ᠶᠠᠨᠵᠤᠤᠷ ᠲᠠᠮᠠᠬᠢ-ᠪ ᠠᠯᠲᠠᠨᠵᠢᠷᠭᠠᠯYanjuur tamkhi -B.AltanjargalЯнжуур тамхи -Б.Алтанжаргал ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠨᠵᠤᠤᠷ ᠲᠠᠮᠠᠬᠢ-ᠪ ᠠᠯᠲᠠᠨᠵᠢᠷᠭᠠᠯYanjuur tamkhi -B.AltanjargalЯнжуур тамхи -Б.Алтанжаргал

ᠶᠠᠨᠵᠤᠤᠷ ᠲᠠᠮᠠᠬᠢ-ᠪ ᠠᠯᠲᠠᠨᠵᠢᠷᠭᠠᠯYanjuur tamkhi -B.AltanjargalЯнжуур тамхи -Б.Алтанжаргал

2026-02-06

278

ᠶᠠᠨᠵᠤᠤᠷ ᠲᠠᠮᠠᠬᠢ


     ᠮᠣᠩᠭᠣᠯ ᠠᠷᠠᠳ ᠤ᠋ᠨ ᠳᠠᠭᠤᠤ 
          ᠳᠠᠭᠤᠴᠢᠨ᠄  ᠪ · ᠠᠯᠲᠠᠨᠵᠢᠷᠭᠠᠯ 

ᠶᠠᠨᠵᠤᠤᠷ ᠲᠠᠮᠠᠬᠢ ᠶ᠋ᠢ ᠲᠠᠲᠠᠶ᠎ᠠ ᠭᠡᠪᠡᠯ 
ᠶᠠᠩᠵᠤ ᠶ᠋ᠢᠨ ᠦᠨᠦᠷ ᠬᠠᠩᠬᠤᠯᠳᠠᠭ ᠶᠤᠮ ᠠ᠋ ᠬᠦ 
ᠢᠨᠠᠭ ᠤ᠋ᠨ ᠮᠠᠨᠢ ᠰᠡᠳᠬᠢᠯ ᠶᠠᠩᠵᠤ ᠪᠠᠷ ᠢ᠋ᠶ᠋ᠠᠨ ᠪᠠᠢᠪᠠᠯ ᠳᠠ 
ᠶᠠᠭᠠᠬᠢᠭᠠᠳ ᠴᠤ᠌ ᠭᠡᠰᠡᠨ ᠠᠭᠤᠯᠵᠠᠨ᠎ᠠ ᠳᠠ ᠬᠦ 

ᠦᠵᠦᠮ ᠢ᠋ᠶ᠋ᠡᠷ ᠨᠡᠷᠡᠭᠰᠡᠨ ᠠᠷᠢᠬᠢ ᠶ᠋ᠢ ᠪᠣᠯᠪᠠᠯ ᠳᠠ 
ᠦᠨᠦᠷᠯᠡᠵᠦ ᠰᠠᠭᠤᠭᠠᠳ ᠰᠣᠭᠲᠣᠳᠠᠭ ᠶᠤᠮ ᠠ᠋ ᠬᠦ 
ᠦᠶ᠎ᠡ ᠶ᠋ᠢᠨ ᠵᠢᠭᠠᠯᠬᠠᠨ ᠴᠢᠮ᠎ᠠ ᠲᠠᠢ ᠪᠠᠨ ᠪᠢ ᠴᠢᠨᠢ 
ᠦᠶᠡᠷᠬᠡᠵᠦ ᠰᠠᠭᠤᠭᠠᠳ ᠵᠢᠷᠭᠠᠨ᠎ᠠ ᠳᠠ ᠬᠦ 

ᠰᠠᠮᠪᠤᠤ ᠲᠠᠢ ᠶᠠᠨᠵᠤᠤᠷ ᠢ᠋ ᠲᠠᠲᠠᠶ᠎ᠠ ᠭᠡᠪᠡᠯ
ᠰᠠᠢᠬᠠᠨ ᠦᠨᠦᠷ ᠬᠠᠩᠬᠤᠯᠳᠠᠭ ᠶᠤᠮ ᠠ᠋ ᠬᠦ
ᠱᠠᠯᠢᠭ ᠰᠠᠮᠠᠭᠤᠨ ᠶᠠᠪᠤᠭ᠎ᠠ ᠦᠭᠡᠢ ᠰᠠᠨ ᠪᠣᠯᠪᠠᠯ
ᠰᠠᠢᠬᠠᠨ ᠠ᠋ᠴᠠ ᠶᠠᠭᠠᠬᠢᠭᠠᠳ ᠰᠠᠯᠬᠤ ᠪᠣᠢ ᠳᠠ ᠬᠦ

ᠯᠤᠤ ᠲᠡᠢ ᠠᠷᠢᠬᠢ ᠶ᠋ᠢ ᠤᠤᠭᠤᠶ᠎ᠠ ᠭᠡᠪᠡᠯ ᠳᠡ
ᠨᠢᠭᠦᠯ ᠲᠡᠢ ᠶᠡᠬᠡ ᠪᠡᠷ ᠰᠣᠭᠲᠣᠳᠠᠭ ᠶᠤᠮ ᠠ᠋ ᠬᠦ
ᠨᠥᠬᠥᠷ ᠦ᠋ᠨ ᠢ᠋ᠶ᠋ᠡᠨ ᠳᠠᠯᠳᠠᠬᠠᠨᠠᠭᠤᠷ ᠰᠡᠮᠪᠡᠭᠡᠨᠡᠭᠡᠳ ᠪᠠᠢᠪᠠᠯ ᠳᠠ
ᠨᠢᠭᠤᠷ ᠢ᠋ ᠨᠢ ᠬᠠᠷᠠᠬᠤ ᠳ᠋ᠤ᠌ ᠠᠨᠳᠠᠰᠢ ᠦᠭᠡᠢ ᠳᠡ ᠬᠦ
ᠨᠥᠬᠥᠷ  ᠦ᠋ᠨ ᠢ᠋ᠶ᠋ᠡᠨ ᠳᠠᠯᠳᠠᠬᠠᠨᠠᠭᠤᠷ ᠰᠡᠮᠪᠡᠭᠡᠨᠡᠭᠡᠳ ᠪᠠᠢᠪᠠᠯ ᠳᠠ
ᠨᠢᠭᠤᠷ ᠢ᠋ ᠨᠢ ᠬᠠᠷᠠᠬᠤ ᠳ᠋ᠤ᠌ ᠠᠨᠳᠠᠰᠢ ᠦᠭᠡᠢ ᠳᠡ ᠬᠦ

  ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ᠄ ᠰᠣᠨᠢᠨᠪᠠᠶᠠᠷ