ᠵᠠᠯᠠᠭᠤ ᠨᠠᠰᠤ -ᠭᠦᠩᠭᠠᠷZaluu nas– GüngarЗалуу нас– Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠯᠠᠭᠤ ᠨᠠᠰᠤ -ᠭᠦᠩᠭᠠᠷZaluu nas– GüngarЗалуу нас– Гүнгар

ᠵᠠᠯᠠᠭᠤ ᠨᠠᠰᠤ -ᠭᠦᠩᠭᠠᠷZaluu nas– GüngarЗалуу нас– Гүнгар

2026-02-05

1668

ᠵᠠᠯᠠᠭᠤ ᠨᠠᠰᠤ


           ᠵᠣᠬᠢᠶᠠᠭᠴᠢ᠄ ᠭᠦᠩᠭᠠᠷ 
           ᠤᠶᠠᠩᠭᠠᠯᠠᠭᠴᠢ᠄ ᠰᠡᠳᠮᠠᠨᠢ 

ᠵᠠᠯᠠᠭᠤ ᠨᠠᠰᠤ ᠭᠡᠵᠦ —
   ᠡᠷᠳᠡᠮ ᠮᠡᠳᠡᠯᠭᠡ ᠶ᠋ᠢ ᠡᠵᠡᠮᠰᠢᠬᠦ ᠴᠠᠭ 
   ᠡᠷᠢᠯ ᠬᠦᠰᠡᠯ ᠢ᠋ ᠬᠠᠢᠬᠤ ᠴᠠᠭ 
   ᠢᠲᠡᠭᠡᠯ ᠪᠢᠰᠢᠷᠡᠯ ᠢ᠋ ᠣᠯᠬᠤ ᠴᠠᠭ 
   ᠢᠳᠡ ᠬᠦᠴᠦ ᠶ᠋ᠢ ᠪᠦᠷᠢᠳᠦᠭᠦᠯᠬᠦ ᠴᠠᠭ!

ᠵᠠᠯᠠᠭᠤ ᠨᠠᠰᠤ ᠭᠡᠵᠦ —
   ᠵᠢᠷᠭᠠᠯ ᠤ᠋ᠨ ᠡᠭᠦᠳᠡ ᠶ᠋ᠢ ᠨᠡᠭᠡᠭᠡᠬᠦ ᠡᠷᠢᠨ  
   ᠵᠢᠷᠦᠬᠡᠨ ᠲᠠᠮᠢᠷ ᠢ᠋ᠶ᠋ᠠᠨ ᠳᠠᠪᠲᠠᠬᠤ ᠡᠷᠢᠨ 
   ᠵᠣᠷᠢᠭ ᠲᠠᠢ ᠣᠷᠣᠭᠰᠢ ᠲᠡᠮᠡᠦᠯᠬᠦ ᠡᠷᠢᠨ 
   ᠵᠣᠯᠪᠣᠭᠠᠲᠤ ᠬᠡᠢᠮᠣᠷᠢ ᠪᠠᠨ ᠮᠠᠨᠳᠤᠭᠤᠯᠬᠤ ᠡᠷᠢᠨ 

ᠵᠠᠯᠠᠭᠤ ᠨᠠᠰᠤ ᠭᠡᠵᠦ —
   ᠡᠬᠡ ᠶ᠋ᠢᠨ ᠬᠠᠢᠷ᠎ᠠ ᠶ᠋ᠢ ᠮᠡᠳᠡᠷᠡᠬᠦ ᠮᠥᠴᠡ
   ᠡᠯᠳᠡᠪ ᠦ᠋ᠨ ᠰᠢᠯᠭᠠᠯᠲᠠ ᠶ᠋ᠢ ᠲᠤᠭᠤᠯᠬᠤ ᠮᠥᠴᠡ
   ᠡᠶ᠎ᠡ ᠨᠠᠢᠷ ᠢ᠋ ᠪᠣᠳᠣᠬᠤ ᠮᠥᠴᠡ
   ᠡᠰᠡᠨᠢᠯ ᠬᠥᠭᠵᠢᠯ ᠢ᠋ ᠡᠵᠡᠮᠳᠡᠬᠦ ᠮᠥᠴᠡ!

ᠵᠠᠯᠠᠭᠤ ᠨᠠᠰᠤ ᠭᠡᠵᠦ —
   ᠮᠡᠳᠡᠯᠭᠡ ᠪᠡᠷ ᠪᠡᠶ᠎ᠡ ᠪᠡᠨ ᠴᠡᠨᠡᠭᠯᠡᠬᠦ ᠦᠶ᠎ᠡ
   ᠮᠡᠷᠡᠢᠬᠦ ᠪᠡᠷ ᠠᠯᠢᠪᠠ ᠶ᠋ᠢ ᠪᠦᠲᠦᠭᠡᠬᠦ ᠦᠶ᠎ᠡ
   ᠮᠤᠨᠳᠠᠭ ᠤᠬᠠᠭᠠᠨ ᠢ᠋ᠶ᠋ᠠᠨ ᠬᠤᠷᠴᠠᠯᠠᠬᠤ ᠦᠶ᠎ᠡ
   ᠮᠣᠷᠠᠯ ᠢ᠋ᠶ᠋ᠠᠷ ᠪᠡᠶ᠎ᠡ ᠪᠡᠨ ᠴᠢᠮᠡᠬᠦ ᠦᠶ᠎ᠡ!

ᠵᠠᠯᠠᠭᠤ ᠨᠠᠰᠤ ᠭᠡᠵᠦ —
   ᠰᠢᠲᠠᠪᠠᠯ ᠤᠨᠲᠠᠷᠠᠳᠠᠭ ᠦᠭᠡᠢ ᠭᠠᠯ ᠨᠠᠰᠤ
   ᠰᠢᠮᠳᠠᠪᠠᠯ ᠮᠣᠬᠣᠳᠠᠭ ᠦᠭᠡᠢ ᠬᠠᠲᠠᠭᠤ ᠨᠠᠰᠤ
   ᠡᠷᠢᠭᠡᠳ ᠣᠯᠳᠠᠭ ᠦᠭᠡᠢ ᠬᠣᠪᠣᠷᠬᠠᠨ ᠨᠠᠰᠤ
   ᠡᠷᠭᠢᠭᠡᠳ ᠢᠷᠡᠳᠡᠭ ᠦᠭᠡᠢ ᠬᠠᠢᠷᠠᠨ ᠨᠠᠰᠤ ᠠ᠋!

ᠵᠠᠯᠠᠭᠤ ᠨᠠᠰᠤ ᠭᠡᠵᠦ —
   ᠴᠡᠴᠡᠭ ᠢ᠋ᠶ᠋ᠡᠷ ᠵᠦᠢᠷᠯᠡᠰᠢ ᠦᠭᠡᠢ ᠭᠣᠶᠣ ᠶ᠋ᠢᠨ ᠭᠣᠶᠣ
   ᠴᠠᠳᠢᠭ ᠲᠤ᠌ ᠭᠣᠯᠣᠭᠳᠠᠰᠢ ᠦᠭᠡᠢ ᠪᠦᠲᠦᠭᠡᠯ ᠦ᠋ᠨ ᠡᠬᠢ
   ᠴᠠᠭ ᠢ᠋ᠶ᠋ᠠᠷ ᠬᠡᠮᠵᠢᠶᠡᠯᠡᠰᠢ ᠦᠭᠡᠢ ᠣᠨᠳᠣᠷᠣᠯ ᠤ᠋ᠨ ᠬᠦᠴᠦᠨ
   ᠴᠠᠰᠤ ᠪᠠᠷ ᠦᠯᠢᠳᠬᠡᠰᠢ ᠦᠭᠡᠢ ᠴᠠᠭᠠᠨ ᠤ᠋ ᠴᠠᠭᠠᠨ

ᠵᠠᠯᠠᠭᠤ ᠨᠠᠰᠤ ᠭᠡᠵᠦ —
   ᠥᠷᠭᠡᠨ ᠬᠠᠩᠭᠠᠢ ᠳ᠋ᠠᠬᠢ ᠴᠡᠴᠡᠭ ᠦ᠋ᠨ ᠳᠡᠯᠪᠢ
   ᠦᠶᠡᠷᠬᠡᠵᠦ ᠳᠠᠰᠤᠯᠴᠠᠬᠤ ᠨᠠᠰᠤᠨ ᠤ᠋ ᠲᠠᠯᠠᠰᠲᠤ
   ᠦᠨᠡᠨᠴᠢᠬᠡᠨ ᠬᠠᠢᠷ᠎ᠠ ᠶ᠋ᠢᠨ ᠤᠤᠭᠠᠯ ᠪᠣᠳᠣᠯ
   ᠥᠭᠡᠳᠡ ᠮᠠᠴᠤᠬᠤ ᠶ᠋ᠢᠨ ᠠᠯᠲᠠᠨ ᠳᠥᠷᠥᠭᠡ!

ᠵᠠᠯᠠᠭᠤ ᠨᠠᠰᠤ ᠭᠡᠵᠦ —
   ᠬᠠᠨ ᠠ᠋ᠴᠠ ᠪᠠᠭᠤᠬᠤ ᠪᠣᠯᠣᠷ ᠬᠦᠷᠬᠢᠷ᠎ᠡ
   ᠬᠠᠷᠠᠭ᠎ᠠ ᠲᠡᠯᠡᠬᠦ ᠠᠭᠤᠳᠠᠮ ᠣᠷᠴᠢᠯᠠᠩ
   ᠬᠠᠢᠷ᠎ᠠ ᠬᠦᠨᠳᠦᠳᠬᠡᠯ ᠦ᠋ᠨ ᠣᠩᠭᠣᠨ ᠪᠠᠢᠭᠠᠯᠢ
   ᠬᠠᠯᠠᠭᠤᠬᠠᠨ ᠢᠯᠴᠢᠲᠦ ᠬᠠᠪᠤᠷ ᠤ᠋ᠨ ᠤᠷᠢᠨ!

ᠵᠠᠯᠠᠭᠤ ᠨᠠᠰᠤ ᠭᠡᠵᠦ —
   ᠲᠤᠯᠭᠠᠨ ᠳ᠋ᠤ᠌ ᠳᠦᠷᠡᠯᠵᠡᠬᠦ ᠭᠠᠯ ᠤ᠋ᠨ ᠳᠥᠯᠥ
   ᠲᠤᠯᠭᠠᠭᠤᠷᠢᠯᠠᠵᠤ ᠪᠣᠰᠬᠤ ᠠᠰᠬ᠎ᠠ ᠶ᠋ᠢᠨ ᠥᠨᠳᠥᠷ
   ᠲᠤᠩᠭᠠᠯᠠᠭ ᠢ᠋ᠶ᠋ᠠᠷ ᠠᠨᠢᠪᠠᠯᠵᠠᠬᠤ ᠣᠳᠣᠳ ᠤ᠋ᠨ ᠭᠢᠯᠪᠠᠭ᠎ᠠ
   ᠲᠤᠨᠤᠷᠠᠵᠤ ᠭᠠᠷᠬᠤ ᠥᠷᠯᠥᠭᠡ ᠶ᠋ᠢᠨ ᠨᠠᠷᠠᠨ!

ᠵᠠᠯᠠᠭᠤ ᠨᠠᠰᠤ ᠭᠡᠵᠦ —
   ᠬᠥᠮᠦᠨ ᠦ᠌ ᠠᠮᠢᠳᠤᠷᠠᠯ ᠤ᠋ᠨ ᠭᠠᠯ ᠤ᠋ᠨ ᠭᠠᠯ
   ᠬᠦᠰᠡᠯ ᠮᠥᠷᠥᠭᠡᠳᠦᠯ ᠦ᠋ᠨ ᠴᠣᠭ ᠤ᠋ᠨ ᠴᠣᠭ
   ᠬᠥᠮᠦᠵᠢᠯ ᠬᠦᠷᠲᠡᠭᠡᠯ ᠦ᠋ᠨ ᠡᠷᠬᠢᠮ ᠦ᠋ᠨ ᠡᠷᠬᠢᠮ
   ᠬᠦᠪᠦᠷᠡᠬᠦ ᠨᠤᠯᠤ ᠶ᠋ᠢᠨ ᠦᠨᠳᠦᠰᠦ ᠶ᠋ᠢᠨ ᠦᠨᠳᠦᠰᠦ ᠠ᠋!

      ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
      ᠬᠢᠨᠠᠭᠴᠢ᠄ ᠭᠦᠩᠭᠠᠷ