ᠵᠠᠯᠬᠠᠭᠤ ᠵᠧᠺ Zalkhuu JyekЗалхуу Жек
ᠵᠠᠯᠬᠠᠭᠤ ᠵᠧᠺ
ᠠᠩᠭ᠌ᠯᠢ ᠠᠷᠠᠳ ᠤ᠋ᠨ ᠦᠯᠢᠭᠡᠷ
ᠡᠷᠲᠡ ᠤᠷᠢᠳᠤ ᠴᠠᠭ ᠲᠤ᠌ ᠵᠸᠺ ᠭᠡᠳᠡᠭ ᠨᠢᠭᠡᠨ ᠬᠠᠷ᠎ᠠ ᠬᠦᠦ ᠬᠥᠭᠰᠢᠨ ᠡᠵᠢ ᠶ᠋ᠢᠨ ᠢ᠋ᠶ᠋ᠡᠨ ᠬᠠᠮᠲᠤ ᠠᠮᠢᠳᠤᠷᠠᠨ ᠰᠠᠭᠤᠳᠠᠭ ᠪᠠᠢᠵᠠᠢ᠃ ᠡᠮᠡᠭᠡᠨ ᠡᠵᠢ ᠨᠢ ᠪᠤᠰᠤᠳ ᠲᠤ᠌ ᠶᠠᠭᠤᠮ᠎ᠠ ᠨᠡᠬᠡᠵᠦ ᠥᠭᠳᠡᠭ ᠪᠣᠯᠪᠠᠴᠤ ᠲᠡᠭᠦᠨ ᠡᠴᠡ ᠬᠡᠴᠦᠨᠡᠬᠡᠨ ᠴᠥ᠍ ᠣᠷᠣᠯᠭ᠎ᠠ ᠣᠯᠬᠤ ᠪᠢᠯᠡ ᠳ᠋ᠠ᠃ ᠵᠸᠺ ᠬᠦᠦ ᠶᠠᠭᠤ ᠴᠤ᠌ ᠬᠢᠳᠡᠭ ᠦᠭᠡᠢ ᠰᠠᠭᠤᠵᠤ᠂ ᠵᠤᠨ ᠤ᠋ ᠴᠠᠭ ᠲᠤ᠌ ᠨᠢᠯᠬ᠎ᠠ ᠬᠡᠦᠬᠡᠳ ᠰᠢᠭ᠌ ᠭᠠᠳᠠᠭ᠎ᠠ ᠨᠡᠷᠡᠯᠡᠵᠦ᠂ ᠡᠪᠦᠯ ᠦ᠋ᠨ ᠬᠦᠢᠲᠡᠨ ᠳ᠋ᠦ᠍ ᠭᠠᠯ ᠤ᠋ᠨ ᠵᠠᠬ᠎ᠠ ᠠ᠋ᠴᠠ ᠰᠠᠯᠳᠠᠭ ᠦᠭᠡᠢ ᠶᠤᠮᠰᠠᠨᠵᠠᠢ᠃
ᠲᠡᠭᠡᠭᠡᠳ ᠬᠥᠮᠦᠰ ᠲᠡᠭᠦᠨ ᠢ᠋ ᠵᠠᠯᠬᠠᠭᠤ ᠵᠸᠺ ᠭᠡᠳᠡᠭ ᠪᠣᠯᠵᠠᠢ᠃ ᠡᠵᠢ ᠨᠢ ᠬᠦᠦ ᠪᠡᠨ ᠠᠵᠢᠯ ᠰᠤᠷᠭᠠᠬᠤ ᠭᠡᠵᠦ ᠡᠯᠳᠡᠪ ᠢ᠋ᠶ᠋ᠡᠷ ᠣᠷᠣᠯᠳᠣᠭᠠᠳ ᠲᠤᠩ ᠴᠤ᠌ ᠳᠡᠢᠯᠳᠡᠭ ᠦᠭᠡᠢ ᠪᠠᠢᠵᠠᠢ᠃ ᠨᠢᠭᠡ ᠤᠳᠠᠭ᠎ᠠ ᠡᠬᠡ ᠨᠢ ᠠᠵᠢᠯ ᠬᠢᠵᠦ ᠠᠮᠢ ᠪᠠᠨ ᠲᠡᠵᠢᠭᠡᠬᠦ ᠦᠭᠡᠢ ᠪᠣᠯ ᠴᠢᠮ᠎ᠠ ᠶ᠋ᠢ ᠭᠡᠷ ᠡᠴᠡ ᠪᠡᠨ ᠬᠥᠭᠡᠭᠡᠨ᠎ᠡ ᠰᠢᠦ! ᠶᠠᠭᠠᠬᠢᠵᠤ ᠠᠮᠢᠳᠤᠷᠠᠬᠤ ᠪᠠᠨ ᠪᠣᠳᠣᠭᠠᠷᠠᠢ ᠭᠡᠵᠦ ᠭᠡᠨ᠎ᠡ᠃ ᠵᠸᠺ ᠮᠠᠷᠭᠠᠰᠢ ᠨᠢ ᠰᠠᠭᠭᠠᠯᠲᠠ ᠶ᠋ᠢᠨ ᠢ᠋ᠶ᠋ᠡᠨ ᠨᠢᠭᠡ ᠪᠠᠶᠠᠨ ᠠᠢᠯ ᠳ᠋ᠤ᠌ ᠠᠵᠢᠯ ᠬᠢᠵᠦ ᠬᠡᠳᠦᠨ ᠮᠥᠩᠭᠥ ᠣᠯᠵᠠᠢ᠃ ᠲᠡᠭᠡᠭᠡᠳ ᠬᠠᠷᠢᠬᠤ ᠵᠠᠮ ᠳ᠋ᠠᠭᠠᠨ ᠭᠣᠷᠣᠬ᠎ᠠ ᠭᠠᠲᠤᠯᠵᠤ ᠶᠠᠪᠤᠭᠠᠳ ᠨᠥᠭᠦᠭᠡ ᠮᠥᠩᠭᠥ ᠪᠡᠨ ᠤᠰᠤᠨ ᠳ᠋ᠤ᠌ ᠤᠨᠠᠭᠠᠴᠢᠬᠠᠵᠠᠢ᠃ ᠵᠠᠯᠤᠯ ᠵᠸᠺ ᠠᠮᠢᠳᠤᠷᠠᠯ ᠳ᠋ᠤ᠌ ᠪᠠᠨ ᠮᠥᠩᠭᠥ ᠠᠪᠴᠤ ᠶᠠᠪᠤᠵᠤ ᠦᠵᠡᠭᠡ ᠦᠭᠡᠢ ᠳ᠋ᠦ᠍ ᠪᠡᠨ ᠲᠡᠷᠡ ᠰᠢᠦ ᠳ᠋ᠠ᠃
— ᠠᠢ ᠥᠯᠵᠡᠢ ᠪᠤᠰᠤ ᠭᠡᠵᠦ ᠮᠥᠩᠭᠥ ᠶ᠋ᠢ ᠪᠠᠷᠢᠵᠤ ᠶᠠᠪᠤᠳᠠᠭ ᠦᠭᠡᠢ ᠶᠤᠮ᠂ ᠬᠠᠳᠠᠭᠠᠰᠤᠨ ᠳ᠋ᠤ᠌ ᠪᠠᠨ ᠬᠢᠳᠡᠭ ᠶᠤᠮ ᠭᠡᠵᠦ ᠡᠵᠢ ᠨᠢ ᠵᠠᠩᠨᠠᠭᠰᠠᠨ ᠳ᠋ᠤ᠌᠂ ᠵᠸᠺ᠂ ᠵᠠ ᠵᠠ ᠣᠳᠣ ᠲᠡᠭᠦᠨ ᠡᠴᠡ ᠬᠣᠢᠰᠢ ᠬᠠᠳᠠᠭᠠᠰᠤᠨ ᠳ᠋ᠤ᠌ ᠪᠠᠨ ᠬᠢᠵᠦ ᠪᠠᠢᠶ᠎ᠠ ᠭᠡᠵᠡᠢ᠂
ᠨᠥᠭᠥᠭᠡᠳᠦᠷ ᠨᠢ ᠵᠸᠺ ᠨᠢᠭᠡ ᠮᠠᠯᠴᠢᠨ ᠠᠢᠯ ᠳ᠋ᠤ᠌ ᠣᠴᠢᠵᠤ ᠦᠬᠡᠷ ᠬᠠᠷᠢᠭᠤᠯᠵᠠᠢ ᠭᠡᠨ᠎ᠡ᠂ ᠲᠡᠳᠡᠨ ᠦ᠌ ᠬᠥᠯᠥᠰᠥᠨ ᠳ᠋ᠦ᠍ ᠨᠢ ᠳᠣᠩᠪᠣ ᠰᠦ᠋ ᠥᠭᠴᠡᠢ᠃ ᠵᠸᠺ ᠲᠡᠷᠡ ᠰᠦ᠋ ᠶ᠋ᠢ ᠴᠠᠮᠴᠠᠨ ᠤ ᠪᠠᠨ ᠭᠠᠳᠠᠭᠤᠷ ᠬᠠᠳᠠᠭᠠᠰᠤᠨ ᠳ᠋ᠤ᠌ ᠬᠢᠭᠰᠡᠨ ᠳ᠋ᠦ᠍ ᠪᠤᠴᠠᠬᠤ ᠵᠠᠮ ᠤ᠋ᠨ ᠳᠤᠮᠳᠠ ᠴᠤ᠌ ᠬᠦᠷᠦᠭᠡ ᠦᠭᠡᠢ ᠪᠠᠢᠲᠠᠯ᠎ᠠ ᠰᠦ᠋ ᠨᠢ ᠱᠦᠭᠦᠷᠴᠦ ᠭᠣᠭᠣᠵᠢᠭᠠᠳ ᠳᠠᠭᠤᠰᠴᠠᠢ᠃
— ᠠᠢ ᠡᠢᠮᠦ ᠯᠡ ᠳᠣᠩᠪᠣ ᠲᠠᠢ ᠨᠢ ᠲᠣᠯᠣᠭᠠᠢ ᠳᠡᠭᠡᠷ᠎ᠡ ᠪᠡᠨ ᠲᠠᠯᠪᠢᠭᠰᠠᠨ ᠪᠣᠯ ᠬᠠᠮᠢᠭ᠎ᠠ ᠠ᠋ᠴᠠ ᠨᠢ ᠠᠰᠬᠠᠬᠤ ᠪᠣᠢ ᠳ᠋ᠠ ᠭᠡᠵᠦ ᠡᠵᠢ ᠶ᠋ᠢ ᠪᠡᠨ ᠵᠢᠮᠡᠯᠡᠬᠦ ᠳ᠋ᠦ᠍᠂ ᠳᠠᠷᠠᠭ᠎ᠠ ᠪᠠᠷ ᠬᠢᠴᠢᠶᠡᠶ᠎ᠡ ᠭᠡᠵᠡᠢ᠃ ᠴᠠᠭᠠᠳᠤ ᠡᠳᠦᠷ ᠨᠢ ᠵᠸᠺ ᠪᠠᠰᠠ ᠨᠢᠭᠡ ᠠᠢᠯ ᠳ᠋ᠤ᠌ ᠠᠵᠢᠯ ᠬᠢᠵᠦ ᠰᠦᠨ ᠪᠢᠰᠢᠯᠭ᠎ᠠ ᠠᠪᠴᠠᠢ᠃ ᠣᠷᠣᠢ ᠨᠢ ᠵᠸᠺ ᠪᠢᠰᠢᠯᠭ᠎ᠠ ᠪᠠᠨ ᠲᠣᠯᠣᠭᠠᠢ ᠳᠡᠭᠡᠷ᠎ᠡ ᠪᠡᠨ ᠲᠠᠯᠪᠢᠭᠠᠳ᠂ ᠭᠡᠷ ᠥᠭᠡᠳᠡ ᠪᠡᠨ ᠶᠠᠪᠤᠵᠤ ᠭᠡᠨ᠎ᠡ᠃ ᠭᠡᠷ ᠲᠦ᠍ ᠪᠡᠨ ᠢᠷᠡᠭᠡᠳ ᠪᠢᠰᠢᠯᠭ᠎ᠠ ᠪᠠᠨ ᠡᠵᠢ ᠳ᠋ᠦ᠍ ᠪᠡᠨ ᠥᠭᠬᠦ ᠭᠡᠰᠡᠨ ᠴᠢᠨᠢ ᠲᠦᠭᠦᠬᠡᠢ ᠪᠢᠰᠢᠯᠭ᠎ᠠ ᠨᠢ ᠦᠢᠷᠡᠵᠦ ᠤᠨᠠᠭᠠᠳ ᠦᠰᠦ ᠲᠡᠢ ᠨᠢ ᠨᠠᠭᠠᠯᠳᠤᠭᠰᠠᠨ ᠪᠠᠢᠵᠠᠢ᠂
— ᠠᠢ᠂ ᠲᠡᠨᠡᠭ ᠠᠮᠢᠲᠠᠨ ᠭᠠᠷ ᠲᠤ᠌ ᠪᠠᠨ ᠠᠶᠠᠲᠠᠢᠬᠠᠨ ᠪᠠᠷᠢᠭᠠᠳ ᠢᠷᠡᠬᠦ ᠦᠭᠡᠢ ᠶᠤ᠌ ᠳ᠋ᠠ ᠭᠡᠵᠦ ᠡᠵᠢ ᠶ᠋ᠢ ᠪᠡᠨ ᠵᠢᠮᠡᠯᠡᠬᠦ ᠳ᠋ᠦ᠍᠂ ᠵᠠ ᠳᠠᠷᠠᠭ᠎ᠠ ᠪᠠᠷ ᠲᠡᠭᠡᠵᠦ ᠪᠠᠢᠶ᠎ᠠ ᠭᠡᠵᠡᠢ᠃ ᠲᠡᠭᠦᠨ ᠦ᠌ ᠴᠠᠭᠠᠳᠤ ᠡᠳᠦᠷ ᠵᠸᠺ ᠲᠠᠯᠬᠠᠴᠢᠨ ᠠᠢᠯ ᠳ᠋ᠤ᠌ ᠣᠴᠢᠵᠤ ᠠᠵᠢᠯᠯᠠᠭᠠᠳ ᠨᠢᠭᠡ ᠲᠣᠮᠣ ᠮᠤᠤᠷ ᠠᠪᠴᠠᠢ᠃ ᠮᠤᠤᠷ ᠢ᠋ᠶ᠋ᠠᠨ ᠭᠠᠷ ᠳᠡᠭᠡᠷ᠎ᠡ ᠪᠡᠨ ᠲᠠᠯᠪᠢᠭᠠᠳ ᠪᠠᠷᠢᠭᠠᠳ ᠶᠠᠪᠤᠲᠠᠯ᠎ᠠ ᠭᠠᠷ ᠢ᠋ ᠨᠢ ᠮᠠᠭᠠᠵᠢᠭᠰᠠᠨ ᠳ᠋ᠤ᠌ ᠰᠣᠴᠢᠭᠠᠳ ᠠᠯᠳᠠᠴᠢᠬᠠᠪᠠ᠃ ᠵᠸᠺ ᠳᠠᠬᠢᠭᠠᠳ ᠯᠠ ᠭᠡᠷ ᠲᠦ᠍ ᠪᠡᠨ ᠶᠠᠭᠤ ᠴᠥ᠍ ᠦᠭᠡᠢ ᠢᠷᠡᠭᠰᠡᠨ ᠳ᠋ᠦ᠍ ᠡᠵᠢ ᠨᠢ᠂
— ᠡᠷᠡᠭᠦᠦ ᠮᠢᠨᠢ! ᠲᠡᠭᠦᠨ ᠢ᠋ ᠤᠲᠠᠰᠤ ᠪᠠᠷ ᠣᠭᠣᠰᠣᠷᠯᠠᠭᠠᠳ ᠬᠥᠲᠥᠯᠦᠭᠡᠳ ᠢᠷᠡᠬᠦ ᠦᠭᠡᠢ ᠳ᠋ᠠ ᠭᠡᠵᠦ ᠵᠢᠮᠡᠯᠡᠵᠡᠢ᠂ ᠵᠸᠺ ᠡᠭᠦᠨ ᠡᠴᠡ ᠬᠣᠢᠰᠢ ᠲᠡᠭᠡᠵᠦ ᠪᠠᠢᠶ᠎ᠠ ᠭᠡᠵᠡᠢ᠃ ᠳᠠᠷᠠᠭ᠎ᠠ ᠡᠳᠦᠷ ᠨᠢ ᠵᠸᠺ ᠮᠢᠬ᠎ᠠ ᠬᠤᠳᠠᠯᠳᠤᠭᠴᠢ ᠶ᠋ᠢᠨ ᠳ᠋ᠦ᠍ ᠠᠵᠢᠯᠯᠠᠵᠤ᠂ ᠬᠣᠨᠢᠨ ᠤ᠋ ᠭᠤᠶ᠎ᠠ ᠠᠪᠴᠠᠢ᠃ ᠵᠸᠺ ᠮᠢᠬ᠎ᠠ ᠪᠠᠨ ᠣᠭᠣᠰᠣᠷᠯᠠᠵᠤ ᠰᠢᠪᠡᠷ ᠰᠢᠪᠬᠠᠢ ᠳᠤᠮᠳᠠᠭᠤᠷ ᠴᠢᠷᠦᠭᠡᠳ ᠢᠷᠡᠵᠡᠢ᠃ ᠲᠡᠷᠡ ᠮᠢᠬ᠎ᠠ ᠪᠠᠷ ᠶᠠᠭᠠᠬᠢᠵᠤ ᠬᠣᠭᠣᠯᠠ ᠬᠢᠵᠦ ᠢᠳᠡᠬᠦ ᠪᠣᠢ? ᠡᠵᠢ ᠨᠢ ᠭᠠᠶ᠋ᠢᠬᠠᠰᠢ ᠲᠠᠰᠤᠷᠠᠭᠠᠳ᠂ ᠮᠠᠨ ᠤ᠋ ᠳ᠋ᠤ᠌ ᠪᠠᠢᠽᠠᠢ ᠠ᠋ᠴᠠ ᠥᠭᠡᠷ᠎ᠡ ᠬᠣᠭᠣᠯᠠᠨ ᠤ᠋ ᠶᠠᠭᠤᠮ᠎ᠠ ᠦᠭᠡᠢ ᠪᠠᠢᠬᠤ ᠳ᠋ᠤ᠌ ᠡᠨᠡ ᠲᠡᠨᠡᠭ ᠦ᠋ᠨ ᠮᠢᠬ᠎ᠠ ᠠᠪᠴᠢᠷᠠᠵᠤ ᠪᠠᠢᠬᠤ ᠴᠢᠷᠠᠢ ᠶ᠋ᠢ ᠡᠨᠡ ᠮᠢᠬ᠎ᠠ ᠪᠠᠨ ᠡᠭᠦᠷᠴᠦ ᠢᠷᠡᠬᠦ ᠶ᠋ᠢ ᠶᠠᠭᠠᠬᠢᠬᠤ ᠪᠣᠢ ᠳ᠋ᠠ ᠭᠡᠵᠦ ᠥᠭᠦᠯᠡᠭᠰᠡᠨ ᠳ᠋ᠦ᠍᠂ ᠵᠸᠺ ᠳᠠᠷᠠᠭ᠎ᠠ ᠯᠠ ᠲᠠᠨ ᠤ᠋ ᠬᠡᠯᠡᠭᠰᠡᠨ ᠢ᠋ ᠳᠠᠭᠠᠶ᠎ᠠ ᠭᠡᠵᠡᠢ᠃
ᠮᠠᠷᠭᠠᠰᠢ ᠨᠢ ᠵᠸᠺ ᠮᠠᠯ ᠮᠠᠢᠮᠠᠢᠴᠢᠨ ᠤ᠋ ᠳ᠋ᠤ᠌ ᠣᠴᠢᠵᠤ ᠠᠵᠢᠯᠯᠠᠭᠠᠳ ᠨᠢᠭᠡ ᠡᠯᠵᠢᠭᠡ ᠠᠪᠴᠠᠢ᠃ ᠵᠸᠺ ᠡᠵᠢ ᠶ᠋ᠢᠨ ᠢ᠋ᠶ᠋ᠡᠨ ᠬᠡᠯᠡᠭᠰᠡᠨ ᠢ᠋ ᠰᠠᠨᠠᠵᠤ᠂ ᠲᠡᠷᠡ ᠡᠯᠵᠢᠭᠡ ᠶ᠋ᠢ ᠠᠷᠠᠢ ᠴᠢᠮᠠᠢ ᠡᠭᠦᠷᠴᠦ ᠭᠡᠷ ᠥᠭᠡᠳᠡ ᠪᠡᠨ ᠭᠣᠢᠪᠢᠯᠴᠢᠨ ᠳᠦᠢᠪᠢᠯᠴᠢᠨ ᠠᠯᠬᠤᠵᠤ ᠭᠡᠨ᠎ᠡ᠃ ᠨᠢᠭᠡ ᠪᠠᠶᠠᠨ ᠠᠢᠯ ᠤ᠋ᠨ ᠭᠠᠳᠠᠭᠤᠷ ᠭᠠᠷᠴᠤ ᠶᠠᠪᠤᠵᠠᠢ᠃ ᠲᠡᠷᠡ ᠪᠠᠶᠠᠨ ᠠᠢᠯ ᠤ᠋ᠨ ᠭᠠᠭᠴᠠ ᠥᠬᠢᠨ ᠨᠢ ᠬᠡᠯᠡ ᠦᠭᠡᠢ ᠳᠦᠯᠢ᠃ ᠲᠡᠭᠡᠭᠡᠳ ᠴᠦ᠍ ᠭᠠᠭᠴᠠ ᠤᠳᠠᠭ᠎ᠠ ᠴᠤ᠌ ᠢᠨᠢᠶᠡᠵᠦ ᠦᠵᠡᠭᠡ ᠦᠭᠡᠢ ᠶᠤᠮ ᠪᠠᠢᠵᠠᠢ᠃ ᠡᠮᠴᠢ ᠳᠣᠮᠴᠢ ᠨᠠᠷ ᠢᠨᠢᠶᠡᠯᠭᠡᠵᠦ ᠯᠡ ᠴᠢᠳᠠᠪᠠᠯ ᠬᠡᠯᠡ ᠣᠷᠣᠨ᠎ᠠ ᠭᠡᠳᠡᠭ ᠪᠠᠢᠵᠠᠢ᠃ ᠲᠡᠭᠡᠲᠡᠯ᠎ᠡ ᠲᠡᠷᠡ ᠥᠬᠢᠨ ᠡᠯᠵᠢᠭᠡ ᠡᠭᠦᠷᠦᠭᠰᠡᠨ ᠵᠸᠺ ᠢ᠋ ᠭᠡᠨᠡᠳᠲᠡ ᠬᠠᠷᠠᠭᠠᠳ ᠢᠨᠢᠶᠡᠳᠦ ᠠᠯᠳᠠᠴᠢᠬᠠᠪᠠ᠃
ᠢᠩᠭᠢᠭᠡᠳ ᠲᠡᠷᠡ ᠳᠣᠣᠷ᠎ᠠ ᠪᠠᠨ ᠶᠠᠷᠢᠵᠤ ᠴᠢᠳᠠᠳᠠᠭ ᠰᠣᠨᠣᠰᠴᠤ ᠴᠢᠳᠠᠳᠠᠭ ᠪᠣᠯᠵᠠᠢ᠃ ᠡᠴᠢᠭᠡ ᠨᠢ ᠪᠠᠶᠠᠷᠯᠠᠬᠤ ᠳ᠋ᠤ᠌ ᠪᠠᠨ ᠥᠬᠢᠨ ᠢ᠋ᠶ᠋ᠡᠨ ᠵᠸᠺ ᠲᠡᠢ ᠰᠠᠭᠤᠯᠭᠠᠵᠠᠢ ᠭᠡᠨ᠎ᠡ᠃
ᠢᠩᠭᠢᠭᠡᠳ ᠵᠠᠯᠬᠠᠭᠤ ᠵᠸᠺ ᠪᠠᠶᠠᠵᠢᠵᠤ ᠭᠡᠨ᠎ᠡ᠃ ᠲᠣᠮᠣ ᠥᠷᠥᠭᠡᠨ ᠳ᠋ᠦ᠍ ᠮᠣᠷᠢᠯᠠᠵᠤ ᠡᠵᠢ ᠶ᠋ᠢ ᠪᠡᠨ ᠠᠪᠴᠢᠷᠠᠵᠤ᠂ ᠭᠠᠴᠢᠭᠳᠠᠬᠤ ᠳᠤᠲᠠᠭᠳᠠᠬᠤ ᠶᠠᠭᠤᠮ᠎ᠠ ᠦᠭᠡᠢ᠂ ᠶᠠᠳᠠᠷᠠᠬᠤ ᠵᠦᠳᠡᠷᠡᠬᠦ ᠶ᠋ᠢ ᠦᠵᠡᠯ ᠥᠬᠡᠢ ᠠᠮᠤᠷ ᠰᠠᠢᠬᠠᠨ ᠵᠢᠷᠭᠠᠵᠤ ᠭᠡᠨ᠎ᠡ᠃
ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
