ᠰᠦᠯᠳᠡ ᠶᠢᠨ ᠰᠣᠶᠣᠯ ᠤᠨ ᠰᠤᠳᠤᠯᠤᠯ – ᠮᠢᠩᠵᠤᠤᠷ <ᠳᠡᠭᠡᠳᠦ-6> Сүлдийн соёлын судлал – Минжуур<дээд-6>
ᠳᠡᠭᠡᠳᠦ ᠪᠦᠯᠦᠭ᠂ᠥᠭᠦᠯᠡᠯ ᠤᠨ ᠡᠮᠬᠢᠳᠬᠡᠯ-6
《HAF ᠵᠢᠷᠤᠭ》 ᠪᠠ ᠲᠡᠭᠦᠨ ᠢ᠋ ᠵᠢᠷᠤᠵᠤ ᠪᠦᠲᠦᠭᠡᠭᠰᠡᠨ ᠲᠠᠢᠯᠪᠤᠷᠢ
ᠨᠢᠭᠡ᠂ 《HAF ᠵᠢᠷᠤᠭ》 ᠢ᠋ ᠵᠢᠷᠤᠵᠤ ᠪᠦᠲᠦᠭᠡᠭᠰᠡᠨ ᠶᠠᠪᠤᠴᠠ
ᠶᠤᠸᠠᠨ ᠤᠯᠤᠰ ᠤ᠋ᠨ ᠦᠶ᠎ᠡ ᠶ᠋ᠢᠨ ᠠᠯᠠᠭ ᠰᠦᠯᠳᠡ ᠨᠢ ᠮᠣᠩᠭᠣᠯ ᠲᠥᠷᠥ ᠶ᠋ᠢᠨ ᠣᠯᠠᠨ ᠬᠠᠭᠠᠳ ᠤ᠋ᠨ ᠭᠠᠷ ᠳᠠᠮᠵᠢᠨ ᠣᠷᠳᠣᠰ ᠲᠤ᠌ ᠵᠠᠯᠠᠷᠠᠨ ᠰᠠᠭᠠᠲᠠᠯ᠎ᠠ ᠭᠡᠳᠡᠭ᠃ ᠣᠳᠣ ᠬᠠᠩᠭᠢᠨ ᠣᠲᠣᠭ ᠬᠣᠶᠠᠷ ᠬᠤᠰᠢᠭᠤᠨ ᠳ᠋ᠤ᠌ ᠲᠤᠰ ᠪᠦᠷᠢ ᠨᠢᠭᠡ ᠠᠯᠠᠭ ᠰᠦᠯᠳᠡ ᠪᠣᠢ᠃ ᠷᠢᠨᠴᠢᠨ ᠨᠠᠰᠤᠲᠠᠨ ᠤ᠋ ᠬᠡᠯᠡᠬᠦ ᠪᠡᠷ ᠦᠦᠰᠢᠨ ᠬᠤᠰᠢᠭᠤᠨ ᠳ᠋ᠤ᠌ ᠪᠠᠰᠠ ᠨᠢᠭᠡ ᠠᠯᠠᠭ ᠰᠦᠯᠳᠡ (ᠵᠡᠪᠡ ᠨᠣᠶᠠᠨ ᠤ᠋ ᠴᠡᠷᠢᠭ ᠢ᠋ᠶ᠋ᠡᠨ ᠵᠢᠯᠣᠭᠣᠳᠳᠠᠭ ᠲᠤᠭ) ᠪᠣᠢ᠃ ᠡᠨᠡ ᠭᠤᠷᠪᠠᠨ ᠵᠦᠢᠯ ᠤᠨ ᠠᠯᠠᠭ ᠰᠦᠯᠳᠡ ᠪᠣᠯ ᠪᠦᠷ ᠮᠣᠩᠭᠣᠯᠴᠤᠳ ᠤ᠋ᠨ ᠡᠪᠦᠭᠡ ᠳᠡᠭᠡᠳᠦᠰ ᠡᠴᠡ ᠬᠦᠨᠳᠦᠯᠡᠨ ᠰᠢᠲᠦᠭᠰᠡᠭᠡᠷ ᠢᠷᠡᠭᠰᠡᠨ ᠠᠯᠠᠭ ᠰᠦᠯᠳᠡ ᠨᠦ᠍ᠭᠦᠳ ᠮᠥᠨ᠃ ᠭᠡᠪᠡᠴᠦ ᠡᠨᠡ ᠬᠡᠳᠦᠨ ᠵᠦᠢᠯ ᠤᠨ ᠠᠯᠠᠭ ᠰᠦᠯᠳᠡ ᠶ᠋ᠢᠨ ᠳᠣᠲᠣᠷᠠᠬᠢ ᠨᠢᠭᠡᠨ ᠵᠦᠢᠯ ᠤᠨ ᠠᠯᠠᠭ ᠰᠦᠯᠳᠡ ᠶ᠋ᠢᠨ ᠵᠠᠭᠪᠤᠷ ᠢ᠋ ᠰᠣᠩᠭᠤᠨ ᠠᠪᠴᠤ᠂ ᠠᠷᠪᠠᠨ ᠭᠤᠷᠪᠠᠳᠤᠭᠠᠷ ᠵᠠᠭᠤᠨ ᠤ᠋ ᠦᠶ᠎ᠡ ᠶ᠋ᠢᠨ ᠬᠠᠲᠠᠨᠲᠠᠢ ᠠᠭᠤᠯᠠ ᠶ᠋ᠢᠨ ᠠᠯᠠᠭ ᠰᠦᠯᠳᠡ ᠶ᠋ᠢ ᠦᠢᠯᠡᠳᠦᠨ ᠪᠦᠲᠦᠭᠡᠨ᠎ᠡ ᠭᠡᠳᠡᠭ ᠨᠢ ᠪᠣᠯᠣᠰᠢ ᠦᠭᠡᠢ ᠶᠠᠪᠤᠳᠠᠯ ᠶᠤᠮ᠃ ᠤᠴᠢᠷ ᠨᠢ ᠭᠡᠪᠡᠯ : (ᠨᠢᠭᠡ) ᠬᠠᠳᠠᠨᠲᠠᠶ ᠠᠭᠤᠯᠠ ᠶ᠋ᠢᠨ ᠠᠯᠠᠭ ᠰᠦᠯᠳᠡ ᠪᠣᠯ ᠶᠤᠸᠠᠨ ᠤᠯᠤᠰ ᠤ᠋ᠨ ᠴᠣᠷ ᠤ᠋ᠨ ᠭᠠᠭᠴᠠ ᠠᠯᠠᠭ ᠰᠦᠯᠳᠡ ᠪᠢᠰᠢ᠂ ᠡᠢᠮᠦ ᠪᠣᠯᠬᠣᠷ ᠡᠨᠡ ᠭᠤᠷᠪᠠᠨ ᠵᠦᠢᠯ ᠤᠨ ᠠᠯᠠᠭ ᠰᠦᠯᠳᠡ ᠶ᠋ᠢᠨ ᠨᠢᠭᠡ ᠨᠢ ᠵᠠᠪᠠᠯ ᠬᠠᠲᠠᠨᠲᠠᠶ ᠠᠭᠤᠯᠠ ᠶ᠋ᠢᠨ ᠠᠯᠠᠭ ᠰᠦᠯᠳᠡ ᠮᠥᠨ ᠭᠡᠵᠦ ᠦᠵᠡᠵᠦ ᠪᠣᠯᠬᠤ ᠦᠭᠡᠢ᠃ (ᠬᠣᠶᠠᠷ) ᠠᠯᠠᠭ ᠰᠦᠯᠳᠡ ᠶ᠋ᠢ ᠪᠦᠷ ᠤᠯᠠᠮᠵᠢᠯᠠᠯᠲᠤ ᠦᠢᠯᠡᠳᠬᠦ ᠰᠣᠶᠣᠯ ᠢ᠋ᠶ᠋ᠠᠷ ᠨᠢ ᠦᠢᠯᠡᠳᠳᠡᠭ ᠪᠣᠯᠪᠠᠴᠤ ᠣᠯᠠᠨ ᠵᠦᠢᠯ ᠤᠨ ᠰᠢᠯᠲᠠᠭᠠᠨ ᠠ᠋ᠴᠠ ᠪᠣᠯᠵᠤ᠂ ᠲᠡᠭᠦᠨ ᠤ ᠭᠢᠯᠣᠪᠠᠷ ᠤ᠋ᠨ ᠬᠡᠯᠪᠡᠷᠢ ᠮᠠᠶᠢᠭ ᠪᠠ ᠪᠦᠲᠦᠴᠡ ᠡᠳ᠋ ᠤᠨ ᠴᠢᠨᠠᠷ ᠳᠡᠭᠡᠷ᠎ᠡ ᠬᠠᠷᠢᠯᠴᠠᠨ ᠠᠳᠠᠯᠢ ᠦᠭᠡᠢ ᠭᠠᠵᠠᠷ ᠤ᠋ᠳ ᠭᠠᠷᠳᠠᠭ᠃ ᠬᠠᠳᠠᠨᠲᠠᠢ ᠠᠭᠤᠯᠠ ᠶ᠋ᠢᠨ ᠠᠯᠠᠭ ᠰᠦᠯᠳᠡ ᠶ᠋ᠢ ᠠᠯᠠᠭ ᠰᠦᠯᠳᠡ ᠶ᠋ᠢᠨ ᠰᠣᠶᠣᠯ ᠤ᠋ᠨ ᠬᠥᠭᠵᠢᠯ ᠪᠠᠳᠠᠷᠠᠯ ᠤ᠋ᠨ ᠬᠠᠮᠤᠭ ᠤ᠋ᠨ ᠰᠠᠢᠨ ᠴᠠᠭ ᠲᠤ᠌ ᠬᠠᠭᠠᠨ ᠡᠵᠡᠨ ᠡᠴᠡ ᠦᠢᠯᠡᠳᠴᠦ ᠪᠣᠰᠬᠠᠭᠰᠠᠨ ᠪᠣᠯᠬᠣᠷ ᠡᠮᠦᠨ᠎ᠡ ᠪᠠ ᠰᠡᠭᠦᠯ ᠦᠶ᠎ᠡ ᠶ᠋ᠢᠨ ᠬᠥᠮᠦᠨ ᠤ ᠠᠯᠠᠭ ᠰᠦᠯᠳᠡ ᠡᠴᠡ ᠯᠠᠪᠲᠠᠢ ᠢᠯᠭᠠᠭ᠎ᠠ ᠲᠠᠢ ᠪᠠᠢᠬᠤ ᠶᠣᠰᠣᠲᠠᠢ᠃ ᠡᠢᠮᠦ ᠪᠣᠯᠬᠣᠷ ᠠᠯᠠᠭ ᠰᠦᠯᠳᠡ ᠪᠦᠬᠦᠨ ᠢ᠋ ᠨᠢᠭᠡ ᠠᠳᠠᠯᠢ ᠭᠡᠵᠦ ᠦᠵᠡᠵᠦ ᠪᠣᠯᠬᠤ ᠦᠭᠡᠢ᠃ (ᠭᠤᠷᠪᠠ) ᠡᠨᠡ ᠭᠤᠷᠪᠠᠨ ᠵᠦᠢᠯ ᠤᠨ ᠠᠯᠠᠭ ᠰᠦᠯᠳᠡ ᠶ᠋ᠢᠨ ᠨᠢᠭᠡᠨ ᠤ ᠬᠢᠨᠢ ᠵᠠᠭᠪᠤᠷ ᠢ᠋ ᠰᠣᠩᠭᠤᠨ ᠠᠪᠴᠤ ᠬᠠᠳᠠᠨᠳᠠᠶ ᠠᠭᠤᠯᠠ ᠶ᠋ᠢᠨ ᠠᠯᠠᠭ ᠰᠦᠯᠳᠡ ᠶ᠋ᠢ ᠦᠢᠯᠡᠳᠦᠨ ᠪᠦᠲᠦᠭᠡᠬᠦ ᠪᠡᠷ ᠪᠣᠳᠣᠬᠤ ᠳ᠋ᠤ᠌ ᠡᠨᠡ ᠭᠤᠷᠪᠠᠨ ᠠᠯᠠᠭ ᠰᠦᠯᠳᠡ ᠶ᠋ᠢᠨ ᠭᠢᠯᠦᠪᠠᠷ ᠤ᠋ᠨ ᠬᠡᠯᠪᠡᠷᠢ ᠮᠠᠶᠢᠭ ᠪᠣᠯᠤᠨ ᠪᠦᠲᠦᠴᠡ ᠡᠳ᠋ ᠤᠨ ᠴᠢᠨᠠᠷ ᠴᠢᠨᠰᠠᠭ᠎ᠠ ᠨᠢ ᠬᠠᠷᠢᠯᠴᠠᠨ ᠠᠳᠠᠯᠢ ᠦᠭᠡᠢ ᠪᠠᠢᠳᠠᠭ ᠪᠣᠯᠬᠣᠷ ᠴᠣᠬᠣᠮ ᠠᠯᠢ ᠨᠢᠭᠡ ᠶ᠋ᠢᠨ ᠬᠢᠨᠢ ᠵᠠᠭᠪᠤᠷ ᠢ᠋ ᠰᠣᠩᠭᠤᠨ ᠠᠪᠬᠤ ᠪᠣᠢ ᠭᠡᠰᠡᠨ ᠠᠰᠠᠭᠤᠳᠠᠯ ᠪᠠᠰᠠ ᠭᠠᠷᠬᠤ ᠪᠣᠯᠤᠨ᠎ᠠ᠃ ᠡᠨᠡ ᠨᠢ ᠮᠥᠨ ᠰᠢᠢᠳᠪᠦᠷᠢᠯᠡᠬᠦ ᠳ᠋ᠦ᠍ ᠬᠦᠴᠢᠷ ᠠᠰᠠᠭᠤᠳᠠᠯ ᠪᠣᠯᠤᠨ᠎ᠠ᠃ ᠡᠢᠮᠦ ᠡᠴᠡ ᠰᠤᠳᠤᠷ ᠪᠢᠴᠢᠭ ᠳᠡᠭᠡᠷᠡᠬᠢ 《ᠠᠯᠠᠭ ᠰᠦᠯᠳᠡ ᠶ᠋ᠢᠨ ᠬᠢᠯᠦᠪᠠᠷ ᠨᠢ ᠵᠢᠳᠠ ᠶ᠋ᠢᠨ ᠬᠡᠯᠪᠡᠷᠢ ᠲᠡᠢ》 ᠭᠡᠰᠡᠨ ᠲᠡᠮᠳᠡᠭᠯᠡᠯ ᠢ᠋ ᠦᠨᠳᠦᠰᠦᠯᠡᠵᠦ᠂ ᠲᠡᠦᠬᠡᠨ ᠳᠡᠭᠡᠷᠡᠬᠢ ᠨᠢᠭᠡ ᠴᠠᠭ ᠦᠶ᠎ᠡ ᠶ᠋ᠢᠨ ᠨᠢᠭᠡ ᠵᠦᠢᠯ ᠤᠨ ᠵᠢᠳᠠ ᠶ᠋ᠢᠨ ᠬᠡᠯᠪᠡᠷᠢ ᠪᠡᠷ ᠬᠠᠳᠠᠨᠲᠠᠶ ᠠᠭᠤᠯᠠ ᠶ᠋ᠢᠨ ᠠᠯᠠᠭ ᠰᠦᠯᠳᠡ ᠶ᠋ᠢᠨ ᠭᠢᠯᠦᠪᠠᠷ ᠤ᠋ᠨ ᠬᠡᠯᠪᠡᠷᠢ ᠮᠠᠶᠢᠭ ᠢ᠋ ᠲᠣᠭᠲᠠᠭᠠᠵᠤ᠂ 《HAF ᠵᠢᠷᠤᠭ》 ᠢ᠋ ᠵᠢᠷᠤᠵᠤ ᠪᠦᠲᠦᠭᠡᠵᠡᠢ᠃ ᠭᠡᠪᠡᠴᠦ ᠲᠡᠦᠬᠡᠨ ᠳᠡᠭᠡᠷ᠎ᠡ ᠣᠯᠠᠨ ᠵᠦᠢᠯ ᠤᠨ ᠬᠡᠯᠪᠡᠷᠢ ᠮᠠᠶᠢᠭ ᠲᠠᠢ ᠵᠢᠳᠠ ᠪᠠᠢᠭᠰᠠᠨ ᠪᠣᠯᠬᠣᠷ ᠬᠠᠳᠠᠨᠲᠠᠶ ᠠᠭᠤᠯᠠ ᠶ᠋ᠢᠨ ᠠᠯᠠᠭ ᠰᠦᠯᠳᠡ ᠶ᠋ᠢᠨ ᠬᠢᠯᠣᠪᠠᠷ ᠤ᠋ᠨ ᠬᠡᠯᠪᠡᠷᠢ ᠶ᠋ᠢ ᠴᠣᠬᠣᠮ ᠠᠯᠢ ᠵᠦᠢᠯ ᠤᠨ ᠵᠢᠳᠠ ᠶ᠋ᠢᠨ ᠬᠡᠯᠪᠡᠷᠢ ᠪᠡᠷ ᠲᠣᠭᠲᠠᠭᠠᠬᠤ ᠪᠣᠢ ᠭᠡᠳᠡᠭ ᠨᠢ ᠪᠠᠰᠠ ᠯᠠ ᠬᠦᠴᠢᠷᠲᠡᠢ ᠶᠠᠪᠤᠳᠠᠯ ᠪᠣᠯᠵᠤ ᠪᠠᠢᠭᠰᠠᠨ ᠶᠤᠮ᠃ 2005 ᠣᠨ ᠳ᠋ᠤ᠌ ᠱᠠᠩ ᠤᠯᠤᠰ ᠤ᠋ᠨ ᠦᠶ᠎ᠡ ᠶ᠋ᠢᠨ ᠬᠦᠷᠡᠯ ᠵᠢᠳᠠ ᠶ᠋ᠢᠨ ᠬᠡᠯᠪᠡᠷᠢ ᠮᠠᠶᠢᠭ ᠨᠢ ᠣᠳᠣ ᠶ᠋ᠢᠨ ᠲᠠᠬᠢᠵᠤ ᠪᠠᠢᠭ᠎ᠠ ᠠᠯᠠᠭ ᠰᠦᠯᠳᠡ ᠶ᠋ᠢᠨ ᠭᠢᠯᠦᠪᠠᠷ ᠤ᠋ᠨ ᠬᠡᠯᠪᠡᠷᠢ ᠮᠠᠶᠢᠭ ᠲᠠᠢ ᠨᠡᠯᠢᠶᠡᠳ ᠲᠥᠰᠲᠡᠢ ᠪᠣᠯᠬᠣᠷ ᠡᠨᠡ ᠬᠦ᠌ ᠵᠢᠳᠠ ᠶ᠋ᠢᠨ ᠬᠡᠯᠪᠡᠷᠢ ᠮᠠᠶᠢᠭ ᠢ᠋ᠶ᠋ᠠᠷ ᠬᠠᠳᠠᠨᠳᠠᠶ ᠠᠭᠤᠯᠠ ᠶ᠋ᠢᠨ ᠠᠯᠠᠭ ᠰᠦᠯᠳᠡ ᠶ᠋ᠢ ᠠᠩᠬ᠎ᠠ ᠤᠳᠠᠭ᠎ᠠ ᠮᠠᠭᠠᠳᠯᠠᠨ ᠵᠢᠷᠤᠪᠠ᠃ ᠡᠨᠡ ᠨᠢ 《ᠳᠡᠭᠡᠳᠦ ᠨᠡᠢᠰᠯᠡᠯ ᠤᠨ ᠰᠣᠶᠣᠯ ᠤ᠋ᠨ ᠰᠤᠳᠤᠯᠤᠯ》 ᠭᠡᠰᠡᠨ ᠵᠢᠵᠢᠭ ᠰᠣᠨᠢᠨ ᠳ᠋ᠤ᠌ ᠬᠡᠷᠡᠭᠯᠡᠭᠳᠡᠪᠡ᠃ 2006 ᠣᠨ ᠳ᠋ᠤ᠌ ᠴᠢᠩ ᠤᠯᠤᠰ ᠤ᠋ᠨ ᠦᠶ᠎ᠡ ᠶ᠋ᠢᠨ ᠲᠡᠮᠦᠷ ᠵᠢᠳᠠ ᠶ᠋ᠢᠨ ᠬᠡᠯᠪᠡᠷᠢ ᠮᠠᠶᠢᠭ (ᠵᠡᠪᠡ ᠶ᠋ᠢᠨ ᠬᠡᠯᠪᠡᠷᠢᠲᠦ) ᠪᠡᠷ ᠬᠠᠲᠠᠨᠲᠠᠶ ᠠᠭᠤᠯᠠ ᠶ᠋ᠢᠨ ᠠᠯᠠᠭ ᠰᠦᠯᠳᠡ ᠶ᠋ᠢ ᠬᠣᠶᠠᠳᠤᠭᠠᠷ ᠤᠳᠠᠭ᠎ᠠ ᠮᠠᠭᠠᠳᠯᠠᠨ ᠵᠢᠷᠤᠪᠠ᠃ ᠡᠨᠡ ᠨᠢ 《ᠰᠢᠯᠢ ᠶ᠋ᠢᠨ ᠭᠣᠣᠯ ᠤ᠋ᠨ ᠡᠳᠦᠷ ᠤᠨ ᠰᠣᠨᠢᠨ》 ᠳ᠋ᠤ᠌ ᠬᠡᠷᠡᠭᠯᠡᠭᠳᠡᠪᠡ᠃ ᠰᠡᠭᠦᠯ ᠳ᠋ᠦ᠍ ᠨᠢ ᠦᠵᠡᠬᠦ ᠳ᠋ᠦ᠍ ᠡᠨᠡ ᠬᠣᠶᠠᠷ ᠤᠳᠠᠭᠠᠨ ᠤ᠋ 《HAF ᠵᠢᠷᠤᠭ》 ᠨᠢ ᠬᠡᠳᠦᠢᠪᠡᠷ ᠵᠢᠳᠠ ᠶ᠋ᠢᠨ ᠲᠣᠯᠣᠭᠠᠢ ᠶ᠋ᠢᠨ ᠬᠡᠯᠪᠡᠷᠢ ᠮᠠᠶᠢᠭ ᠢ᠋ ᠢᠯᠡᠳᠬᠡᠵᠦ ᠴᠢᠳᠠᠭᠰᠠᠨ ᠪᠣᠯᠪᠠᠴᠤ ᠡᠰᠢ ᠪᠠᠷᠢᠮᠲᠠ ᠪᠣᠯᠭᠠᠭᠰᠠᠨ ᠲᠡᠦᠬᠡᠨ ᠳᠡᠭᠡᠷᠡᠬᠢ ᠵᠢᠳᠠ ᠨᠢ ᠨᠤᠲᠠᠯᠠᠯᠲᠠ ᠶ᠋ᠢ ᠳᠠᠮᠵᠢᠭᠰᠠᠨ ᠦᠭᠡᠢ ᠪᠣᠯᠬᠣᠷ ᠬᠠᠳᠠᠨᠳᠠᠶ ᠠᠭᠤᠯᠠ ᠶ᠋ᠢᠨ ᠠᠯᠠᠭ ᠰᠦᠯᠳᠡ ᠶ᠋ᠢᠨ ᠭᠢᠯᠣᠪᠠᠷ ᠤ᠋ᠨ ᠬᠡᠯᠪᠡᠷᠢ ᠮᠠᠶᠢᠭ ᠢ᠋ ᠣᠨᠣᠪᠴᠢᠲᠠᠢ ᠢᠯᠡᠳᠬᠡᠵᠦ ᠴᠢᠳᠠᠭᠰᠠᠨ ᠦᠭᠡᠢ᠂ ᠵᠥᠪᠬᠡᠨ ᠰᠦᠯᠳᠡ ᠶ᠋ᠢᠨ ᠮᠠᠨᠵᠢᠯᠭ᠎ᠠ ᠶ᠋ᠢ ᠳᠥᠷᠪᠡᠨ ᠤᠯᠠᠷᠢᠯ ᠢ᠋ᠶ᠋ᠠᠷ ᠠᠯᠠᠭᠯᠠᠭᠤᠯᠤᠨ ᠵᠢᠷᠤᠵᠤ᠂ ᠰᠤᠳᠤᠷ ᠪᠢᠴᠢᠭ ᠦ᠋ᠨ《ᠦᠰᠦᠨ ᠮᠠᠨᠵᠢᠯᠭ᠎ᠠ ᠬᠠᠷ᠎ᠠ ᠴᠠᠭᠠᠨ ᠢ᠋ᠶ᠋ᠠᠷ ᠠᠯᠠᠭᠯᠠᠭᠰᠠᠨ ᠪᠠᠢᠳᠠᠭ》 ᠭᠡᠰᠡᠨ ᠲᠡᠮᠳᠡᠭᠯᠡᠯ ᠲᠡᠢ ᠨᠡᠢᠴᠡᠭᠦᠯᠦᠭᠰᠡᠨ ᠲᠡᠳᠦᠢ ᠪᠠᠢᠯ᠎ᠠ᠂ ᠡᠢᠮᠦ ᠡᠴᠡ 2008 ᠣᠨ ᠳ᠋ᠤ᠌ ᠲᠡᠦᠬᠡᠨ ᠳᠡᠭᠡᠷᠡᠬᠢ ᠮᠣᠩᠭᠣᠯ ᠶᠤᠸᠠᠨ ᠤ᠋ ᠴᠠᠭ ᠦᠶ᠎ᠡ ᠶ᠋ᠢᠨ ᠲᠡᠮᠦᠷ ᠵᠢᠳᠠ ᠳ᠋ᠤ᠌ ᠨᠤᠲᠠᠯᠠᠯᠲᠠ ᠬᠢᠬᠦ ᠪᠡᠷ ᠳᠠᠮᠵᠢᠨ 《HAF ᠵᠢᠷᠤᠭ》 ᠢ᠋ ᠳᠠᠬᠢᠨ ᠵᠢᠷᠤᠵᠤ ᠪᠦᠲᠦᠭᠡᠪᠡ᠃ ᠢᠩᠭᠢᠭᠰᠡᠨ ᠢ᠋ᠶ᠋ᠡᠷ ᠡᠨᠡ ᠤᠳᠠᠭᠠᠨ ᠤ᠋ ᠰᠡᠷᠭᠦᠭᠡᠨ ᠵᠢᠷᠤᠭᠰᠠᠨ ᠵᠢᠷᠤᠭ ᠢ᠋ ᠤᠯᠠᠮ ᠣᠨᠣᠪᠴᠢᠲᠠᠢ ᠪᠣᠯᠭᠠᠵᠤ ᠴᠢᠳᠠᠵᠠᠢ᠃
ᠬᠣᠶᠠᠷ᠂ ᠬᠠᠲᠠᠨᠲᠠᠢ ᠠᠭᠤᠯᠠ ᠶ᠋ᠢᠨ ᠠᠯᠠᠭ ᠰᠦᠯᠳᠡ ᠶ᠋ᠢ
ᠰᠡᠷᠭᠦᠭᠡᠨ ᠵᠢᠷᠤᠬᠤ ᠳ᠋ᠤ᠌ ᠦᠨᠳᠦᠰᠦᠯᠡᠭᠰᠡᠨ ᠡᠰᠢ ᠪᠠᠷᠢᠮᠲᠠ
(ᠨᠢᠭᠡ)《ᠮᠣᠩᠭᠣᠯ ᠤ᠋ᠨ ᠨᠢᠭᠤᠴᠠ ᠲᠣᠪᠴᠢᠶᠠᠨ》᠂ 《ᠶᠤᠸᠠᠨ ᠤᠯᠤᠰ ᠤ᠋ᠨ ᠲᠡᠦᠬᠡ》᠂ ᠶᠤᠸᠠᠨ ᠤᠯᠤᠰ ᠤ᠋ᠨ ᠦᠶ᠎ᠡ ᠶ᠋ᠢᠨ ᠲᠥᠷᠥ ᠶ᠋ᠢᠨ ᠨᠣᠶᠠᠨ - ᠵᠧᠦ ᠪᠦᠸᠧ ᠴᠢ ᠶ᠋ᠢᠨ 《ᠵᠢᠨ ᠭᠤᠸᠠᠩ ᠵᠢᠢ》 (ᠬᠢᠲᠠᠳ ᠬᠡᠪᠯᠡᠯ)᠂ ᠮᠣᠩᠭᠣᠯ ᠤᠯᠤᠰ ᠤ᠋ᠨ ᠰ · ᠵᠠᠮᠪᠠᠯᠳᠣᠷᠵᠢ ᠶ᠋ᠢᠨ 《ᠮᠣᠩᠭᠣᠯ ᠨᠢᠭᠤᠴᠠ ᠶ᠋ᠢᠨ ᠬᠡᠯᠬᠢᠶ᠎ᠡ》 (ᠺᠢᠷᠢᠯ ᠦᠰᠦᠭ ᠤᠨ ᠬᠡᠪᠯᠡᠯ)᠂ ᠰᠠᠢᠨᠵᠢᠷᠭᠠᠯ ᠤ᠋ᠨ 《ᠮᠣᠩᠭᠣᠯ ᠲᠠᠬᠢᠯᠭ᠎ᠠ》 ᠵᠡᠷᠭᠡ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠡᠷᠲᠡᠨ ᠡᠳᠦᠭᠡ ᠶ᠋ᠢᠨ ᠪᠢᠴᠢᠭ ᠰᠤᠳᠤᠷ ᠳᠠᠬᠢ ᠠᠯᠠᠭ ᠰᠦᠯᠳᠡ ᠶ᠋ᠢᠨ ᠲᠤᠬᠠᠢ ᠠᠯᠢ ᠣᠯᠠᠨ ᠲᠡᠮᠳᠡᠭᠯᠡᠯ ᠦ᠋ᠳ ᠪᠣᠯᠤᠨ᠎ᠠ᠃ᠲᠡᠮᠳᠡᠭᠯᠡᠯ ᠳ᠋ᠦ᠍ ᠠᠯᠠᠭ ᠰᠦᠯᠳᠡ ᠶ᠋ᠢᠨ ᠬᠢᠯᠦᠪᠠᠷ ᠤ᠋ᠨ ᠬᠡᠯᠪᠡᠷᠢ ᠮᠠᠶᠢᠭ᠂ ᠪᠦᠲᠦᠴᠡ ᠡᠳ᠋᠂ ᠠᠯᠠᠭ ᠰᠦᠯᠳᠡ ᠶ᠋ᠢ ᠦᠢᠯᠡᠳᠬᠦ ᠮᠡᠷᠭᠡᠵᠢᠯ ᠵᠡᠷᠭᠡ ᠲᠠᠯ᠎ᠠ ᠪᠠᠷ ᠲᠣᠳᠣᠷᠬᠠᠢ ᠢᠯᠡᠳᠬᠡᠭᠰᠡᠨ ᠪᠠᠢᠳᠠᠭ᠃
(ᠬᠣᠶᠠᠷ) ᠲᠡᠦᠬᠡ ᠶ᠋ᠢᠨ ᠳᠤᠷᠠᠰᠬᠠᠯᠲᠤ ᠵᠦᠢᠯ - ᠮᠣᠩᠭᠣᠯ ᠤ᠋ᠨ ᠨᠢᠭᠡᠳᠦᠭᠰᠡᠨ ᠲᠤᠯᠭᠤᠷ ᠲᠥᠷᠥ ᠪᠠ ᠶᠤᠸᠠᠨ ᠤᠯᠤᠰ ᠤ᠋ᠨ ᠦᠶ᠎ᠡ ᠶ᠋ᠢᠨ ᠵᠢᠳᠠ ᠶ᠋ᠢᠨ ᠲᠡᠮᠦᠷ ᠲᠣᠯᠣᠭᠠᠢ (ᠡᠭᠦᠨ ᠢ ᠮᠣᠩᠭᠣᠯ ᠶᠤᠸᠠᠨ ᠤ᠋ ᠵᠢᠳᠠ ᠶ᠋ᠢᠨ ᠲᠣᠯᠣᠭᠠᠢ ᠭᠡᠵᠦ ᠲᠣᠪᠴᠢᠯᠠᠳᠠᠭ) ᠪᠣᠯᠤᠨ᠎ᠠ᠃ ᠡᠨᠳᠡ ᠶᠠᠭᠤᠨ ᠳ᠋ᠤ᠌ ᠮᠣᠩᠭᠣᠯ ᠶᠤᠸᠠᠨ ᠤ᠋ ᠵᠢᠳᠠ ᠶ᠋ᠢᠨ ᠲᠣᠯᠣᠭᠠᠢ ᠪᠠᠷ ᠡᠰᠢ ᠪᠠᠷᠢᠮᠲᠠ ᠪᠣᠯᠭᠠᠭᠰᠠᠨ ᠤᠴᠢᠷ ᠶᠣᠰᠣ ᠶ᠋ᠢ ᠲᠤᠰᠬᠠᠢᠯᠠᠨ ᠲᠠᠢᠯᠪᠤᠷᠢᠯᠠᠬᠤ ᠴᠢᠬᠤᠯᠠᠲᠠᠢ ᠪᠠᠢᠨ᠎ᠠ᠃ (ᠨᠢᠭᠡ) ᠮᠣᠩᠭᠣᠯ ᠶᠤᠸᠠᠨ ᠤ᠋ ᠵᠢᠳᠠ ᠶ᠋ᠢᠨ ᠲᠣᠯᠣᠭᠠᠢ ᠶ᠋ᠢᠨ ᠬᠡᠯᠪᠡᠷᠢ ᠮᠠᠶᠢᠭ ᠪᠠ ᠲᠡᠭᠦᠨ ᠣᠷᠲᠤ ᠶ᠋ᠢᠨ ᠬᠡᠮᠵᠢᠶ᠎ᠡ ᠨᠢ ᠶᠠᠭ ᠪᠢᠴᠢᠭ ᠰᠤᠳᠤᠷ ᠳᠡᠭᠡᠷ᠎ᠡ ᠲᠡᠮᠳᠡᠭᠯᠡᠭᠳᠡᠵᠦ ᠪᠠᠢᠬᠤ 《ᠠᠯᠠᠭ ᠰᠦᠯᠳᠡ ᠶ᠋ᠢᠨ ᠣᠷᠣᠢ ᠨᠢ ᠵᠢᠳᠠ ᠶ᠋ᠢᠨ ᠬᠡᠯᠪᠡᠷᠢ ᠲᠡᠢ᠂ ᠨᠢᠭᠡ ᠲᠣᠬᠣᠢ ᠰᠢᠬᠠᠮ ᠤᠷᠲᠤ᠂ ᠬᠣᠶᠠᠷ ᠲᠠᠯ᠎ᠠ ᠳ᠋ᠠᠭᠠᠨ ᠢᠷ ᠲᠡᠢ᠂ ᠭᠣᠣᠯ ᠢ᠋ᠶ᠋ᠠᠷ ᠢ᠋ᠶ᠋ᠠᠨ ᠵᠤᠵᠠᠭᠠᠨ᠂ ᠳᠣᠣᠷ᠎ᠠ ᠪᠠᠨ ᠣᠩᠭᠢ ᠲᠡᠮᠦᠷ ᠲᠡᠢ ᠡᠳ᠋ ᠶᠦᠮ》 ᠭᠡᠰᠡᠨ ᠲᠡᠮᠳᠡᠭᠯᠡᠯ ᠲᠡᠢ ᠨᠡᠢᠴᠡᠵᠦ ᠪᠠᠢᠨ᠎ᠠ᠃ ᠡᠢᠮᠦ ᠡᠴᠡ ᠮᠣᠩᠭᠣᠯ ᠶᠤᠸᠠᠨ ᠤ᠋ ᠵᠢᠳᠠ ᠶ᠋ᠢᠨ ᠲᠣᠯᠣᠭᠠᠢ ᠶ᠋ᠢᠨ ᠬᠡᠯᠪᠡᠷᠢ ᠮᠠᠶᠢᠭ ᠪᠣᠯ ᠳᠠᠷᠤᠢ ᠬᠠᠳᠠᠨᠲᠠᠶ ᠠᠭᠤᠯᠠ ᠶ᠋ᠢᠨ ᠠᠯᠠᠭ ᠰᠦᠯᠳᠡ ᠶ᠋ᠢᠨ ᠭᠢᠯᠣᠪᠠᠷ ᠤ᠋ᠨ ᠬᠡᠯᠪᠡᠷᠢ ᠮᠠᠶᠢᠭ ᠮᠥᠨ ᠭᠡᠵᠦ ᠮᠠᠭᠠᠳᠯᠠᠨ ᠮᠡᠳᠡᠵᠡᠢ᠃ (ᠬᠣᠶᠠᠷ) ᠡᠢᠮᠦ ᠬᠡᠯᠪᠡᠷᠢ ᠮᠠᠶᠢᠭ ᠤ᠋ᠨ ᠵᠢᠳᠠ ᠶ᠋ᠢᠨ ᠲᠣᠯᠣᠭᠠᠢ ᠨᠢ ᠮᠣᠩᠭᠣᠯᠴᠤᠳ ᠤ᠋ᠨ ᠳᠤᠷ᠎ᠠ ᠪᠠᠬᠠᠷᠤᠯ ᠢ᠋ ᠭᠦᠨ ᠣᠯᠵᠤ ᠪᠠᠢᠭᠰᠠᠨ ᠪᠣᠯᠬᠣᠷ ᠠᠷᠪᠠᠨ ᠬᠣᠶᠠᠷ ᠭᠤᠷᠪᠠᠳᠤᠭᠠᠷ ᠵᠠᠭᠤᠨ ᠳ᠋ᠤ᠌ ᠥᠷᠭᠡᠨ ᠢ᠋ᠶ᠋ᠡᠷ ᠬᠡᠷᠡᠭᠯᠡᠭᠳᠡᠵᠦ ᠪᠠᠢᠵᠠᠢ᠃ ᠡᠢᠮᠦ ᠡᠴᠡ ᠲᠤᠰ ᠵᠠᠭᠤᠨ ᠤ᠋ ᠳᠤᠮᠳᠠᠴᠢ ᠦᠶ᠎ᠡ ᠳ᠋ᠦ᠍ ᠬᠤᠪᠢᠯᠠᠢ ᠬᠠᠭᠠᠨ ᠬᠠᠳᠠᠨᠲᠠᠢ ᠠᠭᠤᠯᠠ ᠶ᠋ᠢᠨ ᠠᠯᠠᠭ ᠰᠦᠯᠳᠡ ᠶ᠋ᠢ ᠪᠦᠲᠦᠭᠡᠯᠭᠡᠬᠦ ᠳ᠋ᠡᠭᠡᠨ ᠡᠨᠡ ᠬᠦ᠌ ᠵᠢᠳᠠ ᠶ᠋ᠢᠨ ᠲᠣᠯᠣᠭᠠᠢ ᠶ᠋ᠢᠨ ᠬᠡᠯᠪᠡᠷᠢ ᠮᠠᠶᠢᠭ ᠢ᠋ ᠰᠣᠩᠭᠤᠨ ᠠᠪᠤᠭᠰᠠᠨ ᠪᠣᠯᠤᠯᠴᠠᠭ᠎ᠠ ᠪᠦᠷᠢᠨ ᠪᠠᠢᠨ᠎ᠠ᠃ ᠳᠡᠭᠡᠷᠡᠬᠢ ᠲᠡᠮᠳᠡᠭᠯᠡᠯ ᠪᠠ ᠪᠣᠯᠤᠯᠴᠠᠭ᠎ᠠ ᠠ᠋ᠴᠠ ᠮᠣᠩᠭᠣᠯ ᠶᠤᠸᠠᠨ ᠤ᠋ ᠵᠢᠳᠠ ᠶ᠋ᠢᠨ ᠲᠣᠯᠣᠭᠠᠢ ᠶ᠋ᠢᠨ ᠬᠡᠯᠪᠡᠷᠢ ᠪᠣᠯ ᠳᠠᠷᠤᠢ ᠬᠠᠲᠠᠨᠲᠠᠢ ᠠᠭᠤᠯᠠ ᠶ᠋ᠢᠨ ᠠᠯᠠᠭ ᠰᠦᠯᠳᠡ ᠶ᠋ᠢᠨ ᠬᠢᠯᠣᠪᠠᠷ ᠤ᠋ᠨ ᠬᠡᠯᠪᠡᠷᠢ ᠮᠥᠨ ᠭᠡᠵᠦ ᠨᠤᠲᠠᠯᠠᠭᠰᠠᠨ ᠶᠤᠮ᠃ ᠡᠢᠮᠦ ᠡᠴᠡ ᠮᠣᠩᠭᠣᠯ ᠶᠤᠸᠠᠨ ᠤ᠋ ᠵᠢᠳᠠ ᠶ᠋ᠢᠨ ᠲᠣᠯᠣᠭᠠᠢ ᠪᠠᠷ ᠬᠠᠳᠠᠨᠳᠠᠶ ᠠᠭᠤᠯᠠ ᠶ᠋ᠢᠨ ᠠᠯᠠᠭ ᠰᠦᠯᠳᠡ ᠶ᠋ᠢ ᠰᠡᠷᠭᠦᠭᠡᠨ ᠵᠢᠷᠤᠬᠤ ᠳ᠋ᠤ᠌ ᠴᠢᠬᠤᠯᠠ ᠡᠰᠢ ᠪᠠᠷᠢᠮᠲᠠ ᠶ᠋ᠢᠨ ᠨᠢᠭᠡ ᠪᠣᠯᠭᠠᠵᠠᠢ᠃
(ᠭᠤᠷᠪᠠ) ᠬᠠᠳᠠᠨᠲᠠᠶ ᠠᠭᠤᠯᠠ ᠶ᠋ᠢᠨ ᠣᠷᠣᠢ ᠳᠡᠭᠡᠷ᠎ᠡ ᠦᠯᠡᠳᠡᠭᠳᠡᠵᠦ ᠪᠠᠢᠬᠤ ᠰᠠᠭᠤᠳᠠᠯ ᠴᠢᠯᠠᠭᠤ ᠪᠣᠯᠤᠨ᠎ᠠ᠃ ᠡᠨᠡ ᠰᠠᠭᠤᠳᠠᠯ ᠴᠢᠯᠠᠭᠤ ᠭᠡᠳᠡᠭ ᠨᠢ ᠲᠥᠪ ᠳᠤᠮᠳᠠ ᠪᠠᠨ 26*30 ᠰᠡᠨᠲ᠋ᠢᠮᠧᠲ᠋ᠷ ᠤᠨ ᠠᠮᠠᠰᠠᠷ ᠲᠠᠢ᠂ 16 ᠰᠡᠨᠲ᠋ᠢᠮᠧᠲ᠋ᠷ ᠭᠦᠨ᠂ ᠵᠡᠷᠭᠡᠴᠡᠭᠦᠯᠦᠨ ᠮᠠᠯᠲᠠᠭᠰᠠᠨ ᠬᠣᠶᠠᠷ ᠨᠦᠬᠡ ᠲᠡᠢ ᠤᠷᠲᠤ ᠳᠥᠷᠪᠡᠯᠵᠢᠨ ᠴᠠᠭᠠᠨ ᠴᠢᠯᠠᠭᠤ ᠪᠣᠯᠤᠨ᠎ᠠ᠃ ᠰᠠᠭᠤᠳᠠᠯ ᠴᠢᠯᠠᠭᠤ ᠶ᠋ᠢᠨ ᠭᠣᠣᠯ ᠤ᠋ᠨ ᠬᠣᠶᠠᠷ ᠨᠦᠬᠡ ᠡᠴᠡ ᠠᠯᠠᠭ ᠰᠦᠯᠳᠡ ᠶ᠋ᠢᠨ ᠰᠢᠯᠪᠢ ᠶ᠋ᠢᠨ ᠪᠦᠳᠦᠭᠦᠨ ᠤ ᠬᠡᠮᠵᠢᠶ᠎ᠡ ᠶ᠋ᠢ ᠲᠣᠭᠲᠠᠭᠠᠵᠤ ᠴᠢᠳᠠᠬᠤ ᠮᠥᠷᠲᠡᠭᠡᠨ ᠡᠭᠦᠨ ᠢ᠋ᠶ᠋ᠡᠷ ᠬᠠᠳᠠᠨᠲᠠᠶ ᠠᠭᠤᠯᠠ ᠶ᠋ᠢᠨ ᠠᠯᠠᠭ ᠰᠦᠯᠳᠡ ᠶ᠋ᠢᠨ ᠬᠢᠯᠣᠪᠠᠷ᠂ ᠴᠠᠷ᠎ᠠ᠂ ᠮᠠᠨᠵᠢᠯᠭ᠎ᠠ ᠶ᠋ᠢᠨ ᠬᠡᠮᠵᠢᠶ᠎ᠡ ᠶ᠋ᠢ ᠴᠦ᠍ ᠴᠢᠨᠠᠭᠰᠢᠳᠠ ᠨᠤᠲᠠᠯᠠᠵᠤ ᠪᠣᠯᠳᠠᠭ᠃ ᠳᠡᠭᠡᠷᠡᠬᠢ ᠡᠰᠢ ᠪᠠᠷᠢᠮᠲᠠ ᠨᠤᠭᠤᠳ ᠢ᠋ ᠦᠨᠳᠦᠰᠦᠯᠡᠪᠡᠯ ᠶᠤᠸᠠᠨ ᠤᠯᠤᠰ ᠤᠨ ᠦᠶ᠎ᠠ ᠳ᠋ᠤ᠌ ᠬᠠᠲᠠᠨᠲᠠᠶ ᠠᠭᠤᠯᠠ ᠶ᠋ᠢᠨ ᠣᠷᠣᠢ ᠳ᠋ᠤ᠌ ᠮᠣᠩᠭᠣᠯ ᠶᠤᠸᠠᠨ ᠤ᠋ ᠵᠢᠳᠠ ᠶ᠋ᠢᠨ ᠲᠣᠯᠣᠭᠠᠢ ᠶ᠋ᠢᠨ ᠬᠡᠯᠪᠡᠷᠢ ᠪᠡᠷ ᠬᠢᠭᠰᠡᠨ ᠲᠡᠮᠦᠷ ᠭᠢᠯᠣᠪᠠᠷ ᠲᠠᠢ᠂ ᠬᠥᠪᠡᠭᠡ ᠪᠡᠷ ᠢ᠋ᠶ᠋ᠡᠨ ᠶᠢᠰᠦ ᠶᠢᠰᠦ ᠶ᠋ᠢᠨ ᠨᠠᠶᠠᠨ ᠨᠢᠭᠡᠨ ᠨᠦᠬᠡ ᠴᠤᠭᠤᠯᠤᠭᠰᠠᠨ ᠮᠥᠩᠭᠥᠨ ᠴᠠᠷ᠎ᠠ ᠲᠠᠢ᠂ ᠲᠡᠭᠦᠨ ᠡᠴᠡ ᠴᠠᠭᠠᠨ ᠪᠠ ᠬᠠᠷ᠎ᠠ ᠠᠵᠢᠷᠭᠠᠨ ᠤ᠋ ᠬᠥᠬᠥᠯ ᠢ᠋ ᠳᠥᠷᠪᠡᠨ ᠤᠯᠠᠷᠢᠯ ᠢ᠋ᠶ᠋ᠠᠷ ᠠᠯᠠᠭᠯᠠᠭᠠᠳ ᠲᠣᠭᠲᠠᠭᠠᠭᠰᠠᠨ ᠮᠠᠨᠵᠢᠯᠠᠭ᠎ᠠ ᠲᠠᠢ᠂ ᠬᠤᠰᠤ ᠮᠤᠳᠤᠨ ᠰᠢᠯᠪᠢ ᠲᠠᠢ ᠠᠯᠠᠭ ᠰᠦᠯᠳᠡ ᠶ᠋ᠢ ᠤᠷᠲᠤ ᠳᠥᠷᠪᠡᠯᠵᠢᠨ ᠴᠠᠭᠠᠨ ᠴᠢᠯᠠᠭᠤᠨ ᠰᠠᠭᠤᠳᠠᠯ ᠳᠡᠭᠡᠷ᠎ᠡ ᠪᠤᠰᠬᠠᠵᠤ ᠪᠠᠢᠵᠠᠢ ᠭᠡᠵᠦ ᠨᠤᠲᠠᠯᠠᠵᠤ ᠪᠣᠯᠤᠨ᠎ᠠ᠃ ᠬᠠᠳᠠᠨᠲᠠᠶ ᠠᠭᠤᠯᠠ ᠶ᠋ᠢᠨ ᠠᠯᠠᠭ ᠰᠦᠯᠳᠡ ᠶ᠋ᠢ ᠶᠠᠭ ᠰᠦᠯᠳᠡ ᠶ᠋ᠢᠨ ᠰᠣᠶᠣᠯ ᠬᠥᠭᠵᠢᠨ ᠪᠠᠳᠠᠷᠠᠵᠤ ᠪᠠᠢᠭ᠎ᠠ ᠴᠠᠭ ᠦᠶ᠎ᠡ ᠳ᠋ᠦ᠍ ᠦᠢᠯᠡᠳᠴᠦ ᠪᠦᠲᠦᠭᠡᠯᠭᠡᠭᠰᠡᠨ ᠶᠦᠮ᠃ ᠬᠡᠷᠡᠭ ᠪᠣᠳᠠᠰ ᠤ᠋ᠨ ᠬᠥᠭᠵᠢᠯᠲᠡ ᠶ᠋ᠢᠨ ᠪᠠᠢᠩᠭᠤ ᠶ᠋ᠢᠨ ᠵᠤᠷᠰᠢᠯ ᠠ᠋ᠴᠠ ᠦᠵᠡᠪᠡᠯ ᠠᠯᠠᠭ ᠰᠦᠯᠳᠡ ᠶ᠋ᠢ ᠪᠦᠲᠦᠭᠡᠭᠰᠡᠨ ᠨᠢ ᠬᠡᠳᠦᠢᠪᠡᠷ ᠤᠯᠠᠮᠵᠢᠯᠠᠯᠲᠤ ᠦᠢᠯᠡᠳᠬᠦ ᠰᠣᠶᠣᠯ ᠳ᠋ᠤ᠌ ᠲᠤᠯᠭᠠᠭᠤᠷᠯᠠᠬᠤ ᠪᠣᠯᠪᠠᠴᠤ ᠪᠠᠰᠠ ᠰᠢᠨᠡᠴᠢᠯᠡᠯᠲᠡ ᠲᠡᠢ ᠪᠠᠢᠵᠤ᠂ ᠢᠯᠠᠩᠭᠤᠶ᠎ᠠ ᠲᠦᠭᠦᠬᠡᠢ ᠡᠳ᠋ ᠢ᠋ ᠰᠢᠯᠢᠵᠦ ᠪᠣᠯᠪᠠᠰᠤᠷᠠᠭᠤᠯᠬᠤ ᠮᠡᠷᠭᠡᠵᠢᠯ ᠢ᠋ ᠪᠠᠭᠲᠠᠭᠠᠭᠰᠠᠨ ᠦᠢᠯᠡᠳᠬᠦ ᠮᠡᠷᠭᠡᠵᠢᠯ ᠤᠨ ᠲᠦᠪᠰᠢᠨ ᠨᠢ ᠯᠠᠪᠲᠠᠢ ᠠᠩᠬᠠᠨ ᠤ᠋ ᠦᠶ᠎ᠡ ᠶ᠋ᠢᠨ ᠬᠢ ᠡᠴᠡ ᠳᠠᠪᠰᠢᠩᠭᠤᠢ ᠪᠠᠢᠬᠤ ᠶᠣᠰᠣᠲᠠᠢ᠃《HAF ᠵᠢᠷᠤᠭ》 ᠢ᠋ ᠳᠠᠷᠤᠢ ᠡᠨᠡ ᠬᠦ᠌ ᠦᠨᠳᠦᠰᠦᠯᠡᠯ ᠪᠠ ᠰᠡᠳᠬᠢᠬᠦᠢ ᠪᠡᠷ ᠵᠢᠷᠤᠵᠤ ᠪᠦᠲᠦᠭᠡᠭᠰᠡᠨ ᠶᠦᠮ᠃
ᠭᠤᠷᠪᠠ᠂ ᠠᠯᠠᠭ ᠰᠦᠯᠳᠡ ᠶ᠋ᠢᠨ ᠲᠥᠷᠥᠯ ᠵᠦᠢᠯ
ᠠᠯᠠᠭ ᠰᠦᠯᠳᠡ ᠶ᠋ᠢ ᠣᠢᠯᠠᠭᠠᠭᠳᠠᠬᠤᠨ ᠠ᠋ᠴᠠ ᠨᠢ ᠬᠡᠯᠡᠪᠡᠯ ᠨᠢᠭᠡ ᠯᠡ ᠪᠠᠢᠪᠠᠯ ᠲᠠᠭᠠᠷᠠᠨ᠎ᠠ᠂ ᠭᠡᠪᠡᠴᠦ ᠪᠣᠳᠠᠲᠠᠢ ᠳᠡᠭᠡᠷ᠎ᠡ ᠡᠴᠡ ᠨᠢ ᠬᠡᠯᠡᠪᠡᠯ ᠬᠠᠷᠢᠨ ᠣᠯᠠᠨ ᠵᠦᠢᠯ ᠪᠠᠢᠨ᠎ᠠ᠃ ᠲᠡᠷᠡᠴᠢᠯᠡᠨ ᠠᠯᠠᠭ ᠰᠦᠯᠳᠡ ᠶ᠋ᠢᠨ ᠬᠢᠯᠦᠪᠠᠷ ᠤ᠋ᠨ ᠬᠡᠯᠪᠡᠷᠢ ᠮᠠᠶᠢᠭ ᠪᠣᠯᠤᠨ ᠪᠦᠲᠦᠴᠡ ᠡᠳ᠋ ᠨᠢ ᠴᠦ᠍ ᠬᠠᠷᠢᠯᠴᠠᠨ ᠠᠳᠠᠯᠢ ᠦᠭᠡᠢ ᠪᠠᠢᠳᠠᠭ᠃ ᠣᠳᠣᠬᠠᠨ ᠤ᠋ ᠡᠵᠡᠮᠰᠢᠵᠦ ᠪᠠᠢᠬᠤ ᠮᠠᠲ᠋ᠧᠷᠢᠶᠠᠯ ᠢ ᠦᠨᠳᠦᠰᠦᠯᠡᠪᠡᠯ ᠶᠤᠸᠠᠨ ᠤᠯᠤᠰ ᠤ᠋ᠨ ᠦᠶ᠎ᠡ ᠳ᠋ᠦ᠍ ᠮᠣᠩᠭᠣᠯᠴᠤᠳ ᠠᠯᠠᠭ ᠰᠦᠯᠳᠡ ᠶ᠋ᠢ ᠭᠠᠭᠴᠠᠬᠠᠨ ᠬᠠᠳᠠᠨᠲᠠᠶ ᠠᠭᠤᠯᠠᠨ ᠳᠡᠭᠡᠷ᠎ᠡ ᠵᠠᠯᠠᠵᠤ ᠪᠣᠰᠬᠠᠭᠰᠠᠨ ᠪᠢᠰᠢ᠂ ᠪᠠᠰᠠ ᠮᠠᠨᠢᠲᠤ ᠶ᠋ᠢᠨ ᠳᠠᠪᠠᠭᠠᠨ ᠳᠡᠭᠡᠷ᠎ᠡ ᠪᠠ ᠪᠤᠰᠤᠳ ᠭᠠᠵᠠᠷ ᠤ᠋ᠳ ᠲᠤ᠌ ᠪᠤᠰᠬᠠᠵᠤ ᠪᠠᠢᠵᠠᠢ᠃ ᠡᠨᠡ ᠨᠢ ᠲᠤᠬᠠᠢ ᠶ᠋ᠢᠨ ᠦᠶ᠎ᠡ ᠳ᠋ᠦ᠍ ᠠᠯᠠᠭ ᠰᠦᠯᠳᠡ ᠶ᠋ᠢᠨ ᠲᠣᠭ᠎ᠠ ᠨᠢ ᠨᠢᠭᠡ ᠪᠢᠰᠢ ᠭᠡᠳᠡᠭ ᠢ᠋ ᠬᠠᠷᠠᠭᠤᠯᠵᠤ ᠪᠠᠢᠨ᠎ᠠ᠃ ᠣᠳᠣ ᠴᠤ᠌ ᠤᠯᠠᠮᠵᠢᠯᠠᠯᠲᠤ ᠠᠯᠠᠭ ᠰᠦᠯᠳᠡ ᠭᠤᠷᠪᠠ ᠪᠠᠢᠨ᠎ᠠ᠂ ᠡᠳᠡᠭᠡᠷ ᠠᠯᠠᠭ ᠰᠦᠯᠳᠡ ᠶ᠋ᠢᠨ ᠬᠢᠯᠦᠪᠠᠷ ᠪᠣᠯᠤᠨ ᠪᠦᠲᠦᠴᠡ ᠡᠳ᠋ ᠨᠢ ᠬᠠᠷᠢᠯᠴᠠᠨ ᠠᠳᠠᠯᠢ ᠦᠭᠡᠢ᠂ ᠰᠠᠢᠨᠵᠢᠷᠭᠠᠯ ᠤ᠋ᠨ 《ᠮᠣᠩᠭᠣᠯ ᠲᠠᠬᠢᠯᠭ᠎ᠠ》 ᠳ᠋ᠤ᠌ ᠬᠠᠩᠭᠢᠨ ᠪᠣᠯᠤᠨ ᠣᠲᠣᠭ ᠬᠣᠶᠠᠷ ᠬᠤᠰᠢᠭᠤᠨ ᠤ᠋ ᠠᠯᠠᠭ ᠰᠦᠯᠳᠡ ᠶ᠋ᠢᠨ ᠬᠢᠯᠣᠪᠠᠷ ᠢ᠋ 《3.5 ᠰᠡᠨᠲ᠋ᠢᠮᠧᠲ᠋ᠷ᠂ ᠁ ᠵᠢᠳᠠ ᠶ᠋ᠢᠨ ᠬᠡᠯᠪᠡᠷᠢ ᠲᠡᠢ᠂ ᠳᠣᠣᠷ᠎ᠠ ᠪᠠᠨ ᠣᠩᠬᠢ ᠲᠠᠢ ᠲᠡᠮᠦᠷ ᠡᠳ᠋᠃ ᠁ ᠬᠠᠪᠲᠠᠭᠠᠢ ᠲᠠᠯ᠎ᠠ ᠳ᠋ᠤ᠌ ᠳᠣᠬᠢᠭᠤᠷ ᠳᠣᠯᠣᠭᠠᠨ ᠣᠳᠣᠨ ᠤ᠋ ᠳᠦᠷᠰᠦ ᠶ᠋ᠢ ᠮᠥᠩᠭᠥ ᠪᠡᠷ ᠰᠢᠭᠢᠳᠬᠡ ᠤᠷᠠᠯᠠᠵᠠᠢ᠃ ᠁ ᠴᠠᠷ᠎ᠠ ᠶ᠋ᠢᠨ ᠬᠥᠪᠡᠭᠡ ᠪᠡᠷ ᠶᠢᠰᠦ ᠶᠢᠰᠦ ᠶ᠋ᠢᠨ ᠨᠠᠶᠠᠨ ᠨᠢᠭᠡᠨ ᠨᠦᠬᠡ ᠴᠣᠭᠣᠯᠵᠤ᠂ ᠡᠭᠦᠨ ᠡᠴᠡ ᠪᠡᠨ ᠴᠠᠭᠠᠨ ᠪᠠ ᠬᠡᠭᠡᠷ ᠠᠵᠢᠷᠭᠠᠨ ᠤ᠋ ᠳᠡᠯ ᠢ᠋ ᠳᠠᠰᠠᠮ᠎ᠠ (ᠣᠩᠭᠤᠨ ᠢᠮᠠᠭᠠᠨ ᠠᠷᠠᠰᠤ) ᠪᠠᠷ ᠰᠦᠯᠵᠢᠨ ᠲᠣᠭᠲᠠᠭᠠᠵᠤ ᠤᠨᠵᠢᠢᠯᠭᠠᠵᠠᠢ》 ᠭᠡᠵᠦ ᠬᠡᠯᠡᠵᠡᠢ᠃ ᠲᠡᠦᠬᠡᠴᠢᠨ ᠮᠡᠷᠭᠡᠨᠪᠠᠭᠠᠲᠤᠷ ᠤ᠋ᠨ 《ᠡᠬᠡ ᠳᠡᠪᠲᠡᠷ ᠤᠨ ᠲᠤᠬᠠᠢ》 ᠭᠡᠰᠡᠨ ᠥᠭᠦᠯᠡᠯ ᠳ᠋ᠦ᠍ 《ᠣᠲᠣᠭ ᠬᠤᠰᠢᠭᠤᠨ ᠤ᠋ ᠠᠯᠠᠭ ᠰᠦᠯᠳᠡ ᠨᠢ ᠬᠠᠷ᠎ᠠ ᠴᠠᠭᠠᠨ ᠬᠥᠬᠥᠯ ᠢ᠋ᠶ᠋ᠡᠷ ᠴᠢᠮᠡᠭᠰᠡᠨ ᠰᠦᠯᠳᠡ》 ᠭᠡᠵᠦ ᠬᠡᠯᠡᠵᠡᠢ᠃ᠷᠢᠨᠴᠢᠨ ᠨᠠᠰᠤᠲᠠᠨ ᠢᠯᠠᠯᠲᠤ ᠶ᠋ᠢᠨ ᠰᠤᠷᠪᠤᠯᠵᠢᠯᠠᠭ᠎ᠠ ᠶᠢ ᠬᠦᠯᠢᠶᠡᠬᠦ ᠳ᠋ᠦ᠍ ᠥᠪᠡᠷ ᠤᠨ ᠰᠢᠲᠦᠵᠦ ᠪᠠᠢᠭᠰᠠᠨ ᠦᠦᠰᠢᠨ ᠬᠤᠰᠢᠭᠤᠨ ᠤ᠋ ᠠᠯᠠᠭ ᠰᠦᠯᠳᠡ ᠶ᠋ᠢ《ᠵᠢᠳᠠ ᠬᠡᠯᠪᠡᠷᠢ ᠲᠡᠢ᠂ ᠳᠡᠭᠡᠷ᠎ᠡ ᠲᠠᠯ᠎ᠠ ᠳ᠋ᠠᠭᠠᠨ ᠭᠤᠷᠪᠠᠯᠵᠢᠨ ᠦᠵᠦᠭᠦᠷ ᠲᠡᠢ ᠦᠵᠦᠭᠦᠷ ᠡᠴᠡ ᠳᠣᠭᠣᠭᠰᠢ ᠥᠷᠭᠡᠨ ᠡᠴᠡ ᠨᠠᠷᠢᠨ ᠪᠣᠯᠵᠤ ᠳᠤᠮᠳᠠᠴᠢ ᠪᠠᠷ 1.5 ᠢᠮᠠᠬᠤ (4~5 ᠰᠡᠨᠲ᠋ᠢᠮᠧᠲ᠋ᠷ) ᠥᠷᠭᠡᠨ᠂ ᠴᠠᠭᠠᠪᠲᠤᠷ ᠥᠩᠭᠡ ᠲᠡᠢ ᠭᠠᠩ ᠪᠣᠯᠣᠳ ᠢ᠋ᠶ᠋ᠠᠷ ᠳᠠᠪᠲᠠᠵᠤ ᠲᠤᠩᠭᠠᠭᠰᠠᠨ ᠡᠳ᠋ ᠪᠣᠯᠤᠨ᠎ᠠ᠃ ᠬᠠᠪᠲᠠᠭᠠᠢ ᠲᠠᠯ᠎ᠠ ᠳ᠋ᠤ᠌ ᠨᠢ ᠳᠣᠬᠢᠭᠤᠷ ᠳᠣᠯᠣᠭᠠᠨ ᠣᠳᠣ ᠶ᠋ᠢ ᠲᠡᠭᠷᠢ ᠳ᠋ᠡᠭᠡᠨ ᠪᠠᠢᠭ᠎ᠠ ᠪᠠᠢᠳᠠᠯ ᠢ᠋ᠶ᠋ᠠᠷ ᠨᠢ ᠤᠷᠠᠯᠠᠵᠤ ᠰᠡᠢᠯᠵᠡᠢ᠃ ᠁ ᠣᠩᠬᠢ ᠶ᠋ᠢᠨ ᠳᠣᠣᠷ᠎ᠠ ᠲᠠᠯ᠎ᠠ ᠳ᠋ᠤ᠌ ᠠᠷᠪᠠᠨ ᠭᠤᠷᠪᠠᠨ ᠬᠠᠯᠢᠭᠤᠨ ᠠᠵᠢᠷᠭ᠎ᠠ ᠶ᠋ᠢᠨ ᠳᠡᠯ ᠢ᠋ᠶ᠋ᠡᠷ ᠬᠢᠭᠰᠡᠨ ᠬᠥᠬᠥᠯ (ᠮᠠᠨᠵᠢᠯᠭ᠎ᠠ) ᠲᠠᠢ》 ᠭᠡᠵᠦ ᠬᠡᠯᠡᠵᠡᠢ᠃ ᠲᠡᠦᠬᠡᠨ ᠳᠡᠭᠡᠷᠡᠬᠢ ᠠᠯᠠᠭ ᠰᠦᠯᠳᠡ ᠶ᠋ᠢ ᠬᠢᠯᠣᠪᠠᠷ ᠤ᠋ᠨ ᠲᠠᠯ᠎ᠠ ᠠ᠋ᠴᠠ ᠨᠢ ᠬᠡᠯᠡᠪᠡᠯ ᠲᠡᠮᠦᠷ᠂ ᠪᠣᠯᠣᠳ᠂ ᠵᠡᠰ(ᠠᠯᠲᠠ ᠰᠢᠷᠠᠭᠰᠠᠨ) ᠬᠢᠯᠣᠪᠠᠷ ᠲᠠᠢ ᠠᠯᠠᠭ ᠰᠦᠯᠳᠡ᠂ ᠣᠩᠭᠤᠨ ᠠᠵᠢᠷᠭᠠᠨ ᠤ᠋ ᠬᠥᠬᠥᠯ ᠪᠤᠶᠤ ᠠᠳᠤᠭᠤᠨ ᠤ᠋ ᠳᠡᠯ ᠰᠡᠭᠦᠯ (ᠣᠷᠣᠯᠠᠭᠰᠠᠨ ᠡᠳ᠋) ᠢ᠋ᠶ᠋ᠡᠷ ᠬᠢᠭᠰᠡᠨ ᠮᠠᠨᠵᠢᠯᠠᠭ᠎ᠠ ᠲᠠᠢ ᠠᠯᠠᠭ ᠰᠦᠯᠳᠡ᠂ ᠬᠤᠰᠤ ᠮᠣᠳᠣ ᠪᠤᠶᠤ ᠬᠣᠰᠢ ᠮᠤᠳᠤᠨ ᠰᠢᠯᠪᠢ ᠲᠠᠢ ᠠᠯᠠᠭ ᠰᠦᠯᠳᠡ᠃ ᠲᠤᠩᠭᠠᠬᠤ ᠮᠡᠷᠭᠡᠵᠢᠯ ᠤᠨ ᠲᠠᠯ᠎ᠠ ᠠ᠋ᠴᠠ ᠨᠢ ᠬᠡᠯᠡᠪᠡᠯ ᠳᠥᠷᠪᠡᠨ ᠤᠯᠠᠷᠢᠯ ᠪᠤᠶᠤ ᠨᠢᠭᠡ ᠨᠢᠭᠡ ᠪᠡᠷ ᠠᠯᠠᠭᠯᠠᠭᠤᠯᠵᠤ ᠲᠣᠭᠲᠠᠭᠠᠭᠰᠠᠨ ᠮᠠᠨᠵᠢᠯᠭ᠎ᠠ ᠲᠠᠢ ᠠᠯᠠᠭ ᠰᠦᠯᠳᠡ; ᠬᠡᠷᠡᠭᠯᠡᠭᠡᠨ ᠤ ᠳᠠᠯ᠎ᠠ ᠠ᠋ᠴᠠ ᠨᠢ ᠬᠡᠯᠡᠪᠡᠯ ᠵᠠᠯᠠᠵᠤ ᠪᠣᠰᠬᠠᠳᠠᠭ ᠪᠠ ᠡᠷᠭᠦᠵᠦ ᠪᠠᠷᠢᠳᠠᠭ ᠠᠯᠠᠭ ᠰᠦᠯᠳᠡ ᠭᠡᠰᠡᠨ ᠲᠥᠷᠥᠯ ᠵᠦᠢᠯ ᠪᠣᠯᠭᠠᠨ ᠬᠤᠪᠢᠶᠠᠵᠤ ᠪᠣᠯᠤᠮᠠᠷ ᠪᠠᠢᠨ᠎ᠠ᠃ ᠬᠠᠳᠠᠨᠳᠠᠢ ᠠᠭᠤᠯᠠ ᠶ᠋ᠢᠨ ᠠᠯᠠᠭ ᠰᠦᠯᠳᠡ ᠪᠣᠯ ᠬᠡᠯᠡᠯᠭᠡᠨ ᠦᠭᠡᠢ ᠡᠭᠦᠨ ᠤ ᠳᠣᠲᠣᠷᠠᠬᠢ ᠨᠢᠭᠡ ᠵᠦᠢᠯ ᠨᠢ ᠪᠣᠯᠤᠨ᠎ᠠ᠃ ᠣᠯᠠᠨ ᠵᠦᠢᠯ ᠤᠨ ᠠᠯᠠᠭ ᠰᠦᠯᠳᠡ ᠶ᠋ᠢᠨ ᠪᠣᠢ ᠪᠣᠯᠤᠭᠰᠠᠨ ᠰᠢᠯᠲᠠᠭᠠᠨ ᠢ᠋ ᠵᠠᠳᠠᠯᠪᠠᠯ ᠠᠯᠠᠭ ᠰᠦᠯᠳᠡ ᠶ᠋ᠢ ᠬᠡᠳᠦᠢᠪᠡᠷ ᠲᠡᠭᠦᠨ ᠤ ᠤᠯᠠᠮᠵᠢᠯᠠᠯᠲᠤ ᠦᠢᠯᠡᠳᠬᠦ ᠰᠣᠶᠣᠯ ᠢ᠋ᠶ᠋ᠠᠷ ᠨᠢ ᠦᠢᠯᠡᠳᠬᠦ ᠪᠠ ᠰᠢᠨᠡᠳᠬᠡᠬᠦ ᠪᠣᠯᠪᠠᠴᠤ ᠨᠡᠢᠭᠡᠮ ᠤᠨ ᠬᠥᠭᠵᠢᠯᠲᠡ ᠪᠣᠯᠤᠨ ᠠᠯᠠᠭ ᠰᠦᠯᠳᠡ ᠶ᠋ᠢᠨ ᠰᠣᠶᠣᠯ ᠤ᠋ᠨ ᠮᠠᠨᠳᠤᠯ ᠪᠠᠭᠤᠷᠠᠯ ᠠ᠋ᠴᠠ ᠠᠯᠠᠭ ᠰᠦᠯᠳᠡ ᠶ᠋ᠢ ᠦᠢᠯᠡᠳᠬᠦ ᠳ᠋ᠦ᠍ ᠦᠵᠡᠭᠦᠯᠬᠦ ᠨᠥᠯᠥᠭᠡ᠂ ᠠᠯᠠᠭ ᠰᠦᠯᠳᠡ ᠶ᠋ᠢ ᠦᠢᠯᠡᠳᠬᠦ ᠴᠢᠳᠠᠯ ᠲᠡᠩᠬᠡᠭᠡ ᠶ᠋ᠢᠨ ᠰᠢᠯᠲᠠᠭᠠᠨ ᠪᠣᠯᠤᠨ ᠠᠯᠠᠭ ᠰᠦᠯᠳᠡ ᠶ᠋ᠢᠨ ᠬᠡᠷᠡᠭᠯᠡᠭᠡᠨ ᠣᠢᠯᠭᠠᠭᠠ ᠵᠡᠷᠭᠡ ᠣᠯᠠᠨ ᠵᠦᠢᠯ ᠤᠨ ᠰᠢᠯᠲᠠᠭᠠᠨ ᠠ᠋ᠴᠠ ᠪᠣᠯᠵᠠᠢ ᠭᠡᠵᠦ ᠦᠵᠡᠨ᠎ᠡ᠃ ᠡᠢᠮᠦ ᠡᠴᠡ ᠲᠡᠦᠬᠡᠨ ᠳᠡᠭᠡᠷ᠎ᠡ ᠬᠡᠯᠪᠡᠷᠢ ᠮᠠᠶ᠋ᠢᠭ ᠨᠢ ᠠᠳᠠᠯᠢ ᠦᠭᠡᠢ᠂ ᠪᠦᠲᠦᠴᠡ ᠡᠳ᠋ ᠨᠢ ᠠᠳᠠᠯᠢ ᠦᠭᠡᠢ᠂ ᠦᠢᠯᠡᠳᠦᠭᠰᠡᠨ ᠤᠷ᠎ᠠ ᠮᠡᠷᠭᠡᠵᠢᠯ ᠨᠢ ᠠᠳᠠᠯᠢ ᠦᠭᠡᠢ ᠣᠯᠠᠨ ᠵᠦᠢᠯ ᠤᠨ ᠠᠯᠠᠭ ᠰᠦᠯᠳᠡ ᠪᠣᠢ ᠪᠣᠯᠤᠭᠰᠠᠨ ᠪᠠᠢᠨ᠎ᠠ᠃ ᠡᠭᠦᠨ ᠡᠴᠡ ᠭᠠᠳᠠᠨ᠎ᠠ ᠣᠳᠣ ᠪᠠᠰᠠ ᠠᠯᠠᠭ ᠰᠦᠯᠳᠡ ᠶ᠋ᠢ ᠤᠯᠠᠮᠵᠢᠯᠠᠯᠲᠤ ᠦᠢᠯᠡᠳᠬᠦ ᠰᠣᠶᠣᠯ ᠳ᠋ᠤ᠌ ᠲᠤᠯᠭᠠᠭᠤᠷᠯᠠᠵᠤ᠂ ᠤᠷᠠᠯᠢᠭ ᠵᠢᠷᠤᠭ ᠲᠥᠯᠥᠪᠯᠡᠭᠡ ᠪᠡᠷ ᠵᠢᠷᠤᠵᠤ ᠪᠦᠲᠦᠭᠡᠭᠰᠡᠨ 《ᠠᠯᠠᠭ ᠰᠦᠯᠳᠡ ᠶ᠋ᠢᠨ ᠵᠢᠷᠤᠮᠠᠯ ᠳᠦᠷᠢ》 ᠭᠠᠷᠴᠤ ᠪᠣᠢ᠃ ᠡᠨᠡ ᠨᠢ ᠨᠡᠢᠭᠡᠮ ᠤᠨ ᠬᠥᠭᠵᠢᠯᠲᠡ ᠲᠡᠢ ᠲᠣᠬᠢᠷᠠᠯᠴᠠᠵᠤ ᠴᠢᠳᠠᠬᠤ᠂ ᠬᠡᠷᠡᠭᠯᠡᠬᠦ ᠳ᠋ᠦ᠍ ᠳᠥᠭᠥᠮ᠂ ᠠᠮᠢᠳᠤᠷᠠᠯ ᠢ᠋ ᠭᠤᠸᠠᠯᠢᠭᠵᠢᠭᠤᠯᠬᠤ ᠳᠠᠪᠠᠭᠤᠯᠢᠭ ᠲᠠᠢ᠃ ᠡᠭᠦᠨ ᠢ᠋ᠶ᠋ᠡᠷ ᠶᠠᠮᠠᠷ ᠨᠢᠭᠡᠨ ᠣᠨᠴᠠᠭᠠᠢ ᠤᠳᠬ᠎ᠠ ᠶ᠋ᠢ ᠢᠯᠡᠳᠬᠡᠵᠦ ᠪᠣᠯᠤᠨ᠎ᠠ᠃
ᠳᠥᠷᠪᠡ᠂《ᠬᠠᠳᠠᠨᠲᠠᠢ ᠠᠭᠤᠯᠠ ᠶ᠋ᠢᠨ ᠠᠯᠠᠭ ᠰᠦᠯᠳᠡ ᠶ᠋ᠢᠨ
ᠰᠡᠷᠭᠦᠭᠡᠯᠲᠡ ᠵᠢᠷᠤᠭ (HAF ᠵᠢᠷᠤᠭ)》


【ᠵᠣᠬᠢᠶᠠᠯ ᠤ᠋ᠨ ᠲᠠᠨᠢᠯᠴᠠᠭᠤᠯᠭ᠎ᠠ】 《ᠥᠪᠥᠷ ᠮᠣᠩᠭᠣᠯ ᠤ᠋ᠨ ᠡᠳᠦᠷ ᠤᠨ ᠰᠣᠨᠢᠨ》 ᠤ᠋ ᠰᠤᠷᠪᠤᠯᠵᠢᠯᠠᠭᠴᠢ ᠨᠠᠮᠠᠶ᠋ᠢ ᠰᠤᠷᠪᠤᠯᠵᠢᠯᠠᠨ ᠮᠡᠳᠡᠭᠡᠯᠡᠬᠦ ᠦᠶ᠎ᠡ ᠳ᠋ᠦ᠍ ᠲᠤᠰ 《HAF ᠵᠢᠷᠤᠭ》 ᠢ᠋ ᠥᠪᠡᠷ ᠦ᠋ᠨ《ᠶᠡᠬᠡ ᠶᠤᠸᠠᠨ ᠤᠯᠤᠰ ᠤ᠋ᠨ ᠦᠶ᠎ᠡ ᠶ᠋ᠢᠨ ᠠᠯᠠᠭ ᠰᠦᠯᠳᠡ》 ᠭᠡᠰᠡᠨ ᠭᠠᠷᠴᠠᠭ ᠲᠠᠢ ᠰᠤᠷᠪᠤᠯᠵᠢᠯᠠᠭ᠎ᠠ ᠶ᠋ᠢᠨ ᠵᠣᠬᠢᠶᠠᠯ ᠤ᠋ᠨ ᠬᠠᠮᠲᠤ 《ᠥᠪᠥᠷ ᠮᠣᠩᠭᠣᠯ ᠤ᠋ᠨ ᠡᠳᠦᠷ ᠤᠨ ᠰᠣᠨᠢᠨ》 (2009 ᠣᠨ ᠤ᠋12 ᠰᠠᠷ᠎ᠠ ᠶ᠋ᠢᠨ 25 ᠤ᠋ ᠡᠳᠦᠷ) ᠳᠡᠭᠡᠷ᠎ᠡ ᠠᠩᠬ᠎ᠠ ᠤᠳᠠᠭ᠎ᠠ ᠨᠡᠢᠲᠡᠯᠡᠵᠦ ᠪᠢᠯᠡ᠃ ᠰᠡᠭᠦᠯ ᠳ᠋ᠦ᠍ ᠨᠢ 《HAF ᠵᠢᠷᠤᠭ》 ᠪᠠ ᠲᠡᠭᠦᠨ ᠢ᠋ ᠵᠢᠷᠤᠵᠤ ᠪᠦᠲᠦᠭᠡᠭᠰᠡᠨ ᠲᠠᠢᠯᠪᠤᠷᠢ ᠵᠣᠬᠢᠶᠠᠯ ᠢ᠋ 《ᠬᠠᠳᠠᠨᠲᠠᠶ ᠠᠭᠤᠯᠠ ᠶ᠋ᠢᠨ ᠠᠯᠠᠭ ᠰᠦᠯᠳᠡ ᠶ᠋ᠢ ᠰᠡᠷᠭᠦᠭᠡᠨ ᠵᠢᠷᠤᠭᠰᠠᠨ ᠲᠤᠬᠠᠢ》 ᠭᠡᠰᠡᠨ ᠭᠠᠷᠴᠠᠭ ᠢ᠋ᠶ᠋ᠠᠷ《ᠰᠢᠯᠢ ᠶ᠋ᠢᠨ ᠭᠣᠣᠯ ᠤ᠋ᠨ ᠡᠳᠦᠷ ᠤᠨ ᠰᠣᠨᠢᠨ》 ᠤ᠋ 《 ᠰᠢᠨ᠎ᠡ ᠮᠠᠯᠴᠢᠳ ᠤ᠋ᠨ ᠰᠣᠨᠢᠨ》(496᠂ 498᠂ 501 ᠳ᠋ᠤᠭᠡᠷ ᠬᠤᠭᠤᠴᠠᠭ᠎ᠠ) ᠳᠡᠭᠡᠷ᠎ᠡ ᠵᠠᠯᠭᠠᠭ᠎ᠠ ᠪᠠᠷ ᠨᠡᠢᠲᠡᠯᠡᠪᠡ᠃ ᠲᠤᠰ《HAF ᠵᠢᠷᠤᠭ》 ᠪᠣᠯ ᠠᠮᠵᠢᠯᠲᠠ ᠣᠯᠤᠭᠰᠠᠨ ᠪᠦᠲᠦᠭᠡᠯ ᠭᠡᠵᠦ ᠬᠡᠯᠡᠵᠦ ᠪᠣᠯᠤᠨ᠎ᠠ᠃ ᠡᠨᠡ ᠨᠢ ᠣᠯᠠᠨ ᠭᠠᠵᠠᠷ ᠲᠤ᠌ ᠬᠡᠷᠡᠭᠯᠡᠭᠳᠡᠵᠦ᠂ ᠢᠯᠠᠩᠭᠤᠶ᠎ᠠ《ᠵᠢᠷᠤᠮᠠᠯ ᠠᠯᠠᠭ ᠰᠦᠯᠳᠡ》 ᠶ᠋ᠢ ᠪᠦᠲᠦᠭᠡᠨ ᠵᠢᠷᠤᠬᠤ ᠳ᠋ᠤ᠌ ᠦᠨᠳᠦᠰᠦᠯᠡᠯ ᠪᠣᠯᠵᠠᠢ᠃ ᠲᠤᠰ ᠵᠣᠬᠢᠶᠠᠯ ᠨᠢ 2010 ᠣᠨ ᠳ᠋ᠤ᠌ ᠰᠢᠯᠢᠳᠡᠭ ᠪᠦᠲᠦᠭᠡᠯ ᠤᠨ ᠱᠠᠩᠨᠠᠯ ᠣᠯᠵᠠᠢ᠃
ᠵᠣᠬᠢᠶᠠᠭᠴᠢ
