ᠰᠠᠪᠠ ᠶ᠋ᠢᠨ ᠭᠤᠷᠪᠠᠨ ᠭᠡᠮSavyn guravan gemСавын гураван гэм ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠪᠠ ᠶ᠋ᠢᠨ ᠭᠤᠷᠪᠠᠨ ᠭᠡᠮSavyn guravan gemСавын гураван гэм

ᠰᠠᠪᠠ ᠶ᠋ᠢᠨ ᠭᠤᠷᠪᠠᠨ ᠭᠡᠮSavyn guravan gemСавын гураван гэм

2026-02-05

268


     ᠰᠠᠪᠠ ᠶ᠋ᠢᠨ ᠭᠤᠷᠪᠠᠨ ᠭᠡᠮ ᠭᠡᠳᠡᠭ ᠪᠣᠯ ᠴᠣᠭᠣᠷᠠᠩᠬᠠᠢ ᠰᠠᠪᠠ᠂ ᠪᠢᠲᠡᠭᠦᠦ ᠰᠠᠪᠠ᠂ ᠪᠤᠵᠠᠷ ᠰᠠᠪᠠ ᠶ᠋ᠢ ᠬᠡᠯᠡᠳᠡᠭ᠃    
     ᠴᠣᠭᠣᠷᠠᠩᠬᠠᠢ ᠰᠠᠪᠠ ᠭᠡᠳᠡᠭ ᠨᠢ ᠬᠡᠷᠪᠡ ᠨᠢᠭᠡᠨ ᠴᠣᠭᠣᠷᠠᠩᠬᠠᠢ ᠯᠣᠩᠬᠣ ᠪᠤᠶᠤ ᠰᠠᠪᠠ ᠳᠣᠲᠣᠷ᠎ᠠ ᠲᠤᠩᠭᠠᠯᠠᠭ ᠷᠠᠰᠢᠶᠠᠨ ᠤᠰᠤ ᠶ᠋ᠢ ᠬᠡᠴᠢᠨᠡᠭᠡᠨ ᠬᠢᠪᠡᠴᠦ ᠭᠣᠭᠣᠵᠢᠨ ᠭᠠᠷᠴᠤ ᠥᠴᠦᠬᠡᠨ ᠴᠦ᠍ ᠦᠯᠡᠳᠡᠳᠡᠭ ᠦᠭᠡᠢ ᠲᠡᠢ ᠠᠳᠠᠯᠢ ᠪᠠᠷ ᠮᠠᠷᠲᠠᠮᠠᠭᠠᠢ ᠬᠥᠮᠦᠰ ᠲᠦ᠍ ᠬᠡᠴᠢᠨᠡᠭᠡᠨ ᠣᠯᠠᠨ ᠨᠣᠮ ᠢ᠋ ᠨᠣᠮᠯᠠᠪᠠᠴᠤ ᠰᠡᠳᠬᠢᠯ ᠦ᠋ᠨ ᠴᠣᠭᠣᠷᠠᠩᠬᠠᠢ ᠪᠠᠷ ᠨᠢ ᠭᠣᠭᠣᠵᠢᠨ ᠮᠠᠷᠲᠠᠵᠤ ᠣᠷᠬᠢᠳᠠᠭ ᠪᠣᠯᠬᠣᠷ ᠬᠦᠴᠦ ᠪᠡᠨ ᠲᠠᠯᠠᠭᠠᠷ ᠦᠷᠡᠭᠳᠡᠭᠦᠯᠳᠡᠭ ᠶᠦᠮ᠃ ᠲᠡᠢᠮᠦ ᠡᠴᠡ ᠤᠷᠢᠳ ᠢ᠋ᠶ᠋ᠠᠷ ᠮᠠᠷᠲᠠᠮᠠᠭᠠᠢ ᠭᠡᠮ ᠢ᠋ ᠨᠢ ᠵᠠᠰᠠᠭᠠᠳ ᠰᠠᠶᠢ ᠡᠷᠬᠢᠮ ᠨᠣᠮᠯᠠᠯ ᠤ᠋ᠨ ᠰᠠᠢᠨ ᠷᠠᠰᠢᠶᠠᠨ ᠢ᠋ᠶ᠋ᠠᠷ ᠰᠡᠳᠬᠢᠯ ᠢ᠋ ᠨᠢ ᠪᠢᠯᠬᠠᠭᠤᠯᠤᠭᠲᠤᠨ ᠭᠡᠳᠡᠭ ᠶᠦᠮ᠃
     ᠪᠢᠲᠡᠭᠦᠦ ᠰᠠᠪᠠ ᠭᠡᠳᠡᠭ ᠨᠢ ᠬᠥᠮᠥᠷᠢᠵᠦ ᠲᠠᠯᠪᠢᠭᠰᠠᠨ ᠪᠤᠶᠤ ᠠᠮᠠᠰᠠᠷ ᠨᠢ ᠪᠢᠲᠡᠭᠦᠦ ᠯᠣᠩᠬᠣ ᠰᠠᠪᠠᠨ ᠳ᠋ᠤ᠌ ᠲᠤᠩᠭᠠᠯᠠᠭ ᠠᠷᠢᠭᠤᠨ ᠷᠠᠰᠢᠶᠠᠨ ᠤᠰᠤ ᠶ᠋ᠢ ᠬᠡᠴᠢᠨᠡᠭᠡᠨ ᠴᠢᠳᠬᠤᠪᠠᠴᠤ ᠳᠣᠲᠣᠷ᠎ᠠ ᠨᠢ ᠨᠢᠭᠡ ᠳᠤᠰᠤᠯ ᠴᠤ᠌ ᠣᠷᠣᠬᠤ ᠦᠭᠡᠢ ᠲᠡᠢ ᠠᠳᠠᠯᠢ ᠪᠠᠷ ᠪᠤᠷᠤᠭᠤ ᠰᠡᠳᠬᠢᠯ ᠲᠡᠢ ᠬᠥᠮᠦᠰ ᠲᠦ᠍ ᠲᠤᠰᠠ ᠲᠠᠢ ᠦᠭᠡ ᠳᠡᠭᠡᠳᠦ ᠨᠣᠮ ᠢ᠋ ᠬᠡᠴᠢᠨᠡᠭᠡᠨ ᠣᠯᠠᠨ ᠨᠣᠮᠯᠠᠭᠰᠠᠨ ᠴᠤ᠌ ᠥᠴᠦᠬᠡᠨ ᠴᠦ᠍ ᠠᠪᠬᠤ ᠦᠭᠡᠢ ᠲᠤᠯᠠ ᠤᠷᠢᠳ ᠢ᠋ᠶ᠋ᠠᠷ ᠵᠥᠪ ᠰᠡᠳᠬᠢᠯ ᠲᠡᠢ ᠪᠣᠯᠭᠠᠭᠠᠳ ᠨᠣᠮ ᠢ᠋ ᠠᠮᠲᠠᠯᠠᠭᠤᠯ ᠭᠡᠳᠡᠭ ᠶᠦᠮ᠃
     ᠪᠤᠵᠠᠷ ᠰᠠᠪᠠ ᠭᠡᠳᠡᠭ ᠨᠢ ᠶᠠᠮᠠᠷᠪᠠ ᠨᠢᠭᠡᠨ ᠯᠣᠩᠬᠣ ᠪᠤᠶᠤ ᠰᠠᠪᠠ ᠶ᠋ᠢᠨ ᠳᠣᠲᠣᠷ᠎ᠠ ᠦᠮᠡᠬᠡᠢᠷᠡᠭᠰᠡᠨ ᠪᠤᠵᠠᠷ ᠶᠠᠭᠤᠮ᠎ᠠ ᠪᠠᠢᠪᠠᠯ ᠠᠷᠢᠭᠤᠨ ᠴᠡᠪᠡᠷ ᠷᠠᠰᠢᠶᠠᠨ ᠤᠰᠤᠨ ᠢ᠋ ᠬᠢᠭᠰᠡᠭᠡᠷ ᠳᠠᠷᠤᠢ ᠪᠤᠵᠠᠷ ᠪᠣᠯᠵᠤ᠂ ᠲᠡᠷᠡ ᠬᠦ᠌ ᠷᠠᠰᠢᠶᠠᠨ ᠢ᠋ ᠬᠡᠷᠡᠭᠯᠡᠬᠦ ᠶ᠋ᠢᠨ ᠠᠷᠭ᠎ᠠ ᠦᠭᠡᠢ ᠪᠠᠢᠳᠠᠭ ᠲᠠᠢ ᠠᠳᠠᠯᠢ ᠪᠠᠷ ᠰᠠᠨᠠᠭ᠎ᠠ ᠮᠠᠭᠤ ᠬᠥᠮᠦᠨ ᠳ᠋ᠦ᠍ ᠲᠤᠰᠠ ᠲᠠᠢ ᠰᠠᠢᠨ ᠦᠭᠡ ᠪᠤᠶᠤ ᠳᠡᠭᠡᠳᠦ ᠨᠣᠮ ᠢ᠋ ᠨᠣᠮᠯᠠᠪᠠᠰᠤ ᠮᠠᠭᠤ ᠤᠬᠠᠭᠠᠨ ᠨᠢ ᠤᠯᠠᠮ ᠨᠡᠮᠡᠭᠳᠡᠳᠡᠭ ᠲᠤᠯᠠ ᠤᠷᠢᠳ ᠢ᠋ᠶ᠋ᠠᠷ ᠰᠠᠢᠨ ᠰᠠᠨᠠᠭ᠎ᠠ ᠲᠠᠢ ᠪᠣᠯᠭᠠᠵᠤ ᠪᠠᠢᠭᠠᠳ ᠨᠣᠮ ᠢ᠋ᠶ᠋ᠠᠷ ᠬᠠᠨᠤᠭᠠᠬᠤ ᠠᠨᠤ ᠴᠢᠬᠤᠯᠠ ᠭᠡᠰᠡᠨ ᠪᠣᠯᠠᠢ᠃ ᠡᠢᠮᠦ ᠡᠴᠡ ᠬᠡᠨ ᠨᠢᠭᠡᠨ ᠨᠣᠮ ᠢ᠋ ᠨᠣᠮᠯᠠᠬᠤ ᠳ᠋ᠠᠭᠠᠨ ᠡᠳᠡᠭᠡᠷ ᠭᠤᠷᠪᠠᠨ ᠵᠦᠢᠯ ᠦ᠋ᠨ ᠭᠡᠮᠲᠦ ᠰᠠᠪᠠ ᠶ᠋ᠢ ᠵᠠᠰᠠᠬᠤ ᠨᠢ ᠮᠠᠰᠢ ᠴᠢᠬᠤᠯᠠ ᠪᠠᠢᠳᠠᠭ᠃
     ᠢᠷᠡᠯᠲᠡ᠄《 ᠮᠣᠩᠭᠣᠯ ᠤ᠋ᠨ ᠪᠤᠷᠬᠠᠨ ᠤ᠋ ᠱᠠᠰᠢᠨ( ᠳᠡᠭᠡᠳᠦ ᠳᠡᠪᠲᠡᠷ) 》᠂ ᠪᠠᠶᠠᠨᠰᠠᠩ ᠨᠠᠢᠷᠠᠭᠤᠯᠪᠠ᠃ ᠥᠪᠥᠢ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2008 ᠣᠨ᠃

    ᠦᠰᠦᠭ ᠠᠮᠢᠯᠠᠭᠤᠯᠤᠭᠴᠢ᠄ ᠠᠯᠲᠠᠨᠨᠠᠪᠴᠢ
    ᠬᠢᠨᠠᠭᠴᠢ᠄ ᠣᠳᠬᠠᠨᠰᠣ᠎ᠠ