ᠮᠣᠩᠭᠣᠯ ᠭᠡᠷ-ᠮ ᠬᠠᠰᠰᠣᠳᠣ- ᠬᠡᠦᠬᠡᠳ ᠦᠨ ᠰᠢᠯᠦᠭМонгол гэр-м хасст-хүүхдийн шүлэг
ᠮᠣᠩᠭᠣᠯ ᠬᠡᠷ
ᠮ᠊ ᠬᠠᠰᠰᠤᠳᠤ
ᠲᠡᠭᠷᠢ ᠶ᠋ᠢᠨ
ᠬᠢᠵᠠᠭᠠᠷ ᠡᠴᠡ ᠬᠠᠷᠠᠬᠣ ᠳᠦ
ᠲᠡᠷᠭᠡᠯ ᠰᠠᠷ᠎ᠠ ᠰᠢᠭ᠋ ᠲᠤᠭᠤᠢ
ᠲᠡᠷᠳᠡᠬᠡ ᠬᠤᠯᠠ
ᠨᠡᠭᠦᠭᠦ ᠳᠦ
ᠲᠡᠮᠡᠭᠡᠨ ᠳᠦ
ᠬᠦᠩᠬᠡᠨ
ᠠᠴᠢᠶᠠ᠋
ᠨᠡᠭᠦᠳᠡᠯᠴᠢ
ᠮᠣᠩᠭᠣᠯ ᠊ᠤᠨ ᠬᠡᠷ
ᠨᠡᠭᠦᠭᠦ ᠳᠦ
ᠡᠶ᠋ᠢᠮᠥ ᠲᠥᠭᠥᠮᠬᠡᠨ ᠃
ᠲᠤᠭᠤᠨᠤ ᠬᠥᠯᠳᠥᠷᠭᠡ
ᠳᠡᠭᠡᠪᠦᠷ
ᠲᠤᠭᠤᠷᠭ᠎ᠠ ᠬᠠᠨ᠎ᠠ ᠣᠨᠢ
ᠬᠠᠭᠠᠯᠭ᠎ᠠ
ᠪᠦᠰᠡᠯᠡᠭᠦᠷ ᠪᠥᠴᠡ
ᠬᠠᠶᠠᠭ᠎ᠠ
ᠴᠢᠭ᠍ᠳᠠᠭᠠ ᠣᠭᠤᠰᠤᠷ
ᠤᠳᠤᠮᠳᠤ ᠮᠣᠩᠭᠣᠯ
᠊ᠤᠨ ᠬᠡᠷ
ᠣᠬᠰᠠᠷᠠᠬᠤ ᠳᠦ
ᠡᠶ᠋ᠢᠮᠥ ᠠᠮᠠᠷᠬᠠᠨ
ᠭᠠᠯᠵᠠᠭᠤ ᠲᠤᠬᠰᠢᠨ
ᠰᠠᠯᠬᠢᠨ ᠳᠦ
ᠭᠠᠩᠬᠤᠬᠤ ᠥᠭᠡᠢ
ᠪᠥᠬᠡ
ᠭᠠᠵᠠᠷ ᠬᠥᠳᠡᠯᠵᠥ
ᠨᠤᠷᠠᠬᠣ ᠳᠦ
ᠠᠶᠤᠬᠤ ᠴᠤ᠌ ᠥᠭᠡᠢ
ᠡᠩᠬᠡ
ᠤᠬᠠᠭᠠᠨᠳᠣ
ᠮᠣᠩᠭᠣᠯ ᠊ᠤᠨ ᠬᠡᠷ
ᠤᠷᠤᠰᠢᠬᠣ ᠳᠦ
ᠡᠶ᠋ᠢᠮᠥ ᠲᠠᠶ᠋ᠢᠪᠤᠩ
ᠬᠠᠯᠠᠭᠤᠨ ᠵᠣᠨ ᠊ᠤ
ᠴᠠᠭ
ᠰᠡᠷ ᠰᠡᠷ
ᠰᠡᠷᠢᠭᠦᠬᠡᠨ
ᠬᠠᠬᠢᠷ ᠡᠪᠤᠯ ᠊ᠤᠨ
ᠬᠦᠢᠲᠡᠨ ᠳᠦ
ᠨᠢᠯ ᠨᠢᠯ
ᠬᠠᠯᠠᠭᠣᠬᠠᠨ
ᠠᠭᠣᠣ ᠮᠣᠩᠭᠣᠯ
᠊ᠤᠨ ᠬᠡᠷ
ᠠᠮᠢᠳᠣᠷᠠᠬᠣ ᠳᠦ ᠡᠶ᠋ᠢᠮᠥ ᠠᠮᠤᠭᠤᠯᠠᠩ
