ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠳᠥᠷᠪᠡ〕 Цаг төрийн үймээн – Д ᠂ Намдаг - Цаг төрийн үймээн ᠂ гуравдугаар бүлэг -14 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠳᠥᠷᠪᠡ〕 Цаг төрийн үймээн – Д ᠂ Намдаг - Цаг төрийн үймээн ᠂ гуравдугаар бүлэг -14

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠠᠷᠪᠠᠨ ᠳᠥᠷᠪᠡ〕 Цаг төрийн үймээн – Д ᠂ Намдаг - Цаг төрийн үймээн ᠂ гуравдугаар бүлэг -14

ᠠᠩᠭᠢᠯᠠᠯ:ᠲᠤᠭᠤᠵᠢ ᠷᠣᠮᠠᠨ
2026-02-06

107

《ᠬᠠ ᠬᠠ》 ᠳᠠᠮᠫᠢᠯ


       ᠮᠠᠨᠵᠤ ᠭᠦᠷᠦᠨ ᠦ᠌ ᠡᠵᠡᠯᠡᠭᠰᠡᠨ ᠪᠦᠬᠦ ᠤᠯᠤᠰ ᠣᠷᠣᠨ ᠤ᠋ ᠪᠠᠷᠠᠭᠤᠨ ᠬᠣᠢᠲᠤ ᠬᠢᠵᠠᠭᠠᠷ ᠰᠢᠨᠵᠢᠶᠠᠩ ᠮᠣᠵᠢ ᠪᠣᠯ ᠪᠠᠷᠠᠭᠤᠨ ᠮᠣᠩᠭᠣᠯ ᠣᠢᠷᠠᠳ ᠤ᠋ᠨ ᠤᠤᠭᠠᠨ ᠨᠤᠲᠤᠭ ᠪᠢᠯᠡ᠃ ᠭᠠᠵᠠᠷ ᠣᠷᠣᠨ ᠤ᠋ ᠬᠢᠨᠢ ᠠᠭᠤᠷ ᠠᠮᠢᠰᠬᠤᠯ ᠮᠠᠰᠢ ᠰᠠᠢᠬᠠᠨ᠃ ᠪᠠᠷᠠᠭᠤᠨ ᠠ᠋ᠴᠠ ᠨᠢ ᠤᠷᠢᠬᠠᠨ ᠰᠠᠯᠬᠢ ᠦᠷᠭᠦᠯᠵᠢᠯᠡᠨ ᠰᠡᠪᠡᠯᠵᠡᠵᠦ᠂ ᠭᠠᠳᠠᠭᠠᠳᠤ ᠶᠡᠬᠡ ᠳᠠᠯᠠᠢ ᠲᠠᠩᠭᠢᠰ ᠤ᠋ᠨ ᠠᠭᠤᠷ ᠠᠪᠴᠢᠷᠠᠨ ᠬᠤᠷ᠎ᠠ ᠪᠣᠷᠣᠭ᠎ᠠ ᠪᠠᠷ ᠬᠠᠩᠭᠠᠨ᠎ᠠ᠃ ᠬᠥᠷᠥᠰᠥ ᠰᠢᠷᠣᠢ ᠨᠢ ᠰᠢᠮ᠎ᠡ ᠲᠡᠢ ᠪᠥᠭᠡᠳ ᠦᠷ᠎ᠡ ᠲᠠᠷᠢᠶᠠᠨ ᠠ᠋ᠴᠠ ᠠᠪᠤᠭᠠᠳ ᠦᠵᠦᠮ᠂ ᠯᠢᠷ ᠪᠣᠯᠪᠠᠴᠤ ᠳᠤᠷ᠎ᠠ ᠵᠣᠷᠢᠭ ᠢ᠋ᠶ᠋ᠠᠷ ᠤᠷᠭᠤᠨ᠎ᠠ᠃ ᠡᠷᠲᠡ ᠤᠷᠢᠳᠤ ᠶ᠋ᠢᠨ ᠴᠠᠭ ᠲᠤ᠂ ᠡᠨᠳᠡ ᠠᠳᠤᠭᠤ ᠮᠠᠯ ᠢ᠋ᠶ᠋ᠠᠷ ᠪᠠᠶᠠᠨ ᠴᠢᠨᠡᠭᠡᠯᠢᠭ᠂ ᠡᠳ᠋ ᠠᠭᠤᠷᠠᠰᠤ ᠪᠠᠷ ᠡᠯᠪᠡᠭ ᠬᠠᠩᠭᠠᠯᠤᠭᠤᠨ᠂ ᠪᠠᠷᠠᠭᠤᠨ ᠮᠣᠩᠭᠣᠯ ᠣᠢᠷᠠᠳ(ᠥᠭᠡᠯᠡᠳ) ᠪᠠᠢᠭᠰᠠᠨ ᠶᠤᠮ᠃ ᠣᠳᠣ ᠭᠡᠪᠡᠯ ᠲᠡᠷᠡ ᠣᠷᠣᠨ ᠨᠤᠲᠤᠭ ᠢ᠋ ᠨᠢ ᠬᠢᠲᠠᠳ᠂ ᠬᠠᠰᠠᠭ᠂ ᠴᠠᠨᠲ᠋ᠤᠤ ᠨᠠᠷ ᠵᠦᠭ ᠪᠦᠷᠢ ᠡᠴᠡ ᠨᠡᠭᠦᠳᠡᠯᠯᠡᠨ ᠢᠷᠡᠵᠦ ᠡᠵᠡᠮᠰᠢᠭᠰᠡᠨ ᠪᠥᠭᠡᠳ ᠲᠡᠷᠡ ᠳᠤᠮᠳᠠ ᠣᠢᠷᠠᠳ ᠤ᠋ᠨ ᠦᠯᠡᠳᠡᠴᠡ ᠴᠥᠭᠡᠨ ᠪᠠᠭᠤᠷᠠᠢ ᠥᠭᠡᠯᠡᠳ ᠦ᠋ᠳ ᠬᠡᠰᠡᠭ ᠬᠡᠰᠡᠭ ᠢ᠋ᠶ᠋ᠡᠷ ᠡᠨᠳᠡ ᠲᠡᠨᠳᠡ ᠬᠠᠪᠴᠢᠭᠤᠯᠤᠭᠳᠠᠨ ᠠᠮᠢᠳᠤᠷᠠᠨ᠎ᠠ᠃ ᠣᠳᠣ ᠢᠩᠭᠢᠭᠡᠳ《ᠢᠯᠢ ᠲᠠᠷᠪᠠᠭᠠᠲᠠᠢ》 ᠬᠡᠮᠡᠬᠦ ᠭᠠᠵᠠᠷ ᠤ᠋ᠨ ᠬᠡᠰᠡᠭ ᠥᠭᠡᠯᠡᠳ ᠦ᠋ᠨ ᠶᠠᠪᠤᠳᠠᠯ ᠠ᠋ᠴᠠ ᠲᠣᠪᠴᠢ ᠲᠣᠳᠣᠷᠬᠠᠢᠯᠠᠨ ᠳᠤᠷᠠᠳᠰᠤᠭᠠᠢ᠃  
       ᠡᠳᠡ ᠪᠣᠯ ᠮᠠᠯ ᠠᠵᠤ ᠠᠬᠤᠢᠲᠠᠨ᠃ ᠦᠷ᠎ᠡ ᠲᠠᠷᠢᠶ᠎ᠠ ᠶ᠋ᠢ ᠣᠢᠷ᠎ᠠ ᠵᠠᠭᠤᠷ᠎ᠠ ᠶ᠋ᠢᠨ ᠬᠡᠷᠡᠭᠴᠡᠭᠡᠨ ᠳ᠋ᠦ᠍ ᠵᠢᠮᠢᠰ᠂ ᠨᠣᠭᠣᠭ᠎ᠠ ᠶ᠋ᠢ ᠬᠡᠦᠬᠡᠳ ᠪᠠᠭᠠᠴᠤᠳ ᠤ᠋ᠨ ᠰᠣᠨᠢᠷᠬᠠᠯ ᠳ᠋ᠤ᠌ ᠵᠣᠷᠢᠭᠤᠯᠤᠨ ᠬᠡᠷᠡᠭᠯᠡᠨ᠎ᠡ᠃ ᠶᠡᠷᠦᠩᠬᠡᠢ ᠳ᠋ᠡᠭᠡᠨ ᠮᠣᠳᠣ ᠳᠤᠬᠤᠨ ᠮᠣᠷᠢ ᠤᠨᠤᠵᠤ᠂ ᠮᠠᠯ ᠮᠠᠯᠯᠠᠨ ᠮᠢᠬ᠎ᠠ᠂ ᠰᠦ᠂ ᠴᠠᠭᠠᠨ ᠢᠳᠡᠭᠡ ᠪᠡᠷ ᠠᠮᠢᠳᠤᠷᠠᠭᠰᠠᠳ ᠪᠣᠯᠬᠤ ᠲᠤᠯᠠ ᠵᠤᠪᠠᠭ᠎ᠠ ᠴᠦ᠍ ᠦᠭᠡᠢ᠂ ᠭᠠᠴᠢᠭᠳᠠᠨ ᠳᠤᠲᠠᠭᠳᠠᠭᠰᠠᠨ ᠴᠦ᠍ ᠵᠦᠢᠯ ᠦᠭᠡᠢ᠂ ᠨᠢᠭᠡ ᠶᠣᠰᠣᠨ ᠤ᠋ ᠵᠢᠷᠭᠠᠭᠰᠠᠨ ᠤᠯᠤᠰ᠃ ᠭᠡᠲᠡᠯ᠎ᠡ ᠲᠡᠳᠡᠨ ᠦ᠌ ᠮᠥᠬᠥᠵᠦ᠂ ᠣᠷᠣᠨ ᠨᠤᠲᠤᠭ ᠬᠥᠮᠦᠨ ᠦ᠌ ᠪᠣᠯᠤᠭᠰᠠᠨ ᠠ᠋ᠴᠠ ᠬᠣᠢᠰᠢ᠂ ᠵᠢᠷᠭᠠᠯ ᠶᠠᠭᠠᠬᠢᠨ ᠪᠠᠢᠬᠤ ᠪᠢᠯᠡ᠃ ᠦᠯᠡᠳᠡᠭᠰᠡᠨ ᠬᠡᠰᠡᠭ ᠨᠢ ᠤᠷᠤᠭᠤᠳᠠᠬᠤ ᠨᠣᠢᠷ ᠲᠤ ᠯᠠ ᠳᠠᠷᠤᠭᠳᠠᠭᠰᠠᠨ ᠬᠡᠷᠡᠭ᠃ ᠭᠡᠪᠡᠴᠦ ᠡᠳᠡ ᠮᠣᠩᠭᠣᠯᠴᠤᠳ ᠭᠡᠳᠡᠭ ᠢ᠋ᠶ᠋ᠡᠨ ᠰᠠᠢᠨ ᠮᠡᠳᠡᠨ᠎ᠡ᠃ ᠮᠣᠩᠭᠣᠯ ᠭᠡᠵᠦ ᠨᠡᠷᠡᠯᠡᠭᠳᠡᠳᠡᠭ ᠲᠡᠭᠡᠨ ᠪᠠᠶᠠᠷᠯᠠᠨ᠎ᠠ᠃ ᠦᠨᠳᠦᠰᠦᠲᠡᠨ ᠦ᠌ ᠶᠠᠩᠪᠠ᠂ ᠶᠣᠰᠣ ᠰᠤᠷᠲᠠᠬᠤᠨ ᠢ᠋ᠶ᠋ᠠᠨ ᠬᠦᠨᠳᠦᠳᠬᠡᠨ ᠬᠠᠳᠠᠭᠠᠯᠠᠭᠰᠠᠭᠠᠷ ᠢᠷᠡᠭᠰᠡᠨ ᠪᠣᠯᠬᠣᠷ ᠮᠥᠨ ᠶᠠᠭᠠᠬᠢᠬᠤ ᠶ᠋ᠢᠨ ᠠᠷᠭ᠎ᠠ ᠦᠭᠡᠢ ᠮᠣᠩᠭᠣᠯᠴᠤᠳ᠃ ᠲᠡᠭᠦᠪᠡᠷ ᠦᠯᠦ ᠪᠠᠷᠠᠮ᠂ ᠮᠠᠨ ᠤ᠋ ᠥᠭᠡᠯᠡᠳ ᠦᠨᠳᠦᠰᠦᠲᠡᠨ ᠡᠷᠲᠡ ᠤᠷᠢᠳᠤ ᠴᠠᠭ ᠠ᠋ᠴᠠ ᠬᠦᠴᠦᠷᠬᠡᠭ ᠴᠢᠭᠢᠷᠠᠭ ᠪᠠᠢᠭᠰᠠᠨ ᠢ᠋ ᠮᠠᠨᠵᠤ ᠶ᠋ᠢᠨ ᠬᠠᠷᠭᠢᠰ ᠳᠠᠢᠳᠤᠨ ᠳᠠᠭᠠᠭᠤᠯᠤᠭᠰᠠᠳ ᠳᠠᠢᠰᠤᠩᠨᠠᠨ ᠳᠣᠪᠲᠣᠯᠤᠭᠰᠠᠭᠠᠷ ᠪᠠᠢᠭᠠᠳ ᠮᠠᠨ ᠢ᠋ ᠡᠢᠮᠦ ᠪᠠᠭ᠎ᠠ ᠪᠠᠭᠤᠷᠠᠢ ᠪᠣᠯᠭᠠᠭᠰᠠᠨ ᠶᠤᠮ ᠭᠡᠨ᠎ᠡ ᠪᠢᠯᠡ ᠭᠡᠵᠦ᠂ ᠬᠣᠭᠣᠷᠣ ᠵᠠᠭᠤᠷ᠎ᠠ ᠪᠠᠨ ᠦᠷᠭᠦᠯᠵᠢ ᠶᠠᠷᠢᠨ᠎ᠠ᠃ ᠣᠷᠣᠢ ᠦᠳᠡᠰᠢ ᠶ᠋ᠢᠨ ᠴᠠᠭ ᠢ᠋ᠶ᠋ᠠᠷ ᠡᠪᠦᠭᠡᠳ ᠦ᠋ᠨ ᠨᠢᠭᠡ ᠨᠢ ᠬᠢᠯᠭᠠᠰᠤᠨ ᠤᠲᠠᠰᠤᠲᠤ ᠮᠣᠳᠣᠨ ᠬᠤᠭᠤᠷ ᠳᠠᠷᠤᠨ ᠥᠭᠡᠯᠡᠳ ᠦ᠋ᠨ ᠡᠴᠦᠰ ᠦ᠋ᠨ ᠤᠳᠤᠷᠢᠳᠤᠭᠴᠢ ᠠᠮᠤᠷᠰᠠᠨᠠᠭ᠎ᠠ᠂ ᠲᠡᠭᠦᠨ ᠦ᠌ ᠮᠠᠨᠵᠤ ᠶ᠋ᠢᠨ ᠡᠰᠡᠷᠭᠦ ᠬᠥᠳᠡᠯᠦᠭᠰᠡᠨ ᠶᠡᠬᠡ ᠪᠣᠰᠤᠯᠭ᠎ᠠ ᠳ᠋ᠤ᠌ ᠡᠪ ᠰᠠᠨᠠᠭ᠎ᠠ ᠨᠢᠭᠡᠳᠦᠨ ᠬᠦᠴᠦᠨ ᠲᠤᠰᠠᠯᠠᠭᠰᠠᠨ ᠬᠠᠯᠬ᠎ᠠ ᠨᠣᠶᠠᠨ ᠴᠢᠩᠭᠦᠨᠵᠠᠪ ᠲᠡᠭᠦᠨᠴᠡ ᠴᠢᠨᠠᠭᠰᠢᠯᠠᠨ ᠠᠶᠤᠮᠰᠢᠭ ᠦᠭᠡᠢ ᠵᠣᠷᠢᠭᠲᠤ ᠭᠠᠯᠳᠠᠨ ᠬᠠᠭᠠᠨ ᠤ᠋ ᠲᠡᠦᠬᠡᠲᠦ ᠶᠠᠪᠤᠳᠠᠯ ᠢ᠋ ᠤᠷᠠᠨ ᠢ᠋ᠶ᠋ᠠᠷ ᠰᠢᠯᠦᠭᠯᠡᠨ ᠤᠶᠠᠩᠭᠠᠲᠤ ᠬᠣᠭᠣᠯᠠᠢ ᠪᠠᠷ ᠠᠶᠠᠯᠤᠨ ᠳᠠᠭᠤᠯᠠᠵᠤ ᠥᠭᠦᠯᠡᠨ᠎ᠡ᠃ ᠭᠤᠷᠪᠠᠨ ᠬᠥᠯ ᠲᠡᠢ ᠳᠤᠭᠤᠢ ᠲᠤᠯᠭ᠎ᠠ ᠲᠣᠭᠣᠷᠢᠨ ᠰᠠᠭᠤᠭᠰᠠᠨ ᠰᠣᠨᠣᠰᠤᠭᠴᠢᠳ ᠨᠢ ᠵᠠᠳᠠᠭᠠᠢ ᠭᠠᠯ ᠤ᠋ᠨ ᠭᠡᠷᠡᠯ ᠳ᠋ᠦ᠍ ᠬᠤᠭᠤᠷᠴᠢ ᠶ᠋ᠢᠨ ᠨᠢᠭᠤᠷ ᠢ᠋ ᠭᠥᠯᠢᠷᠡᠨ ᠰᠢᠷᠲᠡᠬᠦ ᠪᠥᠭᠡᠳ ᠨᠠᠰᠤᠨ ᠳ᠋ᠤ᠌ ᠬᠦᠷᠦᠭᠰᠡᠳ ᠦ᠋ᠨ ᠰᠡᠳᠬᠢᠯ ᠳ᠋ᠦ᠍ ᠲᠦᠮᠡᠨ ᠵᠦᠢᠯ ᠦ᠋ᠨ ᠭᠠᠰᠠᠯᠠᠩ ᠡᠷᠭᠢᠯᠳᠦᠨ ᠤᠬᠢᠯᠠᠭᠠᠨ ᠤᠨᠵᠢᠭᠠᠨ ᠪᠣᠯᠳᠠᠭ ᠢ᠋ᠶ᠋ᠠᠷ ᠢ᠋ᠶ᠋ᠠᠨ ᠶᠠᠭᠤᠨ ᠤ᠋ ᠪᠠᠶᠠᠷ ᠴᠡᠩᠭᠡᠯ ᠪᠠᠢᠬᠤ ᠪᠢᠯᠡ᠃ ᠶᠡᠷᠦ ᠲᠡᠷᠡ ᠥᠭᠡᠯᠡᠳ ᠦ᠋ᠳ ᠲᠡᠢᠮᠦ ᠭᠤᠨᠢᠭᠲᠤ ᠳᠠᠭᠤᠯᠠᠯ ᠢ᠋ ᠴᠠᠭ ᠢᠮᠠᠭᠲᠠ ᠰᠣᠨᠣᠰᠤᠨ ᠲᠡᠭᠡᠵᠦ ᠤᠬᠢᠯᠠᠯᠳᠤᠵᠤ ᠰᠠᠭᠤᠬᠤ ᠬᠤᠪᠢ ᠵᠠᠶᠠᠭᠠᠨ ᠳ᠋ᠤ᠌ ᠲᠥᠷᠥᠭᠰᠡᠨ ᠶᠦᠮ ᠰᠢᠭ ᠲᠡᠭᠦᠨ ᠳ᠋ᠡᠭᠡᠨ ᠪᠠᠰᠠ ᠤᠬᠠᠭᠠᠨ ᠦᠭᠡᠢ ᠳᠤᠷ᠎ᠠ ᠲᠠᠢ ᠤᠯᠤᠰ ᠪᠠᠢᠨ᠎ᠠ᠃ ᠬᠡᠦᠬᠡᠳ ᠪᠠᠭᠠᠴᠤᠳ ᠨᠢ ᠥᠨᠳᠥᠷ ᠨᠠᠰᠤᠲᠠᠨ ᠨᠤᠭᠤᠳ ᠤ᠋ᠨ ᠢ᠋ᠶ᠋ᠠᠨ ᠬᠠᠵᠠᠭᠤ ᠬᠠᠪᠢᠷᠭ᠎ᠠ ᠪᠠᠷ ᠨᠢᠭᠤᠷ ᠪᠤᠯᠲᠠᠢᠯᠭᠠᠨ ᠦᠭᠡ ᠦᠰᠦᠭ ᠪᠦᠷᠢ ᠶ᠋ᠢ ᠴᠡᠭᠡᠵᠢᠨ ᠳ᠋ᠡᠭᠡᠨ ᠬᠣᠨᠣᠭᠰᠢᠭᠤᠯᠤᠨ ᠲᠣᠭᠲᠠᠭᠠᠵᠤ ᠠᠪᠤᠭᠠᠳ᠂ ᠥᠪᠡᠷ ᠢ᠋ᠶ᠋ᠡᠨ ᠡᠪᠦᠭᠡᠨ ᠪᠣᠯᠤᠭᠰᠠᠨ ᠬᠣᠢᠨ᠎ᠠ ᠪᠠᠨ ᠮᠥᠨ ᠯᠡ ᠠᠶᠠᠯᠤᠨ ᠳᠠᠭᠤᠯᠠᠵᠤ ᠥᠭᠡᠷ᠎ᠡ ᠪᠤᠰᠤᠳ ᠢ᠋ ᠦᠢᠮᠡᠭᠦᠯᠦᠨ᠎ᠡ᠃ ᠢᠩᠭᠢᠵᠦ ᠲᠡᠳᠡ ᠤᠳᠬ᠎ᠠ ᠵᠣᠬᠢᠶᠠᠯ ᠪᠠ ᠲᠡᠦᠬᠡ ᠱᠠᠰᠲᠢᠷ ᠢ᠋ᠶ᠋ᠠᠷ ᠢ᠋ᠶ᠋ᠠᠨ ᠡᠢᠨᠬᠦ ᠤᠯᠠᠮᠵᠢᠯᠠᠨ ᠵᠠᠯᠭᠠᠳᠠᠭ ᠪᠠᠢᠵᠠᠢ᠃  ᠬᠠᠷᠢ ᠭᠠᠵᠠᠷ ᠤ᠋ᠨ ᠡᠯᠳᠡᠪ ᠦᠨᠳᠦᠰᠦᠲᠡᠨ ᠳ᠋ᠦ᠍ ᠬᠡᠳᠦᠨ ᠳᠠᠪᠬᠤᠷ ᠪᠦᠰᠡᠯᠡᠭᠳᠡᠭᠰᠡᠨ ᠤᠴᠢᠷ᠂ ᠭᠠᠳᠠᠭᠠᠳᠤ ᠶ᠋ᠢᠨ ᠤᠯᠤᠰ ᠭᠦᠷᠦᠨ ᠨᠦ᠍ᠭᠦᠳ ᠡᠴᠡ ᠪᠦᠷᠢᠮᠦᠰᠦᠨ ᠲᠠᠰᠤᠷᠠᠭᠠᠳ ᠲᠠᠨᠢᠨ ᠮᠡᠳᠡᠬᠦ ᠨᠢ ᠵᠥᠪᠬᠡᠨ ᠬᠢᠲᠠᠳ᠂ ᠬᠠᠰᠠᠭ᠂ ᠴᠠᠨᠲ᠋ᠤᠤ ᠪᠣᠯᠵᠤ ᠭᠦᠢᠴᠡᠭᠡᠳ ᠣᠷᠣᠰᠢᠨ ᠰᠠᠭᠤᠬᠤ ᠭᠠᠵᠠᠷ ᠠ᠋ᠴᠠ ᠬᠣᠯᠠᠳᠠᠨ ᠭᠠᠷᠪᠠᠯ ᠶᠠᠮᠠᠷ ᠶᠠᠮᠠᠷ ᠤᠯᠤᠰ ᠣᠷᠣᠨ ᠪᠠᠢᠳᠠᠭ ᠢ᠋ ᠣᠭᠲᠣ ᠦᠯᠦ ᠮᠡᠳᠡᠨ᠎ᠡ᠃ ᠠᠶᠤᠨ ᠰᠦᠷᠳᠡᠳᠡᠭ ᠨᠢ ᠭᠠᠭᠴᠠᠬᠠᠨ ᠮᠠᠨᠵᠤ ᠪᠠᠢᠳᠠᠭ ᠶᠤᠮ᠃ ᠮᠠᠨᠵᠤ ᠬᠠᠭᠠᠨ ᠲᠩᠷᠢ ᠶᠦᠮ ᠤᠤ᠂ ᠠᠯᠢ ᠭᠠᠵᠠᠷ ᠲᠤ ᠴᠦ᠍ ᠪᠢᠯᠢᠤ ᠬᠡᠨ ᠮᠡᠳᠡᠯ᠎ᠡ᠂ ᠮᠠᠨᠵᠤ ᠬᠡᠮᠡᠬᠦ᠂ ᠣᠷᠴᠢᠯᠠᠩ ᠢ᠋ ᠪᠦᠬᠦᠯᠢ ᠪᠦᠲᠦᠨ ᠢ᠋ᠶ᠋ᠡᠷ ᠨᠢ ᠵᠠᠬᠢᠷᠤᠭᠰᠠᠨ ᠶᠡᠬᠡ ᠬᠠᠭᠠᠨ ᠮᠠᠨ ᠢ᠋ ᠵᠠᠬᠢᠷᠳᠠᠭ ᠭᠡᠵᠦ ᠲᠡᠳᠡ ᠪᠣᠳᠣᠨ᠎ᠠ᠃ ᠭᠡᠲᠡᠯ᠎ᠡ ᠥᠨᠥ ᠶ᠋ᠢᠨ ᠠᠷᠠᠳ ᠤ᠋ᠨ ᠵᠢᠷᠤᠮᠲᠤ ᠴᠡᠷᠢᠭ ᠦ᠋ᠨ ᠰᠤᠮᠤᠨ ᠳᠠᠷᠤᠭ᠎ᠠ ᠳᠠᠮᠫᠢᠯ ᠮᠠᠨᠢ ᠬᠠᠷᠢᠨ ᠲᠡᠷᠡ ᠥᠭᠡᠯᠡᠳ ᠦ᠋ᠨ ᠨᠢᠭᠡ ᠪᠣᠯᠤᠨ᠎ᠠ᠃ 
       ᠮᠠᠨᠵᠤ ᠭᠦᠷᠦᠨ ᠨᠢ ᠠᠷᠪᠠ ᠶᠢᠰᠦᠳᠦᠭᠡᠷ ᠵᠠᠭᠤᠨ ᠳ᠋ᠤ᠌ ᠰᠢᠪᠲᠤᠷᠴᠤ᠂ ᠬᠣᠷᠢᠳᠤᠭᠠᠷ ᠵᠠᠭᠤᠨ ᠡᠬᠢᠯᠡᠬᠦ ᠲᠡᠢ ᠵᠡᠷᠭᠡ ᠢᠯᠢ ᠲᠠᠷᠪᠠᠭᠠᠲᠠᠢ ᠬᠢᠨ ᠦ᠌ ᠢᠳᠡᠷ ᠵᠠᠯᠠᠭᠤᠰ ᠢ᠋ ᠴᠡᠷᠢᠭ ᠲᠦ᠍ ᠲᠡᠳᠡᠨ ᠰᠤᠷᠭᠠᠭᠤᠯᠢ ᠬᠢᠯᠭᠡᠵᠦ ᠡᠬᠢᠯᠡᠪᠡ᠃ ᠡᠭᠦᠨ ᠳ᠋ᠦ᠍ᠨᠢ ᠥᠭᠡᠯᠡᠳ ᠦ᠋ᠳ《ᠶᠡᠬᠡ ᠡᠵᠡᠨ ᠬᠠᠭᠠᠨ ᠮᠠᠨ ᠢ᠋ ᠪᠡᠨ ᠢᠪᠡᠭᠡᠨ ᠲᠡᠳᠬᠦᠵᠦ ᠪᠠᠢᠭ᠎ᠠ ᠨᠢ ᠡᠨᠡ ᠪᠣᠯ ᠤᠤ》 ᠭᠡᠵᠦ ᠪᠠᠶᠠᠷᠯᠠᠯᠳᠤᠨ᠎ᠠ᠃ ᠭᠡᠪᠡᠴᠦ ᠬᠥᠮᠦᠨ᠂ ᠲᠡᠷᠡ ᠴᠡᠷᠢᠭ ᠦ᠋ᠨ ᠰᠤᠷᠭᠠᠭᠤᠯᠢ ᠳ᠋ᠤᠨᠢ ᠬᠡᠴᠢᠨᠡᠭᠡᠨ ᠳᠠᠳᠤᠯᠭᠠᠵᠢᠨ ᠮᠡᠷᠭᠡᠵᠢᠪᠡᠴᠦ ᠲᠤᠰᠢᠶᠠᠯ ᠳ᠋ᠤ᠌ ᠡᠰᠡ ᠳᠠᠪᠰᠢᠨ᠎ᠠ᠃ ᠳᠡᠭᠡᠷ᠎ᠡ ᠡᠴᠡ ᠠᠪᠤᠭᠠᠳ ᠳᠣᠣᠷᠠᠲᠤ ᠠᠷᠪᠠᠲᠤ ᠶ᠋ᠢᠨ ᠳᠠᠷᠤᠭ᠎ᠠ ᠪᠣᠯᠪᠠᠴᠤ ᠮᠠᠨᠵᠤ ᠬᠢᠲᠠᠳ ᠨᠠᠷ ᠪᠠᠢᠯ᠎ᠠ᠃ ᠳᠥᠷᠪᠡ ᠲᠠᠪᠤᠨ ᠵᠢᠯ ᠦ᠋ᠨ ᠳᠠᠷᠠᠭ᠎ᠠ ᠴᠡᠷᠢᠭ ᠦ᠋ᠨ ᠰᠤᠷᠭᠠᠭᠤᠯᠢ ᠬᠢᠭᠰᠡᠨ ᠥᠭᠡᠯᠡᠳ ᠦ᠋ᠳ ᠢ᠋ ᠪᠠᠷᠠᠭᠤᠨ ᠲᠠᠢᠰᠢ ᠳᠠᠭᠠᠭᠤᠯᠤᠨ ᠭᠠᠷᠴᠤ ᠲᠡᠢᠨ ᠲᠤᠯᠤᠯᠳᠤᠭᠠᠨ ᠳ᠋ᠤ᠌ ᠣᠷᠣᠭᠤᠯᠵᠠᠢ᠃ ᠡᠬᠢᠨ ᠦ᠌ ᠲᠤᠯᠤᠯᠳᠤᠭᠠᠨ ᠳ᠋ᠤ᠌ ᠴᠣᠬᠢᠭᠳᠠᠨ ᠬᠣᠢᠰᠢ ᠤᠬᠤᠷᠢᠭᠰᠠᠨ ᠪᠥᠭᠡᠳ ᠲᠡᠳᠡ ᠴᠣᠬᠣᠮ ᠶᠠᠭᠤᠨ ᠤ᠋ ᠲᠥᠯᠥᠭᠡ ᠬᠡᠨ ᠲᠡᠢ ᠪᠠᠢᠯᠳᠤᠵᠤ ᠪᠠᠢᠭ᠎ᠠ ᠪᠠᠨ ᠮᠡᠳᠡᠬᠦ ᠦᠭᠡᠢ ᠪᠠᠢᠭᠰᠠᠨ ᠪᠣᠯᠪᠠᠴᠤ᠂ ᠡᠴᠢᠭᠡ ᠡᠪᠦᠭᠡᠳ ᠦ᠋ᠨ ᠢ᠋ᠶ᠋ᠡᠨ ᠡᠷᠡᠯᠬᠡᠭ ᠪᠠᠭᠠᠲᠤᠷ ᠨᠡᠷ᠎ᠡ ᠶᠦ᠍ᠭᠡᠨ ᠭᠤᠲᠤᠭᠠᠪᠠ ᠭᠡᠵᠦ ᠠᠭᠤᠷᠰᠠᠨ ᠪᠤᠬᠢᠨᠢᠳᠤᠨ᠎ᠠ᠃ ᠲᠡᠭᠦᠪᠡᠷ ᠢ᠋ᠶ᠋ᠡᠨ ᠲᠡᠳᠡ ᠬᠣᠶᠠᠳᠠᠬᠢ ᠤᠳᠠᠭ᠎ᠠ ᠶ᠋ᠢᠨ ᠲᠤᠯᠤᠯᠳᠤᠭᠠᠨ ᠳ᠋ᠤ᠌ ᠳᠡᠢᠯᠦᠭᠰᠡᠨ ᠠᠵᠢ᠃ ᠭᠡᠪᠡᠴᠦ ᠳᠠᠢᠰᠤᠨ ᠠ᠋ᠴᠠ ᠣᠯᠵᠠᠯᠠᠭᠰᠠᠨ ᠬᠥᠮᠦᠰ ᠢ᠋ ᠦᠵᠡᠬᠦ ᠳ᠋ᠦ᠍ ᠳᠠᠩ ᠮᠣᠩᠭᠣᠯ᠃ ᠥᠪᠡᠷᠰᠡᠳ ᠲᠡᠢ ᠨᠢ ᠠᠳᠠᠯᠢ ᠥᠭᠡᠯᠡᠳ ᠦ᠋ᠳ᠃ ᠡᠢᠮᠦ ᠳ᠋ᠦ᠍ ᠢᠯᠢ ᠲᠠᠷᠪᠠᠭᠠᠲᠠᠢ ᠶ᠋ᠢᠨ ᠬᠢᠨ ᠶᠡᠬᠡᠳᠡ ᠭᠠᠢᠬᠠᠨ᠎ᠠ᠃《ᠦ ᠶᠠᠭᠠᠯᠠᠢ ᠪᠣᠢ! ᠶᠠᠭᠠᠯᠠᠢ ᠪᠣᠢ ᠥᠭᠡᠯᠡᠳ ᠪᠢᠳᠡᠨ ᠦ᠌ ᠬᠣᠭᠣᠷᠣ ᠵᠠᠭᠤᠷ᠎ᠠ᠃ ᠪᠠᠢᠯᠳᠤᠬᠤ ᠤᠴᠢᠷ ᠶᠠᠭᠤ ᠪᠢᠯᠡ? ᠮᠣᠩᠭᠣᠯ ᠭᠡᠳᠡᠭ ᠮᠣᠬᠣᠰᠢ ᠦᠭᠡᠢ ᠵᠣᠷᠢᠭᠲᠤ ᠮᠠᠨᠳᠤᠭᠰᠠᠨ ᠡᠬᠡ ᠣᠷᠣᠨ ᠪᠠᠢᠭᠰᠠᠨ ᠢ᠋ ᠮᠠᠨᠵᠤ ᠨᠤᠭᠤᠳ ᠬᠣᠭᠣᠷᠣᠨᠳᠣ ᠨᠢ ᠡᠯᠳᠡᠪ ᠢ᠋ᠶ᠋ᠡᠷ ᠮᠡᠬᠡᠯᠡᠨ ᠡᠪᠳᠡᠷᠡᠯᠴᠡᠭᠦᠯᠦᠨ ᠬᠢᠳᠤᠯᠴᠠᠭᠤᠯᠵᠤ ᠮᠥᠬᠥᠭᠡᠭᠰᠡᠨ ᠭᠡᠳᠡᠭ ᠪᠢᠰᠢ ᠪᠢᠯᠢᠤ᠂ ᠦ ᠶᠠᠭᠠᠯᠠᠢ ᠪᠣᠢ᠂ ᠶᠠᠭᠠᠯᠠᠢ ᠪᠣᠢ ᠣᠳᠣ ᠪᠣᠯᠢᠰ! ᠢᠷᠡᠭᠡᠳᠦᠢ ᠶ᠋ᠢᠨ ᠬᠡᠷᠡᠭ ᠢ᠋ ᠬᠥᠬᠡ ᠲᠩᠷᠢ ᠮᠡᠳᠡᠲᠦᠭᠡᠢ!》 ᠭᠡᠵᠦ ᠱᠤᠤᠭᠢᠯᠳᠤᠨ ᠲᠡᠷᠡ ᠳᠣᠣᠷ᠎ᠠ ᠪᠠᠨ ᠪᠦᠬᠦ ᠮᠠᠨᠵᠤ ᠬᠢᠲᠠᠳ ᠳᠠᠷᠤᠭ᠎ᠠ ᠨᠠᠷ ᠢ᠋ᠶ᠋ᠠᠨ ᠤᠰᠠᠳᠬᠠᠵᠠᠢ᠃ ᠡᠳᠡ ᠳᠤᠮᠳᠠ ᠥᠨᠳᠥᠷ ᠳᠠᠮᠫᠢᠯ ᠴᠣ ᠶᠠᠪᠤᠯᠴᠠᠵᠤ ᠪᠠᠢᠭᠰᠠᠨ ᠠᠵᠢ᠃  
       ᠥᠭᠡᠯᠡᠳ ᠦ᠋ᠳ ᠦ᠋ᠨ ᠪᠠᠢᠯᠳᠤᠭᠰᠠᠨ ᠭᠠᠵᠠᠷ᠂ ᠴᠡᠩᠬᠡᠷ ᠬᠥᠬᠡ ᠲᠩᠷᠢ ᠶ᠋ᠢ ᠨᠢᠭᠡ ᠵᠢᠭᠳᠡ ᠰᠢᠷᠳᠡᠭᠰᠡᠨ ᠥᠷᠭᠡᠨ ᠴᠠᠭᠠᠨ ᠲᠠᠯ᠎ᠠ ᠪᠠᠢᠯ᠎ᠠ᠃ ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ ᠭᠡᠭᠴᠢ ᠪᠡᠷ ᠥᠭᠡᠯᠡᠳ ᠴᠡᠷᠢᠭ ᠦ᠋ᠳ ᠳᠠᠷᠤᠩᠭᠤᠢᠯᠠᠨ ᠵᠠᠬᠢᠷᠤᠭᠴᠢ ᠳᠠᠷᠤᠭ᠎ᠠ ᠨᠣᠶᠠᠳ ᠢ᠋ᠶ᠋ᠠᠨ ᠤᠰᠠᠳᠬᠠᠭᠰᠠᠨ ᠢ᠋ᠶ᠋ᠠᠷ ᠶᠡᠬᠡ ᠨᠠᠢᠷ ᠬᠢᠬᠦ ᠪᠣᠯᠵᠠᠢ᠃ ᠬᠠᠪᠢ ᠣᠢᠷ᠎ᠠ ᠶ᠋ᠢᠨ ᠬᠠᠰᠠᠭ᠂ ᠴᠠᠨᠲ᠋ᠤᠤ ᠨᠠᠷ ᠠ᠋ᠴᠠ ᠢᠳᠡᠵᠦ ᠤᠤᠭᠤᠬᠤ ᠶᠠᠭᠤᠮ᠎ᠠ ᠶ᠋ᠢ ᠳᠤᠷ᠎ᠠ ᠵᠣᠷᠢᠭ ᠢ᠋ᠶ᠋ᠠᠷ ᠠᠪᠴᠢᠷᠠᠬᠤ ᠶ᠋ᠢᠨ ᠳᠡᠯᠢᠮ ᠳ᠋ᠦ᠍ ᠲᠡᠳᠡᠨ ᠢ᠋ ᠴᠦ᠍ ᠤᠷᠢᠨ ᠳᠠᠭᠤᠳᠠᠭᠰᠠᠨ ᠠᠵᠢ᠃ ᠤᠷᠢᠬᠳᠠᠭᠰᠠᠳ ᠠᠩᠬᠠᠨ ᠳ᠋ᠠᠭᠠᠨ ᠠᠶᠤᠨ ᠰᠦᠷᠳᠡᠬᠦ ᠪᠣᠯᠪᠠᠴᠤ᠂ ᠤᠴᠢᠷ ᠶᠠᠪᠤᠳᠠᠯ ᠢ᠋ ᠮᠡᠳᠡᠬᠦ ᠲᠡᠢ ᠪᠡᠨ ᠵᠡᠷᠭᠡ ᠰᠡᠳᠬᠢᠯ ᠲᠠᠲᠠᠭᠳᠠᠨ ᠪᠠᠶᠠᠷᠯᠠᠵᠤ᠂ ᠠᠷᠢᠬᠢ ᠳᠠᠷᠠᠰᠤ ᠶ᠋ᠢ ᠨᠡᠮᠡᠨ ᠨᠡᠮᠡᠨ ᠠᠪᠴᠢᠷᠠᠨ᠎ᠠ᠃ ᠠᠮᠲᠠᠲᠤ ᠠᠷᠢᠬᠢ ᠶ᠋ᠢ ᠬᠤᠪᠢᠶᠠᠨ ᠤᠤᠭᠤᠯᠴᠠᠵᠤ᠂ ᠠᠶᠠᠭ᠎ᠠ ᠲᠠᠪᠠᠭ ᠴᠢᠨᠦ ᠮᠢᠨᠦ ᠦᠭᠡᠢ ᠪᠣᠯᠤᠨ ᠦᠨᠡᠨᠬᠦ ᠰᠡᠳᠬᠢᠯ ᠦ᠋ᠨ ᠦᠭᠡᠰ ᠢ᠋ ᠬᠥᠭᠡᠷᠦᠯᠴᠡᠬᠦ ᠳ᠋ᠦ᠍ ᠡᠴᠢᠭᠡ ᠡᠪᠦᠭᠡᠳ ᠡᠴᠡ ᠬᠡᠯᠬᠢᠭᠳᠡᠭᠰᠡᠨ ᠡᠯᠢᠭᠡᠨ ᠰᠠᠳᠤᠨ ᠳ᠋ᠤ᠌ ᠬᠣᠯᠪᠣᠭ᠎ᠠ ᠦᠭᠡᠢ ᠬᠡᠨ ᠴᠦ᠍ ᠠᠯᠠᠭ᠎ᠠ᠃ ᠬᠠᠰᠠᠭ ᠴᠦ᠍᠂ ᠴᠠᠨᠲ᠋ᠤᠤ ᠴᠦ᠍ ᠠᠬ᠎ᠠ ᠳᠡᠭᠦᠦ᠂ ᠠᠯᠢᠨ ᠴᠦ᠍ ᠥᠭᠡᠷ᠎ᠡ ᠴᠦ᠍ ᠦᠭᠡᠢ ᠮᠠᠨᠵᠤ ᠶ᠋ᠢᠨ ᠡᠰᠡᠷᠭᠦ《ᠠᠢ ᠠᠬ᠎ᠠ ᠳᠡᠭᠦᠦ ᠨᠠᠷ ᠠ᠋! ᠠᠬ᠎ᠠ ᠳᠡᠭᠦᠦ ᠪᠢᠳᠡᠨ ᠳ᠋ᠦ᠍ ᠡᠪᠳᠡᠷᠡᠯᠴᠡᠨ ᠬᠢᠳᠤᠯᠴᠠᠬᠤ ᠤᠴᠢᠷ ᠬᠡᠵᠢᠶ᠎ᠡ ᠴᠦ᠍ ᠪᠠᠢᠵᠤ ᠪᠣᠯᠬᠤ ᠦᠭᠡᠢ᠂ ᠡᠭᠦᠨ ᠢ᠋ ᠦᠷ᠎ᠡ ᠠᠴᠢ ᠨᠠᠷ ᠲᠠᠭᠠᠨ ᠵᠠᠬᠢᠲᠤᠭᠠᠢ! 》 ᠭᠡᠵᠦ ᠱᠤᠤᠭᠢᠯᠳᠤᠨ᠎ᠠ᠃ ᠬᠠᠰᠠᠭ᠂ ᠴᠠᠨᠲ᠋ᠤᠤ ᠥᠭᠡᠯᠡᠳ ᠳᠠᠭᠤᠤ ᠪᠥᠵᠢᠭ ᠦᠷᠭᠦᠯᠵᠢᠯᠡᠭᠰᠡᠨ ᠨᠡᠭᠡᠷᠡᠨ ᠶᠡᠬᠡ ᠪᠠᠶᠠᠷ ᠪᠣᠯᠵᠠᠢ᠃ ᠨᠢᠭᠡ ᠮᠡᠳᠡᠬᠦ ᠳ᠋ᠦ᠍ ᠵᠡᠪᠰᠡᠭ ᠬᠡᠷᠡᠭᠯᠡᠯ ᠦ᠋ᠨ ᠪᠠᠢᠷᠢ ᠰᠢᠳᠡᠨ ᠭᠠᠯ ᠳᠦᠷᠡᠯᠵᠡᠵᠦ ᠪᠠᠢᠬᠤ ᠳ᠋ᠤ᠌ ᠮᠠᠨᠵᠤ ᠬᠢᠲᠠᠳ ᠤ᠋ᠨ ᠡᠲᠡᠭᠡᠳ ᠡᠴᠡ ᠭᠠᠯ ᠲᠠᠯᠪᠢᠪᠠ ᠭᠡᠵᠦ ᠬᠠᠷᠠᠳᠠᠨ ᠰᠡᠵᠢᠭᠯᠡᠭᠰᠡᠨ ᠴᠦ᠍ ᠦᠭᠡᠢ᠂《ᠮᠠᠨ ᠤ᠋ ᠦᠢᠯᠡ ᠬᠡᠷᠡᠭ ᠢ᠋ ᠳᠡᠭᠡᠳᠦ ᠲᠩᠷᠢ ᠲᠠᠭᠠᠯᠠᠪᠠ》 ᠭᠡᠵᠦ ᠪᠠᠶᠠᠷᠯᠠᠯᠳᠤᠨ᠎ᠠ᠃ ᠠᠷᠪᠠᠨ ᠯᠦ᠍ ᠬᠠᠷ᠎ᠠ ᠳᠠᠷᠢ ᠭᠡᠨᠡᠳᠲᠡ ᠲᠠᠰᠤᠷᠠᠨ ᠣᠷᠴᠢᠯᠠᠩ ᠳ᠋ᠤ᠌ ᠭᠠᠷᠤᠭ᠎ᠠ ᠦᠭᠡᠢ ᠶᠡᠬᠡ ᠳᠠᠭᠤ ᠭᠠᠷᠤᠨ ᠣᠷᠭᠢᠯᠤᠭᠰᠠᠨ ᠬᠠᠷ᠎ᠠ ᠤᠲᠤᠭ᠎ᠠ ᠨᠢ ᠣᠭᠲᠠᠷᠭᠤᠢ ᠶ᠋ᠢᠨ ᠨᠠᠷᠠ ᠶ᠋ᠢ ᠪᠢᠲᠡᠭᠦᠦ ᠪᠦᠷᠬᠦᠨ ᠬᠠᠯᠬᠠᠯᠠᠬᠤ ᠳ᠋ᠤ᠌ ᠴᠦ᠍ ᠪᠠᠶᠠᠷ᠂《ᠠᠬ᠎ᠠ ᠳᠡᠭᠦᠦ ᠪᠢᠳᠡ ᠨᠠᠷ ᠠᠯᠠᠯᠴᠠᠭᠤᠯᠬᠤ ᠳ᠋ᠤ᠌ ᠵᠣᠷᠢᠭᠤᠯᠤᠭᠰᠠᠨ ᠪᠤᠵᠠᠷ ᠬᠡᠷᠡᠭᠯᠡᠯ ᠤᠰᠠᠳᠪᠠ》 ᠭᠡᠵᠦ ᠱᠤᠤᠭᠢᠯᠳᠤᠨ᠎ᠠ᠃ ᠭᠤᠷᠪᠠᠨ ᠡᠳᠦᠷ ᠭᠤᠷᠪᠠᠨ ᠰᠥᠨᠢ ᠨᠠᠢᠷᠯᠠᠭᠰᠠᠨ ᠤ᠋ ᠳᠠᠷᠠᠭ᠎ᠠ᠂ ᠥᠭᠡᠯᠡᠳ ᠦ᠋ᠳ ᠭᠡᠳᠡᠷᠭᠦ ᠪᠤᠴᠠᠪᠠ᠃ ᠨᠤᠲᠤᠭ ᠲᠠᠭᠠᠨ ᠣᠴᠢᠭᠠᠳ ᠠᠪᠤ ᠡᠵᠢ ᠨᠠᠷ ᠠ᠋ᠴᠠ ᠪᠠᠨ ᠠᠪᠤᠭᠠᠳ ᠵᠠᠰᠠᠭ ᠵᠠᠬᠢᠷᠭᠠᠨ ᠳ᠋ᠠᠭᠠᠨ ᠪᠣᠯᠪᠠᠴᠤ ᠦᠨᠡᠨ ᠢ᠋ᠶ᠋ᠡᠨ ᠬᠡᠯᠡᠬᠦ ᠳ᠋ᠦ᠍ ᠬᠣᠢᠴᠢ ᠡᠳᠦᠷ ᠬᠣᠵᠢᠮ ᠤ᠋ᠨ ᠮᠠᠷᠭᠠᠰᠢ ᠶᠠᠭᠤ ᠪᠣᠯᠬᠤ ᠶ᠋ᠢ ᠪᠣᠳᠣᠨ ᠵᠣᠪᠠᠨᠢᠭᠰᠠᠨ ᠬᠡᠨ ᠴᠦ᠍ ᠦᠭᠡᠢ᠂ ᠮᠥᠨ ᠯᠡ ᠪᠠᠶᠠᠷ᠃ ᠮᠣᠩᠭᠣᠯᠴᠤᠳ ᠬᠣᠭᠣᠷᠣ ᠵᠠᠭᠤᠷ᠎ᠠ ᠪᠠᠢᠯᠳᠤᠬᠤ ᠰᠢᠭ᠋ ᠪᠤᠵᠠᠷ ᠮᠠᠭᠤᠬᠠᠢ ᠶᠠᠭᠤᠮ᠎ᠠ ᠲᠡᠳᠡᠨ ᠳ᠋ᠦ᠍ ᠦᠭᠡᠢ᠃ ᠶᠠᠮᠠᠷ ᠪᠣᠯᠪᠠᠴᠤ ᠪᠠᠢᠯᠳᠤᠬᠤ ᠦᠭᠡᠢ ᠪᠠᠢᠬᠤ ᠰᠢᠭ᠋ ᠰᠠᠢᠨ ᠰᠠᠢᠬᠠᠨ ᠶᠠᠭᠤᠮ᠎ᠠ ᠦᠭᠡᠢ ᠠᠵᠢ᠃ ᠡᠪᠦᠭᠡᠳ ᠬᠥᠭᠰᠢᠳ ᠨᠢ ᠬᠤᠭᠤᠷ ᠢ᠋ᠶ᠋ᠠᠨ ᠬᠥᠭᠯᠡᠨ ᠦᠯᠢᠭᠡᠷ ᠳᠣᠮᠣᠭ ᠢ᠋ᠶ᠋ᠠᠨ ᠳᠠᠭᠤᠯᠠᠯᠳᠤᠨ ᠶᠡᠬᠡ ᠨᠠᠢᠷ ᠢ᠋ ᠦᠷᠭᠦᠯᠵᠢᠯᠡᠭᠦᠯᠦᠨ᠎ᠡ᠃  
       ᠡᠭᠦᠨ ᠦ᠌ ᠳᠠᠷᠠᠭ᠎ᠠ ᠨᠢᠭᠡ ᠵᠢᠯ ᠨᠠᠮ ᠲᠠᠢᠪᠤᠩ ᠥᠩᠭᠡᠷᠡᠪᠡ᠃ ᠬᠣᠶᠠᠳᠠᠬᠢ ᠵᠢᠯ ᠴᠦ᠍ ᠡᠩᠬᠡ ᠠᠮᠤᠭᠤᠯᠠᠩ᠃《ᠥᠨᠥᠬᠢ ᠴᠠᠭ ᠠ᠋ᠴᠠ ᠬᠣᠢᠰᠢ ᠥᠯᠥᠭᠡᠢ ᠲᠡᠢ ᠬᠡᠦᠬᠡᠳ ᠪᠣᠯᠪᠠᠴᠤ ᠤᠬᠢᠯᠠᠬᠤ ᠦᠭᠡᠢ ᠪᠣᠯᠤᠭᠰᠠᠨ ᠰᠢᠭ᠋ ᠪᠠᠢᠬᠤ ᠨᠢ ᠶᠠᠭᠤᠲᠠᠢ ᠬᠠᠴᠢᠨ᠂ ᠶᠠᠭᠤᠲᠠᠢ ᠰᠠᠢᠬᠠᠨ ᠪᠣᠢ》 ᠭᠡᠵᠦ ᠬᠡᠯᠡᠯᠴᠡᠨ ᠪᠠᠢᠲᠠᠯ᠎ᠠ ᠬᠡᠷᠡᠭ ᠪᠣᠯᠵᠤ ᠡᠬᠢᠯᠡᠪᠡ᠃ ᠡᠮᠦᠨ᠎ᠡ ᠵᠦᠭ ᠡᠴᠡ ᠦᠢ ᠣᠯᠠᠨ ᠴᠡᠷᠢᠭ ᠠᠢᠰᠤᠢ ᠭᠡᠬᠦ ᠶ᠋ᠢᠨ ᠵᠡᠷᠭᠡᠴᠡᠭᠡ ᠪᠡᠷ《ᠤᠭ ᠠ᠋ᠴᠠ ᠪᠠᠨ ᠪᠣᠯᠳᠠᠭ ᠦᠭᠡᠢ ᠤᠷᠪᠠᠨ ᠲᠡᠷᠰᠯᠡᠭᠰᠡᠨ ᠥᠭᠡᠯᠡᠳ ᠦ᠋ᠳ ᠢ᠋ ᠡᠨᠡ ᠳᠡᠯᠡᠬᠡᠢ ᠡᠴᠡ ᠬᠦᠢᠰᠦ ᠲᠡᠮᠲᠡᠷᠢᠨ ᠤᠰᠠᠳᠬᠠᠨ᠎ᠠ》 ᠭᠡᠰᠡᠨ ᠳᠠᠢᠰᠤᠨ ᠤ᠋ ᠱᠤᠤᠭᠢᠶᠠᠨ ᠢ᠋ ᠥᠭᠡᠯᠡᠳ ᠦ᠋ᠳ ᠬᠦᠯᠢᠶᠡᠨ ᠠᠪᠤᠪᠠ᠃ 
       ᠥᠭᠡᠯᠡᠳ ᠦ᠋ᠳ ᠴᠥᠭᠡᠨ᠂ ᠪᠠᠢᠯᠳᠤᠬᠤ ᠵᠡᠪᠰᠡᠭ ᠪᠦᠳᠦᠭᠦᠯᠢᠭ᠂ ᠳᠠᠷᠢ ᠲᠤᠭᠤᠯᠭ᠎ᠠ ᠪᠠᠷ ᠳᠤᠲᠠᠭᠤ ᠬᠣᠮᠰᠠ ᠭᠡᠪᠡᠴᠦ ᠡᠰᠡᠷᠭᠦᠴᠡᠨ ᠬᠥᠳᠡᠯᠪᠡ᠃ ᠣᠯᠠᠨ ᠤ᠋ ᠪᠠᠨ ᠰᠠᠨᠠᠯ ᠢ᠋ᠶ᠋ᠠᠷ ᠥᠪᠡᠷ ᠦ᠋ᠨ ᠢ᠋ᠶ᠋ᠡᠨ ᠦᠨᠳᠦᠰᠦᠲᠡᠨ ᠢ᠋ᠶ᠋ᠡᠨ ᠵᠠᠬᠢᠷᠬᠤ ᠪᠣᠯᠤᠭᠰᠠᠨ ᠳᠣᠣᠷᠠᠲᠤ ᠭᠡᠷ ᠡᠴᠡ ᠭᠠᠷᠤᠯᠲᠠᠢ ᠥᠬᠡᠯᠦᠯᠭᠡ ᠨᠣᠶᠠᠨ ᠭᠡᠭᠴᠢ ᠠᠢᠯ ᠡᠷᠦᠬᠡ ᠨᠢᠭᠡᠪᠦᠷᠢ ᠶ᠋ᠢ ᠠᠪᠤᠷᠠᠬᠤ ᠶ᠋ᠢᠨ ᠲᠥᠯᠥᠭᠡ ᠨᠣᠬᠠᠢ ᠪᠠᠨ ᠬᠦᠷᠲᠡᠯ᠎ᠡ ᠳᠠᠭᠠᠭᠤᠯᠤᠨ ᠭᠠᠷᠴᠤ ᠲᠤᠯᠤᠯᠳᠤᠪᠠᠴᠤ ᠳᠠᠢᠰᠤᠨ ᠤ᠋ ᠲᠣᠭ᠎ᠠ ᠮᠠᠰᠢ ᠣᠯᠠᠨ᠂ ᠦᠶᠡᠷ ᠦ᠋ᠨ ᠤᠰᠤ ᠰᠢᠭ᠋ ᠨᠥᠮᠥᠷᠦᠨ ᠪᠠᠭᠤᠨ᠎ᠠ᠃ ᠠᠷᠭ᠎ᠠ ᠪᠤᠶᠤ ᠬᠣᠢᠰᠢ ᠤᠬᠤᠷᠢᠬᠤ ᠳ᠋ᠤ᠌ ᠳᠠᠢᠰᠤᠨ ᠥᠯᠥᠭᠡᠢ ᠲᠡᠢ ᠬᠡᠦᠬᠡᠳ ᠡᠴᠡ ᠠᠪᠤᠭᠠᠳ ᠡᠪᠦᠭᠡᠳ ᠡᠮᠡᠭᠡᠳ ᠢ᠋ ᠪᠣᠯᠪᠠᠴᠤ ᠭᠣᠣᠯ ᠲᠠᠰᠤᠯᠤᠨ ᠬᠢᠳᠤᠨ᠎ᠠ᠃ ᠬᠠᠷᠢᠭᠤ ᠳ᠋ᠤᠨᠢ ᠥᠭᠡᠯᠡᠳ ᠶᠠᠭᠠᠬᠢᠵᠤ ᠴᠦ᠍ ᠴᠢᠳᠠᠬᠤ ᠪᠠᠨ  ᠪᠣᠯᠢᠭᠠᠳ ᠳᠠᠷᠬᠠᠨ ᠪᠤᠲᠠᠷᠠᠬᠤ ᠳ᠋ᠤ᠌ ᠬᠦᠷᠬᠦ ᠳ᠋ᠦ᠍ ᠥᠭᠡᠯᠦᠯᠭᠡ ᠨᠣᠶᠠᠨ ᠬᠡᠰᠡᠭ ᠠᠢᠯ ᠡᠷᠦᠬᠡ ᠶ᠋ᠢ ᠳᠠᠭᠠᠭᠤᠯᠤᠨ ᠣᠷᠣᠰ ᠤ᠋ᠨ ᠨᠤᠲᠤᠭ ᠲᠤ ᠵᠢᠭᠤᠲᠠᠨ ᠣᠷᠣᠵᠠᠢ᠃ ᠲᠡᠳᠡ ᠭᠡᠷ ᠣᠷᠣᠨ ᠢ᠋ᠶ᠋ᠠᠨ ᠬᠠᠶᠠᠨ ᠵᠥᠪᠬᠡᠨ ᠮᠠᠯ ᠬᠥᠷᠥᠩᠭᠡ ᠶ᠋ᠢᠨ ᠢ᠋ᠶ᠋ᠡᠨ ᠬᠠᠭᠠᠰ ᠬᠤᠭᠤᠰ ᠢ᠋ ᠠᠪᠤᠨ ᠢᠷᠡᠭᠰᠡᠨ ᠲᠤᠯᠠ ᠡᠳᠦᠷ ᠰᠥᠨᠢ ᠶ᠋ᠢ ᠭᠠᠭᠴᠠᠬᠠᠨ ᠳᠡᠭᠡᠷ᠎ᠡ ᠮᠡᠯᠲᠡᠢᠬᠦ ᠬᠥᠬᠡ ᠲᠩᠷᠢ ᠰᠢᠷᠳᠡᠨ ᠭᠥᠯᠢᠷᠡᠬᠦ ᠪᠡᠷ ᠥᠩᠭᠡᠷᠡᠭᠦᠯᠦᠨ᠎ᠡ᠃ ᠳᠣᠣᠷ᠎ᠠ ᠨᠢ ᠣᠷᠣᠨ ᠨᠤᠲᠤᠭ ᠤ᠋ᠨ ᠬᠥᠮᠦᠰ ᠭᠠᠵᠠᠷ ᠨᠤᠲᠤᠭ ᠢ᠋ᠶ᠋ᠠᠨ ᠬᠠᠷᠠᠮᠯᠠᠵᠤ ᠡᠬᠢᠯᠡᠬᠦ ᠳ᠋ᠦ᠍ ᠬᠥᠮᠦᠨ ᠮᠠᠯ ᠠᠯᠢ ᠠᠯᠢᠨ ᠳ᠋ᠤ᠌ ᠭᠢᠰᠬᠢᠬᠦ ᠭᠠᠵᠠᠷ ᠨᠣᠶᠠᠨ ᠳ᠋ᠤᠨᠢ ᠪᠣᠯᠪᠠᠴᠤ ᠵᠣᠪᠠᠯᠠᠩ᠂ ᠨᠣᠬᠠᠢ ᠳ᠋ᠤ᠌ ᠪᠣᠯᠪᠠᠴᠤ ᠥᠯᠥᠰᠬᠦᠯᠡᠩ᠂ ᠳᠡᠭᠡᠳᠦ ᠲᠠᠯ᠎ᠠ ᠠ᠋ᠴᠠ ᠨᠢ ᠬᠠᠭᠠᠨᠲᠤ ᠵᠠᠰᠠᠭ ᠤ᠋ᠨ ᠭᠠᠵᠠᠷ᠂ ᠨᠢᠭᠡ ᠪᠣᠯ ᠣᠷᠣᠨ ᠨᠤᠲᠤᠭ ᠲᠠᠭᠠᠨ ᠪᠤᠴᠠ! ᠡᠰᠡᠪᠡᠯ ᠮᠠᠨ ᠤ᠋ ᠤᠯᠤᠰ ᠲᠤ ᠳᠠᠭᠠᠷ᠎ᠠ ᠣᠷᠣᠨ ᠵᠠᠬᠢᠷᠤᠭᠳᠠ ᠭᠡᠬᠦ ᠨᠢ ᠮᠥᠨ ᠯᠡ ᠠᠶᠤᠯ᠃ ᠣᠷᠣᠨ ᠨᠤᠲᠤᠭ ᠲᠠᠭᠠᠨ ᠪᠤᠴᠠᠪᠠᠯ ᠮᠠᠨᠵᠤ ᠶ᠋ᠢᠨ ᠬᠠᠷᠭᠢᠰ ᠴᠡᠷᠢᠭ ᠦ᠋ᠳ ᠲᠦ᠍ ᠠᠯᠠᠭᠳᠠᠨ᠎ᠠ᠃ ᠣᠷᠣᠰ ᠲᠤ ᠳᠠᠭᠠᠷ᠎ᠠ ᠣᠷᠣᠶ᠎ᠠ ᠭᠡᠲᠡᠯ᠎ᠡ ᠳᠡᠭᠡᠷ᠎ᠡ ᠴᠠᠭ ᠮᠠᠨᠵᠤ ᠶ᠋ᠢ ᠡᠰᠡᠷᠭᠦᠴᠡᠨ ᠪᠣᠰᠤᠭᠰᠠᠨ ᠠᠮᠤᠷᠰᠠᠨᠠᠭ᠎ᠠ ᠪᠠᠬᠠᠨ ᠬᠥᠮᠦᠰ ᠢ᠋ ᠳᠠᠭᠠᠭᠤᠯᠤᠨ ᠣᠷᠣᠰ ᠲᠤ ᠣᠴᠢᠭᠰᠠᠨ ᠢ᠋ ᠣᠷᠣᠰ ᠤ᠋ᠳ ᠣᠷᠣᠨ ᠨᠤᠲᠤᠭ ᠲᠤᠨᠢ ᠡᠭᠦᠷᠢᠳᠡ ᠪᠤᠴᠠᠭᠠᠬᠤ ᠦᠭᠡᠢ ᠭᠡᠵᠦ ᠭᠠᠵᠠᠷ ᠤ᠋ᠨ ᠮᠤᠬᠤᠷ ᠡᠯᠡᠰᠦᠨ ᠴᠦᠯ ᠦ᠋ᠨ ᠵᠠᠬ᠎ᠠ ᠳ᠋ᠤ᠌ ᠠᠪᠠᠴᠢᠭᠰᠠᠨ ᠶᠤᠮ ᠭᠡᠨ᠎ᠡ ᠪᠢᠯᠡ ᠭᠡᠵᠦ ᠵᠢᠪᠡᠭᠦᠴᠡᠨ᠎ᠡ᠃ ᠶᠠᠭᠤᠮ᠎ᠠ ᠪᠦᠬᠦᠨ ᠳ᠋ᠦ᠍ ᠨᠢᠭᠡ ᠢᠷᠡᠭᠡᠳᠦᠢ᠂ ᠶᠠᠪᠤᠳᠠᠯ ᠪᠦᠬᠦᠨ ᠳ᠋ᠦ᠍ ᠨᠢᠭᠡ ᠤᠬᠠᠭᠠᠨ ᠪᠠᠢᠳᠠᠭ ᠪᠣᠯ ᠡᠨᠳᠡ ᠶᠠᠭᠠᠬᠢᠭᠠᠳ ᠴᠦ᠍ ᠭᠠᠷᠬᠤ ᠭᠠᠵᠠᠷ ᠦᠭᠡᠢ ᠮᠡᠲᠦ ᠰᠠᠨᠠᠭᠳᠠᠨ᠎ᠠ᠃ ᠪᠠᠢᠬᠤ ᠠ᠋ᠴᠠ ᠥᠨᠥᠳᠥᠷ ᠮᠠᠷᠭᠠᠰᠢ᠂ ᠨᠥᠭᠥᠭᠡᠳᠦᠷ ᠶᠡᠷᠦ ᠳ᠋ᠡᠭᠡᠨ ᠯᠡ ᠲᠡᠷᠡ᠃ ᠭᠡᠪᠡᠴᠦ ᠰᠠᠢᠨ ᠴᠦ᠍᠂ ᠮᠠᠭᠤ ᠴᠦ᠍ ᠨᠢᠭᠡ ᠬᠤᠪᠢ ᠵᠠᠶᠠᠭ᠎ᠠ ᠪᠠᠢᠳᠠᠭ ᠭᠡᠯ᠎ᠡ᠃ ᠲᠡᠷᠡ ᠶᠣᠰᠣᠭᠠᠷ ᠨᠢᠭᠡ ᠨᠢ ᠣᠯᠠᠨ ᠤ᠋ ᠲᠥᠪᠯᠡᠷᠡᠭᠰᠡᠨ ᠨᠢᠭᠡ ᠬᠣᠲᠠ ᠪᠠᠷ ᠬᠡᠰᠦᠭᠦᠴᠢᠯᠡᠨ ᠶᠠᠪᠤᠵᠤ ᠪᠠᠢᠭᠠᠳ ᠬᠠᠯᠬ᠎ᠠ ᠬᠡᠮᠡᠬᠦ ᠮᠣᠩᠭᠣᠯ ᠣᠷᠣᠨ ᠮᠠᠨᠵᠤ ᠶ᠋ᠢ ᠡᠰᠡᠷᠭᠦᠴᠡᠨ ᠪᠣᠰᠴᠤ ᠲᠤᠰᠠᠭᠠᠷ ᠤᠯᠤᠰ ᠪᠣᠯᠵᠤ ᠠᠪᠤᠭᠠᠳ ᠪᠦᠬᠦ ᠮᠣᠩᠭᠣᠯ ᠣᠪᠣᠭᠲᠠᠨ ᠪᠠ ᠲᠤᠭᠤᠷᠭᠠᠲᠠᠨ ᠢ᠋ ᠨᠡᠢᠯᠡᠭᠲᠦᠨ! ᠭᠡᠵᠦ ᠳᠠᠭᠤᠳᠠᠳᠠᠭ ᠭᠡᠨ᠎ᠡ ᠭᠡᠳᠡᠭ ᠴᠤᠤ ᠰᠣᠨᠣᠰᠤᠨ ᠤᠬᠠᠭᠠᠨ ᠦᠭᠡᠢ ᠪᠠᠶᠠᠷᠯᠠᠨ ᠭᠦᠶᠦᠨ ᠢᠷᠡᠵᠡᠢ᠃ ᠦᠨᠡᠨ ᠳ᠋ᠡᠭᠡᠨ ᠬᠠᠯᠬ᠎ᠠ ᠬᠡᠮᠡᠬᠦ ᠮᠣᠩᠭᠣᠯ ᠪᠠᠢᠳᠠᠭ ᠢ᠋ ᠥᠭᠡᠯᠦᠯᠭᠡ ᠨᠣᠶᠠᠨ ᠨᠢ ᠪᠣᠯᠪᠠᠴᠤ ᠦᠯᠦ ᠮᠡᠳᠡᠬᠦ ᠤᠴᠢᠷ ᠬᠠᠴᠢᠷᠬᠠᠨ ᠱᠤᠤᠭᠢᠯᠳᠤᠬᠤ ᠦᠭᠡᠢ ᠨᠢ ᠨᠢᠭᠡ ᠴᠦ᠍ ᠦᠭᠡᠢ᠃ ᠭᠡᠪᠡᠴᠦ《ᠮᠣᠩᠭᠣᠯ》 ᠭᠡᠳᠡᠭ ᠢ᠋ᠶ᠋ᠡᠷ ᠨᠢ ᠡᠯᠢᠭᠡᠨ ᠰᠠᠳᠤᠨ ᠢ᠋ᠶ᠋ᠠᠨ ᠭᠡᠵᠦ ᠦᠵᠡᠨ᠂ ᠮᠠᠨᠵᠤ ᠶ᠋ᠢ ᠡᠰᠡᠷᠭᠦᠴᠡᠨ ᠪᠣᠰᠤᠭᠰᠠᠨ ᠭᠡᠳᠡᠭ ᠢ᠋ᠶ᠋ᠡᠷ ᠮᠠᠨ ᠢ᠋ ᠡᠨᠡᠷᠢᠨ ᠲᠡᠳᠬᠦᠭᠴᠢ ᠭᠡᠵᠦ ᠦᠵᠡᠨ᠂ ᠬᠠᠮᠢᠭ᠎ᠠ ᠪᠠᠢᠭ᠎ᠠ ᠲᠡᠷᠡ ᠭᠠᠵᠠᠷ ᠤᠷᠤᠭᠤ ᠨᠢ ᠵᠢᠳᠬᠦᠰᠦᠭᠡᠢ ᠭᠡᠯᠴᠡᠵᠡᠢ᠃  
       ᠤᠭ ᠨᠢ ᠥᠭᠡᠯᠥᠯᠭᠡ ᠨᠣᠶᠠᠨ ᠰᠠᠢᠨ ᠵᠠᠶᠠᠭᠠᠨ ᠤ᠋ ᠶᠠᠩᠵᠤ ᠪᠦᠷᠢ ᠶ᠋ᠢᠨ ᠦᠨᠳᠦᠰᠦᠲᠡᠨ ᠦ᠌ ᠳᠤᠮᠳᠠ ᠦᠰᠦᠨ ᠲᠥᠷᠥᠭᠰᠡᠨ ᠢ᠋ᠶ᠋ᠡᠷ ᠢ᠋ᠶ᠋ᠡᠨ ᠲᠡᠷᠡ ᠪᠦᠬᠦᠨ ᠲᠡᠢ ᠡᠪ ᠲᠠᠩᠭᠠᠷᠢᠭ ᠰᠠᠬᠢᠬᠤ ᠶ᠋ᠢ ᠬᠢᠴᠢᠶᠡᠭᠴᠢ᠃ ᠭᠡᠲᠡᠯ᠎ᠡ ᠥᠪᠡᠷ ᠦ᠋ᠨ ᠬᠢᠨᠢ ᠥᠴᠦᠬᠡᠨ ᠪᠠᠭ᠎ᠠ ᠥᠭᠡᠯᠡᠳ ᠦᠨᠳᠦᠰᠦᠲᠡᠨ ᠦ᠌ ᠬᠢᠨᠢ ᠲᠣᠯᠣᠭᠠᠢ ᠳᠡᠭᠡᠷ᠎ᠡ ᠣᠨᠴᠠᠭᠠᠢᠳᠠᠨ ᠶᠡᠬᠡ ᠵᠣᠪᠠᠯᠠᠩ ᠵᠦᠳᠡᠭᠦᠷᠡᠯ ᠪᠠᠭᠤᠭᠰᠠᠨ ᠠ᠋ᠴᠠ ᠤᠯᠠᠮᠵᠢᠯᠠᠨ ᠬᠠᠷᠠᠳᠠᠭᠴᠢ᠂ ᠰᠡᠵᠢᠭᠯᠡᠭᠴᠢ᠂ ᠦᠯᠦ ᠢᠲᠡᠭᠡᠭᠴᠢ᠂ ᠬᠠᠷᠢ ᠦᠨᠳᠦᠰᠦᠲᠡᠨ ᠪᠦᠬᠦᠨ ᠯᠦ᠍ᠭᠡ ᠠᠲᠠᠭᠠᠷᠬᠠᠭᠴᠢ᠂ ᠢᠯᠠᠩᠭᠤᠶ᠎ᠠ ᠮᠠᠨᠵᠤ ᠬᠢᠲᠠᠳ ᠬᠥᠮᠦᠨ ᠢ᠋ ᠬᠠᠷᠠᠬᠤ ᠪᠠᠷ ᠢ᠋ᠶ᠋ᠠᠨ ᠨᠢᠳᠦ ᠬᠣᠷᠣᠰᠤᠨ ᠵᠠᠨᠤᠨ ᠵᠦᠬᠡᠭᠴᠢ ᠪᠣᠯᠤᠨ ᠬᠤᠪᠢᠷᠠᠵᠠᠢ᠃ ᠡᠨᠡ ᠪᠣᠯ ᠮᠠᠨᠵᠤ ᠶ᠋ᠢᠨ ᠳᠠᠷᠤᠯᠠᠯ᠂ ᠲᠡᠳᠡᠨ ᠦ᠌ ᠦᠨᠳᠦᠰᠦᠲᠡᠨ ᠦ᠌ ᠳᠡᠭᠡᠷᠡᠩᠭᠦᠢ ᠦᠵᠡᠯ᠂ ᠦᠯᠦ ᠬᠠᠢᠷᠠᠯᠠᠬᠤ ᠬᠠᠷᠭᠢᠰᠯᠠᠯ᠂ ᠰᠢᠳᠤᠷᠭᠤ ᠡᠷ᠎ᠡ ᠶ᠋ᠢ ᠡᠢᠮᠦ ᠪᠣᠯᠭᠠᠨ ᠥᠪᠡᠷᠲᠡᠭᠡᠨ ᠳᠠᠢᠰᠤᠨ ᠲᠥᠷᠥᠭᠦᠯᠦᠭᠰᠡᠨ ᠬᠡᠷᠡᠭ᠃  
       1912 ᠣᠨ ᠤ᠋ ᠨᠠᠮᠤᠷ ᠤ᠋ᠨ ᠡᠬᠢᠨ ᠦ᠌ ᠰᠠᠷ᠎ᠠ ᠪᠠᠷ ᠥᠭᠡᠯᠥᠯᠭᠡ ᠨᠣᠶᠠᠨ ᠭᠤᠷᠪᠠᠨ ᠵᠠᠭᠤ ᠭᠠᠷᠤᠢ ᠬᠥᠮᠦᠨ ᠲᠡᠢ ᠪᠢᠰᠢ ᠬᠣᠶᠠᠷ ᠵᠠᠭᠤᠭᠠᠳ ᠬᠥᠮᠦᠨ ᠢ᠋ ᠳᠠᠭᠠᠭᠤᠯᠤᠨ ᠠᠷᠤ ᠬᠢᠶᠠᠭᠲᠤ ᠳ᠋ᠤ᠌ ᠢᠷᠡᠭᠡᠳ ᠣᠷᠣᠰ ᠬᠢᠯᠢ ᠶ᠋ᠢᠨ ᠵᠠᠬᠢᠷᠤᠯ ᠨᠣᠶᠠᠨ ᠠ᠋ᠴᠠ ᠮᠣᠩᠭᠣᠯ ᠤ᠋ᠨ ᠬᠢᠯᠢ ᠶ᠋ᠢᠨ ᠵᠠᠩᠭᠢ ᠳ᠋ᠤ᠌ ᠬᠡᠳᠦ ᠳᠠᠬᠢᠨ ᠬᠠᠲᠠᠭᠤ ᠱᠠᠭᠠᠷᠳᠠᠯᠭ᠎ᠠ ᠲᠠᠯᠪᠢᠭᠰᠠᠨ ᠤ᠋ ᠬᠦᠴᠦ ᠪᠡᠷ ᠥᠪᠥᠷ ᠬᠢᠶᠠᠭᠲᠤ ᠳ᠋ᠤ᠌ ᠢᠷᠡᠯ᠎ᠡ᠃ 
       ᠭᠡᠲᠡᠯ᠎ᠡ ᠡᠨᠳᠡ ᠶᠠᠭᠤ ᠪᠠᠢᠪᠠ᠃ ᠥᠭᠡᠯᠥᠯᠭᠡ ᠶ᠋ᠢᠨ ᠬᠠᠷᠠᠭᠳᠠᠬᠤ ᠵᠦᠭ ᠪᠣᠯᠭᠠᠨ ᠬᠢᠲᠠᠳ᠂ ᠬᠢᠲᠠᠳ ᠫᠦᠰᠡ ᠨᠦ᠍ᠭᠦᠳ᠂ ᠬᠢᠲᠠᠳ ᠳᠡᠯᠭᠡᠭᠦᠷ ᠦ᠋ᠳ᠂ ᠬᠢᠲᠠᠳ ᠰᠦᠮ᠎ᠡ᠂ ᠬᠢᠲᠠᠳ ᠠᠵᠢᠯ ᠤ᠋ᠨ ᠬᠥᠮᠦᠰ᠂《ᠥᠨᠥᠬᠢ ᠬᠢᠲᠠᠳ ᠮᠠᠨᠵᠤ ᠠ᠋ᠴᠠ ᠰᠠᠯᠤᠭᠰᠠᠨ ᠬᠠᠯᠬ᠎ᠠ ᠭᠡᠳᠡᠭ ᠮᠠᠨᠢ ᠡᠨᠡ ᠤᠤ? ᠪᠢ ᠪᠠᠭᠤᠬᠤ ᠦᠭᠡᠢ ᠪᠤᠴᠠᠬᠤ ᠮᠢᠨᠢ!》 ᠭᠡᠵᠦ ᠥᠭᠡᠯᠦᠯᠭᠡ ᠨᠣᠶᠠᠨ ᠠᠷᠤ ᠬᠢᠶᠠᠭᠲᠤ ᠠ᠋ᠴᠠ ᠬᠦᠷᠭᠡᠵᠦ ᠢᠷᠡᠭᠰᠡᠨ ᠳᠥᠷᠪᠡᠨ ᠳᠤᠭᠤᠢ ᠲᠠᠢ ᠲᠡᠷᠭᠡᠨ ᠡᠴᠡ ᠡᠰᠡ ᠪᠠᠭᠤᠪᠠ᠃ ᠮᠣᠩᠭᠣᠯ ᠵᠠᠩᠭᠢ ᠠᠷᠭᠠᠳᠠᠨ ᠲᠠᠢᠳᠬᠤᠷᠠᠭᠤᠯᠵᠤ ᠬᠢᠶᠠᠭᠲᠤ ᠶ᠋ᠢᠨ ᠵᠡᠭᠦᠨ ᠡᠮᠦᠨᠡᠬᠢ ᠬᠢᠯᠠᠭᠠᠨ ᠨᠠᠭᠤᠷ ᠬᠡᠮᠡᠬᠦ ᠭᠠᠵᠠᠷ᠂ ᠳᠡᠭᠡᠷ᠎ᠡ ᠴᠠᠭ ᠲᠤ ᠮᠠᠨᠵᠤ ᠲᠦᠰᠢᠮᠡᠯ ᠦ᠋ᠨ ᠵᠤᠨ ᠤ᠋ ᠵᠤᠭᠠᠯᠭ᠎ᠠ ᠳ᠋ᠤ᠌ ᠵᠣᠷᠢᠭᠤᠯᠤᠭᠳᠠᠨ ᠪᠠᠢᠭᠤᠯᠤᠭᠳᠠᠭᠰᠠᠨ ᠰᠢ ᠶ᠋ᠢᠨ ᠲᠣᠮᠣ ᠪᠠᠢᠰᠢᠩ ᠳ᠋ᠤ᠌ ᠠᠪᠠᠴᠢᠨ ᠪᠠᠭᠤᠯᠭᠠᠵᠠᠢ᠃  

           ᠦᠰᠦᠭ ᠠᠮᠢᠯᠠᠭᠤᠯᠤᠭᠰᠠᠨ ᠨᠢ᠄  ᠭᠠᠷᠮ᠎ᠠ