ᠪᠣᠰᠤᠭ᠎ᠠ ᠮᠣᠩᠭᠣᠯ ᠦᠰᠦᠭ ᠪᠢᠴᠢᠭ ᠢ᠋ᠶ᠋ᠡᠨ ᠡᠳᠦᠷ ᠪᠦᠷᠢ ᠤᠩᠰᠢᠵᠤ ᠪᠢᠴᠢᠵᠦ ᠬᠡᠷᠡᠭᠯᠡᠶ᠎ᠡ-ᠪᠤᠤᠬᠢᠶ᠎ᠠ20260204 ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠰᠤᠭ᠎ᠠ ᠮᠣᠩᠭᠣᠯ ᠦᠰᠦᠭ ᠪᠢᠴᠢᠭ ᠢ᠋ᠶ᠋ᠡᠨ ᠡᠳᠦᠷ ᠪᠦᠷᠢ ᠤᠩᠰᠢᠵᠤ ᠪᠢᠴᠢᠵᠦ ᠬᠡᠷᠡᠭᠯᠡᠶ᠎ᠡ-ᠪᠤᠤᠬᠢᠶ᠎ᠠ20260204

ᠪᠣᠰᠤᠭ᠎ᠠ ᠮᠣᠩᠭᠣᠯ ᠦᠰᠦᠭ ᠪᠢᠴᠢᠭ ᠢ᠋ᠶ᠋ᠡᠨ ᠡᠳᠦᠷ ᠪᠦᠷᠢ ᠤᠩᠰᠢᠵᠤ ᠪᠢᠴᠢᠵᠦ ᠬᠡᠷᠡᠭᠯᠡᠶ᠎ᠡ-ᠪᠤᠤᠬᠢᠶ᠎ᠠ20260204

ᠠᠩᠭᠢᠯᠠᠯ:ᠪᠤᠤᠬᠢᠶ᠎ᠠ
2026-02-04

140


1. ᠦᠵᠢᠶᠡᠳ ᠡᠷᠳᠡᠨᠢᠴᠡᠴᠡᠭ
ᠵᠠᠯᠭᠠᠮᠵᠢ᠁
— ᠬᠣᠨᠢᠨ ᠳᠤᠮᠳᠠᠭᠤᠷ ᠭᠠᠷᠬᠤ ᠳ᠋ᠤ᠌ ᠬᠣᠶᠠᠷ ᠵᠢᠭᠠᠯ ᠮᠣᠷᠢ ᠭᠡᠨ᠎ᠡ
ᠬᠣᠰᠢᠭᠤ ᠨᠤᠲᠤᠭ ᠢ᠋ᠶ᠋ᠠᠷ ᠢ᠋ᠶ᠋ᠠᠨ ᠬᠥᠭᠡᠭᠡᠭᠰᠡᠨ ᠴᠦ᠍
ᠮᠠᠨ ᠤ᠋ ᠬᠣᠶᠠᠷ ᠢ᠋ ᠭᠦᠢᠴᠡᠬᠦ ᠤᠤ ᠠᠢᠮᠠᠭ ᠬᠣᠲᠠᠯᠠᠭᠠᠷ ᠬᠥᠭᠡᠭᠡᠭᠰᠡᠨ ᠴᠦ᠍
ᠮᠠᠨ ᠤ᠋ ᠬᠣᠶᠠᠷ ᠢ᠋ ᠭᠦᠢᠴᠡᠬᠦ ᠤᠤ᠃
2. ᠭᠠᠹᠠᠯᠮ᠎ᠠ
ᠮᠢᠨᠦ ᠬᠠᠢᠷᠠᠲᠠᠢ ᠭᠠᠭᠴᠠᠬᠠᠨ ᠳᠡᠯᠡᠬᠡᠢ ᠡᠷᠳᠡᠨᠢᠪᠤᠯᠠᠭ
ᠠᠮᠤᠭᠤᠯᠠᠩ ᠬᠠᠢᠷᠠᠯᠠᠭᠰᠠᠨ ᠭᠠᠭᠴᠠᠬᠠᠨ ᠳᠡᠯᠡᠬᠡᠢ ᠣᠮᠣᠭᠣᠯᠠᠩ ᠰᠦᠷᠲᠡᠢ ᠮᠢᠨᠦ ᠥᠯᠥᠭᠡᠢ
ᠠᠷᠢᠭᠤᠬᠠᠨ ᠴᠠᠭᠠᠨ ᠠᠴᠢ ᠶ᠋ᠢᠨ ᠳᠡᠯᠡᠬᠡᠢ ᠢᠷᠠᠭᠤᠬᠠᠨ ᠡᠬᠡᠰᠢᠭ ᠲᠡᠢ ᠠᠵᠠ ᠶ᠋ᠢᠨ ᠬᠣᠷᠸ᠎ᠠ
ᠮᠡᠨᠳᠦ ᠶ᠋ᠢᠨ ᠴᠡᠩᠬᠡᠷ ᠲᠣᠷᠭᠠᠨ ᠥᠯᠥᠭᠡᠢ ᠮᠢᠨᠦ ᠬᠠᠢᠷᠠᠲᠠᠢ ᠭᠠᠭᠴᠠᠬᠠᠨ ᠳᠡᠯᠡᠬᠡᠢ ᠨᠠᠢᠷ ᠤ᠋ᠨ ᠳᠠᠭᠤᠤ᠃
3. ᠠᠶᠣᠷᠽᠠᠨ᠎ᠠ
ᠴᠢᠩᠭᠢᠰ ᠬᠠᠭᠠᠨ ᠠᠢᠯᠠᠳᠤᠷᠤᠨ᠄
ᠡᠴᠢᠭᠡ ᠡᠴᠡ ᠦᠯᠡᠳᠡᠭᠡᠬᠦ ᠥᠪ ᠦ᠋ᠨ ᠳᠡᠭᠡᠳᠦ᠂ ᠡᠷᠬᠢᠮ ᠰᠠᠢᠨ ᠨᠡᠷ᠎ᠡ ᠲᠥᠷᠥ ᠪᠣᠢ ᠵ᠎ᠠ
ᠡᠬᠡ ᠡᠴᠡ ᠦᠯᠡᠳᠡᠭᠡᠬᠦ ᠥᠪ ᠦ᠋ᠨ ᠳᠡᠭᠡᠳᠦ᠂ ᠡᠨᠡᠷᠢᠯ ᠬᠠᠢᠷ᠎ᠠ ᠵᠢᠷᠤᠮᠲᠤ ᠶᠣᠰᠣᠨ ᠪᠣᠢ ᠵ᠎ᠠ᠃
4. ᠰᠣᠨᠢᠨᠴᠡᠴᠡᠭ ᠂
ᠶᠠᠳᠠᠷᠠᠬᠤ ᠴᠠᠭ ᠲᠤ᠌ ᠬᠡᠨ ᠲᠡᠢ ᠨᠥᠬᠥᠷᠯᠡᠭᠰᠡᠨ ᠢ᠋ᠶ᠋ᠡᠨ ᠬᠠᠷᠠ
ᠡᠪᠡᠳᠬᠦ ᠴᠠᠭ ᠲᠤ᠌ ᠬᠡᠨ ᠲᠡᠢ ᠬᠠᠨᠢᠯᠠᠭᠰᠠᠨ ᠢ᠋ᠶ᠋ᠠᠨ ᠬᠠᠷᠠ
ᠥᠲᠡᠯᠬᠦ ᠴᠠᠭ ᠲᠤ᠌ ᠬᠡᠨ ᠢ᠋ ᠬᠥᠮᠦᠵᠢᠭᠦᠯᠦᠭᠰᠡᠨ ᠢ᠋ᠶ᠋ᠡᠨ ᠬᠠᠷᠠ!
ᠬᠠᠢᠷ᠎ᠠ ᠶ᠋ᠢᠨ ᠤᠶᠠᠩᠭ᠎ᠠ ᠲᠠᠢ ᠨᠡᠷᠡᠲᠦ ᠶ᠋ᠢᠨ ᠰᠠᠢᠬᠠᠨ ᠨᠣᠮᠢᠨ ᠶᠢᠷᠲᠢᠨᠴᠦ
ᠠᠮᠢᠳᠤ ᠶ᠋ᠢᠨ ᠵᠢᠷᠭᠠᠯ ᠢ᠋ ᠡᠳ᠋ᠯᠡᠭᠦᠯᠬᠦ ᠲᠠᠪᠢᠯᠠᠩ ᠲᠠᠢ
ᠠᠮᠢᠨ ᠬᠣᠯᠪᠣᠭ᠎ᠠ ᠲᠠᠢ ᠳᠡᠯᠡᠬᠡᠢ ᠡᠵᠢ ᠮᠢᠨᠢ
ᠠᠰᠢᠳᠠ ᠶ᠋ᠢᠨ ᠰᠠᠢᠬᠠᠨ ᠢ᠋ ᠢᠪᠡᠭᠡᠬᠦ ᠪᠤᠶᠠᠨ ᠲᠠᠢ
ᠠᠰᠤᠷᠤ ᠰᠦᠷᠯᠢᠭ ᠭᠠᠭᠴᠠᠬᠠᠨ ᠳᠡᠯᠡᠬᠡᠢ᠃
6. ᠦᠵᠢᠶᠡᠳ ᠡᠷᠳᠡᠨᠢᠴᠡᠴᠡᠭ
— ᠶᠡᠬᠡ ᠵᠠᠭᠠᠯ ᠪᠠᠢᠵᠠ!
ᠢᠵᠢᠯᠢ ᠳ᠋ᠡᠭᠡᠨ ᠶᠠᠭᠤᠨ ᠳ᠋ᠤ᠌ ᠬᠣᠷᠭᠣᠳᠠᠪᠠ?
ᠲᠣᠭᠣᠷᠢᠮ ᠲᠠᠢ ᠭᠠᠵᠠᠷ ᠢ᠋ᠶ᠋ᠠᠷ ᠲᠣᠭᠯᠠᠨ ᠪᠠᠷᠢᠨ ᠶᠠᠪᠤᠶ᠎ᠠ
ᠬᠠᠷᠠᠭᠤᠯᠤᠨ ᠪᠠᠷᠢᠨ ᠶᠠᠪᠤᠶ᠎ᠠ ᠡᠪᠡᠰᠦ ᠲᠡᠢ ᠭᠠᠵᠠᠷ ᠢ᠋ᠶ᠋ᠠᠷ ᠥᠯᠥᠭ ᠪᠠᠷᠢᠨ ᠶᠠᠪᠤᠶ᠎ᠠ
ᠥᠨᠳᠥᠷ ᠲᠡᠢ ᠭᠠᠵᠠᠷ ᠢ᠋ᠶ᠋ᠠᠷ ᠬᠠᠷᠭᠣᠯᠰᠤᠨ ᠪᠠᠷᠢᠨ ᠶᠠᠪᠤᠶ᠎ᠠ
ᠤᠰᠤ ᠲᠠᠢ ᠭᠠᠵᠠᠷ ᠢ᠋ᠶ᠋ᠠᠷ ᠤᠮᠳᠠᠯᠠᠨ ᠪᠠᠷᠢᠨ ᠶᠠᠪᠤᠶ᠎ᠠ᠃
7. ᠠᠯᠲᠠᠨᠴᠢᠮᠡᠭ
ᠬᠥᠮᠦᠨ ᠪᠤᠯᠬᠤᠢ ᠶᠣᠰᠣᠨ
ᠰᠠᠨᠠᠭ᠎ᠠ ᠨᠢᠭᠡᠳᠦᠨ ᠬᠠᠷᠢᠯᠴᠠᠨ ᠲᠤᠰᠠᠯᠠᠯᠴᠠᠬᠤ ᠢᠨᠣ
ᠲᠦᠮᠡᠨ ᠪᠡᠷᠬᠡᠰᠢᠶᠡᠯ ᠢ᠋ ᠢᠯᠠᠨ ᠳᠠᠪᠠᠬᠤ ᠪᠠᠲᠤᠯᠠᠭ᠎ᠠ ᠪᠤᠶᠤ
ᠰᠡᠳᠬᠢᠯ ᠡᠪᠳᠡᠷᠡᠨ ᠬᠣᠭᠣᠷᠣᠨᠳᠣ ᠪᠠᠨ ᠮᠠᠭᠤᠳᠠᠯᠴᠠᠬᠤ ᠳ᠋ᠤ᠌ ᠢᠨᠣ
ᠲᠦᠭᠰᠢᠭᠦᠷᠢ ᠵᠣᠪᠠᠯᠠᠩ ᠳ᠋ᠤ᠌ ᠤᠨᠠᠵᠤ ᠰᠦᠢᠷᠡᠬᠦ ᠶ᠋ᠢᠨ ᠲᠡᠮᠳᠡᠭ ᠪᠤᠶᠤ᠃
8. ᠭᠠᠸᠠ
ᠬᠤᠳᠠᠯ ᠬᠤᠷᠳᠤᠨ ᠲᠠᠷᠬᠠᠳᠠᠭ ᠴᠤ᠌ ᠦᠨᠡᠨ ᠤᠳᠠᠭᠠᠨ ᠠᠮᠢᠳᠤᠷᠠᠳᠠᠭ —ᠡᠯᠪᠡᠭᠳᠣᠷᠵᠢ
9. ᠠᠯᠲᠠᠨᠨᠠᠪᠴᠢ
ᠵᠦᠢᠷ ᠰᠡᠴᠡᠨ ᠦᠭᠡ
ᠬᠡᠨᠵᠡ ᠨᠣᠭᠣᠭ᠎ᠠ ᠨᠠᠷᠢᠬᠠᠨ ᠪᠣᠯᠪᠠᠴᠤ ᠬᠥᠷᠥᠰᠥ ᠶ᠋ᠢ ᠨᠡᠪᠲᠡᠯᠬᠦ ᠬᠦᠴᠦᠨ ᠲᠡᠢ
ᠬᠡᠲᠡ ᠶ᠋ᠢᠨ ᠭᠠᠯ ᠥᠴᠦᠬᠡᠨ ᠪᠣᠯᠪᠠᠴᠤ ᠲᠦᠢᠮᠡᠷ ᠡᠭᠦᠰᠬᠡᠬᠦ ᠴᠢᠳᠠᠯ ᠲᠠᠢ
ᠬᠡᠭᠡᠷ᠎ᠡ ᠶᠢᠨ ᠦᠭᠡ ᠶ᠋ᠢ ᠭᠡᠷ ᠲᠡᠭᠡᠨ ᠪᠦᠦ ᠬᠡᠯᠡ
ᠭᠡᠷ ᠦ᠋ᠨ ᠦᠭᠡ ᠶ᠋ᠢ ᠪᠤᠰᠤᠳ ᠲᠤ᠌ ᠪᠦᠦ ᠬᠡᠯᠡ
ᠭᠡᠨᠡᠨ ᠦᠭᠡᠢ ᠶᠠᠪᠤᠶ᠎ᠠ ᠭᠡᠪᠡᠯ ᠭᠢᠰᠬᠢᠭᠰᠡᠨ ᠮᠥᠷ ᠢ᠋ᠶ᠋ᠡᠨ ᠬᠠᠷᠠ
ᠭᠡᠮ ᠦᠭᠡᠢ ᠶᠠᠪᠤᠶ᠎ᠠ ᠭᠡᠪᠡᠯ ᠵᠣᠭᠰᠣᠭᠰᠠᠨ ᠭᠠᠵᠠᠷ ᠢ᠋ᠶ᠋ᠠᠨ ᠰᠢᠨᠵᠢ
ᠭᠡᠭᠡᠨ ᠤᠬᠠᠭᠠᠨᠲᠠᠨ ᠭᠡᠮ ᠢ᠋ᠶ᠋ᠡᠨ ᠮᠡᠳᠡᠳᠡᠭ
ᠰᠠᠷᠠᠭᠤᠯ ᠤᠬᠠᠭᠠᠨᠲᠠᠨ ᠰᠠᠭᠠᠷ ᠢ᠋ᠶ᠋ᠠᠨ ᠮᠡᠳᠡᠳᠡᠭ᠃
10.ᠨᠤᠮᠤᠴᠢᠨ ᠪᠢᠯᠢᠭ
ᠡᠬᠡ ᠶ᠋ᠢᠨ ᠬᠠᠢᠷ᠎ᠠ ᠶ᠋ᠢ ᠬᠡᠮᠵᠢᠶ᠎ᠡ ᠭᠡᠬᠦ ᠳ᠋ᠦ᠍
ᠡᠨᠡ ᠳᠡᠯᠡᠬᠡᠢ ᠳᠠᠭᠠᠭᠠᠵᠤ ᠳᠡᠢᠯᠬᠦ ᠦᠭᠡᠢ᠂
ᠡᠪᠯᠡᠭᠦᠯᠵᠦ ᠪᠠᠢᠭᠠᠳ ᠵᠢᠷᠤᠶ᠎ᠠ ᠭᠡᠬᠦ ᠳ᠋ᠦ᠍
ᠡᠨᠡ ᠲᠩᠷᠢ ᠶ᠋ᠢᠨ ᠬᠠᠶᠠᠭ᠎ᠠ ᠪᠠᠭᠲᠠᠬᠤ ᠦᠭᠡᠢ᠂
ᠠᠰ ᠳᠡᠭᠡᠭᠰᠢ ᠪᠡᠨ ᠪᠣᠰᠬᠠᠶ᠎ᠠ ᠭᠡᠬᠦ ᠳ᠋ᠦ᠍
ᠠᠯᠲᠠᠨ ᠭᠠᠳᠠᠰᠤ ᠠ᠋ᠴᠠ ᠴᠠᠭᠠᠭᠤᠷ ᠪᠢᠯᠡ᠂
ᠠᠰᠲᠠᠭᠠᠨ ᠠᠭᠤᠯᠭ᠎ᠠ ᠪᠠᠷ ᠢᠯᠡᠳᠬᠡᠶ᠎ᠡ ᠭᠡᠬᠦ ᠳ᠋ᠦ᠍
ᠠᠪᠢᠶᠠᠰ ᠪᠢᠯᠢᠭ ᠮᠢᠨᠢ ᠬᠦᠷᠬᠦ ᠦᠭᠡᠢ ᠪᠢᠯᠡ!
11. ᠰᠣᠨᠢᠨᠴᠡᠴᠡᠭ
ᠮᠢᠩᠭᠠᠨ ᠣᠨ ᠤ᠋ ᠤᠴᠢᠷ ᠰᠢᠯᠲᠠᠭᠠᠨ ᠢ᠋ ᠪᠢᠷ ᠪᠡᠬᠡᠰ ᠡᠴᠡ ᠠᠰᠠᠭᠤᠵᠤ
ᠮᠢᠷᠠᠯᠵᠠᠨ ᠡᠷᠢᠶᠡᠯᠵᠡᠬᠦ ᠦᠢᠯᠡ ᠶᠠᠪᠤᠳᠠᠯ ᠢ᠋ ᠪᠢᠴᠢᠭ ᠰᠤᠳᠤᠷ ᠯᠤᠭ᠎ᠠ ᠬᠡᠯᠡᠯᠴᠡᠮᠦᠢ!
ᠬᠥᠮᠦᠨ ᠦ᠌ ᠬᠠᠢᠷᠠᠲᠠᠢ ᠬᠥᠪᠴᠢᠨ ᠳᠡᠯᠡᠬᠡᠢ ᠬᠥᠭᠡᠷᠦᠬᠦᠢ ᠪᠢᠳᠡᠨ ᠡᠬᠡ ᠳᠡᠯᠡᠬᠡᠢ
ᠬᠥᠮᠦᠨ ᠳᠠᠶᠠᠭᠠᠷ ᠢ᠋ᠶ᠋ᠠᠨ ᠬᠠᠢᠷᠠᠯᠠᠪᠠᠯ ᠵᠣᠬᠢᠬᠤ ᠬᠦᠰᠡᠯ ᠬᠠᠢᠷ᠎ᠠ ᠶ᠋ᠢᠨ ᠭᠠᠭᠴᠠᠬᠠᠨ ᠳᠡᠯᠡᠬᠡᠢ᠃
12. ᠤᠤᠭᠠᠨᠵᠢᠳ
ᠥᠩᠭᠡᠲᠦ ᠶᠢᠷᠲᠢᠨᠴᠦ ᠳ᠋ᠦ᠍ᠷ ᠰᠠᠢᠬᠠᠨ ᠭᠠᠵᠠᠷ ᠣᠯᠠᠨ ᠪᠣᠢ
ᠥᠯᠥᠭᠡᠢ ᠨᠤᠲᠤᠭ ᠠ᠋ᠴᠠ ᠮᠢᠨᠢ ᠢᠯᠡᠭᠦᠦ ᠰᠠᠢᠬᠠᠨ ᠭᠠᠵᠠᠷ ᠦᠭᠡᠢ
ᠡᠷᠳᠡᠮ ᠰᠤᠷᠬᠤ ᠳ᠋ᠤ᠌ ᠬᠡᠯᠡ ᠪᠦᠬᠦᠨ ᠰᠠᠢᠬᠠᠨ ᠪᠣᠢ
ᠡᠬᠡ ᠬᠡᠯᠡ ᠶ᠋ᠢ ᠮᠢᠨᠢ ᠭᠦᠢᠴᠡᠬᠦ ᠰᠠᠢᠬᠠᠨ ᠬᠡᠯᠡ ᠦᠭᠡᠢ᠃
13. ᠮᠣᠩᠭᠣᠯ ᠰᠦᠨᠡᠰᠦ
ᠬᠥᠮᠦᠨ ᠨᠢ ᠬᠥᠮᠦᠨ ᠳ᠋ᠦ᠍ ᠪᠡᠨ ᠬᠠᠢᠷᠠᠲᠠᠢ ᠪᠠᠢᠬᠤ ᠬᠡᠷᠡᠭᠲᠡᠢ᠃
ᠬᠥᠮᠦᠨ ᠲᠥᠷᠥᠯᠬᠢᠲᠡᠨ ᠳ᠋ᠦ᠍ ᠶᠡᠬᠡ ᠬᠠᠢᠷ᠎ᠠ ᠯᠠ ᠳᠤᠲᠠᠭᠳᠠᠵᠤ ᠪᠠᠢᠨ᠎ᠠ᠃
14. ᠭᠡᠭᠡ
ᠦᠯᠡᠮᠵᠢ ᠵᠤᠵᠠᠭᠠᠨ ᠥᠭᠯᠢᠭᠡ ᠲᠦᠭᠡᠭᠡᠯ ᠬᠠᠨᠠᠰᠠ ᠢᠷᠠᠵᠠᠮ ?
ᠦᠭᠡᠢᠴᠡ ᠳᠣᠣᠷᠠᠲᠤ ᠥᠷᠭᠡᠨ ᠲᠦᠮᠡᠨ ᠦ᠌ ᠬᠥᠯᠥᠰᠥ ᠴᠢᠰᠤᠨ ᠤ᠋ ᠴᠤᠭᠯᠠᠷᠠᠯ᠃
ᠥᠭᠭᠢᠶᠡᠮᠦᠷ ᠡᠵᠡᠨ ᠥᠷᠥᠰᠢᠶᠡᠯᠲᠦ ᠬᠠᠭᠠᠨ ᠨᠡᠷ᠎ᠡ ᠶ᠋ᠢ ᠬᠡᠨ ᠦᠭᠭᠦᠪᠡ ?
ᠥᠭᠡᠬᠦ ᠵᠠᠯᠭᠢᠭᠴᠢ ᠥᠭᠦᠯᠡᠬᠦ ᠵᠣᠯᠪᠢᠳ ᠤ᠋ᠨ ᠪᠡᠬᠡ ᠳᠣᠯᠢᠶᠠᠭᠰᠠᠨ ᠤᠷᠤᠭᠤᠯ《 ᠮᠣᠩᠭᠣᠯ᠂ ᠶᠤᠸᠠᠨ ᠤ᠋ ᠬᠥᠬᠡ ᠰᠤᠳᠤᠷ》
15. ᠭᠠᠹᠠᠯᠮ᠎ᠠ
ᠲᠠᠪᠤᠨ ᠵᠢᠰᠦ
ᠬᠤᠷᠠᠭ᠎ᠠ ᠬᠤᠷᠠᠭ᠎ᠠ ᠴᠢ ᠶᠠᠭᠠᠬᠢᠭᠠᠳ ᠬᠤᠨᠳᠠᠨ ᠴᠠᠭᠠᠨ ᠪᠣᠯᠤᠭᠰᠠᠨ ᠶᠤᠮ ᠪᠣᠢ᠂
ᠴᠠᠰᠤᠨ ᠤ᠋ ᠰᠡᠭᠦᠯᠴᠢ ᠪᠡᠷ ᠲᠥᠷᠥᠭᠰᠡᠨ ᠶᠦᠮ ᠴᠢᠨᠢ ᠴᠠᠭᠠᠨ ᠪᠣᠯᠬᠤ ᠨᠢ ᠠᠷᠭ᠎ᠠ ᠦᠭᠡᠢ ᠪᠢᠵᠡ ᠠ᠋
ᠢᠰᠢᠭᠡ ᠢᠰᠢᠭᠡ ᠴᠢ ᠶᠠᠭᠠᠬᠢᠭᠠᠳ ᠬᠠᠳᠠᠭ ᠤ᠋ᠨ ᠴᠡᠩᠬᠡᠷ ᠪᠣᠯᠤᠭᠰᠠᠨ ᠶᠤᠮ ᠪᠣᠢ᠂
ᠴᠡᠯᠮᠡᠭ ᠥᠷᠯᠥᠭᠡ ᠲᠥᠷᠥᠭᠰᠡᠨ ᠶᠦᠮ ᠴᠢᠨᠢ ᠴᠡᠩᠬᠡᠷ ᠪᠣᠯᠬᠤ ᠨᠢ ᠠᠷᠭ᠎ᠠ ᠦᠭᠡᠢ ᠪᠢᠵᠡ ᠠ᠋᠃
16. ᠰᠣᠨᠢᠨᠴᠡᠴᠡᠭ ᠂
ᠡᠬᠡᠰᠢᠭ ᠳᠣᠯᠣᠭ᠎ᠠ ᠶ᠋ᠢᠨ ᠲᠦᠷᠪᠡᠯ
ᠠ—
ᠠᠯᠲᠠᠨ ᠨᠠᠷᠠᠨ ᠭᠡᠷᠡᠯ ᠦ᠋ᠨ ᠮᠠᠩᠯᠠᠢ
ᠠᠭᠠᠷ ᠮᠠᠨᠳᠠᠯ ᠠᠭᠤᠳᠠᠮ ᠤ᠋ᠨ ᠮᠠᠩᠯᠠᠢ
ᠠᠨᠠᠪᠠᠳ ᠳᠠᠯᠠᠢ ᠭᠦᠨ ᠦ᠌ ᠮᠠᠩᠯᠠᠢ
ᠠᠪᠤ ᠡᠵᠢ ᠠᠴᠢᠲᠠᠨ ᠤ᠋ ᠮᠠᠩᠯᠠᠢ!
17. ᠦᠵᠢᠶᠡᠳ ᠡᠷᠳᠡᠨᠢᠴᠡᠴᠡᠭ
ᠠᠭᠤᠯᠠ ᠲᠠᠢ ᠭᠠᠵᠠᠷ ᠢ᠋ᠶ᠋ᠠᠷ ᠬᠠᠷᠭᠣᠯᠰᠤᠨ ᠪᠠᠷᠢᠨ ᠶᠠᠪᠤᠶ᠎ᠠ
ᠵᠢᠪᠠᠷ ᠲᠠᠢ ᠲᠠᠯ᠎ᠠ ᠳ᠋ᠠᠭᠠᠨ ᠰᠣᠢᠨ᠎ᠠ ᠵᠢᠷᠭᠠᠯ ᠲᠠᠢ ᠲᠠᠯ᠎ᠠ ᠳ᠋ᠠᠭᠠᠨ ᠤᠨᠤᠨ᠎ᠠ ᠬᠥᠯᠥᠰᠥ ᠲᠡᠢ ᠲᠣᠬᠣᠮ ᠢ᠋ᠶ᠋ᠠᠷ ᠬᠣᠯᠬᠢᠭᠤᠯᠤᠨ᠎ᠠ
( ᠥᠨᠳᠥᠷ ᠲᠡᠢ ᠭᠠᠵᠠᠷ ᠬᠠᠷᠭᠣᠯᠰᠤᠨ ᠪᠠᠷᠢᠨ ᠶᠠᠪᠤᠶ᠎ᠠ ᠲᠣᠯᠣᠭᠠᠢ ᠲᠠᠢ ᠭᠠᠵᠠᠷ ᠢ᠋ᠶ᠋ᠠᠷ ᠬᠠᠷᠭᠣᠯᠰᠤᠨ ᠪᠠᠷᠢᠨ ᠶᠠᠪᠤᠶ᠎ᠠ)
ᠲᠤᠭᠤᠯ ᠲᠤᠭᠤᠯ ᠴᠢ ᠶᠠᠭᠠᠬᠢᠭᠠᠳ ᠵᠣᠰᠣᠨ ᠤᠯᠠᠭᠠᠨ ᠲᠥᠷᠥᠭᠰᠡᠨ ᠶᠦᠮ ᠪᠣᠢ᠂
ᠤᠷᠭᠤᠬᠤ ᠨᠠᠷᠠᠨ ᠢ᠋ᠶ᠋ᠠᠷ ᠲᠥᠷᠥᠭᠰᠡᠨ ᠶᠦᠮ ᠴᠢᠨᠢ ᠤᠯᠠᠭᠠᠨ ᠪᠣᠯᠬᠤ ᠨᠢ ᠠᠷᠭ᠎ᠠ ᠦᠭᠡᠢ ᠪᠢᠵᠡ᠃ ᠬᠠᠷ᠎ᠠ ᠪᠣᠯᠬᠤ ᠨᠢ ᠠᠷᠭ᠎ᠠ ᠦᠭᠡᠢ ᠪᠢᠵᠡ᠃
19. ᠰᠣᠨᠢᠨᠴᠡᠴᠡᠭ ᠂
ᠡᠬᠡᠰᠢᠭ ᠳᠣᠯᠣᠭ᠎ᠠ ᠶ᠋ᠢᠨ ᠳᠥᠷᠪᠡᠯ
ᠠ᠋—
ᠡᠬᠡ ᠣᠷᠣᠨᠴᠢᠳ ᠵᠢᠳᠬᠦᠯ ᠲᠡᠢ ᠰᠠᠢᠬᠠᠨ
ᠡᠷᠳᠡᠮ ᠴᠢᠳᠠᠪᠤᠷᠢᠲᠠᠨ ᠪᠦᠲᠦᠭᠡᠯ ᠲᠡᠢ ᠰᠠᠢᠬᠠᠨ
ᠡᠷᠬᠡ ᠲᠤᠰᠢᠶᠠᠯᠲᠠᠨ ᠵᠠᠷᠴᠢᠮ ᠲᠠᠢ ᠰᠠᠢᠬᠠᠨ
ᠡᠩ ᠣᠯᠠᠨ ᠪᠦᠯᠬᠦᠮᠳᠡᠯ ᠲᠡᠢ ᠰᠠᠢᠬᠠᠨ!
20. ᠦᠵᠢᠶᠡᠳ ᠡᠷᠳᠡᠨᠢᠴᠡᠴᠡᠭ
—— ᠪᠠᠭ᠎ᠠ ᠵᠢᠭᠠᠯ ᠪᠠᠢᠵᠠ!
ᠪᠠᠯᠠᠢ ᠶᠠᠭᠤᠨ ᠳ᠋ᠠᠭᠠᠨ ᠶᠠᠭᠠᠷᠠᠬᠤ ᠪᠣᠢ?
ᠬᠥᠬᠡᠭᠡ ᠶ᠋ᠢᠨ( ᠬᠦᠬᠦᠷ ) ᠬᠠᠢᠯᠤᠭ
ᠬᠦᠢᠲᠡᠨ ᠦ᠌ ᠨᠢᠷᠤᠭᠤ ᠨᠤᠭᠤᠷᠠᠭ
ᠴᠠᠷᠮ᠎ᠠ ᠶ᠋ᠢᠨ ᠴᠠᠰᠤ ᠬᠠᠢᠯᠤᠭ
ᠴᠠᠭ ᠤ᠋ᠨ ᠬᠦᠵᠦᠭᠦᠦ ᠨᠤᠭᠤᠷᠠᠭ
ᠰᠢᠯᠢ ᠶ᠋ᠢᠨ ᠴᠠᠰᠤ ᠬᠠᠢᠯᠵᠤ ᠰᠢᠷᠢᠭᠢ ᠶ᠋ᠢᠨ ᠨᠣᠭᠣᠭ᠎ᠠ ᠤᠷᠭᠤᠭ
ᠡᠩᠭᠡᠷ ᠦ᠋ᠨ ᠴᠠᠰᠤ ᠬᠠᠢᠯᠵᠤ ᠡᠷᠭᠢ ᠶ᠋ᠢᠨ ᠨᠣᠭᠣᠭ᠎ᠠ ᠣᠷᠭᠣᠭ᠃
21. ᠦᠵᠢᠶᠡᠳ ᠡᠷᠳᠡᠨᠢᠴᠡᠴᠡᠭ
—— ᠶᠡᠬᠡ ᠵᠢᠭᠠᠯ ᠪᠠᠢᠵᠠ!
ᠢᠵᠢᠯᠢ ᠳ᠋ᠡᠭᠡᠨ ᠶᠠᠭᠤᠨ ᠳ᠋ᠤ᠌ ᠬᠣᠷᠭᠣᠳᠠᠨ᠎ᠠ ᠪᠣᠢ?
ᠬᠠᠢᠷᠭᠤᠨ᠎ᠠ ᠰᠢᠪᠠᠭᠤ ᠵᠢᠷᠭᠢᠬᠦ ᠡᠴᠡ ᠤᠷᠢᠲᠠᠢ
ᠬᠠᠭᠠᠨ ᠡᠵᠡᠨ ᠳᠡᠭᠡᠭᠰᠢᠯᠡᠬᠦ ᠡᠴᠡ ᠤᠷᠢᠲᠠᠢ
ᠪᠣᠷᠣ ᠪᠢᠯᠵᠤᠤᠬᠠᠢ ᠶ᠋ᠢ ᠵᠢᠷᠭᠢᠬᠦ ᠡᠴᠡ ᠤᠷᠢᠲᠠᠢ
ᠪᠣᠭᠳᠠ ᠡᠵᠡᠨ ᠢ᠋ ᠳᠡᠭᠡᠭᠰᠢᠯᠡᠬᠦ ᠡᠴᠡ ᠤᠷᠢᠲᠠᠢ
ᠰᠤᠭᠤ ᠲᠣᠪᠴᠢ ᠲᠣᠪᠴᠢᠯᠠᠬᠤ ᠠ᠋ᠴᠠ ᠤᠷᠢᠲᠠᠢ
ᠰᠤᠪᠢ ᠶ᠋ᠢᠨ ᠬᠥᠮᠦᠨ ᠢ᠋ ᠪᠣᠰᠬᠤ ᠤᠷᠢᠲᠠᠢ
ᠡᠩᠭᠡᠷ ᠦ᠋ᠨ ᠲᠣᠪᠴᠢ ᠶ᠋ᠢ ᠲᠣᠪᠴᠢᠯᠠᠬᠤ ᠠ᠋ᠴᠠ ᠤᠷᠢᠲᠠᠢ
ᠵᠠᠭᠠᠮ᠎ᠠ ᠶ᠋ᠢᠨ ᠲᠣᠪᠴᠢ ᠶ᠋ᠢ ᠲᠣᠪᠴᠢᠯᠠᠬᠤ ᠠ᠋ᠴᠠ ᠤᠷᠢᠲᠠᠢ
ᠵᠠᠮ ᠤ᠋ᠨ ᠬᠥᠮᠦᠨ ᠢ᠋ ᠪᠣᠰᠬᠤ ᠠ᠋ᠴᠠ ᠤᠷᠢᠲᠠᠢ᠃
22. ᠳᠠᠯᠠᠨᠲᠠᠢ
ᠬᠥᠮᠦᠨ ᠦ᠌ ᠰᠠᠢᠨ ᠬᠦᠴᠢᠷ ᠴᠠᠭ ᠲᠤ᠌ ᠲᠠᠨᠢᠭᠳᠠᠨ᠎ᠠ
ᠬᠦᠯᠦᠭ ᠦ᠋ᠨ ᠰᠠᠢᠨ ᠬᠣᠯᠠ ᠶ᠋ᠢᠨ ᠵᠠᠮ ᠳ᠋ᠤ᠌ ᠲᠠᠨᠢᠭᠳᠠᠨ᠎ᠠ
ᠰᠢᠷᠣᠢ ᠰᠢᠭ᠋ ᠨᠠᠢᠵᠠ ᠤ᠋ᠳ ᠰᠠᠯᠠᠭ᠎ᠠ ᠪᠠᠷ ᠤᠷᠤᠰᠬᠤ ᠳ᠋ᠤ᠌
ᠴᠢᠯᠠᠭᠤ ᠰᠢᠭ᠋ ᠨᠠᠢᠵᠠ ᠯᠠ ᠠᠳᠬᠤᠨ ᠳ᠋ᠤ᠌ ᠦᠯᠡᠳᠡᠨ᠎ᠡ᠃
23. ᠰᠣᠨᠢᠨᠴᠡᠴᠡᠭ ᠂
ᠡᠭᠡᠰᠢᠭ ᠳᠣᠯᠣᠭ᠎ᠠ ᠶ᠋ᠢᠨ ᠳᠥᠷᠪᠡᠯ
ᠢ——
ᠢᠪᠢᠯᠦᠭᠰᠡᠨ ᠰᠦ ᠬᠠᠢᠷ᠎ᠠ ᠶ᠋ᠢᠨ ᠪᠡᠯᠭᠡ
ᠢᠨᠢᠶᠡᠭᠰᠡᠨ ᠴᠢᠷᠠᠢ ᠪᠠᠶᠠᠷ ᠤ᠋ᠨ ᠪᠡᠯᠭᠡ
ᠢᠲᠡᠭᠡᠯ ᠵᠣᠷᠢᠭ ᠢᠯᠠᠯᠲᠠ ᠶ᠋ᠢᠨ ᠪᠡᠯᠭᠡ
ᠢᠳᠡᠷ ᠴᠢᠭᠢᠷᠠᠭ ᠡᠷᠡᠭᠦᠯ ᠦ᠋ᠨ ᠪᠡᠯᠭᠡ!
24. ᠰᠣᠨᠢᠨᠴᠡᠴᠡᠭ
ᠤᠨᠠᠭ᠎ᠠ ᠤᠨᠠᠭ᠎ᠠ ᠴᠢ ᠶᠠᠭᠠᠬᠢᠭᠠᠳ ᠬᠢᠯᠠᠩ ᠬᠠᠷ᠎ᠠ ᠪᠣᠯᠤᠭᠰᠠᠨ ᠶᠤᠮ ᠪᠣᠢ᠂
ᠬᠠᠷᠠᠩᠭᠤᠢ ᠰᠥᠨᠢ ᠲᠥᠷᠥᠭᠰᠡᠨ ᠶᠦ᠍ᠮ ᠴᠢᠨᠢ ᠬᠠᠷ᠎ᠠ ᠪᠣᠯᠬᠤ ᠨᠢ ᠠᠷᠭ᠎ᠠ ᠦᠭᠡᠢ ᠪᠠᠵᠠ ᠠ᠋᠃
25. ᠰᠣᠨᠢᠨᠴᠡᠴᠡᠭ
ᠣ——
ᠣᠷᠬᠢᠷᠠᠭ᠎ᠠ ᠪᠤᠬ᠎ᠠ ᠬᠣᠲᠠ ᠶ᠋ᠢᠨ ᠦᠢᠮᠡᠭᠡᠨ
ᠤᠷᠭᠢᠶ᠎ᠠ ᠬᠥᠮᠦᠨ ᠭᠡᠷ ᠦ᠋ᠨ ᠦᠢᠮᠡᠭᠡᠨ
ᠤᠪ ᠮᠡᠬᠡ ᠨᠡᠢᠭᠡᠮ ᠦ᠋ᠨ ᠦᠢᠮᠡᠭᠡᠨ
ᠣᠯᠠᠨ ᠰᠡᠵᠢᠭ ᠰᠡᠳᠬᠢᠯ ᠦ᠋ᠨ ᠦᠢᠮᠡᠭᠡᠨ!
26. ᠰᠣᠨᠢᠨᠴᠡᠴᠡᠭ
ᠪᠣᠲᠣᠭᠣ ᠪᠣᠲᠣᠭᠣ ᠴᠢ ᠶᠠᠭᠠᠬᠢᠭᠠᠳ ᠠᠯᠲᠠᠨ ᠰᠢᠷᠭᠠᠯ ᠪᠣᠯᠤᠭᠰᠠᠨ ᠶᠤᠮ ᠪᠣᠢ
ᠰᠢᠷᠭ᠎ᠠ ᠶ᠋ᠢᠨ ᠭᠣᠪᠢ ᠳ᠋ᠤ᠌ ᠲᠥᠷᠥᠭᠰᠡᠨ ᠶᠦᠮ ᠴᠢᠨᠢ ᠰᠢᠷ᠎ᠠ ᠪᠣᠯᠬᠤ ᠨᠢ ᠠᠷᠭ᠎ᠠ ᠦᠭᠡᠢ ᠪᠠᠵᠠ ᠠ᠋᠃
27. ᠵᠢᠷᠠᠨᠲᠠᠢ
ᠪᠤᠶᠠᠨ ᠨᠢᠭᠦᠯ
ᠪᠤᠰᠤᠳ ᠢ᠋ ᠲᠤᠰᠠᠯᠠᠵᠤ ᠶᠠᠪᠤᠬᠤ ᠶ᠋ᠢ ᠪᠤᠶᠠᠨ ᠭᠡᠳᠡᠭ᠂
ᠪᠤᠶᠠᠨ ᠤ᠋ ᠦᠷ᠎ᠡ ᠡᠴᠡ ᠠᠮᠤᠭᠤᠯᠠᠩ ᠳᠡᠯᠭᠡᠷᠡᠳᠡᠭ᠂
ᠪᠤᠰᠤᠳ ᠢ᠋ ᠬᠣᠣᠷᠯᠠᠵᠤ ᠶᠠᠪᠤᠬᠤ ᠶ᠋ᠢ ᠨᠢᠭᠦᠯ ᠭᠡᠳᠡᠭ᠂
ᠨᠢᠭᠦᠯ ᠦ᠋ᠨ ᠦᠷ᠎ᠡ ᠡᠴᠡ ᠵᠣᠪᠠᠯᠠᠩ ᠳᠡᠯᠭᠡᠷᠡᠳᠡᠭ᠂
ᠪᠤᠶᠠᠨ ᠨᠢᠭᠦᠯ ᠬᠣᠶᠠᠷ ᠬᠡᠵᠢᠶᠡᠳᠡ ᠬᠠᠭᠤᠷᠮᠠᠭ ᠦᠭᠡᠢ᠂
ᠬᠠᠷ᠎ᠠ ᠴᠠᠭᠠᠨ ᠰᠡᠭᠦᠳᠡᠷ ᠮᠡᠲᠦ ᠬᠡᠵᠢᠶᠡᠳᠡ ᠡᠵᠡᠨ ᠢ᠋ᠶ᠋ᠡᠨ ᠳᠠᠭᠠᠳᠠᠭ᠃
ᠵᠣᠪᠠᠯᠠᠩ ᠰᠢᠨᠠᠯᠭ᠎ᠠ ᠪᠠ ᠪᠠᠶᠠᠷ ᠪᠠᠶᠠᠰᠬᠤᠯᠠᠩ ᠨᠢ
ᠪᠢᠳᠡᠨ ᠦ᠌ ᠥᠪᠡᠷᠰᠡᠳ ᠦ᠋ᠨ ᠦᠢᠯᠡ ᠡᠴᠡ ᠪᠣᠯᠪᠠᠰᠤᠷᠠᠭᠰᠠᠨ ᠦᠷ᠎ᠡ ᠮᠥᠨ᠃
28. ᠨᠤᠮᠤᠴᠢᠨ ᠪᠢᠯᠢᠭ
ᠲᠥᠷᠥᠭᠰᠡᠨ ᠨᠤᠲᠤᠭ ᠲᠠᠢ ᠪᠠᠨ ᠪᠠᠢᠪᠠᠯ ᠠᠮᠢᠳᠤᠷᠠᠯ ᠬᠡᠵᠢᠶᠡᠳᠡ ᠲᠠᠢᠪᠤᠩ! ᠲᠥᠷᠥᠯᠬᠢ ᠬᠡᠯᠡ ᠲᠡᠢ ᠪᠡᠨ ᠪᠠᠢᠪᠠᠯ ᠮᠣᠩᠭᠣᠯ ᠬᠡᠵᠢᠶᠡᠳᠡ ᠠᠮᠤᠭᠤᠯᠠᠩ! ᠡᠬᠡ ᠬᠡᠯᠡ ᠪᠡᠨ ᠮᠡᠳᠡᠬᠦ ᠦᠭᠡᠢ ᠪᠣᠯ ᠡᠯᠢᠭᠡ ᠵᠢᠷᠦᠬᠡ ᠦᠭᠡᠢ ᠠᠳᠠᠯᠢ᠂ ᠦᠰᠦᠭ ᠪᠢᠴᠢᠭ ᠢ᠋ᠶ᠋ᠡᠨ ᠲᠠᠨᠢᠬᠤ ᠦᠭᠡᠢ ᠪᠣᠯ ᠦᠵᠡᠬᠦ ᠨᠢᠳᠦ ᠦᠭᠡᠢ ᠠᠳᠠᠯᠢ᠂ ᠦᠨᠳᠦᠰᠦᠲᠡᠨ ᠦ᠌ ᠲᠡᠦᠬᠡ ᠪᠡᠨ ᠣᠢᠯᠠᠭᠠᠬᠤ ᠦᠭᠡᠢ ᠪᠣᠯ ᠦᠵᠢᠷᠡᠭᠰᠡᠨ ᠬᠤᠪᠠᠬᠠᠢ ᠮᠣᠳᠣ ᠠᠳᠠᠯᠢ᠂ ᠤᠭᠰᠠᠭ᠎ᠠ ᠭᠠᠷᠤᠯ ᠢ᠋ᠶ᠋ᠠᠨ ᠮᠡᠳᠡᠬᠦ ᠦᠭᠡᠢ ᠪᠣᠯ ᠤᠰᠤᠨ ᠳ᠋ᠤ᠌ ᠵᠢᠪᠦᠭᠰᠡᠨ ᠲᠡᠮᠦᠷ ᠠᠳᠠᠯᠢ ᠭᠡᠳᠡᠭ ᠪᠢᠯᠡ᠃ ᠡᠬᠡ ᠬᠡᠯᠡ᠂ ᠦᠰᠦᠭ ᠪᠢᠴᠢᠭ ᠦ᠋ᠨ ᠢ᠋ᠶ᠋ᠡᠨ ᠲᠥᠯᠥᠭᠡ ᠰᠢᠮᠳᠠᠨ ᠬᠢᠴᠢᠶᠡᠵᠦ ᠶᠠᠪᠤᠭ᠎ᠠ ᠲᠠ ᠪᠦᠭᠦᠳᠡ ᠳ᠋ᠦ᠍ ᠪᠡᠨ ᠴᠢᠩ ᠰᠡᠳᠬᠢᠯ ᠦ᠋ᠨ ᠲᠠᠯᠠᠷᠬᠠᠯ ᠳᠡᠪᠰᠢᠭᠦᠯᠵᠦ ᠪᠠᠢᠨ᠎ᠠ!
29. ᠦᠵᠢᠶᠡᠳ ᠡᠷᠳᠡᠨᠢᠴᠡᠴᠡᠭ
ᠳᠠᠷᠠᠰᠤ ᠪᠠᠢᠪᠠᠯ ᠬᠠᠵᠠᠯᠠᠨ ᠭᠠᠷᠤᠶ᠎ᠠ
ᠳᠡᠨᠵᠢ ᠪᠠᠢᠪᠠᠯ ᠴᠠᠪᠴᠢᠯᠠᠨ ᠭᠠᠷᠤᠶ᠎ᠠ
ᠰᠣᠯᠢ ᠪᠠᠢᠪᠠᠯ ᠬᠠᠵᠠᠯᠠᠨ ᠭᠠᠷᠤᠶ᠎ᠠ
ᠰᠢᠭᠤᠢ ᠪᠠᠢᠪᠠᠯ ᠰᠢᠪᠳᠤᠷᠴᠤ ᠭᠠᠷᠤᠶ᠎ᠠ
ᠲᠠᠯ᠎ᠠ ᠪᠠᠢᠪᠠᠯ ᠲᠠᠯᠪᠢᠵᠤ ᠭᠠᠷᠤᠶ᠎ᠠ
ᠲᠠᠷᠪᠠᠭ᠎ᠠ ᠪᠠᠢᠪᠠᠯ ᠭᠦᠢᠴᠡᠵᠦ ᠭᠠᠷᠤᠶ᠎ᠠ
ᠬᠠᠢᠷ ᠲᠠᠢ ᠭᠠᠵᠠᠷ ᠲᠤ᠌ ᠳᠡᠪᠰᠡᠯᠡᠨ ᠭᠠᠷᠤᠶ᠎ᠠ
ᠬᠠᠳᠠᠲᠤ ᠭᠠᠵᠠᠷ ᠲᠤ᠌ ᠬᠠᠯᠲᠤᠷᠢᠨ ᠶᠠᠪᠤᠶ᠎ᠠ
ᠴᠢᠯᠠᠭᠤᠲᠤ ᠭᠠᠵᠠᠷ ᠲᠤ᠌ ᠭᠦᠶᠦᠵᠦ ᠭᠠᠷᠤᠶ᠎ᠠ
ᠴᠢᠨᠣ᠎ᠠ ᠪᠠᠨ ᠦᠵᠡᠪᠡᠯ ᠬᠥᠭᠡᠭᠡᠵᠦ ᠭᠦᠢᠴᠡᠶ᠎ᠡ
ᠤᠰᠤ ᠭᠡᠵᠦ ᠲᠤᠩᠭᠠᠯᠠᠭ ᠪᠠᠢᠨ᠎ᠠ ᠰᠢᠦ
ᠡᠪᠡᠰᠦ ᠭᠡᠵᠦ ᠰᠤᠷ ᠲᠠᠢ ᠪᠠᠢᠨ᠎ᠠ ᠰᠢᠦ᠃
ᠡᠨᠡ ᠳᠠᠭᠤᠨ ᠤ᠋ ᠦᠭᠡ ᠶ᠋ᠢ ᠪᠦᠬᠦᠨ ᠢ᠋ ᠬᠠᠭᠤᠯᠵᠤ ᠪᠠᠷᠠᠪᠠ᠃
30.ᠤᠤᠭᠠᠨᠵᠢᠳ
ᠬᠠᠮᠤᠭ ᠤ᠋ᠨ ᠵᠢᠷᠭᠠᠯᠲᠤ ᠠᠮᠢᠳᠤᠷᠠᠯ ᠪᠣᠯ ᠬᠥᠷᠥᠩᠭᠡ ᠮᠥᠩᠭᠥ ᠲᠡᠢ ᠪᠠᠶᠠᠨ ᠶᠠᠪᠤᠬᠤ ᠪᠢᠰᠢ ᠂
ᠡᠷᠬᠡ ᠰᠦᠷ ᠲᠡᠢ ᠮᠣᠨᠳᠣᠭ ᠶᠠᠪᠤᠬᠤ ᠪᠢᠰᠢ ᠂
ᠬᠠᠷᠢᠨ ᠬᠠᠢᠷᠠᠲᠠᠢ ᠪᠦᠬᠦᠨ ᠲᠠᠢ ᠪᠠᠨ ᠂ᠪᠠᠶᠠᠷ ᠬᠥᠷ ᠲᠡᠢ ᠡᠪ ᠨᠠᠢᠷᠲᠠᠢ ᠪᠠᠢᠵᠤ ᠂
ᠤᠴᠠᠷᠠᠭᠰᠠᠨ ᠪᠦᠬᠦᠨ ᠢ᠋ ᠪᠡᠨ ᠬᠠᠢᠷᠠᠯᠠᠨ ᠂ᠲᠤᠰᠠᠯᠠᠭᠰᠠᠨ ᠪᠦᠬᠦᠨ ᠳ᠋ᠦ᠍ ᠪᠡᠨ ᠲᠠᠯᠠᠷᠬᠠᠵᠤ ᠂
ᠤᠴᠢᠷ ᠪᠦᠬᠦᠨ ᠢ᠋ ᠰᠠᠢᠨ ᠢ᠋ᠶ᠋ᠠᠷ ᠪᠣᠳᠣᠵᠤ ᠰᠠᠨᠠᠭ᠎ᠠ ᠂ ᠰᠠᠢᠬᠠᠨ
ᠰᠡᠳᠬᠢᠯ ᠠᠷᠢᠭᠤᠨ ᠶᠠᠪᠤᠬᠤ ᠶᠤᠮ ᠂ᠡᠢᠮᠦ ᠬᠥᠮᠦᠨ ᠬᠠᠮᠤᠭ ᠤ᠋ᠨ ᠶᠡᠬᠡ ᠵᠢᠷᠭᠠᠯ ᠲᠠᠢ ᠪᠠᠢᠳᠠᠭ ᠶᠤᠮ᠃
31. ᠭᠠᠸᠠ
ᠪᠤᠶᠠᠨᠲᠠᠢ ᠰᠠᠨᠠᠭᠠᠨ ᠠ᠋ᠴᠠ ᠪᠤᠤ ᠬᠣᠯᠠᠳᠠ
ᠪᠣᠳᠢ ᠰᠡᠳᠬᠢᠯ ᠢ᠋ ᠪᠦᠦ ᠮᠠᠷᠲᠠ —ᠣᠶᠤᠨ ᠪᠢᠴᠢᠯᠭᠡ ᠶ᠋ᠢᠨ ᠵᠦᠢᠷ ᠦᠭᠡ
32. ᠰᠣᠨᠢᠨᠴᠡᠴᠡᠭ ᠂
ᠣ——
ᠤᠷᠭᠤᠮᠠᠯ ᠴᠡᠴᠡᠭ ᠪᠠᠢᠭᠠᠯᠢ ᠶ᠋ᠢᠨ ᠴᠢᠮᠡᠭ
ᠤᠬᠠᠭᠠᠨ ᠪᠢᠯᠢᠭ ᠨᠠᠰᠤᠨ ᠤ᠋ ᠴᠢᠮᠡᠭ
ᠤᠳᠠ ᠤᠯᠢᠶᠠᠰᠤ ᠠᠭᠤᠯᠠ ᠶ᠋ᠢᠨ ᠴᠢᠮᠡᠭ
ᠤᠷᠲᠤ ᠨᠠᠰᠤᠲᠠᠳ ᠦᠷᠡᠰ ᠦ᠋ᠨ ᠴᠢᠮᠡᠭ᠃
33. ᠰᠣᠨᠢᠨᠴᠡᠴᠡᠭ ᠂
ᠦ——
ᠥᠩᠭᠡ ᠮᠥᠩᠭᠥᠨ ᠳ᠋ᠦ᠍ ᠰᠢᠨᠤᠪᠠᠯ ᠰᠢᠪᠰᠢᠭ
ᠥᠨᠳᠥᠷ ᠵᠡᠷᠭᠡ ᠳ᠋ᠦ᠍ ᠲᠡᠮᠡᠴᠡᠪᠡᠯ ᠰᠢᠪᠰᠢᠭ
ᠥᠷᠥᠮ᠎ᠡ ᠲᠣᠰᠣᠨ ᠳ᠋ᠤ᠌ ᠭᠤᠯᠭᠢᠪᠠᠯ ᠰᠢᠪᠰᠢᠭ
ᠥᠯᠥᠭᠡᠢ ᠮᠠᠨᠴᠤᠢ ᠪᠠᠨ ᠢᠰᠬᠦᠯᠪᠡᠯ ᠰᠢᠪᠰᠢᠭ!
34. ᠦᠵᠢᠶᠡᠳ ᠡᠷᠳᠡᠨᠢᠴᠡᠴᠡᠭ
—— ᠴᠢᠩᠭᠢᠰ ᠦ᠋ᠨ ᠪᠢᠯᠢᠭ ᠰᠤᠷᠭᠠᠯ
ᠡᠨᠡ ᠪᠡᠶ᠎ᠡ ᠶ᠋ᠢᠨ ᠬᠦᠴᠦ ᠪᠡᠷ ᠶᠡᠬᠡ ᠶ᠋ᠢ ᠬᠤᠷᠢᠶᠠᠵᠤ ᠪᠣᠯᠬᠤ ᠶ᠋ᠢ ᠳᠠᠭᠠᠭᠤᠯᠵᠤ ᠪᠣᠯᠤᠨ᠎ᠠ᠃
35. ᠰᠣᠨᠢᠨᠴᠡᠴᠡᠭ ᠂
ᠦ——
ᠦᠨ᠎ᠡ ᠲᠡᠢ ᠶ᠋ᠢᠨ ᠳᠣᠲᠣᠷ᠎ᠠ ᠠ᠋ᠴᠠ ᠰᠡᠳᠬᠢᠯ ᠡᠷᠬᠢᠮ
ᠦᠨᠦᠷ ᠲᠡᠢ ᠶ᠋ᠢᠨ ᠳᠣᠲᠣᠷ᠎ᠠ ᠠ᠋ᠴᠠ ᠵᠢᠭᠠᠷ ᠡᠷᠬᠢᠮ
ᠦᠨᠡᠨ ᠢ᠋ᠶ᠋ᠡᠷ ᠶᠠᠪᠤᠭᠰᠠᠨ ᠦᠢᠯᠡᠰ ᠡᠷᠬᠢᠮ
ᠦᠨᠳᠦᠰᠦᠲᠡᠨ ᠢ᠋ᠶ᠋ᠡᠨ ᠬᠠᠢᠷᠠᠯᠠᠬᠤ ᠵᠣᠷᠢᠭ ᠡᠷᠬᠢᠮ᠃
36. ᠦᠵᠢᠶᠡᠳ ᠡᠷᠳᠡᠨᠢᠴᠡᠴᠡᠭ
— ᠰᠤᠷᠬᠠᠭᠲᠠᠨᠢ ᠪᠡᠬᠢ ᠬᠠᠲᠤᠨ
ᠡᠨᠡ ᠪᠡᠶ᠎ᠡ ᠳ᠋ᠦ᠍ ᠪᠣᠢ ᠮᠤᠩᠬᠠᠭ ᠢ᠋ ᠡᠷᠳᠡᠮ ᠣᠶᠤᠨ ᠢ᠋ᠶ᠋ᠠᠷ ᠬᠡᠷᠡᠯᠳᠦᠭᠦᠯᠪᠡᠯ
ᠥᠪᠡᠷ ᠦ᠋ᠨ ᠪᠡᠶ᠎ᠡ ᠳ᠋ᠦ᠍ ᠪᠣᠢ ᠭᠡᠷᠡᠯ ᠢ᠋ᠶ᠋ᠡᠷ ᠥᠷᠭᠡᠨ ᠣᠯᠠᠨ ᠢ᠋ᠶ᠋ᠠᠨ ᠭᠡᠢᠭᠦᠯᠵᠦ ᠴᠢᠳᠠᠨ᠎ᠠ᠃
37. ᠰᠣᠨᠢᠨᠴᠡᠴᠡᠭ ᠂
ᠮᠣᠩᠭᠣᠯ ᠬᠡᠯᠡ ᠮᠢᠨᠢ ᠬᠠᠳᠠᠭ ᠯᠠ ᠪᠢᠰᠢ
ᠮᠦᠽᠧᠢ ᠳ᠋ᠦ᠍ ᠲᠠᠯᠪᠢᠳᠠᠭ ᠰᠤᠳᠤᠷ ᠴᠤ᠌ ᠪᠢᠰᠢ
ᠮᠡᠷᠭᠡᠨ ᠤᠬᠠᠭᠠᠨ ᠬᠣᠣᠰᠯᠠᠨ ᠪᠦᠷᠢᠳᠦᠭᠰᠡᠨ
ᠮᠣᠩᠭᠣᠯ ᠤ᠋ᠨ ᠳᠡᠭᠡᠳᠦᠰ ᠠᠯᠢ ᠨᠢᠭᠡᠨ ᠭᠠᠯᠪᠠ ᠳ᠋ᠤ᠌
ᠮᠣᠩᠭᠣᠯ ᠢ᠋ᠶ᠋ᠠᠨ ᠮᠣᠳᠣᠨ ᠠ᠋ᠴᠠ ᠡᠯᠭᠦᠬᠦ ᠦᠭᠡᠢ ᠭᠡᠵᠦ
ᠮᠥᠷᠦᠨ ᠳ᠋ᠦ᠍ ᠪᠡᠨ ᠡᠮᠦᠰᠦᠭᠰᠡᠨ ᠵᠣᠳᠣᠭ ᠶᠤᠮ
ᠮᠣᠷᠢ ᠪᠠᠨ ᠪᠡᠶ᠎ᠡ ᠡᠴᠡ ᠪᠡᠨ ᠵᠠᠢᠳᠠᠭᠤᠯᠬᠤ ᠦᠭᠡᠢ ᠭᠡᠵᠦ
ᠮᠤᠰᠬᠢᠵᠦ ᠲᠠᠯᠪᠢᠭᠰᠠᠨ ᠴᠢᠳᠥᠷ ᠶᠦᠮ᠃

  ᠰᠦᠨ ᠰᠠᠴᠤᠯᠢ ᠠ ᠬᠣᠯᠪᠣᠭᠠᠨ ᠤ᠋ ᠨᠠᠢᠵᠠ ᠨᠠᠷ ᠠ᠋ᠴᠠ᠂ ᠤᠤᠭᠠᠨᠵᠢᠳ ᠬᠢᠨᠠᠪᠠ