯᠠ ᠢᠷᠡᠭᠡ ᠪᠣᠯᠪᠠᠤ 

ᠤᠷᠠᠨ ᠤ᠋ ᠰᠢᠪᠠᠭᠤᠳ ᠭᠠᠩᠭᠠᠨᠠᠵᠤ 
ᠤᠶᠠᠬᠠᠨ ᠰᠡᠳᠬᠢᠯ ᠡᠨᠡᠯᠦᠭᠦᠯᠦᠭᠡᠯ᠎ᠡ 
ᠲᠣᠭᠣᠷᠢᠨ ᠲᠣᠭᠣᠷᠢᠨ ᠭᠠᠩᠭᠠᠨᠠᠯ᠎ᠠ 
ᠲᠣᠭ᠎ᠠ ᠪᠠᠷ ᠢ᠋ᠶ᠋ᠠᠨ ᠮᠡᠨᠳᠦ ᠢᠷᠡᠭᠡ ᠪᠣᠯᠪᠠᠤ
ᠲᠣᠭᠣᠷᠢᠨ ᠲᠣᠭᠣᠷᠢᠨ ᠭᠠᠩᠭᠠᠨᠠᠯ᠎ᠠ
ᠲᠣᠭ᠎ᠠ ᠪᠠᠷ ᠢ᠋ᠶ᠋ᠠᠨ ᠮᠡᠨᠳᠦ ᠢᠷᠡᠭᠡ ᠪᠣᠯᠪᠠᠤ

ᠬᠣᠣᠰ ᠢ᠋ᠶ᠋ᠠᠷ ᠢ᠋ᠶ᠋ᠠᠨ ᠰᠢᠪᠠᠭᠤᠳ ᠤ᠋ᠨ ᠬᠣᠢᠨ᠎ᠠ ᠠ᠋ᠴᠠ
ᠰᠣᠨᠳᠣᠭᠣᠢ ᠰᠢᠪᠠᠭᠤ ᠪᠠᠷᠠᠭᠠᠲᠠᠯ᠎ᠠ
ᠬᠣᠷᠸ᠎ᠠ ᠭᠡᠰᠡᠨ ᠡᠵᠢ ᠶ᠋ᠢ ᠮᠢᠨᠢ
ᠨᠡᠭᠦᠳᠡᠯ ᠳᠠᠭᠠᠬᠤ ᠰᠢᠭ᠋ ᠰᠠᠨᠠᠭᠳᠠᠯ᠎ᠠ
ᠬᠣᠷᠸ᠎ᠠ ᠭᠡᠰᠡᠨ ᠡᠵᠢ ᠶ᠋ᠢ ᠮᠢᠨᠢ
ᠨᠡᠭᠦᠳᠡᠯ ᠳᠠᠭᠠᠬᠤ ᠰᠢᠭ᠋ ᠰᠠᠨᠠᠭᠳᠠᠯ᠎ᠠ

ᠲᠡᠨᠢᠭᠦᠨ ᠴᠠᠢᠯᠭᠠᠨ ᠰᠡᠳᠬᠢᠯ ᠢ᠋
ᠰᠣᠨᠳᠣᠭᠣᠢ ᠰᠢᠪᠠᠭᠤ ᠤᠢᠮᠤᠷᠠᠭᠤᠯᠤᠯ᠎ᠠ
ᠲᠡᠭᠰᠢᠬᠡᠨ ᠲᠣᠭ᠎ᠠ ᠲᠠᠢ ᠰᠢᠪᠠᠭᠤᠳ ᠨᠢ
ᠳᠠᠭᠤᠯᠠᠭᠳᠠᠩᠬᠠᠨ ᠶᠠᠪᠤᠭᠰᠠᠨ ᠶᠤᠮ ᠰᠠᠨ ᠳ᠋ᠠ
ᠲᠡᠭᠰᠢᠬᠡᠨ ᠲᠣᠭ᠎ᠠ ᠲᠠᠢ ᠰᠢᠪᠠᠭᠤᠳ ᠨᠢ
ᠳᠠᠭᠤᠯᠠᠭᠳᠠᠩᠬᠠᠨ ᠶᠠᠪᠤᠭᠰᠠᠨ ᠶᠤᠮ ᠰᠠᠨ ᠳ᠋ᠠ
ᠳᠠᠭᠤᠯᠠᠭᠳᠠᠩᠬᠠᠨ ᠶᠠᠪᠤᠭᠰᠠᠨ ᠶᠤᠮ ᠰᠠᠨ ᠳ᠋ᠠ

  ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ